ᠪᠠᠷᠠᠭᠠᠨ᠎ᠤ ᠰᠦᠯᠵᠢᠶ᠎ᠠ
2022-01-06 09:13:27
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆


1.jpg.png


ᠪᠠᠷᠠᠭᠠᠨ᠎ᠤ ᠰᠦᠯᠵᠢᠶ᠎ᠠ ᠪᠤᠯ ᠡᠯ᠎ᠠ ᠵᠦᠢᠯ᠎ᠤᠨ ᠮᠡᠳᠡᠭᠡ ᠵᠠᠩᠭᠢ ᠳᠠᠮᠵᠢᠭᠤᠯᠬᠤ ᠲᠥᠬᠥᠭᠡᠷᠦᠮᠵᠢ᠎ᠪᠡᠷ ᠳᠠᠮᠵᠢᠭᠤᠯᠵᠦ᠂ ᠪᠣᠯᠵᠣᠨ ᠲᠣᠭ᠍ᠲᠠᠭ᠍ᠰᠠᠨ ᠬᠡᠯᠡᠯᠴᠡᠭᠡᠷ ᠶᠣᠰᠣᠭᠠᠷ ᠶᠠᠮᠠᠷᠪᠠ ᠡᠳ᠋ ᠪᠣᠳᠠᠰ᠎ᠢ ᠢᠨᠲ᠋ᠸᠷ ᠰᠦᠯᠵᠢ᠎ᠡ᠎ᠲᠡᠶ ᠬᠣᠯᠪᠣᠵᠤ᠂ ᠮᠡᠳᠡᠭᠡ ᠵᠠᠩᠭᠢ ᠰᠣᠯᠢᠯᠴᠠᠬᠤ ᠪᠠ ᠮᠡᠳᠡᠭᠡ ᠬᠣᠯᠪᠣᠭ᠎ᠠ ᠨᠡᠪᠲᠡᠷᠡᠭᠦᠯᠵᠦ᠍᠂ ᠤᠶᠤᠨᠴᠢᠯᠠᠨ ᠢᠯᠭᠠᠨ ᠲᠠᠨᠢᠬᠤ᠂ ᠪᠦᠭᠦ ᠪᠦᠮᠪᠦᠷᠴᠡᠭ᠎ᠤᠨ ᠣᠷᠣᠨ ᠪᠠᠢᠷᠢ ᠲᠣᠭ᠍ᠲᠠᠭᠠᠬᠤ᠂ ᠮᠥᠷᠳᠡᠬᠦ᠌᠂ ᠬᠢᠨᠠᠨ ᠡᠵᠡᠮᠳᠡᠬᠦ᠌ ᠪᠠ ᠬᠠᠮᠢᠶᠠᠷᠬᠤ ᠨᠢᠭᠡ ᠵᠦᠢᠯ᠎ᠦᠨ ᠰᠦᠯᠵᠢᠶ᠎ᠠ ᠪᠤᠯᠤᠨ᠎ᠠ᠃ ᠪᠠᠷᠠᠭᠠᠨ᠎ᠤ ᠰᠦᠯᠵᠢᠶ᠎ᠠ ᠪᠣᠯ ᠳᠠᠷᠤᠶ 《ᠡᠳ᠋ ᠪᠣᠳᠠᠰ ᠬᠠᠷᠢᠯᠴᠠᠨ ᠬᠣᠯᠪᠣᠯᠳᠤᠭ᠍ᠰᠠᠨ ᠢᠨᠲ᠋ᠸᠷ ᠰᠦᠯᠵᠢᠶ᠎ᠡ》 ᠮᠥᠨ᠂ ᠲᠡᠭᠦᠨ᠎ᠳᠦ ᠬᠣᠶᠠᠷ ᠳᠠᠪᠬᠤᠷ ᠤᠳᠭ᠎ᠠ ᠠᠬᠤᠭᠤᠯᠤᠭ᠍ᠳᠠᠵᠤ ᠪᠠᠢᠳᠠᠭ᠄ ᠨᠢᠭᠡᠳᠦᠭᠡᠷ᠎ᠲᠦ᠂ ᠪᠠᠷᠠᠭᠠᠨ᠎ᠤ ᠰᠦᠯᠵᠢᠶ᠎ᠠ ᠪᠣᠯ ᠢᠨᠲ᠋ᠸᠷ ᠰᠦᠯᠵᠢᠶᠡᠨ᠎ᠦ ᠦᠷᠭᠦᠯᠵᠢᠯᠡᠯ ᠪᠠ ᠥᠷᠭᠡᠳᠭᠡᠯ ᠮᠥᠨ᠂ ᠲᠡᠭᠦᠨ᠎ᠦ ᠭᠣᠣᠯ ᠠᠭᠤᠯᠭ᠎ᠠ ᠪᠠ ᠰᠠᠭᠤᠷᠢ ᠨᠢ ᠮᠥᠨ ᠯᠡ ᠢᠨᠲ᠋ᠸᠷ ᠰᠦᠯᠵᠢᠶ᠎ᠡ ᠪᠣᠯᠤᠨ᠎ᠠ 

ᠬᠣᠶᠠᠳᠤᠭᠠᠷ᠎ᠲᠤ᠂᠎ᠪᠠᠷᠠᠭᠠᠨ᠎ᠤ᠎ᠰᠦᠯᠵᠢᠶ᠎ᠠ᠎ᠵᠢᠨ᠎ᠬᠡᠷᠡᠭ᠌ᠯᠡᠭ᠌ᠴᠢ᠎ᠶ᠋ᠢᠨ᠎ᠦᠵᠦᠭᠦᠷᠯᠢᠭ᠎ᠲᠦ᠎ᠬᠦᠮᠦᠨ᠎ᠢ ᠪᠠᠭ᠍ᠲᠠᠭᠠᠬᠤ᠎ᠪᠠᠷ ᠪᠠᠷᠠᠬᠤ ᠥᠬᠡᠶ ᠪᠠᠰᠠ ᠡᠳ᠋ ᠪᠣᠳᠠᠰ᠎ᠢ ᠪᠠᠭᠳᠠᠭᠠᠵᠦ᠂ ᠪᠠᠷᠠᠭ᠎ᠠ᠎ᠶᠢᠨ ᠰᠦᠯᠵᠢᠶ᠎ᠠ ᠨᠢ ᠬᠥᠮᠦᠨ ᠬᠢᠭᠡᠳ ᠡᠳ᠋ ᠪᠣᠳᠠᠰ ᠵᠢᠴᠢ ᠡᠳ᠋ ᠪᠣᠳᠠᠰ᠎ᠤᠨ ᠬᠣᠭᠣᠷᠣᠨᠳᠣᠬᠢ ᠮᠡᠳᠡᠭᠡ ᠵᠠᠩᠭᠢ᠎ᠶ᠋ᠢᠨ ᠰᠣᠯᠢᠯᠴᠠᠭ᠎ᠠ ᠪᠠ ᠮᠡᠳᠡᠭᠡ ᠬᠣᠯᠪᠣᠭ᠎ᠠ᠎ᠶ᠋ᠢ ᠪᠡᠶᠡᠯᠡᠭᠦᠯᠵᠦ ᠪᠠᠢᠨ᠎ᠠ᠃

2021 ᠤᠨ᠎ᠤ 7 ᠰᠠᠷ᠎ᠠ ᠵᠢᠨ 13᠎ᠤ ᠡᠳᠦᠷ᠂ ᠲᠤᠮᠳᠠᠳᠤ ᠤᠯᠤᠰ᠎ᠤᠨ ᠢᠨᠲᠸᠷ ᠰᠦᠯᠵᠢᠶ᠎ᠠ ᠵᠢᠨ ᠨᠡᠢᠭᠡᠮᠯᠢᠭ ᠡᠴᠡ《ᠲᠤᠮᠳᠠᠳᠤ ᠤᠯᠤᠰ᠎ᠤᠨ ᠢᠨᠲ᠋ᠸᠷ ᠰᠦᠯᠵᠢᠶ᠎ᠠ ᠵᠢᠨ ᠬᠦᠭᠵᠢᠯᠳᠠ ᠵᠢᠨ ᠮᠡᠳᠡᠭᠦᠯᠦᠯᠳᠡ (2021) 》 ᠵᠢ ᠨᠡᠢᠳᠡᠯᠡᠵᠦ᠂ ᠪᠠᠷᠠᠭᠠᠨ᠎ᠤ ᠰᠦᠯᠵᠢᠶ᠎ᠠ ᠵᠢᠨ ᠵᠠᠬ᠎ᠠ ᠲᠡᠯᠭᠡᠭᠦᠷ᠎ᠤᠨ ᠬᠡᠪᠴᠢᠶ᠎ᠡ 1.7 ᠲᠦᠮᠡᠨ ᠳ᠋ᠦᠡᠭᠰᠢᠭᠤᠷ ᠲᠦᠭᠦᠷᠢᠭ ᠲᠸ᠋ ᠬᠦᠷᠴᠤ᠂ ᠵᠤᠬᠢᠶᠠᠮᠠᠯ ᠤᠶᠤᠨᠴᠢ ᠵᠠᠬ᠎ᠠ ᠲᠡᠯᠭᠡᠭᠦᠷ᠎ᠤᠨ ᠬᠡᠪᠴᠢᠶ᠎ᠠ 3031 ᠳ᠋ᠦᠡᠭᠰᠢᠭᠤᠷ ᠲᠦᠭᠦᠷᠢᠭ ᠲᠸ᠋ ᠬᠦᠷᠴᠠᠢ᠃

 

ᠬᠢᠳᠠᠳ ᠨᠡᠷ᠎ᠡ ᠄ 物联网

ᠠᠡᠭᠭᠯᠢ ᠨᠡᠷ᠎ᠠ᠄ Internet of Things

ᠲᠦᠭᠦᠮ ᠨᠡᠷ᠎ᠡ᠄ IoT

ᠭᠤᠤᠯ ᠴᠦᠮ᠎ᠠ᠄ ᠲᠦᠮᠡᠨ ᠪᠤᠳᠠᠰ᠎ᠤᠨ ᠬᠤᠯᠪᠤᠯᠳᠤᠯ


2.jpg

 

ᠤᠬᠠᠬᠳᠠᠬᠤᠨ

ᠪᠠᠷᠠᠭᠠᠨ᠎ᠤ ᠰᠦᠯᠵᠢᠶ᠎ᠠ ᠪᠤᠯ ᠲᠠᠷᠤᠢ 《ᠲᠦᠮᠡᠨ ᠪᠤᠳᠠᠰ ᠬᠠᠷᠢᠯᠴᠠᠨ ᠬᠤᠯᠪᠤᠯᠳᠤᠬᠰᠨᠨ ᠢᠨᠲᠸᠷ ᠰᠦᠯᠵᠢᠶ᠎ᠠ》᠂ ᠢᠨᠲᠸᠷ ᠰᠦᠯᠵᠢᠶ᠎ᠠ ᠵᠢᠨ ᠰᠠᠭᠤᠷᠢᠨ ᠲᠡᠭᠡᠷ᠎ᠠ ᠤᠷᠳᠤᠳᠬᠠᠨ ᠲᠡᠯᠡᠭᠰᠡᠨ ᠰᠦᠯᠵᠢᠶ᠎ᠠ ᠮᠦᠷᠳᠡᠭᠡᠨ ᠡᠯ᠎ᠠ ᠵᠦᠢᠯ᠎ᠤᠨ ᠮᠡᠳᠡᠭᠡ ᠵᠠᠡᠭᠭᠢ ᠲᠠᠮᠵᠢᠭᠤᠯᠬᠤ ᠲᠦᠭᠦᠭᠡᠷᠦᠮᠵᠢ ᠰᠦᠯᠵᠢᠶ᠎ᠠ ᠲᠠᠢ ᠬᠤᠯᠪᠤᠯᠳᠤᠨ ᠪᠦᠷᠢᠯᠳᠦᠭᠰᠡᠨ ᠨᠢᠭᠡᠨ ᠮᠤᠨᠳᠠᠬ ᠲᠤᠮᠤ ᠰᠦᠯᠵᠢᠶ᠎ᠠ ᠮᠦᠨ ᠪᠠᠢᠵᠦ᠂ ᠶᠠᠮᠠᠷᠪᠠ ᠴᠠᠬ᠂ ᠶᠠᠮᠠᠷᠪᠠ ᠭᠠᠵᠠᠷ ᠲᠸ᠋᠂ ᠬᠦᠮᠦᠨ᠂ ᠮᠠᠰᠢᠨ᠂ ᠪᠤᠳᠠᠰ᠎ᠤᠨ ᠬᠠᠷᠢᠯᠴᠠᠨ ᠬᠤᠯᠪᠤᠯᠳᠤᠵᠦ ᠬᠠᠷᠢᠯᠴᠠᠨ ᠨᠡᠪᠳᠡᠷᠡᠯᠴᠡᠭᠦ ᠵᠢ ᠪᠡᠶᠡᠯᠡᠭᠦᠯᠭᠦ ᠪᠤᠯᠤᠨ᠎ᠠ᠃

 

ᠢᠷᠡᠯ ᠡᠭᠦᠰᠤᠯ

ᠪᠠᠷᠠᠭᠠᠨ᠎ᠤ ᠰᠦᠯᠵᠢᠶ᠎ᠠ ᠵᠢᠨ ᠤᠬᠠᠬᠳᠠᠬᠤᠨ᠎ᠢ 比尔盖茨ᠬᠠᠮᠤᠭ ᠡᠷᠳᠡ《ᠢᠷᠡᠭᠡᠳᠦᠢ ᠵᠢᠨ ᠵᠠᠮ》 ᠭᠡᠳᠡᠭ ᠨᠤᠮ᠎ᠳᠠᠭᠠᠨ 1995 ᠤᠨ᠎ᠳᠤ ᠲᠤᠷᠠᠳᠤᠨ ᠭᠠᠷᠭᠠᠪᠠ᠂  ᠵᠦᠪᠭᠡᠨ ᠲᠤᠬᠠᠢ ᠵᠢᠨ ᠦᠶ᠎ᠠ᠎ᠳᠤ   ᠰᠦᠯᠵᠢᠶ᠎ᠠ᠂ ᠬᠠᠳᠠᠭᠤ ᠲᠤᠨᠤᠭ ᠵᠢᠴᠢ ᠲᠡᠮᠵᠢᠭᠤᠯᠬᠤ ᠲᠦᠭᠦᠭᠡᠷᠦᠮᠵᠢ ᠵᠢᠨ ᠬᠦᠭᠵᠢᠯᠳᠠ ᠵᠢᠨ ᠬᠢᠵᠠᠭᠠᠷᠯᠠᠯ ᠡᠴᠡ ᠪᠤᠯᠵᠦ ᠬᠦᠮᠦᠰ᠎ᠤᠨ ᠴᠢᠬᠤᠯᠠᠴᠢᠯᠠᠭ᠎ᠠ ᠵᠢ ᠤᠯᠵᠦ ᠲᠡᠢᠯᠦᠭᠰᠡᠨ ᠦᠭᠡᠢ᠃

1999᠎ᠣᠨ᠎ᠳᠤ ᠠᠮᠧᠷᠢᠺᠠ ᠵᠢᠨ᠎ᠮᠠᠰᠠᠴᠦ᠋ᠰᠸ᠋ᠼ ᠎ᠪᠠᠢᠭᠠᠯᠢ ᠎ᠲᠧᠭ᠌ᠨᠢᠭ᠎ᠦᠨ ᠎ᠤᠬᠠᠭᠠᠨ᠎ᠤ᠎ᠳᠡᠭᠡᠳᠦ ᠰᠤᠷᠭᠠᠭᠤᠯᠢ᠎ᠶ᠋ᠢᠨ Auto ID ᠲᠤᠷᠱᠢᠯᠲᠠ᠎ᠶ᠋ᠢᠨ ᠲᠠᠰᠤᠭ᠎ᠲᠤ ᠬᠠᠮᠤᠭ ᠡᠷᠲᠡ ᠲᠣᠳᠣᠷᠬᠠᠶ ᠳᠤᠷᠠᠳᠤᠨ ᠭᠠᠷᠭᠠᠵᠤ᠂  ᠪᠠᠷᠠᠭᠠᠨ᠎ᠤ ᠰᠦᠯᠵᠢᠶ᠎ᠠ ᠪᠣᠯ ᠳᠠᠷᠤᠶ ᠪᠣᠶ ᠪᠥᠬᠥᠶ ᠡᠳ᠋ ᠪᠣᠳᠠᠰ᠎ᠢ ᠰᠠᠴᠤᠷᠠᠯ ᠳᠠᠪᠲᠠᠮᠵᠢ᠎ᠪᠠᠷ ᠢᠯᠭᠠᠨ ᠲᠠᠨᠢᠬᠤ ( RFID᠂ Radio Frequency Identification ) ᠵᠡᠷᠭᠡ ᠮᠡᠳᠡᠭᠡ ᠵᠠᠩᠭᠢ᠎ᠶ᠋ᠢᠨ ᠰᠡᠷᠡᠯ ᠳᠠᠮᠵᠢᠭᠤᠯᠬᠤ ᠲᠥᠬᠥᠭᠡᠷᠦᠮᠵᠢ᠎ᠶ᠋ᠢ ᠢᠨᠲ᠋ᠸᠷ ᠰᠦᠯᠵᠢᠶ᠎ᠡ᠎ᠲᠡᠶ ᠬᠣᠯᠪᠣᠵᠤ᠂ ᠤᠶᠤᠨᠴᠢᠯᠠᠭ᠍ᠰᠠᠨ ᠢᠯᠭᠠᠨ ᠲᠠᠨᠢᠯᠲᠠ ᠪᠠ ᠬᠠᠮᠢᠶᠠᠷᠤᠯᠲᠠ᠎ᠶ᠋ᠢ ᠪᠡᠶᠡᠯᠡᠭᠦᠯᠬᠦ᠌ ᠰᠦᠯᠵᠢᠶ᠎ᠡ ᠮᠥᠨ ᠭᠡᠵᠦ᠍ ᠦᠵᠡᠪᠡ᠃ ᠡᠨᠡ ᠦᠶ᠎ᠡ᠎ᠳᠦ᠂ ᠪᠠᠷᠠᠭᠠᠨ᠎ᠤ ᠰᠦᠯᠵᠢᠶᠡᠨ᠎ᠤ ᠮᠡᠷᠭᠡᠵᠢᠯ ᠨᠢ ᠵᠥᠪᠬᠡᠨ ᠰᠠᠴᠤᠷᠠᠯ ᠳᠠᠪᠲᠠᠮᠵᠢ᠎ᠶ᠋ᠢ ᠢᠯᠭᠠᠨ ᠲᠠᠨᠢᠬᠤ ( RFID ) ᠪᠠ ᠢᠨᠲ᠋ᠸᠷ ᠰᠦᠯᠵᠢᠶᠡᠨ᠎ᠳᠦ ᠬᠢᠵᠠᠭᠠᠷᠯᠠᠭ᠍ᠳᠠᠳᠠᠭ᠃ ᠬᠤᠵᠢᠮ ᠨᠢ ᠪᠠᠷᠠᠭᠠᠨ᠎ᠤ ᠰᠦᠯᠵᠢᠶ᠎ᠠ ᠲᠠᠰᠤᠷᠠᠯᠲᠠ ᠥᠬᠡᠶ ᠬᠥᠭ᠌ᠵᠢᠵᠦ᠍ ᠂ ᠣᠯᠠᠨ ᠤᠯᠤᠰ᠎ᠤᠨ ᠴᠠᠬᠢᠯᠭᠠᠨ ᠬᠣᠯᠪᠣᠭᠠᠨ᠎ᠤ ᠬᠣᠯᠪᠣᠭ᠎ᠠ ( ITU ) ᠂ ᠧᠦ᠋ᠷᠣᠫᠠ ᠲᠢᠪ᠎ᠦᠨ ᠣᠶᠤᠨᠴᠢ ᠱᠢᠰᠲ᠋ᠧᠮ᠎ᠦᠨ ᠬᠤᠷᠠᠮᠠᠯ ᠮᠡᠷᠭᠡᠵᠢᠯ᠎ᠦᠨ ᠲᠠᠪᠴᠠᠩ ( EPoSS )᠂ ᠧᠦ᠋ᠷᠣᠫᠠ᠎ᠶ᠋ᠢᠨ ᠬᠣᠯᠪᠣᠭᠠᠨ᠎ᠤ ᠪᠠᠷᠠᠭ᠎ᠠ᠎ᠶᠢᠨ ᠰᠦᠯᠵᠢᠶ᠎ᠠ᠎ᠶᠢᠨ ᠰᠤᠳᠤᠯᠭᠠᠨ᠎ᠤ ᠲᠥᠷᠥᠯ ᠵᠦᠶ᠋ᠯ᠎ᠦᠨ ᠳᠤᠭᠤᠢᠯᠠᠩ ( CERPIoT ) ᠵᠡᠷᠭᠡ ᠪᠠᠢᠭᠤᠯᠤᠮᠵᠢ ᠲᠣᠰ ᠲᠣᠰ᠎ᠤᠨ᠎ᠢᠶᠠᠨ《ᠪᠠᠷᠠᠭᠠᠨ᠎ᠤ᠎ᠰᠦᠯᠵᠢᠶ᠎ᠠ》᠎ᠶ᠋ᠢᠨ᠎ᠲᠣᠮᠢᠶᠠᠯᠠᠯ᠎ᠢ᠎ᠵᠠᠯᠭᠠᠭ᠎ᠠ᠎ᠪᠠᠷ ᠭᠠᠷᠭᠠᠵᠤ᠂᠎ᠪᠠᠷᠠᠭ᠎ᠠ᠎ᠶᠢᠨ᠎ᠰᠦᠯᠵᠢᠶ᠎ᠠ᠎ᠶᠢᠨ᠎ᠤᠬᠠᠭ᠍ᠳᠠᠬᠤᠨ ᠢᠳᠡᠭ ᠢᠳᠡᠭ ᠵᠢᠡᠷ ᠲᠣᠳᠣᠷᠬᠠᠶ ᠪᠣᠯᠪᠠ᠃

 

ᠠᠴᠢ ᠬᠣᠯᠪᠣᠭ᠍ᠳᠠᠯ ᠪᠠ ᠨᠥᠯᠥᠭᠡ

ᠪᠠᠷᠠᠭᠠᠨ᠎ᠤ ᠰᠦᠯᠵᠢᠶ᠎ᠠ ᠨᠢ ᠱᠢᠨ᠎ᠡ ᠨᠢᠭᠡ ᠦᠶ᠎ᠡ᠎ᠶ᠋ᠢᠨ ᠮᠡᠳᠡᠭᠡ ᠵᠠᠩᠭᠢ᠎ᠶ᠋ᠢᠨ ᠮᠡᠷᠭᠡᠵᠢᠯ᠎ᠦᠨ ᠳᠡᠭᠡᠳᠦ ᠬᠡᠮᠵᠢᠶᠡᠨ᠎ᠦ ᠬᠤᠷᠠᠮᠠᠯ ᠪᠠ ᠶᠡᠷᠦᠩᠬᠡᠢᠯᠡᠭ᠌ᠰᠡᠨ ᠬᠡᠷᠡᠭ᠌ᠯᠡᠯᠲᠡ ᠪᠣᠯᠤᠭ᠍ᠰᠠᠨ ᠎ᠤ ᠎ᠬᠤᠪᠢ ᠎ᠳᠤ ᠎ᠨᠡᠪᠴᠢᠯᠲᠡ ᠎ᠶ᠋ᠢᠨ ᠎ᠴᠢᠨᠠᠷ ᠎ᠢᠶᠠᠷ ᠎ᠴᠢᠩᠭ᠎ᠠ᠂ ᠎ᠳᠠᠢᠴᠢᠯᠠᠬᠤ ᠦᠢᠯᠡᠳᠦᠯ᠎ᠢᠶᠡᠷ ᠶᠡᠬᠡ ᠂ ᠶᠡᠷᠦᠩᠬᠡᠢᠯᠡᠭ᠌ᠰᠡᠨ ᠦᠷ᠎ᠡ ᠠᠱᠢᠭ᠎ᠢᠶᠠᠷ ᠰᠠᠢ᠌ᠨ ᠣᠨᠴᠠᠯᠢᠭ᠎ᠲᠠᠶ ᠪᠠᠢᠵᠤ᠂ ᠺᠣᠮᠫᠢᠦ᠋ᠲ᠋ᠧᠷ᠂ ᠢᠨᠲ᠋ᠸᠷ ᠰᠦᠯᠵᠢᠶ᠎ᠡ᠂ ᠱᠢᠯᠵᠢᠮᠡᠯ ᠮᠡᠳᠡᠭᠡ ᠬᠣᠯᠪᠣᠭᠠᠨ᠎ᠤ ᠰᠦᠯᠵᠢᠶᠡᠨ᠎ᠦ ᠳᠠᠷᠠᠭᠠᠬᠢ ᠮᠡᠳᠡᠭᠡ ᠵᠠᠩᠭᠢ᠎ᠶ᠋ᠢᠨ ᠠᠵᠤ ᠦᠢᠯᠡᠰ᠎ᠦᠨ ᠬᠥᠭ᠌ᠵᠢᠯᠲᠡ᠎ᠶ᠋ᠢᠨ ᠪᠠᠰᠠ ᠨᠢᠭᠡᠨ ᠠᠬᠢᠭᠤᠯᠤᠭ᠍ᠴᠢ ᠮᠥᠨ᠃

ᠪᠠᠷᠠᠭᠠᠨ᠎ᠤ ᠰᠦᠯᠵᠢᠶ᠎ᠠ᠎ᠶᠢᠨ ᠬᠡᠷᠡᠭ᠌ᠯᠡᠯᠲᠡ ᠪᠠ ᠬᠥᠭ᠌ᠵᠢᠯᠲᠡ ᠨᠢ ᠦᠢᠯᠡᠳᠪᠦᠷᠢᠯᠡᠯ ᠠᠮᠢᠳᠤᠷᠠᠯ ᠪᠠ ᠨᠡᠢᠭᠡᠮ᠎ᠦᠨ ᠬᠠᠮᠢᠶᠠᠷᠤᠯᠲᠠ᠎ᠶ᠋ᠢᠨ ᠠᠷᠭ᠎ᠠ ᠮᠠᠶᠢᠭ᠎ᠢ ᠤᠶᠤᠨᠴᠢᠯᠠᠬᠤ᠂ ᠨᠠᠷᠢᠯᠢᠬ᠍ᠵᠢᠭᠤᠯᠬᠤ᠂ ᠰᠦᠯᠵᠢᠶᠡᠵᠢᠬᠦᠯᠬᠦ᠌ ᠴᠢᠭ᠌ᠯᠡᠯ ᠲᠡᠢᠰᠢ ᠬᠤᠪᠢᠷᠠᠭᠤᠯᠬᠤ᠎ᠶ᠋ᠢ ᠠᠬᠢᠭᠤᠯᠵᠤ᠂ ᠨᠡᠢᠭᠡᠮ᠎ᠦᠨ ᠬᠠᠮᠢᠶᠠᠷᠤᠯᠲᠠ ᠪᠠ ᠤᠯᠠᠨ ᠨᠡᠢᠲᠡ᠎ᠶ᠋ᠢᠨ ᠦᠢᠯᠡᠴᠢᠯᠡᠭᠡᠨ᠎ᠦ ᠬᠢᠷᠢ ᠲᠦᠪᠱᠢᠨ᠎ᠢ ᠶᠡᠬᠡ᠎ᠪᠡᠷ ᠳᠡᠭᠡᠭ᠌ᠰᠢᠯᠡᠭᠦᠯᠦᠨ᠂ ᠶᠡᠬᠡ ᠬᠡᠮᠵᠢᠶᠡᠨ᠎ᠦ ᠱᠢᠨ᠎ᠡ ᠮᠡᠷᠭᠡᠵᠢᠯ᠂ ᠱᠢᠨ᠎ᠡ ᠦᠢᠯᠡᠳᠬᠦᠨ᠂ ᠱᠢᠨ᠎ᠡ ᠬᠡᠷᠡᠭ᠌ᠯᠡᠯᠲᠡ ᠂ ᠱᠢᠨ᠎ᠡ ᠵᠠᠭ᠍ᠪᠤᠷ᠎ᠢ ᠪᠤᠢ ᠪᠣᠯᠭᠠᠵᠤ᠂ ᠤᠯᠠᠮᠵᠢᠯᠠᠯᠲᠤ ᠠᠵᠤ ᠦᠢᠯᠡᠰ᠎ᠦᠨ ᠲᠡᠰ ᠳᠡᠪᠱᠢᠬᠦ᠌ ᠪᠠ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠠᠷᠭ᠎ᠠ ᠮᠠᠶᠢᠭ᠎ᠢ ᠬᠤᠪᠢᠷᠠᠭᠤᠯᠬᠤ᠎ᠶ᠋ᠢ ᠲᠦᠯᠬᠢᠨ ᠠᠬᠢᠭᠤᠯᠬᠤ᠎ᠶ᠋ᠢᠨ ᠬᠠᠮᠲᠤ ᠲᠡᠬᠦᠨ᠎ᠢ ᠢᠷᠡᠭᠡᠳᠦᠢ᠎ᠶ᠋ᠢᠨ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠨᠡᠮᠡᠭ᠌ᠳᠡᠯ᠎ᠦᠨ ᠴᠡᠭ ᠪᠣᠯᠭᠠᠬᠤ᠎ᠳᠤ ᠠᠱᠢᠭ᠍ᠲᠠᠢ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号