ᠤᠢᠷ᠎ᠠ ᠵᠢᠨ ᠬᠡᠳᠦᠨ ᠡᠳᠦᠷ᠂ ᠤᠷᠠᠳ᠎ᠤᠨ ᠬᠣᠢᠲᠤ ᠬᠣᠱᠢᠭᠤᠨ᠎ᠤ ᠤᠯᠠᠭᠠᠨᠮᠥ᠋ᠴᠢᠷ᠎ᠦᠨ ᠡᠷᠦᠬᠡ᠎ᠶ᠋ᠢᠨ ᠴᠡᠷᠢᠭ᠎ᠦᠨ ᠤᠬᠠᠭᠤᠯᠭ᠎ᠠ᠎ᠶ᠋ᠢᠨ ᠬᠤᠪᠢᠶᠠᠷᠢ ᠠᠩᠭᠢ ᠣᠨᠴᠠ ᠵᠢᠨ ᠶᠠᠭᠠᠷᠠᠤ᠃ ᠲᠡᠳᠡ ᠮᠠᠱᠢᠨ ᠲᠡᠷᠭᠡ᠎ᠪᠡᠷ ᠲᠠᠯ᠎ᠠ ᠵᠢᠨ ᠭᠦᠨ ᠳ᠋ᠡᠬᠢ ᠮᠠᠯᠴᠢᠨ ᠠᠢᠯ ᠪᠣᠯᠤᠨ ᠬᠢᠯᠢ᠎ᠶ᠋ᠢᠨ ᠬᠠᠮᠠᠭᠠᠯᠠᠯᠲᠠ᠎ᠶ᠋ᠢᠨ ᠬᠠᠷᠠᠭᠤᠯ᠎ᠤᠨ ᠭᠠᠵᠠᠷ᠎ᠤᠳ ᠵᠢᠡᠷ ᠬᠦᠷᠴᠦ᠍᠂ ᠤᠯᠠᠨ ᠲᠦᠮᠡᠨ᠎ᠦ ᠦᠵᠡᠵᠦ᠍ ᠰᠣᠨᠢᠷᠬᠠᠬᠤ ᠳᠤᠷᠠᠲᠠᠢ ᠬᠡᠯᠪᠡᠷᠢ᠎ᠪᠡᠷ ᠨᠠᠮ᠎ᠤᠨ ᠳᠠᠭᠤᠨ᠎ᠢ ᠲᠠᠮᠵᠢᠭᠤᠯᠤᠨ ᠤᠯᠠᠮᠵᠢᠯᠠᠨ᠎ᠠ᠃
ᠮᠠᠱᠢᠨ ᠲᠡᠷᠭᠡ᠎ᠪᠡᠷ 100 ᠭᠠᠷᠤᠢ ᠺᠢᠯᠤᠮᠸᠲᠷ ᠠᠶᠠᠯᠠᠵᠤ᠂ ᠤᠯᠠᠭᠠᠨᠮᠥ᠋ᠴᠢᠷ᠎ᠦᠨ ᠡᠷᠦᠭᠡ᠎ᠶ᠋ᠢᠨ ᠴᠡᠷᠢᠭ᠎ᠦᠨ ᠤᠬᠠᠭᠤᠯᠭ᠎ᠠ᠎ᠶ᠋ᠢᠨ ᠬᠤᠪᠢᠶᠠᠷᠢ ᠠᠩᠬᠢ ᠲᠠᠯ᠎ᠠ ᠵᠢᠨ ᠭᠦᠨᠳ᠋ᠤ ᠪᠠᠢᠷᠢᠯᠠᠭ᠎ᠠ ᠴᠤᠬᠠᠦ᠋ᠨᠳᠦᠷ ᠪᠠᠯᠭᠠᠰᠤᠨ᠎ᠤ ᠪᠣᠷᠪᠢ ᠭᠠᠴᠠᠭᠠᠨ᠎ᠤ ᠮᠠᠯᠴᠢᠨ᠎ᠤ ᠭᠡᠷ᠎ᠲᠦ ᠬᠦᠷᠦᠯ᠎ᠠ᠂ ᠮᠣᠩᠭᠣᠯ ᠭᠡᠷ᠎ᠦᠨ ᠬᠠᠵᠠᠭᠤ᠎ᠳᠤ ᠮᠤᠷᠢᠨ ᠬᠤᠭᠤᠷ ᠵᠢᠡᠨ ᠬᠥᠭᠯᠡᠬᠥᠯᠥᠨ ᠳᠤᠬᠯᠠᠯᠳᠠ ᠪᠠᠨ ᠡᠬᠢᠯᠡᠬᠦᠯᠵᠦ᠂ ᠭᠣᠴᠣᠯᠠᠯ ᠳᠠᠭᠤᠤ᠂ ᠲᠦᠷᠪᠡᠨ ᠤᠲᠠᠰᠤᠲᠤ ᠬᠤᠭᠤᠷ᠂ ᠺᠢᠲ᠋ᠠᠷ ᠬᠥᠭ᠌ᠵᠢᠮᠳᠡᠬᠦ᠌ ᠵᠡᠷᠭᠡ ᠲᠣᠭ᠍ᠯᠠᠯᠲᠠ ᠵᠢ ᠵᠠᠯᠭᠠᠭ᠎ᠠ ᠪᠡᠷ ᠭᠠᠷᠭᠠᠵᠤ᠂ ᠲᠤᠬᠠᠢ ᠵᠢᠨ ᠲᠠᠯᠠᠪᠠᠢ ᠵᠢᠨ ᠮᠠᠯᠴᠢᠳ᠎ᠤᠨ ᠤᠷᠮ᠎ᠠ ᠵᠢ ᠬᠦᠭᠵᠢᠭᠡᠨ᠎ᠡ᠃
《ᠬᠦᠬᠡ ᠲᠩᠷᠢ᠎ᠪᠡᠷ ᠬᠥᠱᠢᠭᠡ᠎ᠪᠡᠨ ᠪᠣᠯᠭᠠᠵᠤ᠂ ᠬᠦᠷᠦᠰᠦᠳᠦ ᠭᠠᠵᠠᠷ᠎ᠢᠶᠠᠷ ᠲᠠᠢᠰᠠ᠎ᠪᠠᠨ ᠪᠣᠯᠭᠠᠵᠤ᠂ ᠣᠯᠠᠨ ᠲᠦᠮᠡᠨ ᠶᠠᠭᠤ ᠬᠦᠰᠡᠪᠡᠯ ᠪᠢᠳᠡ ᠶᠠᠭᠤ ᠲᠣᠭ᠍ᠯᠠᠳᠠᠭ᠂ ᠤᠯᠠᠭᠠᠨᠮᠥ᠋ᠴᠢᠷ᠎ᠦᠨ ᠭᠡᠱᠢᠭᠦᠳ ᠭᠡᠭᠴᠢ ᠲᠣᠭ᠍ᠯᠠᠭ᠍ᠴᠢ ᠮᠦᠷᠳᠡᠬᠡᠨ ᠪᠠᠰᠠ ᠴᠤ᠌ ᠡᠷᠦᠬᠡ᠎ᠶ᠋ᠢᠨ ᠴᠡᠷᠢᠭ᠎ᠦᠨ ᠤᠬᠠᠭᠤᠯᠭ᠎ᠠ᠎ᠶ᠋ᠢᠨ ᠬᠤᠪᠢᠶᠠᠷᠢ ᠠᠩᠭᠢ ᠶ᠋ᠢᠨ ᠭᠡᠱᠢᠭᠦᠨ ᠮᠥᠨ᠂ ᠡᠨᠡ᠎ᠨᠢ ᠮᠠᠯᠵᠢᠬᠤ ᠣᠷᠣᠨ᠎ᠳᠤ ᠭᠦᠨᠵᠡᠭᠡᠢᠷᠡᠵᠦ᠍᠂ ᠳᠤᠮᠳᠠᠳᠤ ᠤᠯᠤᠰ᠎ᠤᠨ ᠥᠯᠢᠭᠡᠷ ᠢ ᠰᠠᠢᠲᠤᠷ ᠶᠠᠷᠢᠵᠤ᠂ ᠨᠠᠮ᠎ᠤᠨ ᠲᠠᠭᠤᠨ᠎ᠢ ᠲᠠᠮᠵᠢᠭᠤᠯᠬᠤ᠎ᠶ᠋ᠢᠨ ᠲᠥᠯᠥᠭᠡ ᠶᠤᠮ》 ᠭᠡᠵᠦ᠍ ᠤᠷᠠᠳ᠎ᠤᠨ ᠬᠣᠢᠲᠤ ᠬᠣᠱᠢᠭᠤᠨ᠎ᠤ ᠤᠯᠠᠭᠠᠨᠮᠥ᠋ᠴᠢᠷ᠎ᠦᠨ ᠳᠡᠳ᠋ ᠳᠠᠷᠤᠭ᠎ᠠ ᠶᠠᠩ ᠺᠠᠩ ᠶᠠᠷᠢᠨ᠎ᠠ᠃
ᠲᠣᠭ᠍ᠯᠠᠯᠲᠠ ᠳᠠᠭᠤᠰᠤᠭ᠍ᠰᠠᠨ᠎ᠤ ᠲᠠᠷᠠᠭ᠎ᠠ᠂ ᠤᠯᠠᠭᠠᠨᠮᠦ᠋ᠴᠢᠷ ᠤ᠋ᠨ ᠭᠡᠱᠢᠭᠦᠳ ᠮᠠᠯᠴᠢᠳ᠎ᠲᠠᠶ ᠬᠠᠮᠳᠤ ᠪᠡᠷ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠢᠯᠡᠳᠭᠡᠯ᠎ᠢ ᠰᠤᠷᠤᠯᠴᠠᠵᠤ᠂ ᠬᠠᠯᠠᠮᠱᠢᠯ ᠠᠰᠠᠭᠤᠳᠠᠯ ᠤᠨ ᠲᠤᠬᠠᠢ ᠶᠠᠷᠢᠯᠴᠠᠵᠤ᠂ ᠣᠯᠤᠯᠲᠠ ᠲᠦᠷᠦᠭ᠌ᠳᠡᠯ᠎ᠢᠶᠡᠨ ᠰᠤᠯᠢᠯᠴᠠᠪᠠ᠃ ᠤᠯᠠᠨ᠎ᠢᠶᠠᠷ᠎ᠢᠶᠠᠨ᠂ ᠢᠯᠡᠳᠭᠡᠯ ᠨᠢ ᠬᠥᠮᠦᠰ᠎ᠢ᠋ ᠤᠷᠮᠠᠰᠢᠭᠤᠯᠤᠨ ᠵᠤᠷᠢᠭᠵᠢᠭᠤᠯᠵᠤ᠂ ᠡᠷᠡᠯᠬᠡᠭ᠌ᠯᠡᠨ ᠤᠷᠤᠭ᠍ᠰᠢᠯᠠᠬᠤ ᠬᠦᠴᠦᠨ ᠤᠯᠭᠤᠵᠤ᠂ ᠨᠢᠭᠡᠨ ᠴᠤᠭ ᠪᠠᠳᠠᠷᠠᠩᠭᠤᠢ ᠲᠤᠮᠤ ᠨᠠᠮ ᠂ ᠡᠳᠦᠷ᠎ᠡᠴᠡ ᠡᠳᠦᠷ ᠱᠢᠨᠡᠳᠦᠨ ᠬᠤᠪᠢᠷᠠᠵᠤ ᠪᠠᠢᠭ᠎ᠠ ᠤᠯᠤᠰ ᠤ᠋ᠨ ᠭᠦᠭᠵᠢᠯ ᠪᠠᠳᠠᠷᠠᠯ ᠢ ᠨᠢᠳᠤ ᠪᠡᠷ ᠵᠢᠡᠨ ᠦᠵᠡᠵᠦ ᠪᠡᠶ᠎ᠠ ᠪᠡᠷ ᠵᠢᠡᠨ ᠦᠩᠭᠡᠷᠡᠬᠦᠯᠦᠭᠰᠡᠨ ᠳ᠋ᠡᠭᠡᠨ ᠤᠮᠤᠬᠰᠢᠵᠤ᠂ ᠳᠤᠮᠳᠠᠳᠤ ᠤᠯᠤᠰ᠎ᠤᠨ ᠰᠠᠢᠨ ᠰᠠᠢᠬᠠᠨ ᠢᠷᠡᠭᠡᠳᠦᠢ᠂ ᠦᠨᠳᠦᠰᠦᠲᠡᠨ᠎ᠦ ᠭᠡᠭᠡᠨ ᠰᠠᠷᠠᠭᠤᠯ ᠢᠷᠡᠭᠡᠳᠦᠢ ᠵᠢᠨ ᠲᠤᠬᠠᠢ ᠦᠨᠡᠨᠬᠦ ᠬᠦᠨᠵᠡᠭᠡᠢ ᠤᠢᠯᠠᠭᠠᠯᠳᠠ ᠲᠠᠢ ᠪᠤᠯᠵᠠᠢ ᠭᠡᠵᠦ᠍ ᠢᠯᠡᠳᠭᠡᠵᠡᠭᠡᠪᠡ᠃
《ᠤᠯᠠᠭᠠᠨᠮᠥ᠋ᠴᠢᠷ᠎ᠦᠨ ᠡᠷᠦᠬᠡ᠎ᠶ᠋ᠢᠨ ᠴᠡᠷᠢᠭ ᠬᠡᠳᠦᠨ ᠠᠷᠪᠠᠨ ᠺᠢᠯᠣᠮᠧᠲ᠋ᠷ᠎ᠦᠨ ᠠᠭᠤᠯᠠᠨ ᠵᠠᠮ᠎ᠢᠶᠠᠷ ᠵᠠᠮᠨᠠᠵᠤ᠂ ᠪᠢᠳᠡᠨ᠎ᠳᠦ ᠭᠣᠢᠳᠠ ᠰᠠᠢᠬᠠᠨ ᠲᠣᠭ᠍ᠯᠠᠯᠲᠠ ᠭᠠᠷᠭᠠᠵᠤ ᠥᠭ᠌ᠭᠦᠭ᠌ᠰᠡᠨ᠎ᠢᠶᠡᠷ ᠪᠠᠷᠠᠬᠤ ᠥᠬᠡᠶ ᠪᠠᠰᠠ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠤᠬᠠᠭᠤᠯᠪᠠ᠂ ᠢᠯᠡᠳᠭᠡᠯ ᠤ᠋ᠨ ᠠᠭᠤᠯᠭ᠎ᠠ ᠳ᠋ᠡᠬᠢ ᠣᠢᠯᠠᠭᠠᠬᠤ ᠥᠬᠡᠶ ᠵᠦᠶ᠋ᠯ᠎ᠢ ᠨᠠᠷᠢᠯᠢᠭ ᠲᠠᠢᠯᠪᠤᠷᠢᠯᠠᠨ ᠦᠭᠴᠤ᠂ ᠪᠢᠳᠡᠨ᠎ᠳᠦ ᠤᠯᠤᠰ᠎ᠤᠨ ᠲᠥᠷᠥ᠎ᠶ᠋ᠢᠨ ᠪᠣᠳᠣᠯᠭ᠎ᠠ ᠶ᠋ᠢ ᠲᠣᠳᠣᠷᠬᠠᠶ ᠣᠢᠯᠠᠭᠠᠭᠤᠯᠪᠠ᠂ ᠬᠢᠯᠢ᠎ᠶ᠋ᠢᠨ ᠮᠠᠯᠴᠢᠨ ᠪᠣᠯᠤᠭ᠍ᠰᠠᠨ᠎ᠤ ᠬᠤᠪᠢ᠎ᠳᠤ᠂ ᠪᠢ ᠥᠩᠭᠡᠷᠡᠭ᠌ᠰᠡᠨ᠎ᠲᠡᠶ᠎ᠪᠡᠨ ᠠᠳᠠᠯᠢ᠎ᠪᠠᠷ ᠬᠢᠯᠢ ᠬᠢᠵᠠᠭᠠᠷ ᠵᠢᠡᠨ ᠰᠠᠬᠢᠨ ᠪᠡᠬᠢᠵᠢᠭᠦᠯᠵᠦ᠍᠂ ᠬᠡᠷ ᠣᠷᠣᠨ᠎ᠢᠶᠠᠨ ᠰᠠᠢᠲᠤᠷ ᠰᠠᠬᠢᠨ ᠬᠠᠮᠠᠭᠠᠯᠠᠨ᠎ᠠ》 ᠭᠡᠵᠦ᠍ ᠪᠤᠷᠪᠢ ᠭᠠᠴᠠᠭᠠᠨ᠎ᠤ ᠮᠠᠯᠴᠢᠨ ᠴᠧᠨ ᠵᠢᠩ ᠬᠡᠯᠡᠪᠡ᠃
ᠤᠯᠠᠭᠠᠨᠮᠦ᠋ᠴᠢᠷ ᠤ᠋ᠨ ᠭᠡᠱᠢᠭᠦᠳ ᠪᠠᠰᠠ ᠴᠠᠭᠠᠠᠠᠤᠪᠤᠭᠠ ᠭᠠᠴᠠᠭᠠᠨ᠎ᠤ ᠮᠠᠯᠴᠢᠨ ᠤᠯᠠᠭᠠᠨᠴᠡᠴᠡᠭ᠎ᠤᠨ ᠬᠢᠨ᠎ᠳᠦ ᠬᠦᠷᠴᠦ᠍᠂ ᠨᠠᠰᠤᠲᠠᠨ᠎ᠲᠠᠶ ᠬᠠᠮᠲᠤ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠡᠬᠢᠯᠡᠯᠲᠡ᠎ᠶ᠋ᠢᠨ ᠱᠢᠭᠤᠳ ᠨᠡᠪᠲᠡᠷᠡᠭᠦᠯᠭᠡ᠎ᠶ᠋ᠢ ᠲᠠᠬᠢᠨ ᠰᠣᠨᠢᠷᠬᠠᠵᠤ᠂ ᠨᠠᠰᠤᠲᠠᠨ᠎ᠳᠤ ᠶᠡᠬᠡ ᠬᠤᠷᠠᠯ᠎ᠤᠨ ᠭᠣᠣᠯ ᠰᠡᠳᠦᠪ᠂ ᠠᠭᠤᠯᠭ᠎ᠠ ᠵᠢᠴᠢ ᠬᠤᠷᠠᠯ᠎ᠤᠨ ᠵᠣᠷᠢᠭ ᠰᠠᠨᠠᠭ᠎ᠠ᠎ᠶ᠋ᠢ ᠲᠠᠢᠯᠪᠤᠷᠢᠯᠠᠨ ᠦᠭᠴᠤ᠂ ᠨᠠᠰᠤᠲᠠᠨ᠎ᠤ ᠠᠰᠠᠭᠤᠯᠲᠠ᠎ᠶ᠋ᠢ ᠬᠠᠷᠢᠭᠤᠯᠪᠠ᠃
《ᠡᠨᠡ ᠬᠡᠳᠦᠨ ᠵᠢᠯ ᠦᠨᠡᠬᠡᠷ ᠶᠡᠬᠡ ᠬᠤᠪᠢᠷᠠᠯᠲᠠ ᠭᠠᠷᠴᠠᠶ᠂ ᠣᠲᠣ ᠮᠠᠯᠵᠢᠬᠤ ᠣᠷᠣᠨ᠎ᠳᠤ ᠴᠢᠮᠡᠬᠡ ᠬᠣᠯᠪᠣᠭᠠᠨ᠎ᠤ ᠳᠣᠬᠢᠶ᠎ᠠ᠎ᠲᠠᠶ ᠪᠤᠯᠵᠦ᠂ ᠤᠲᠠᠰᠤ ᠲᠣᠰᠴᠤ᠌ ᠲᠧᠯᠸᠢᠰ ᠦᠵᠡᠬᠦ᠌᠎ᠳᠦ ᠴᠥᠮ ᠮᠠᠰᠢ ᠲᠥᠬᠥᠮ ᠪᠣᠯᠵᠠᠶ᠃ ᠤᠯᠠᠭᠠᠨᠮᠥ᠋ᠴᠢᠷ ᠪᠣᠯᠤᠨ ᠡᠨᠳᠡ ᠰᠠᠭᠤᠭ᠎ᠠ ᠳᠠᠷᠤᠭ᠎ᠠ ᠪᠠᠢᠯᠳᠤᠭ᠍ᠴᠢᠳ ᠴᠤ᠌ ᠦᠷᠭᠦᠯᠵᠢ ᠪᠢᠳᠡᠨ᠎ᠢ ᠦᠵᠡᠬᠦ᠌᠎ᠪᠡᠷ ᠢᠷᠡᠵᠦ᠂ ᠪᠢᠳᠡᠨ᠎ᠦ ᠠᠮᠢᠳᠤᠷᠠᠯ ᠤᠯᠠᠮ᠎ᠠᠴᠠ ᠤᠯᠠᠮ ᠰᠠᠢᠵᠢᠷᠠᠵᠤ ᠪᠠᠢᠨ᠎ᠠ》 ᠭᠡᠵᠦ ᠤᠯᠠᠭᠠᠨᠴᠡᠴᠡᠭ ᠪᠠᠶᠠᠷᠲᠠᠢᠬᠠᠨ ᠶᠠᠷᠢᠨ᠎ᠠ᠃
ᠤᠷᠠᠳ᠎ᠤᠨ ᠬᠣᠢᠲᠤ ᠬᠣᠱᠢᠭᠤᠨ ᠤ ᠶᠡᠷᠦᠩᠬᠡᠶ ᠲᠠᠯᠠᠪᠠᠶ 2.5 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷ᠂ ᠬᠢᠯᠢ᠎ᠶ᠋ᠢᠨ ᠱᠤᠭᠤᠮ᠎ᠤᠨ ᠤᠷᠳᠦ ᠨᠢ 195.25 ᠺᠢᠯᠣᠮᠧᠲ᠋ᠷ ᠪᠠᠢᠳᠠᠭ᠃ ᠭᠠᠵᠠᠷ ᠠᠭᠤᠳᠠᠮ ᠬᠥᠮᠦᠨ ᠴᠥᠭᠡᠨ ᠲᠠᠯ᠎ᠠ ᠨᠤᠲᠤᠭ᠎ᠲᠤ ᠤᠯᠠᠭᠠᠨᠮᠥ᠋ᠴᠢᠷ᠎ᠦᠨ ᠡᠷᠦᠬᠡ᠎ᠶ᠋ᠢᠨ ᠴᠡᠷᠢᠭ᠎ᠦᠨ ᠤᠬᠠᠭᠤᠯᠭ᠎ᠠ᠎ᠶ᠋ᠢᠨ ᠬᠤᠪᠢᠶᠠᠷᠢ ᠠᠩᠭᠢ ᠨᠢ ᠲᠠᠢᠰᠠᠨ ᠳᠡᠭᠡᠷ᠎ᠠ ᠭᠤᠶᠤ ᠰᠠᠢᠬᠠᠨ ᠲᠣᠭ᠍ᠯᠠᠭ᠍ᠴᠢ ᠮᠦᠷᠳᠡᠬᠡᠨ ᠪᠠᠰᠠ ᠲᠠᠢᠰᠠᠨ ᠳᠤᠤᠷ᠎ᠠ ᠱᠢᠷᠭᠠᠭᠤ ᠠᠵᠢᠯᠯᠠᠬᠤ ᠦᠢᠯᠡᠴᠢᠯᠡᠭᠴᠢ ᠪᠣᠯᠳᠠᠬ; ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠤᠬᠠᠭᠤᠯᠬᠤ ᠦᠢᠯᠡᠳᠦᠯᠭᠡᠵᠢᠭᠦᠯᠦᠭ᠌ᠴᠢ ᠮᠥᠷᠲᠡᠭᠡᠨ ᠪᠠᠰᠠ ᠨᠡᠢᠭᠡᠮ ᠵᠢᠷᠤᠮ᠎ᠤᠨ ᠤᠳᠭ᠎ᠠ ᠤᠷᠠᠯᠢᠭ ᠢ ᠰᠠᠨᠠᠭᠠᠴᠢᠯᠠᠬᠤ ᠬᠣᠱᠢᠭᠤᠴᠢ ᠶᠤᠮ᠃ ᠤᠯᠠᠭᠠᠨᠮᠥ᠋ᠴᠢᠷ᠎ᠦᠨ ᠡᠷᠦᠬᠡ᠎ᠶ᠋ᠢᠨ ᠴᠡᠷᠢᠭ᠎ᠦᠨ ᠤᠬᠠᠭᠤᠯᠭ᠎ᠠ᠎ᠶ᠋ᠢᠨ ᠬᠤᠪᠢᠶᠠᠷᠢ ᠠᠩᠭᠢ᠎ᠨᠢ 《ᠨᠢᠭᠡ ᠮᠣᠩᠭᠣᠯ ᠬᠡᠷ᠎ᠢ ᠴᠦ᠍ ᠣᠷᠬᠢᠭ᠍ᠳᠠᠭᠤᠯᠬᠤ ᠥᠬᠡᠶ᠂ ᠨᠢᠭᠡ ᠮᠠᠯᠴᠢᠨ ᠲᠠᠷᠢᠶᠠᠴᠢᠨ ᠢ ᠴᠤ᠌ ᠬᠤᠴᠤᠷᠭᠠᠬᠤ ᠥᠬᠡᠶ᠂ ᠨᠢᠭᠡ ᠬᠢᠯᠢ ᠶ᠋ᠢᠨ ᠬᠠᠮᠠᠭᠠᠯᠠᠯᠲᠠ᠎ᠶ᠋ᠢᠨ ᠬᠠᠷᠠᠭᠤᠯ᠎ᠤᠨ ᠪᠠᠢᠷᠢ᠎ᠶ᠋ᠢ ᠴᠤ᠌ ᠮᠠᠷᠲᠠᠬᠤ ᠥᠬᠡᠶ》 ᠪᠠᠷ ᠬᠠᠷᠠᠯᠲᠠ ᠪᠠᠨ ᠪᠣᠯᠭᠠᠵᠤ᠂ ᠬᠦᠴᠢᠷ ᠪᠡᠷᠬᠡᠱᠢᠶᠡᠯ ᠢ ᠢᠯᠡᠨ ᠳᠠᠪᠠᠵᠤ᠂ ᠮᠠᠰᠢᠨ ᠲᠡᠷᠭᠡ ᠬᠦᠷᠴᠦ᠍ ᠳᠡᠢᠯᠬᠦ᠌ ᠥᠬᠡᠶ ᠭᠠᠵᠠᠷ ᠪᠤᠯᠭᠠᠨ ᠳᠤ ᠮᠣᠷᠢ ᠤᠨᠤᠭ᠎ᠠ ᠪᠡᠷ ᠬᠦᠷᠴᠤ᠂ ᠮᠣᠷᠢ ᠪᠡᠷ ᠪᠠᠰᠠ ᠬᠦᠷᠴᠦ᠍ ᠳᠡᠢᠯᠬᠦ᠌ ᠥᠬᠡᠶ ᠭᠠᠵᠠᠷ᠎ᠲᠤ ᠶᠠᠪᠠᠭᠠᠯᠠᠨ ᠬᠦᠷᠴᠤ᠂ ᠠᠭᠤᠯᠠ ᠬᠦᠳᠦᠯ ᠢ᠋ ᠳᠠᠪᠠᠵᠤ᠂ ᠵᠢᠵᠢᠭ ᠵᠥᠷᠢᠭ᠎ᠢᠶᠠᠷ ᠵᠠᠮᠨᠠᠵᠤ᠂ ᠭᠣᠢᠳᠠ ᠰᠠᠢᠬᠠᠨ ᠲᠣᠭ᠍ᠯᠠᠯᠲᠠ ᠪᠠ ᠨᠠᠮ ᠪᠠ ᠤᠯᠤᠰ᠎ᠤᠨ ᠬᠠᠮᠤᠭ᠎ᠤᠨ ᠱᠢᠨ᠎ᠡ ᠴᠢᠭ᠌ᠯᠡᠯᠲᠡ ᠲᠥᠷᠥ ᠶ᠋ᠢᠨ ᠪᠣᠳᠣᠯᠭ᠎ᠠ ᠵᠢ ᠮᠠᠯᠴᠢᠳ ᠪᠣᠯᠤᠨ ᠰᠠᠭᠤᠭ᠎ᠠ ᠭᠠᠵᠠᠷ᠎ᠤᠨ ᠳᠠᠷᠤᠭ᠎ᠠ ᠪᠠᠢᠯᠳᠤᠭ᠍ᠴᠢᠳ᠎ᠤᠨ ᠳᠡᠷᠭᠡᠳᠡ ᠬᠦᠷᠭᠡᠵᠦ᠍᠂ ᠨᠠᠮ᠎ᠤᠨ ᠲᠠᠭᠤᠨ ᠪᠠ ᠬᠠᠢᠷ᠎ᠠ ᠬᠠᠯᠠᠮᠵᠢ᠎ᠶ᠋ᠢ ᠰᠠᠢᠲᠤᠷ ᠳᠠᠮᠵᠢᠭᠤᠯᠵᠤ᠂ ᠬᠢᠯᠢ᠎ᠪᠠᠨ ᠬᠦᠴᠦᠷᠬᠡᠭ᠌ᠵᠢᠭᠦᠯᠵᠦ᠍ ᠰᠡᠷᠭᠡᠢᠯᠡᠯᠲᠡ᠎ᠶ᠋ᠢ ᠪᠡᠬᠢᠵᠢᠬᠦᠯᠦᠭ᠌ᠰᠡᠨ ᠥᠯᠢᠭᠡᠷ᠎ᠢ ᠰᠠᠢᠲᠤᠷ ᠶᠠᠷᠢᠵᠦ ᠪᠠᠢᠨ᠎ᠠ᠃