ᠮᠤᠨ᠋ᠲ᠋ᠸᠢ᠌ᠴ
( ᠹᠷᠠᠨᠼᠢ ᠬᠡᠯᠡ᠄ Montage) ᠪᠣᠯ ᠠᠪᠢᠶᠠᠴᠢᠯᠠᠨ ᠣᠷᠴᠢᠭᠤᠯᠤᠭ᠍ᠰᠠᠨ
ᠭᠠᠳᠠᠭᠠᠳᠤ ᠬᠡᠯᠡ᠂ ᠤᠤᠯ ᠨᠢ ᠪᠠᠷᠢᠯᠭ᠎ᠠ᠎ᠶ᠋ᠢᠨ ᠡᠷᠳᠡᠮ ᠱᠢᠨᠵᠢᠯᠡᠭᠡᠨ᠎ᠦ ᠬᠡᠯᠡ ᠪᠠᠢᠵᠤ᠂ ᠪᠦᠲᠦᠴᠡ᠂
ᠲᠣᠨᠣᠭ᠍ᠯᠠᠬᠤ ᠭᠡᠳᠡᠭ ᠤᠳᠬ᠎ᠠ ᠲᠠᠢ ᠪᠠᠢᠵᠠᠢ᠃ ᠺᠢᠨᠣ᠋ ᠪᠤᠢ ᠪᠤᠯᠤᠬᠰᠠᠨᠦ ᠳᠠᠷᠠᠭ᠎ᠠ ᠹᠷᠠᠨᠼᠢ ᠬᠡᠯᠡᠨ᠎ᠳᠦ
ᠤᠳᠬ᠎ᠠ ᠰᠢᠯᠵᠢᠬᠦᠯᠦᠨ ᠭᠡᠷᠡᠭᠯᠡᠵᠦ᠂ 《ᠡᠰᠭᠡᠬᠦ᠌》 ᠭᠡᠰᠡᠨ ᠤᠳᠭ᠎ᠠ᠎ᠶᠢ ᠢᠯᠡᠳᠭᠡᠵᠡᠢ᠃
1923
ᠣᠨ᠎ᠳᠤ᠂ ᠡᠸᠰᠸᠨ᠋ᠰᠲ᠋ᠠᠨ (Eisenstein) 《ᠵᠡᠭᠦᠨᠦ ᠤᠳᠭ᠎ᠠ
ᠤᠷᠠᠯᠢᠭ᠎ᠤᠨ ᠹᠷᠣᠨᠲ》 ᠰᠡᠳᠬᠦᠯ᠎ᠳᠦ 《ᠲᠠᠲᠠᠬᠤ ᠬᠦᠴᠦᠨ ᠲᠠᠢ ᠮᠤᠨ᠋ᠲ᠋ᠸᠢ᠌ᠴ》 ᠭᠡᠬᠦ᠌
ᠵᠣᠬᠢᠶᠠᠯ ᠨᠡᠢᠲᠡᠯᠡᠵᠦ᠍᠂ ᠡᠩ ᠲᠡᠷᠢᠭᠦᠨ᠎ᠳᠦ ᠮᠤᠨ᠋ᠲ᠋ᠸᠢ᠌ᠴ ᠵᠢ ᠨᠢᠭᠡ ᠵᠦᠢᠯ᠎ᠦᠨ ᠣᠨᠴᠠᠭᠠᠢ ᠠᠷᠭ᠎ᠠ
ᠪᠠᠷᠢᠯ ᠪᠣᠯᠭᠠᠨ ᠺᠢᠨᠤ᠋ ᠵᠦᠴᠦᠭᠡ᠎ᠳᠦ ᠤᠳᠬ᠎ᠠ ᠰᠢᠯᠵᠢᠬᠦᠯᠦᠨ ᠭᠡᠷᠡᠭᠯᠡᠭᠰᠡᠨ ᠪᠠᠢᠨ᠎ᠠ᠂ ᠬᠣᠵᠢᠮ ᠨᠢ ᠲᠡᠷᠡ
ᠪᠠᠰᠠ ᠺᠢᠨᠣ᠋ ᠵᠣᠬᠢᠶᠠᠨ ᠪᠦᠲᠦᠭᠡᠬᠦ᠌ ᠦᠢᠯᠡᠳᠦᠯᠭᠡ ᠳᠤᠮᠳᠠ ᠪᠠᠨ ᠮᠤᠨ᠋ᠲ᠋ᠸᠢ᠌ᠴᠶᠢ ᠺᠢᠨᠣ᠋ ᠤᠷᠠᠯᠢᠭ᠎ᠲᠤ
ᠪᠠᠬ᠎ᠲᠠᠭᠠᠨ ᠣᠷᠣᠭᠤᠯᠵᠤ᠂ ᠺᠢᠨᠣ᠋ ᠮᠤᠨ᠋ᠲ᠋ᠸᠢ᠌ᠴ ᠵᠢᠨ ᠤᠨᠤᠯ ᠪᠣᠯᠤᠨ ᠵᠦᠪᠯᠡᠯ᠎ᠳᠤ ᠬᠣᠯᠪᠣᠭᠠᠲᠤ ᠤᠯᠤᠰ᠎ᠤᠨ
ᠮᠤᠨ᠋ᠲ᠋ᠸᠢ᠌ᠴ ᠵᠢᠨ ᠤᠨᠤᠯ᠎ᠤᠨ ᠤᠷᠤᠰᠬᠠᠯ ᠪᠦᠯᠦᠭ᠎ᠢ ᠡᠭᠦᠰᠭᠡᠨ ᠪᠠᠢᠭᠤᠯᠪᠠ᠃ 20 ᠳ᠋ᠤᠭᠠᠷ ᠵᠠᠭᠤᠨ᠎ᠤ ᠬᠣᠷᠢᠭᠠᠳ ᠣᠨ᠎ᠳᠤ᠂
ᠡᠸᠰᠸᠨ᠋ᠰᠲ᠋ᠠᠨ ᠵᠥᠪᠯᠡᠯᠲᠦ ᠬᠣᠯᠪᠣᠭᠠᠲᠤ ᠤᠯᠤᠰ᠎ᠠᠴᠠ ᠭᠠᠳᠠᠨᠠᠬᠢ ᠤᠯᠤᠰ ᠲᠦ᠍ ᠮᠤᠨ᠋ᠲ᠋ᠸᠢ᠌ᠴᠶ᠋ᠢᠨ
ᠣᠨᠣᠯ᠎ᠢ ᠲᠠᠨᠢᠯᠴᠠᠭᠤᠯᠬᠤ᠎ᠶ᠋ᠢᠨ ᠲᠥᠯᠥᠭᠡ᠂ ᠹᠷᠠᠨᠼᠢ ᠬᠡᠯᠡᠨ᠎ᠦ Montage
ᠭᠡᠳᠡᠭ ᠦᠭᠡ᠎ᠶ᠋ᠢ ᠵᠢᠭᠡᠯᠡᠵᠦ᠍ ᠬᠡᠷᠡᠭ᠌ᠯᠡᠭ᠌ᠰᠡᠨ ᠪᠥᠭᠡᠳ
ᠠᠨᠭ᠌ᠭ᠌ᠯᠢ ᠬᠡᠯᠡᠨ᠎ᠳᠦ ᠣᠷᠣᠭᠤᠯᠪᠠ᠃ 20 ᠳ᠋ᠤᠭᠠᠷ ᠵᠠᠭᠤᠨ᠎ᠤ ᠭᠤᠴᠢᠭᠠᠳ ᠣᠨ᠎ᠤ ᠡᠬᠢ᠎ᠪᠡᠷ᠂ ᠳᠤᠮᠳᠠᠳᠤ ᠤᠯᠤᠰ᠎ᠤᠨ ᠺᠢᠨᠤᠴᠢᠳ
ᠠᠨᠭ᠌ᠭ᠌ᠯᠢ ᠬᠡᠯᠡᠨ᠎ᠦ ᠺᠢᠨᠣ᠋᠎ᠶ᠋ᠢᠨ ᠣᠨᠣᠯ᠎ᠠᠴᠠ ᠮᠤᠨ᠋ᠲ᠋ᠸᠢ᠌ᠴᠶᠢᠨ ᠣᠨᠣᠯ᠎ᠢ ᠲᠠᠨᠢᠵᠤ᠂ ᠠᠨᠭ᠌ᠭ᠌ᠯᠢ
ᠬᠡᠯᠡᠨ᠎ᠦ ᠠᠪᠢᠶᠠᠴᠢᠯᠠᠨ ᠣᠷᠴᠢᠭᠤᠯᠤᠭ᠍ᠰᠠᠨ ᠦᠭᠡ ᠪᠡᠷ ᠱᠢᠨ᠎ᠡ ᠨᠡᠷ᠎ᠡ ᠦᠭᠡ ᠪᠤᠯᠭᠠᠪᠠ᠃
ᠬᠢᠲᠠᠳ
ᠨᠡᠷ᠎ᠡ᠄ 蒙太奇
ᠠᠩᠭᠯᠢ
ᠨᠡᠷ᠎ᠡ᠄ Montage
ᠹᠷᠠᠨᠼᠢ
ᠬᠡᠯᠡᠨ᠎ᠤ ᠤᠳᠬ᠎ᠠ᠄ ᠪᠦᠲᠦᠴᠡ᠂ ᠲᠤᠨᠤᠭᠯᠠᠬᠤ
ᠰᠢᠨᠵᠢ
ᠴᠢᠨᠠᠷ᠄ ᠺᠢᠨᠣ᠋ ᠤᠨᠤᠯ᠎ᠳᠤ ᠭᠡᠷᠡᠭᠯᠡᠬᠦ ᠲᠤᠰᠬᠠᠢ ᠨᠡᠷ᠎ᠠ
ᠭᠠᠷᠴᠠᠭ
ᠲᠤᠪᠴᠢ ᠲᠤᠭᠠᠴᠢᠯᠲᠠ
ᠲᠤᠮᠢᠶᠠᠯᠠᠯ
ᠪᠦᠷᠢᠯᠲᠦᠯ
ᠦᠢᠯᠡᠲᠦᠯ
ᠲᠦᠷᠦᠯ ᠵᠦᠢᠯ
ᠲᠤᠪᠴᠢ
ᠲᠤᠭᠠᠴᠢᠯᠲᠠ
ᠮᠤᠨ᠋ᠲ᠋ᠸᠢ᠌ᠴᠶᠢᠨ
ᠣᠨᠣᠯ ᠪᠣᠯ 20
ᠳ᠋ᠤᠭᠠᠷ ᠵᠠᠭᠤᠨ᠎ᠤ ᠬᠣᠷᠢᠭᠠᠳ ᠣᠨ᠎ᠳᠤ᠂ ᠡᠸᠰᠸᠨ᠋ᠰᠲ᠋ᠠᠨ (Eisenstein)᠎ᠤ ᠰᠡᠷᠡᠯ᠎ᠦᠨ ᠰᠡᠳᠭᠢᠬᠦᠶ ᠪᠠ ᠣᠶᠤᠨ᠎ᠤ ᠰᠡᠳᠭᠢᠬᠦᠶ᠎ᠶ᠋ᠢᠨ ᠬᠤᠪᠢᠰᠤᠩᠭᠤᠶ
ᠠᠷᠭ᠎ᠠ᠎ᠪᠠᠷ ᠦᠨᠳᠦᠰᠦᠯᠡᠯ ᠪᠣᠯᠭᠠᠨ ᠳᠤᠷᠠᠳᠤᠨ ᠭᠠᠷᠭᠠᠭ᠍ᠰᠠᠨ ᠺᠢᠨᠣ᠋᠎ᠶ᠋ᠢᠨ ᠥᠪᠡᠷᠮᠢᠴᠡ ᠴᠢᠨᠠᠷ᠎ᠢ
ᠰᠤᠳᠤᠯᠬᠤ ᠺᠢᠨᠣ᠋ ᠭᠤᠤ᠎ᠠ ᠵᠦᠶ᠎ᠶ᠋ᠢᠨ ᠣᠨᠣᠯ ᠪᠠ ᠦᠢᠯᠡᠳᠦᠯᠭᠡ᠎ᠶ᠋ᠢᠨ ᠵᠠᠷᠴᠢᠮ ᠪᠣᠯᠤᠨ᠎ᠠ᠂ ᠲᠡᠷᠡ ᠨᠢ
ᠪᠠᠰᠠ ᠺᠢᠨᠣ᠋ ᠡᠰᠬᠡᠬᠦ ᠪᠠ ᠦᠵᠡᠭ᠌ᠳᠡᠯ ᠬᠤᠪᠢᠶᠠᠬᠤ ᠣᠨᠣᠯ᠎ᠢ ᠶᠡᠷᠦᠩᠬᠡᠢᠯᠡᠨ ᠵᠢᠭᠠᠳᠠᠭ᠂ ᠬᠣᠵᠢᠮ ᠨᠢ
ᠭᠣᠣᠯᠳᠠᠭᠤ ᠺᠦᠷᠢᠱᠤᠹ᠂ ᠡᠸᠰᠸᠨ᠋ᠰᠲ᠋ᠠᠨ᠂ ᠫᠦᠳᠦ᠋ᠸᠸᠹᠺᠢᠨ᠂ ᠸᠢᠯᠲ᠋ᠤᠹ ᠵᠡᠷᠭᠡ ᠬᠥᠮᠦᠰ᠎ᠢᠶᠡᠷ
ᠲᠥᠯᠥᠭᠡᠯᠡᠭᠦᠯᠦᠭ᠌ᠰᠡᠨ ᠵᠥᠪᠯᠡᠯᠲᠦ ᠬᠣᠯᠪᠣᠭᠠᠲᠤ ᠤᠯᠤᠰ᠎ᠤᠨ ᠺᠢᠨᠣ᠋ ᠮᠤᠨ᠋ᠲ᠋ᠸᠢ᠌ᠴᠶᠢᠨ ᠤᠨᠤᠯ᠂
ᠢᠯᠠᠩᠭᠤᠶ᠎ᠠ ᠡᠸᠰᠸᠨ᠋ᠰᠲ᠋ᠠᠨᠤ 《ᠮᠥᠷᠭᠥᠯᠳᠦᠭᠡᠨ᠎ᠦ ᠣᠨᠣᠯ》
ᠪᠠ ᠫᠦᠳᠦ᠋ᠸᠸᠹᠺᠢᠨᠦ 《ᠬᠠᠮ ᠣᠨᠣᠯ》᠎ᠢ ᠵᠢᠭᠠᠳᠠᠭ᠃
ᠮᠤᠨ᠋ᠲ᠋ᠸᠢ᠌ᠴ
ᠶᠢᠨ ᠤᠨᠤᠯ ᠪᠠ ᠦᠢᠯᠡᠳᠦᠯᠭᠡ ᠪᠣᠯ ᠬᠣᠱᠢᠭᠤᠴᠢ ᠵᠣᠷᠢᠭ ᠰᠠᠨᠠᠭ᠎ᠠ ᠪᠣᠯᠤᠨ ᠬᠤᠪᠢᠰᠭᠠᠯᠲᠤ ᠵᠣᠷᠢᠭ
ᠰᠠᠨᠠᠭ᠎ᠠ᠎ᠶ᠋ᠢ ᠤᠶᠠᠯᠳᠤᠭᠤᠯᠤᠭ᠍ᠰᠠᠨ᠎ᠤ ᠪᠦᠲᠦᠭᠡᠭ᠌ᠳᠡᠬᠦᠨ ᠮᠥᠨ᠃ ᠠᠷᠪᠠᠨ ᠰᠠᠷ᠎ᠠ᠎ᠶ᠋ᠢᠨ ᠬᠤᠪᠢᠰᠭᠠᠯ᠎ᠢ
ᠥᠩᠭᠡᠷᠡᠭᠡᠭ᠌ᠰᠡᠨ ᠤᠷᠤᠰ᠎ᠤᠨ ᠺᠢᠨᠤᠴᠢᠳ ᠺᠢᠨᠣ᠋ ᠵᠣᠬᠢᠶᠠᠨ ᠪᠦᠲᠦᠭᠡᠬᠦ᠌ ᠦᠢᠯᠡᠳᠦᠯᠭᠡ᠎ᠳᠦ ᠢᠳᠡᠪᠬᠢᠲᠡᠢ
ᠣᠷᠣᠯᠴᠠᠵᠤ᠂ ᠺᠢᠨᠣ᠋ ᠪᠡᠷ ᠵᠡᠪᠰᠡᠭ ᠪᠤᠯᠭᠠᠨ ᠤᠯᠠᠨ ᠲᠦᠮᠡᠨ᠎ᠢ ᠵᠣᠷᠢᠭ᠍ᠵᠢᠭᠤᠯᠵᠤ᠂ ᠬᠤᠪᠢᠰᠭᠠᠯ᠎ᠢ
ᠤᠬᠠᠭᠤᠯᠪᠠ᠃ ᠡᠭᠦᠨ᠎ᠦ ᠬᠠᠮᠲᠤ᠂ 20 ᠳ᠋ᠤᠭᠠᠷ ᠵᠠᠭᠤᠨ᠎ᠤ
ᠡᠬᠢᠨ᠎ᠦ ᠬᠣᠱᠢᠭᠤᠴᠢ ᠤᠷᠤᠰᠬᠠᠯ ᠪᠦᠯᠦᠭ᠎ᠦᠨ ᠤᠷᠠᠯᠢᠭ᠎ᠤᠨ ᠨᠥᠯᠥᠭᠡ᠂ ᠢᠯᠠᠩᠭᠤᠶ᠎ᠠ ᠢᠷᠡᠭᠡᠳᠦᠶ᠎ᠶ᠋ᠢᠨ ᠦᠵᠡᠯ
ᠪᠠ ᠪᠦᠷᠢᠯᠳᠦᠴᠡ᠎ᠶ᠋ᠢᠨ ᠦᠵᠡᠯ᠎ᠦᠨ ᠨᠥᠯᠥᠭᠡ ᠪᠡᠷ᠂ ᠲᠡᠲᠡ ᠴᠤ ᠰᠢᠨ᠎ᠡ ᠺᠢᠨᠣ᠋᠎ᠶ᠋ᠢᠨ ᠦᠭᠡ ᠬᠡᠯᠡ ᠰᠦᠪᠡᠭ᠌ᠴᠢᠯᠡᠬᠦ᠌᠎ᠶ᠋ᠢ
ᠴᠢᠬᠤᠯᠠᠴᠢᠯᠠᠨ᠂ ᠮᠤᠨ᠋ᠲ᠋ᠸᠢ᠌ᠴᠶᠢᠨ ᠣᠨᠣᠯ᠎ᠤᠨ ᠱᠢᠰᠲ᠋ᠧᠮ᠎ᠢ ᠡᠭᠦᠳᠦᠨ ᠪᠠᠢᠭᠤᠯᠤᠭ᠍ᠰᠠᠨ ᠶᠤᠮ᠃
ᠲᠣᠮᠢᠶᠠᠯᠠᠯ
ᠮᠤᠨ᠋ᠲ᠋ᠸᠢ᠌ᠴ
( Montage
) ᠹᠷᠠᠨᠼᠢ
ᠬᠡᠯᠡᠨ᠎ᠳᠦ 《ᠬᠠᠢᠴᠢᠯᠠᠨ ᠵᠠᠯᠭᠠᠬᠤ》 ᠭᠡᠰᠡᠨ ᠤᠳᠭ᠎ᠠ᠎ᠲᠠᠶ᠂
ᠭᠡᠪᠡᠴᠦ᠍ ᠤᠷᠦᠰ᠎ᠲᠤ ᠲᠡᠷᠡ ᠨᠢ ᠺᠢᠨᠣ᠋᠎ᠶᠢᠨ ᠲᠤᠲᠤᠷᠠᠬᠢ ᠨᠢᠬᠡ ᠵᠦᠢᠯ᠎ᠦᠨ ᠺᠢᠨᠣ᠋ ᠦᠵᠡᠭᠳᠡᠯ᠎ᠢ ᠡᠰᠭᠡᠵᠦ
ᠨᠡᠢᠳᠭᠡᠬᠦ ᠤᠨᠤᠯ ᠪᠣᠯᠤᠨ ᠬᠥᠭ᠌ᠵᠢᠵᠠᠢ᠃ ᠠᠳᠠᠯᠢ ᠪᠤᠰᠤ ᠦᠵᠡᠭᠳᠡᠯ᠎ᠢ ᠨᠡᠢᠯᠡᠭᠦᠯᠪᠡᠯ᠂ ᠶᠡᠷᠦ᠍ ᠨᠢ ᠡᠯ᠎ᠡ
ᠦᠵᠡᠭᠳᠡᠯ᠎ᠤᠳ ᠲᠤᠰᠠᠭᠠᠷ ᠣᠷᠣᠱᠢᠵᠦ ᠪᠠᠢᠬᠰᠠᠨ ᠦᠶ᠎ᠠ ᠡᠴᠡ ᠪᠠᠨ ᠤᠨᠲᠤᠤ ᠣᠨᠴᠠᠭᠠᠶ ᠤᠳᠭ᠎ᠠ ᠡᠭᠦᠰᠦᠨ᠎ᠡ᠃
ᠪᠦᠷᠢᠯᠳᠦᠯ
ᠮᠤᠨ᠋ᠲ᠋ᠸᠢ᠌ᠴᠳᠤ
ᠶᠡᠷᠦ᠍᠎ᠳᠡᠭᠡᠨ ᠵᠢᠷᠤᠭ ᠡᠰᠬᠡᠬᠦ ᠪᠠ ᠵᠢᠷᠤᠭ ᠨᠠᠭᠠᠬᠤ ᠬᠣᠶᠠᠷ ᠲᠠᠯ᠎ᠠ᠎ᠶ᠋ᠢ ᠪᠠᠭ᠍ᠲᠠᠭᠠᠨ᠎ᠠ᠃
ᠵᠢᠷᠤᠭ
ᠨᠠᠭᠠᠬᠤ᠄ ᠣᠯᠠᠨ ᠵᠢᠷᠤᠭ᠎ᠢ ᠵᠡᠷᠭᠡᠴᠡᠭᠦᠯᠦᠨ ᠲᠠᠯᠪᠢᠬᠤ ᠪᠤᠶᠤ ᠳᠠᠪᠬᠤᠴᠠᠭᠤᠯᠵᠤ ᠪᠦᠲᠦᠭᠡᠭ᠌ᠰᠡᠨ
ᠨᠢᠭᠡᠳᠦᠮᠡᠯ ᠵᠢᠷᠤᠭ᠎ᠤᠨ ᠪᠦᠲᠦᠭᠡᠯ᠃
ᠵᠢᠷᠤᠭ
ᠡᠰᠭᠡᠬᠦ᠄ ᠨᠢᠬᠡᠲᠦᠮᠡᠯ ᠵᠢᠷᠤᠭ᠎ᠤᠨ ᠪᠦᠲᠦᠭᠡᠯ᠎ᠢ ᠨᠠᠢᠷᠠᠭᠤᠯᠬᠤ᠎ᠳᠤ᠂ ᠠᠳᠠᠯᠢ ᠪᠤᠰᠤ ᠭᠠᠵᠠᠷ᠂ ᠠᠳᠠᠯᠢ
ᠪᠤᠰᠤ ᠵᠠᠶ ᠪᠠ ᠬᠠᠷᠠᠭᠠᠰᠦ᠎ᠡᠴᠡ᠂ ᠠᠳᠠᠯᠢ ᠪᠤᠰᠤ ᠠᠷᠭ᠎ᠠ᠎ᠪᠠᠷ ᠰᠡᠭᠦᠳᠡᠷᠯᠡᠭ᠌ᠰᠡᠨ ᠦᠵᠡᠭ᠌ᠳᠡᠯ᠎ᠢ
ᠵᠢᠬᠰᠠᠭᠠᠨ ᠨᠠᠭᠠᠵᠦ᠂ ᠦᠢᠯᠡ ᠶᠠᠪᠤᠳᠠᠯ᠎ᠢ ᠲᠣᠭᠠᠴᠢᠨ᠂ ᠬᠥᠮᠦᠨ᠎ᠢ ᠵᠢᠷᠤᠭ᠍ᠯᠠᠲᠠᠭ᠃
ᠦᠢᠯᠡᠲᠦᠯ
ᠦᠵᠡᠭ᠌ᠳᠡᠯ᠂
ᠲᠠᠯᠠᠪᠠᠢ ᠪᠠ ᠬᠡᠰᠡᠭ᠎ᠢ ᠡᠰᠭᠡᠵᠦ ᠨᠠᠭᠠᠬᠤ᠎ᠪᠠᠷ ᠳᠠᠮᠵᠢᠵᠦ᠂ ᠪᠣᠷᠣ ᠮᠠᠲ᠋ᠧᠷᠢᠶᠠᠯ᠎ᠢ ᠰᠣᠩᠭᠣᠵᠤ᠂
ᠢᠯᠡᠳᠭᠡᠬᠦ᠌ ᠠᠭᠤᠯᠭᠠᠶᠢᠨᠶ᠋ᠢᠡᠨ ᠭᠣᠣᠯ ᠳᠡᠳ᠋᠎ᠢ ᠲᠣᠳᠣᠷᠬᠠᠢ ᠢᠯᠭᠠᠵᠤ᠂ ᠳᠡᠭᠡᠳᠦ ᠬᠡᠮᠵᠢᠶ᠎ᠡ ᠪᠡᠷ
ᠬᠤᠷᠢᠶᠠᠩᠭᠤᠢᠯᠠᠵᠦ ᠲᠥᠪᠯᠡᠷᠡᠬᠦᠯᠦᠨᠡ᠃
ᠦᠵᠡᠭ᠌ᠴᠢᠳ᠎ᠦᠨ
ᠠᠩᠬᠠᠷᠤᠯ᠎ᠢ ᠬᠥᠲᠥᠯᠥᠨ ᠵᠢᠯᠣᠭᠣᠳᠴᠤ᠌᠂ ᠬᠣᠯᠪᠣᠨ ᠪᠣᠳᠣᠯᠲᠠ᠎ᠶ᠋ᠢ ᠨᠢ ᠬᠥᠭ᠌ᠵᠢᠭᠡᠨ᠎ᠡ᠃ ᠦᠵᠡᠭ᠌ᠳᠡᠯ
ᠨᠢᠭᠡᠪᠦᠷᠢ ᠨᠢ ᠬᠡᠳᠦᠢᠪᠡᠷ ᠵᠣᠬᠢᠬᠤ ᠠᠭᠤᠯᠭ᠎ᠠ᠎ᠶ᠋ᠢ ᠢᠯᠡᠷᠡᠭᠦᠯᠳᠡᠭ ᠪᠣᠯᠪᠠᠴᠤ᠌ ᠵᠣᠬᠢᠬᠤ ᠳᠡᠰ ᠳᠠᠷᠠᠭ᠎ᠠ
ᠪᠡᠷ ᠦᠵᠡᠭ᠌ᠳᠡᠯ᠎ᠢ ᠡᠰᠭᠡᠨ ᠨᠠᠭᠠᠪᠠᠯ᠂ ᠦᠵᠡᠭ᠌ᠴᠢᠳ᠎ᠦᠨ ᠤᠷᠮ᠎ᠠ ᠰᠡᠳᠭᠢᠯᠭᠡ ᠪᠠ ᠰᠡᠳᠭᠢᠴᠡ᠎ᠶ᠋ᠢ
ᠵᠢᠷᠤᠮᠵᠢᠭᠤᠯᠤᠨ ᠵᠢᠯᠣᠭᠣᠳᠴᠤ᠌᠂ ᠴᠠᠭᠠᠰᠢ ᠰᠡᠳᠬᠢᠨ ᠪᠤᠲᠤᠭᠤᠯᠲᠠᠭ᠃
ᠺᠢᠨᠣ᠋ ᠲᠧᠯᠸᠢᠰ᠎ᠦᠨ ᠦᠪᠡᠷᠮᠢᠴᠡ ᠴᠠᠭ ᠪᠠ ᠣᠷᠣᠨ ᠵᠠᠢ᠎ᠶ᠋ᠢ ᠪᠤᠢ ᠪᠤᠯᠭᠠᠲᠠᠭ᠃ ᠦᠵᠡᠭ᠌ᠳᠡᠯ ᠪᠦᠷᠢ
ᠨᠢ ᠪᠦᠷ ᠪᠣᠳᠠᠲᠤ ᠠᠬᠤᠶ᠎ᠳᠠᠬᠢ ᠲᠡᠮᠳᠡᠭ᠌ᠯᠡᠯ ᠪᠠᠢᠵᠦ᠂ ᠡᠰᠭᠡᠵᠦ ᠨᠠᠭᠠᠬᠤ᠎ᠪᠡᠷ ᠳᠠᠮᠵᠢᠨ᠂ ᠴᠠᠭ ᠣᠷᠣᠨ
ᠵᠠᠶ᠎ᠶ᠋ᠢ ᠳᠠᠬᠢᠨ ᠪᠦᠲᠦᠭᠡᠵᠦ᠍᠂ ᠺᠢᠨᠣ᠋ ᠲᠧᠯᠸᠢᠰ᠎ᠦᠨ ᠤᠨᠴᠭᠠᠠᠢ ᠴᠠᠭ ᠣᠷᠣᠨ ᠵᠠᠶ᠎ᠶ᠋ᠢ ᠪᠦᠷᠢᠯᠳᠦᠭᠦᠯᠦᠨ᠎ᠡ᠃
ᠲᠦᠷᠦᠯ
ᠵᠦᠢᠯ
ᠮᠤᠨ᠋ᠲ᠋ᠸᠢ᠌ᠴᠳᠤ
ᠦᠬᠦᠯᠡᠬᠦ ᠪᠠ ᠤᠳᠬ᠎ᠠ ᠢᠯᠡᠳᠭᠡᠬᠦ ᠬᠤᠶᠠᠷ ᠴᠢᠬᠤᠯᠠ ᠦᠢᠯᠡᠲᠦᠯ ᠲᠠᠢ ᠪᠠᠢᠲᠠᠭ᠃ ᠡᠬᠦᠨ᠎ᠢ ᠦᠨᠲᠦᠰᠦᠯᠡᠨ
ᠮᠤᠨ᠋ᠲ᠋ᠸᠢ᠌ᠴᠶ᠋ᠢ ᠭᠤᠷᠪᠠᠨ ᠦᠨᠳᠦᠰᠦᠨ ᠲᠦᠷᠦᠯ᠎ᠳᠦ ᠬᠤᠪᠢᠶᠠᠵᠤ ᠪᠣᠯᠤᠨ᠎ᠠ᠄ ᠬᠦᠦᠷᠨᠢᠭᠰᠡᠨ ᠮᠤᠨ᠋ᠲ᠋ᠸᠢ᠌ᠴ᠂
ᠢᠯᠡᠷᠡᠬᠦᠯᠬᠦ ᠮᠤᠨ᠋ᠲ᠋ᠸᠢ᠌ᠴ᠂ ᠣᠶᠤᠨᠯᠢᠭ ᠮᠤᠨ᠋ᠲ᠋ᠸᠢ᠌ᠴ᠃
ᠬᠦᠦᠷᠨᠢᠭᠰᠡᠨ
ᠮᠤᠨ᠋ᠲ᠋ᠸᠢ᠌ᠴᠳᠤ ᠲᠤᠤᠷᠠᠬᠢ ᠬᠡᠲᠦᠨ ᠵᠦᠢᠯ᠎ᠤᠨ ᠪᠣᠳᠠᠲᠠᠶ ᠤᠷ᠎ᠠ ᠮᠡᠷᠭᠡᠵᠢᠯ᠎ᠢ ᠪᠠᠭ᠍ᠲᠠᠭᠠᠲᠠᠭ᠄
1᠂ ᠵᠡᠷᠭᠡᠴᠡᠭᠡ
ᠮᠤᠨ᠋ᠲ᠋ᠸᠢ᠌ᠴ
ᠡᠢᠮᠦᠷᠬᠦᠦ
ᠮᠤᠨ᠋ᠲ᠋ᠸᠢ᠌ᠴ ᠨᠢ ᠦᠷᠬᠦᠯᠵᠢ ᠠᠳᠠᠯᠢ ᠪᠤᠰᠤ ᠴᠠᠭ ᠤᠷᠤᠨ ᠵᠠᠢ᠎ᠳᠤ ᠡᠭᠦᠰᠦᠭ᠌ᠰᠡᠨ ᠬᠣᠶᠠᠷ ᠪᠤᠶᠤ
ᠬᠣᠶᠠᠷ᠎ᠠᠴᠠ ᠳᠡᠭᠡᠭ᠌ᠰᠢ ᠦᠢᠯᠡ ᠶᠠᠪᠤᠳᠠᠯ᠎ᠤᠨ ᠱᠤᠭᠤᠮ᠎ᠢᠶᠠᠷ ᠵᠡᠷᠭᠡᠴᠡᠨ ᠢᠯᠡᠷᠡᠵᠦ᠍᠂ ᠲᠤᠰ ᠲᠤᠰᠲᠤᠨᠢ
ᠥᠭᠦᠯᠡᠵᠦ᠍᠂ ᠨᠢᠭᠡᠨ ᠪᠦᠷᠢᠨ ᠪᠦᠲᠦᠨ ᠪᠦᠲᠦᠴᠡ ᠳᠣᠲᠣᠷ᠎ᠠ ᠨᠢᠭᠡᠳᠴᠦ᠍ ᠪᠠᠢᠳᠠᠭ᠃
2᠂ ᠰᠣᠯᠪᠢᠴᠠᠭ᠎ᠠ
ᠮᠤᠨ᠋ᠲ᠋ᠸᠢ᠌ᠴ
ᠲᠡᠷᠡ᠎ᠨᠢ
ᠠᠳᠠᠯᠢ ᠨᠢᠭᠡᠨ ᠴᠠᠭ᠎ᠲᠤ ᠠᠳᠠᠯᠢ ᠪᠤᠰᠤ ᠭᠠᠵᠠᠷ ᠣᠷᠣᠨ᠎ᠳᠤ ᠡᠭᠦᠰᠦᠭ᠌ᠰᠡᠨ ᠬᠣᠶᠠᠷ ᠪᠤᠶᠤ ᠬᠡᠳᠦᠨ ᠦᠢᠯᠡ
ᠶᠠᠪᠤᠳᠠᠯ᠎ᠤᠨ ᠱᠤᠭᠤᠮ᠎ᠢ ᠲᠦᠷᠭᠡᠨ ᠪᠥᠭᠡᠳ ᠣᠯᠠᠨᠲᠠ ᠡᠭᠡᠯᠵᠢᠯᠡᠨ ᠬᠠᠢᠴᠢᠯᠠᠨ ᠨᠠᠭᠠᠲᠠᠭ᠂ ᠲᠡᠭᠦᠨ᠎ᠦ
ᠳᠣᠲᠣᠷᠠᠬᠢ ᠨᠢᠭᠡ ᠰᠦᠪᠡᠭ᠌ᠴᠢ᠎ᠶ᠋ᠢᠨ ᠬᠥᠭ᠌ᠵᠢᠯᠲᠡ᠎ᠨᠢ ᠶᠡᠷᠦ᠍᠎ᠳᠡᠭᠡᠨ ᠥᠭᠡᠷ᠎ᠡ ᠨᠢᠭᠡ ᠰᠦᠪᠡᠭ᠌ᠴᠢ᠎ᠶ᠋ᠢ
ᠨᠥᠯᠥᠭᠡᠯᠡᠵᠦ᠍᠂ ᠡᠯ᠎ᠡ ᠰᠦᠪᠡᠭ᠌ᠴᠢ᠎ᠨᠢ ᠬᠠᠷᠢᠯᠴᠠᠨ ᠲᠦᠱᠢᠭ᠌ᠯᠡᠯᠴᠡᠵᠦ᠍᠂ ᠬᠠᠮᠤᠭ ᠰᠡᠭᠦᠯ᠎ᠳᠤ ᠨᠢᠭᠡ
ᠳᠣᠣᠷ᠎ᠠ ᠨᠢᠬᠡᠲᠦᠳᠡᠭ᠃
3᠂ ᠲᠤᠨᠭᠭᠤᠷᠤᠤ
ᠮᠤᠨ᠋ᠲ᠋ᠸᠢ᠌ᠴ
ᠡᠨᠡ
ᠪᠣᠯ ᠨᠢᠭᠡ ᠵᠦᠶ᠋ᠯ᠎ᠦᠨ ᠪᠦᠲᠦᠴᠡ᠎ᠶ᠋ᠢ ᠡᠪᠳᠡᠭ᠌ᠰᠡᠨ ᠮᠤᠨ᠋ᠲ᠋ᠸᠢ᠌ᠴᠶ᠋ᠢᠨ ᠠᠷᠭ᠎ᠠ ᠪᠤᠯᠤᠨ᠎ᠠ᠂ ᠤᠷᠢᠳ᠎ᠢᠶᠠᠷ
ᠥᠯᠢᠭᠡᠷ᠎ᠦᠨ ᠣᠳᠣᠬᠢ ᠪᠠᠢᠳᠠᠯ᠎ᠢ ᠢᠯᠡᠷᠡᠭᠦᠯᠵᠦ᠍᠂ ᠳᠠᠷᠠᠭ᠎ᠠ ᠨᠢ ᠥᠯᠢᠭᠡᠷᠦᠨᠡᠬᠢᠯᠡᠯᠲᠡᠲᠡᠭᠦᠰᠭᠡᠯᠢᠲᠠᠨᠢᠯᠴᠠᠭᠤᠯᠵᠤ᠂ ᠭᠡᠷᠡᠭᠶᠠᠪᠤᠲᠠᠯᠤᠨ 《ᠥᠩᠭᠡᠷᠡᠭ᠌ᠰᠡᠨ》 ᠪᠠ 《ᠣᠲᠣ》᠎ᠶᠢ ᠳᠠᠬᠢᠨ ᠨᠡᠢᠯᠡᠬᠦᠯᠦᠨᠡ᠃
4᠂ ᠦᠷᠭᠦᠯᠵᠢᠯᠡᠭᠰᠡᠨ
ᠮᠤᠨ᠋ᠲ᠋ᠸᠢ᠌ᠴ
ᠡᠨᠡ
ᠬᠦ᠌ ᠮᠤᠨ᠋ᠲ᠋ᠸᠢ᠌ᠴ ᠨᠢ ᠨᠢᠭᠡᠨ ᠳᠠᠩ ᠴᠤᠯᠭᠤᠢ ᠦᠢᠯᠡ ᠶᠠᠪᠤᠳᠠᠯ᠎ᠤᠨ ᠰᠦᠪᠡᠭ᠌ᠴᠢ᠎ᠪᠡᠷ᠂ ᠬᠡᠷᠡᠭ
ᠶᠠᠪᠤᠳᠠᠯ᠎ᠤᠨ ᠯᠣᠭᠢᠭ᠎ᠤᠨ ᠳᠠᠷᠠᠭᠠᠯᠠᠯ᠎ᠢᠶᠠᠷ᠂ ᠠᠢᠵᠠᠮ ᠴᠣᠬᠢᠯᠭᠠᠲᠠᠶᠪᠠᠷ ᠦᠷᠭᠦᠯᠵᠢᠯᠡᠨ
ᠬᠦᠦᠷᠨᠢᠨ᠎ᠡ᠃
ᠢᠯᠡᠷᠡᠬᠦᠯᠬᠦ
ᠮᠤᠨ᠋ᠲ᠋ᠸᠢ᠌ᠴ ᠨᠢ ᠺᠢᠨᠣ᠋ ᠦᠵᠡᠭᠳᠡᠯ᠎ᠤᠨ ᠵᠢᠬᠰᠠᠭᠠᠯᠲᠠ᠎ᠪᠠᠷ ᠰᠠᠭᠤᠷᠢ ᠪᠣᠯᠭᠠᠵᠤ᠂ ᠬᠣᠯᠪᠣᠯᠳᠤᠭ᠍ᠰᠠᠨ
ᠦᠵᠡᠭᠳᠡᠯ᠎ᠤᠨ ᠬᠡᠯᠪᠡᠷᠢ᠎ᠪᠡᠷ ᠪᠤᠶᠤ ᠠᠭᠤᠯᠭ᠎ᠠ᠎ᠶ᠋ᠢᠨ ᠲᠠᠯ᠎ᠠ᠎ᠪᠠᠷ ᠬᠠᠷᠢᠯᠴᠠᠨ ᠬᠠᠷᠢᠴᠠᠭᠤᠯᠬᠤ᠂ᠮᠦᠷᠬᠦᠯᠲᠦᠭᠡᠨ
ᠡᠬᠦᠰᠭᠡᠬᠦ᠎ᠪᠡᠷ ᠲᠡᠮᠵᠢᠠ᠂ᠲᠠᠩ ᠦᠵᠡᠭᠳᠡᠯ᠎ᠤᠨ ᠲᠤᠰ ᠪᠡᠶ᠎ᠡ᠎ᠳᠤ ᠪᠠᠢᠬᠤ ᠤᠢ᠍ᠭᠡᠢ ᠪᠠᠶᠠᠯᠢᠭ
ᠠᠭᠤᠯᠭ᠎ᠠ᠎ᠶ᠋ᠢ ᠪᠤᠢ ᠪᠣᠯᠭᠠᠵᠤ᠂ ᠶᠠᠮᠠᠷ ᠨᠢᠭᠡᠨ ᠰᠡᠳᠭᠢᠯᠭᠡ ᠪᠤᠶᠤ ᠦᠵᠡᠯ ᠰᠠᠨᠠᠭ᠎ᠠ᠎ᠶ᠋ᠢ ᠢᠯᠡᠳᠭᠡᠳᠡᠭ᠃
ᠲᠡᠬᠦᠨ᠎ᠳᠤ ᠲᠦᠷᠪᠡᠨ ᠲᠦᠷᠦᠯ᠎ᠤᠨ ᠪᠤᠲᠠᠲᠠᠢ ᠤᠷ᠎ᠠ ᠮᠡᠷᠭᠡᠵᠢᠯ ᠪᠠᠢᠲᠠᠭ᠄
1᠂ ᠤᠶᠠᠨᠭᠭᠠᠯᠠᠬᠰᠠᠨ
ᠮᠤᠨ᠋ᠲ᠋ᠸᠢ᠌ᠴ
ᠲᠤᠰ
ᠮᠤᠨ᠋ᠲ᠋ᠸᠢ᠌ᠴ ᠨᠢ ᠬᠦᠦᠷᠨᠢᠯ ᠪᠠ ᠵᠢᠷᠤᠭ᠍ᠯᠠᠯ᠎ᠤᠨ ᠠᠪᠴᠠᠯᠳᠤᠩᠭᠤᠶ ᠴᠢᠨᠠᠷ᠎ᠢ ᠪᠠᠲᠤᠯᠠᠬᠤ᠎ᠶ᠋ᠢᠨ ᠬᠠᠮᠲᠤ᠂
ᠵᠦᠴᠦᠭᠡ᠎ᠶ᠋ᠢᠨ ᠠᠬᠤᠶ ᠪᠠᠢᠳᠠᠯ᠎ᠠᠴᠠ ᠳᠠᠪᠠᠭ᠍ᠰᠠᠨ ᠦᠵᠡᠯ ᠰᠠᠨᠠᠭ᠎ᠠ ᠪᠠ ᠬᠠᠢᠷ᠎ᠠ ᠰᠡᠳᠭᠢᠯᠭᠡ᠎ᠶ᠋ᠢ
ᠢᠯᠡᠷᠡᠭᠦᠯᠦᠨ᠎ᠡ᠃
2᠂ ᠰᠡᠳᠭᠢᠴᠡ᠎ᠶ᠋ᠢᠨ
ᠮᠤᠨ᠋ᠲ᠋ᠸᠢ᠌ᠴ
ᠭᠤᠤᠯ
ᠪᠠᠭᠠᠲᠤᠷ᠎ᠤᠨ ᠰᠡᠳᠭᠢᠴᠡ᠎ᠶ᠋ᠢ ᠵᠢᠷᠤᠭ᠍ᠯᠠᠬᠤ ᠴᠢᠬᠤᠯᠠ ᠠᠷᠭ᠎ᠠ ᠪᠠᠷᠢᠯ ᠮᠦᠨ᠂ ᠺᠢᠨᠣ᠋ ᠦᠵᠡᠭᠳᠡᠯ᠎ᠢ
ᠵᠠᠯᠭᠠᠬᠤ ᠪᠤᠶᠤ ᠳᠠᠭᠤ ᠵᠢᠷᠤᠭ᠎ᠤᠨ ᠣᠷᠭᠠᠨᠢᠭ ᠤᠶᠠᠯᠳᠤᠯ᠎ᠢᠶᠠᠷ ᠬᠥᠮᠦᠨ᠎ᠦ ᠳᠣᠲᠣᠭᠠᠳᠤ ᠰᠡᠳᠭᠢᠯ᠎ᠦᠨ
ᠶᠢᠷᠲᠢᠨᠴᠦ᠍᠎ᠶ᠋ᠢ ᠠᠮᠢᠳᠤᠯᠢᠭ᠎ᠢᠶᠠᠷ ᠢᠯᠡᠷᠡᠭᠦᠯᠦᠨ᠂ ᠦᠷᠭᠦᠯᠵᠢ ᠬᠥᠮᠦᠨ᠎ᠦ ᠵᠡᠭᠦᠳᠦ ᠂ ᠳᠤᠷᠠᠳᠭᠠᠯ᠂
ᠬᠢᠯᠠᠰ ᠪᠤᠲᠤᠯ᠂ ᠬᠡᠢ ᠪᠣᠳᠣᠯ ᠂ ᠬᠣᠯᠪᠣᠨ ᠪᠣᠳᠣᠯᠲᠠ᠂ ᠰᠡᠳᠭᠢᠨ ᠪᠣᠳᠣᠯᠲᠠ ᠵᠡᠷᠭᠡ ᠣᠶᠤᠨ ᠰᠠᠨᠠᠭᠠᠨ᠎ᠤ
ᠠᠵᠢᠯᠯᠠᠭ᠎ᠠ᠎ᠶ᠋ᠢ ᠢᠯᠡᠷᠡᠭᠦᠯᠬᠦ᠌᠎ᠳᠦ ᠬᠡᠷᠡᠭ᠌ᠯᠡᠳᠡᠭ᠃
3 ᠂ ᠳᠠᠯᠳᠠ᠎ᠪᠠᠷ
ᠵᠦᠢᠷᠯᠡᠭᠰᠡᠨ ᠮᠤᠨ᠋ᠲ᠋ᠸᠢ᠌ᠴ
ᠺᠢᠨᠣ᠋
ᠦᠵᠡᠭ᠌ᠳᠡᠯ ᠪᠤᠶᠤ ᠠᠬᠤᠢ ᠲᠠᠯᠠᠪᠠᠢ᠎ᠶᠢ ᠲᠦᠷᠦᠯᠵᠢᠬᠦᠯᠦᠨ ᠬᠠᠷᠢᠴᠠᠭᠤᠯᠬᠤ᠎ᠪᠡᠷ ᠳᠠᠮᠵᠢᠭᠤᠯᠵᠦ᠂
ᠵᠣᠬᠢᠶᠠᠭ᠍ᠴᠢ᠎ᠶ᠋ᠢᠨ ᠶᠠᠮᠠᠷ ᠨᠢᠭᠡᠨ ᠤᠳᠭ᠎ᠠ᠎ᠶ᠋ᠢ ᠳᠠᠯᠳᠠ ᠪᠥᠭᠡᠳ ᠳᠦᠷᠰᠦᠯᠢᠭ᠎ᠢᠶᠡᠷ ᠢᠯᠡᠳᠭᠡᠨ᠎ᠡ᠃
ᠡᠢᠮᠦᠷᠬᠦᠦ ᠠᠷᠭ᠎ᠠ ᠪᠠᠷᠢᠯ ᠨᠢ ᠶᠡᠷᠦ᠍᠎ᠳᠡᠭᠡᠨ ᠠᠳᠠᠯᠢ ᠪᠤᠰᠤ ᠬᠡᠷᠡᠭ ᠪᠣᠳᠠᠰ᠎ᠤᠨ ᠬᠣᠭᠣᠷᠣᠨᠳᠣᠬᠢ ᠶᠠᠮᠠᠷ
ᠨᠢᠭᠡᠨ ᠠᠳᠠᠯᠢᠪᠲᠤᠷ ᠣᠨᠴᠠᠯᠢᠭ᠎ᠢ ᠳᠣᠪᠣᠢᠯᠭᠠᠨ ᠢᠯᠡᠷᠡᠭᠦᠯᠵᠦ᠍᠂ ᠦᠵᠡᠭ᠌ᠴᠢᠳ᠎ᠢ ᠬᠣᠯᠪᠣᠨ ᠪᠣᠳᠣᠭᠤᠯᠵᠦ᠍᠂
ᠤᠳᠤᠷᠢᠳᠤᠭᠠᠴᠢ᠎ᠶ᠋ᠢᠨ ᠲᠠᠯᠲᠠ ᠤᠳᠭ᠎ᠠ ᠪᠠ ᠬᠡᠷᠡᠭ ᠶᠠᠪᠤᠳᠠᠯ᠎ᠤᠨ ᠰᠡᠳᠭᠢᠯᠭᠡ᠎ᠶ᠋ᠢᠨ ᠥᠩᠭᠡ ᠪᠤᠳᠤᠭ᠎ᠢ ᠣᠢᠯᠠᠭᠠᠭᠤᠯᠳᠠᠭ᠃
4 ᠂ ᠬᠠᠷᠢᠴᠠᠭᠤᠯᠤᠬᠰᠠᠨ
ᠮᠤᠨ᠋ᠲ᠋ᠸᠢ᠌ᠴ
ᠲᠤᠰ
ᠮᠤᠨ᠋ᠲ᠋ᠸᠢ᠌ᠴ ᠨᠢ ᠤᠳᠭ᠎ᠠ ᠵᠣᠬᠢᠶᠠᠯ᠎ᠳᠠᠬᠢ ᠬᠠᠷᠢᠴᠠᠭᠤᠯᠤᠯ ᠵᠢᠷᠤᠭ᠍ᠯᠠᠯ ᠲᠠᠢ ᠲᠦᠰᠲᠠᠢ ᠪᠠᠢᠲᠠᠭ᠂ ᠲᠤᠬᠠᠢᠯᠠᠪᠠᠯ
ᠺᠢᠨᠣ᠋ ᠦᠵᠡᠭᠳᠡᠯ ᠪᠤᠶᠤ ᠠᠬᠤᠢ ᠲᠠᠯᠠᠪᠠᠢ᠎ᠶᠢᠨ ᠬᠣᠭᠣᠷᠣᠨᠳᠣᠬᠢ ᠠᠭᠤᠯᠭ᠎ᠠ ( ᠵᠢᠱ᠌ᠢᠶᠡᠯᠡᠪᠡᠯ ᠶᠠᠳᠠᠭᠤ
ᠪᠠ ᠪᠠᠶᠠᠨ᠂ ᠵᠣᠪᠠᠯ ᠪᠠ ᠵᠢᠷᠭᠠᠯ᠂ ᠠᠮᠢᠳᠤᠷᠠᠯ ᠪᠠ ᠦᠬᠦᠯ᠂ ᠡᠷᠬᠢᠮ ᠳᠡᠭᠡᠳᠦ ᠪᠠ ᠡᠭᠡᠯ ᠳᠣᠣᠷᠠᠳᠤ᠂
ᠢᠯᠠᠯᠲᠠ ᠪᠠ ᠢᠯᠠᠭ᠍ᠳᠠᠯ ᠵᠡᠷᠭᠡ) ᠪᠤᠶᠤ ᠬᠡᠯᠪᠡᠷᠢ ( ᠵᠢᠱ᠌ᠢᠶᠡᠯᠡᠪᠡᠯ ᠦᠵᠡᠮᠵᠢ᠎ᠶ᠋ᠢᠨ ᠶᠡᠬᠡ ᠪᠠᠭ᠎ᠠ᠂
ᠥᠩᠭᠡ ᠪᠤᠳᠤᠭ᠎ᠤᠨ ᠬᠦᠢᠲᠡᠨ ᠳᠤᠯᠠᠭᠠᠨ᠂ ᠳᠠᠭᠤ ᠴᠢᠮᠡᠭᠡ ᠵᠢᠨ ᠴᠢᠩᠭ᠎ᠠ ᠰᠤᠯᠠ ᠵᠡᠷᠭᠡ ) ᠶ᠋ᠢᠨ ᠴᠢᠩᠭ᠎ᠠ
ᠬᠠᠷᠢᠴᠠᠭᠤᠯᠤᠯ᠎ᠢᠶᠠᠷ ᠬᠠᠷᠢᠯᠴᠠᠨ ᠮᠥᠷᠭᠥᠯᠳᠦᠭᠰᠡᠨ ᠦᠢᠯᠡᠳᠦᠯ ᠭᠠᠷᠭᠠᠵᠤ᠂ ᠵᠣᠬᠢᠶᠠᠨ ᠪᠦᠲᠦᠭᠡᠭ᠌ᠴᠢ᠎ᠶ᠋ᠢᠨ
ᠶᠠᠮᠠᠷ ᠨᠢᠭᠡᠨ ᠤᠳᠭ᠎ᠠ ᠪᠤᠶᠤ ᠦᠵᠡᠯ ᠰᠠᠨᠠᠭ᠎ᠠ᠎ᠶ᠋ᠢ ᠢᠯᠡᠳᠭᠡᠳᠡᠭ᠃
ᠣᠶᠤᠨᠯᠢᠭ
ᠮᠤᠨ᠋ᠲ᠋ᠸᠢ᠌ᠴᠶᠢ ᠷ •
ᠮᠢᠲ᠋ᠯᠢ ᠡᠴᠡ᠄ ᠵᠢᠷᠤᠭ᠎ᠤᠨ ᠬᠣᠭᠣᠷᠣᠨᠳᠣᠬᠢ ᠬᠠᠷᠢᠴᠠᠭ᠎ᠠ᠎ᠪᠠᠷ
ᠳᠠᠮᠵᠢᠬᠤ᠎ᠠᠴᠠ ᠪᠢᠰᠢ᠂ ᠬᠠᠷᠢᠨ ᠳᠠᠩ ᠭᠠᠭ᠍ᠴᠠ ᠬᠡᠯᠬᠢᠶᠡᠯᠲᠦᠨ ᠵᠠᠯᠭᠠᠯᠳᠤᠭ᠍ᠰᠠᠨ ᠬᠦᠦᠷᠨᠢᠯ᠎ᠢᠶᠡᠷ
ᠲᠠᠮᠵᠢᠨ ᠰᠠᠨᠠᠭ᠎ᠠ᠎ᠪᠠᠨ ᠢᠯᠡᠳᠭᠡᠳᠡᠭ ᠪᠢᠰᠢ ᠭᠡᠵᠦ ᠲᠤᠮᠢᠶᠠᠯᠠᠬᠰᠠᠨ ᠪᠠᠢᠲᠠᠭ᠃ ᠲᠡᠬᠦᠨ᠎ᠳᠤ ᠪᠠᠰᠠ
ᠭᠤᠷᠪᠠᠨ ᠵᠦᠢᠯ᠎ᠤᠨ ᠪᠤᠲᠠᠲᠠᠢ ᠤᠷ᠎ᠠ ᠮᠡᠷᠭᠡᠵᠢᠯ ᠪᠠᠢᠲᠠᠭ᠄
1᠂ ᠼᠢᠷᠺ
ᠮᠤᠨ᠋ᠲ᠋ᠸᠢ᠌ᠴ
ᠡᠢᠮᠦᠷᠬᠦᠦ
ᠠᠷᠭ᠎ᠠ ᠪᠠᠷᠢᠯ ᠨᠢ ᠠᠭᠤᠯᠭ᠎ᠠ᠎ᠶ᠋ᠢᠨ ᠲᠠᠯ᠎ᠠ᠎ᠪᠠᠷ ᠳᠤᠷ᠎ᠠ᠎ᠪᠠᠷ᠎ᠢᠶᠠᠨ ᠰᠣᠩᠭᠣᠵᠤ᠂ ᠤᠭ ᠵᠦᠴᠦᠭᠡ᠎ᠶ᠋ᠢᠨ
ᠦᠢᠯᠡ ᠶᠠᠪᠤᠳᠠᠯ᠎ᠤᠨ ᠬᠢᠵᠠᠭᠠᠷᠯᠠᠯ᠎ᠢ ᠬᠦᠯᠢᠶᠡᠬᠦ᠌ ᠦᠭᠡᠢ ᠪᠠᠢᠵᠤ᠂ ᠡᠴᠦᠰ᠎ᠲᠡᠬᠡᠨ ᠭᠣᠣᠯ ᠰᠡᠳᠦᠪ᠎ᠢ
ᠲᠣᠳᠣᠷᠬᠠᠢᠯᠠᠵᠤ ᠴᠢᠳᠠᠬᠤ ᠦᠷ᠎ᠡ ᠳ᠋ᠦᠩ᠎ᠢ ᠪᠤᠢ ᠪᠣᠯᠭᠠᠳᠠᠭ᠃ ᠢᠯᠡᠷᠡᠬᠦᠯᠬᠦ ᠮᠤᠨ᠋ᠲ᠋ᠸᠢ᠌ᠴᠲᠡᠶ
ᠬᠠᠷᠢᠴᠠᠭᠤᠯᠪᠠᠯ᠂ ᠲᠡᠷᠡ ᠨᠢ ᠣᠶᠤᠨᠴᠢ ᠴᠢᠨᠠᠷ᠎ᠢ ᠨᠡᠩ ᠴᠢᠬᠤᠯᠠᠴᠢᠯᠠᠵᠤ᠂ ᠨᠡᠩ ᠬᠡᠢᠰᠪᠦᠷᠢ ᠪᠣᠯᠭᠠᠭ᠍ᠰᠠᠨ
ᠨᠢᠭᠡ ᠵᠦᠢᠯ᠎ᠦᠨ ᠬᠡᠯᠪᠡᠷᠢ ᠪᠣᠯᠤᠨ᠎ᠠ᠃ ᠶᠠᠮᠠᠷ ᠨᠢᠭᠡᠨ ᠬᠡᠢᠰᠪᠦᠷᠢ ᠣᠢᠯᠠᠭᠠᠭ᠍ᠳᠠᠬᠤᠨ᠎ᠢ
ᠢᠯᠡᠳᠭᠡᠬᠦ᠌᠎ᠶ᠋ᠢᠨ ᠲᠥᠯᠥᠭᠡ᠂ ᠵᠦᠴᠦᠭᠡᠶ᠋ᠢᠨᠦᠢᠯᠡᠶᠠᠪᠤᠳᠠᠯᠲᠠᠶᠥᠴᠦᠬᠡᠨ ᠴᠦ᠍ ᠬᠠᠮᠢᠶ᠎ᠠ ᠦᠭᠡᠢ
ᠵᠠᠷᠢᠮ ᠦᠵᠡᠭ᠌ᠳᠡᠯ᠎ᠢ ᠠᠯᠪᠠ᠎ᠪᠠᠷ ᠤᠷᠤᠭᠤᠯᠲᠠᠭ᠃
2᠂ ᠣᠢᠯᠲᠠ
ᠮᠤᠨ᠋ᠲ᠋ᠸᠢ᠌ᠴ
ᠲᠤᠰ
ᠮᠤᠨ᠋ᠲ᠋ᠸᠢ᠌ᠴ ᠨᠢ ᠼᠢᠷᠺ ᠮᠤᠨ᠋ᠲ᠋ᠸᠢ᠌ᠴ ᠱᠢᠭ ᠬᠡᠢᠰᠪᠦᠷᠢ ᠤᠬᠠᠭ᠍ᠳᠠᠬᠤᠨ᠎ᠢ ᠢᠯᠡᠳᠭᠡᠬᠦ᠌᠎ᠶ᠋ᠢᠨ ᠲᠥᠯᠥᠭᠡ
ᠵᠦᠴᠦᠭᠡ᠎ᠶ᠋ᠢᠨ ᠦᠢᠯᠡ ᠶᠠᠪᠤᠳᠠᠯ᠎ᠤᠨ ᠠᠭᠤᠯᠭ᠎ᠠ᠎ᠲᠠᠶ ᠥᠴᠦᠬᠡᠨ ᠴᠦ᠍ ᠬᠠᠮᠢᠶ᠎ᠠ ᠦᠭᠡᠢ ᠪᠡᠯᠭᠡᠳᠡᠯ ᠦᠵᠡᠭᠳᠡᠯ᠎ᠢ
ᠬᠠᠪᠴᠢᠭᠤᠯᠤᠨ ᠣᠷᠣᠭᠤᠯᠤᠭ᠍ᠰᠠᠨ ᠪᠢᠰᠢ᠂ ᠬᠠᠷᠢᠨ ᠳᠦᠷᠰᠦᠯᠡᠭ᠌ᠰᠡᠨ ᠬᠡᠷᠡᠭ ᠪᠣᠳᠠᠰ ᠪᠠ ᠵᠦᠶ᠋ᠷᠯᠡᠬᠦ᠌ᠳᠦ
ᠬᠡᠷᠡᠭ᠌ᠯᠡᠭ᠌ᠰᠡᠨ ᠬᠡᠷᠡᠭ ᠪᠣᠳᠠᠰᠢᠨᠢᠭᠡᠯᠡᠣᠷᠣᠨᠵᠠᠶᠳᠤ ᠬᠠᠮᠲᠤ ᠲᠠᠯᠪᠢᠵᠦ᠂ ᠬᠠᠷᠢᠯᠴᠠᠨ
ᠲᠦᠱᠢᠭ᠌ᠯᠡᠯᠴᠡᠬᠦᠯᠳᠡᠭ᠃
3᠂ ᠦᠵᠡᠯ
ᠰᠠᠨᠠᠭ᠎ᠠ ᠪᠦᠬᠦᠢ ᠮᠤᠨ᠋ᠲ᠋ᠸᠢ᠌ᠴ
ᠲᠡᠷᠡ
ᠨᠢ ᠰᠣᠨᠢᠨ ᠮᠡᠳᠡᠭᠡᠨ᠎ᠦ ᠺᠢᠨᠣ᠋ ᠳᠣᠲᠣᠷᠠᠬᠢ ᠰᠤᠷᠪᠤᠯᠵᠢ ᠪᠢᠴᠢᠭ᠎ᠢ ᠠᠱᠢᠭ᠍ᠯᠠᠨ ᠨᠢᠭᠡ ᠦᠵᠡᠯ
ᠰᠠᠨᠠᠭ᠎ᠠ᠎ᠶ᠋ᠢ ᠳᠠᠬᠢᠨ ᠨᠠᠢᠷᠠᠭᠤᠯᠵᠦ ᠵᠢᠭ᠍ᠰᠠᠭᠠᠨ ᠢᠯᠡᠳᠭᠡᠳᠡᠭ᠃ ᠡᠨᠡ ᠬᠦ᠌ ᠮᠤᠨ᠋ᠲ᠋ᠸᠢ᠌ᠴ ᠪᠣᠯ ᠨᠢᠭᠡ
ᠵᠦᠢᠯ᠎ᠦᠨ ᠬᠡᠢᠰᠪᠦᠷᠢ ᠬᠡᠯᠪᠡᠷᠢ ᠮᠥᠨ᠂ ᠤᠴᠢᠷ ᠨᠢ ᠲᠡᠷᠡ ᠵᠥᠪᠬᠡᠨ ᠠᠯᠢ ᠤᠯᠠᠨ ᠦᠵᠡᠯ ᠰᠠᠨᠠᠭ᠎ᠠ᠎ᠶᠢ
ᠢᠯᠡᠳᠭᠡᠳᠡᠭ ᠪᠠ ᠤᠶᠤᠨᠴᠢ ᠰᠡᠳᠬᠢᠬᠦᠢ ᠡᠴᠡ ᠡᠬᠦᠰᠦᠭᠰᠡᠨ ᠬᠠᠢᠷ᠎ᠠ ᠰᠡᠳᠭᠢᠯᠭᠡ᠎ᠶ᠋ᠢ ᠢᠯᠡᠷᠡᠭᠦᠯᠳᠡᠭ᠃
ᠡᠮᠬᠢᠯᠡᠭᠴᠢ᠄
ᠰᠢᠶᠠᠡᠭ ᠲᠤᠤ