ᠬᠠᠷ᠎ᠠ ᠪᠠᠷᠰ ᠵᠢᠯ᠎ᠳᠦ ᠭᠠᠭᠴᠠ 《ᠬᠠᠪᠤᠷ᠎ᠤᠨ ᠠᠭᠤᠷ》 ᠤᠷᠤᠬᠤ ᠡᠳᠦᠷ ᠲᠠᠢ
2022-02-10 16:44:21
ᠵᠣᠬᠢᠶᠠᠭ᠍ᠴᠢ᠄
ᠵᠤᠯᠠ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 4 ᠎ᠦ ᠡᠳᠦᠷ ᠬᠠᠪᠤᠷ᠎ᠤᠨ ᠠᠭᠤᠷ ᠤᠷᠤᠯ᠎ᠠ᠃ ᠣᠳᠣᠨ ᠣᠷᠣᠨ᠎ᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠢ ᠲᠦᠭᠡᠮᠡᠯᠵᠢᠭᠦᠯᠬᠦ᠌ ᠲᠤᠰᠭᠠᠶ ᠮᠡᠷᠭᠡᠵᠢᠯᠲᠡᠨ᠎ᠡᠴᠡ᠂ ᠬᠠᠷ᠎ᠠ ᠪᠠᠷᠰ ᠵᠢᠯ ᠪᠣᠯ 《ᠳ᠋ᠠᠩ ᠬᠠᠪᠤᠷ ᠲᠠᠢ ᠵᠢᠯ》 ᠪᠠᠢᠵᠤ᠂ ᠵᠥᠪᠬᠡᠨ ᠨᠢᠭᠡ ᠯᠡ 《ᠬᠠᠪᠤᠷ᠎ᠤᠨ ᠠᠭᠤᠷ》 ᠣᠷᠣᠬᠤ ᠡᠳᠦᠷ ᠲᠠᠢ ᠭᠡᠵᠦ ᠢᠯᠡᠷᠬᠡᠢᠯᠡᠪᠡ᠃

ᠳᠤᠮᠳᠠᠳᠤ ᠤᠯᠤᠰ᠎ᠤᠨ ᠣᠳᠣᠨ ᠣᠷᠣᠨ᠎ᠤ ᠰᠤᠳᠤᠯᠤᠯ᠎ᠤᠨ ᠨᠡᠢᠭᠡᠮᠯᠢᠭ᠎ᠦᠨ ᠭᠡᠱᠢᠭᠦᠨ᠂ ᠲᠢᠶᠠᠨᠵᠢᠨ ᠬᠣᠲᠠ᠎ᠶ᠋ᠢᠨ ᠣᠳᠣᠨ ᠣᠷᠣᠨ᠎ᠤ ᠰᠤᠳᠤᠯᠤᠯ᠎ᠤᠨ ᠨᠡᠢᠭᠡᠮᠯᠢᠭ ᠎ᠦᠨ ᠬᠡᠷᠡᠭ ᠡᠷᠬᠢᠯᠡᠭ᠌ᠴᠢ ᠶᠠᠩ ᠵᠢᠩ ᠲᠠᠨᠢᠯᠴᠠᠭᠤᠯᠬᠤ᠎ᠳᠠᠭᠠᠨ᠂ ᠬᠠᠪᠤᠷ᠎ᠤᠨ ᠠᠭᠤᠷ ᠪᠣᠯ ᠬᠣᠷᠢᠨ ᠳᠥᠷᠪᠡᠨ ᠴᠠᠭ ᠤᠯᠠᠷᠢᠯ᠎ᠤᠨ ᠨᠢᠭᠡᠳᠦᠭᠡᠷ ᠴᠠᠭ ᠤᠯᠠᠷᠢᠯ ᠪᠠᠢᠵᠤ᠂ ᠬᠠᠪᠤᠷ᠎ᠤᠨ ᠤᠯᠠᠷᠢᠯ᠎ᠤᠨ ᠡᠬᠢᠯᠡᠯᠲᠡ ᠮᠥᠨ᠃ ᠬᠣᠷᠢᠨ ᠳᠥᠷᠪᠡᠨ ᠴᠠᠭ ᠤᠯᠠᠷᠢᠯ ᠪᠣᠯ ᠳᠡᠯᠡᠬᠡᠶ᠎ᠶ᠋ᠢᠨ ᠪᠥᠮᠪᠥᠷᠴᠡᠭ᠎ᠦᠨ ᠨᠠᠷᠠ᠎ᠶ᠋ᠢ ᠲᠣᠭᠣᠷᠢᠨ᠎ᠡᠷᠭᠢᠬᠦ᠌ ᠦᠶᠡᠯᠡᠯ᠎ᠢᠶᠡᠷ ᠲᠣᠭ᠍ᠳᠠᠭᠠᠭ᠍ᠳᠠᠵᠤ᠂ ᠮᠥᠨ ᠴᠢᠨᠠᠷ ᠳᠡᠭᠡᠷ᠎ᠡ᠎ᠪᠡᠨ ᠠᠷᠭ᠎ᠠ᠎ᠶ᠋ᠢᠨ ᠤᠯᠠᠷᠢᠯ᠎ᠳᠤ ᠬᠠᠷᠢᠶᠠᠯᠠᠭ᠍ᠳᠠᠨ᠎ᠠ᠃ ᠬᠠᠷᠢᠨ ᠪᠢᠯᠢᠭ᠎ᠦᠨ ᠤᠯᠠᠷᠢᠯ ᠪᠣᠯ ᠰᠠᠷᠠᠨ᠎ᠤ ᠳᠦᠷᠰᠦ᠎ᠶ᠋ᠢᠨ ᠬᠤᠪᠢᠷᠠᠯᠲᠠ᠎ᠶ᠋ᠢᠨ ᠦᠶᠡᠯᠡᠯ᠎ᠢᠶᠡᠷ ᠲᠣᠭ᠍ᠳᠠᠭᠠᠭ᠍ᠳᠠᠵᠤ᠂ ᠰᠠᠷᠠ ᠲᠡᠷᠭᠡᠯᠱᠢᠬᠦ᠌ ᠨᠢᠭᠡ ᠦᠶᠡᠯᠡᠯ᠎ᠢ 《ᠪᠢᠯᠢᠭ᠎ᠤᠨ ᠰᠠᠷ᠎ᠠ》 ᠭᠡᠨ᠎ᠡ᠃ ᠪᠢᠯᠢᠭ᠎ᠦᠨ ᠤᠯᠠᠷᠢᠯ᠎ᠤᠨ ᠡᠩ᠎ᠦᠨ ᠵᠢᠯ ᠨᠢ ᠠᠷᠭ᠎ᠠ᠎ᠶ᠋ᠢᠨ ᠤᠯᠠᠷᠢᠯ᠎ᠤᠨ ᠵᠢᠯ᠎ᠡᠴᠡ 11 ᠡᠳᠦᠷ ᠣᠷᠴᠢᠮ ᠳᠤᠲᠠᠭᠤ ᠪᠠᠢᠳᠠᠭ᠃ ᠪᠢᠯᠢᠭ᠎ᠦᠨ ᠤᠯᠠᠷᠢᠯ ᠪᠣᠯᠤᠨ ᠠᠷᠭ᠎ᠠ᠎ᠶ᠋ᠢᠨ ᠤᠯᠠᠷᠢᠯ᠎ᠤᠨ ᠬᠣᠭᠣᠷᠣᠨᠳᠣᠬᠢ ᠡᠳᠦᠷ᠎ᠦᠨ ᠲᠣᠭ᠎ᠠ ᠎ᠶᠢᠨ ᠵᠥᠷᠢᠶ᠎ᠡ᠎ᠶᠢ ᠵᠣᠬᠢᠴᠠᠭᠤᠯᠬᠤ᠎ᠶ᠋ᠢᠨ ᠲᠥᠯᠥᠭᠡ᠂ 《ᠢᠯᠡᠭᠦᠦ ᠲᠣᠭ᠎ᠠ᠎ᠶ᠋ᠢ ᠲᠣᠬᠢᠷᠠᠭᠤᠯᠬᠤ》ᠠᠷᠭ᠎ᠠ᠎ᠶᠢ ᠬᠡᠷᠡᠭᠯᠡᠵᠦ᠂ ᠡᠩ᠎ᠦᠨ ᠵᠢᠯ 12 ᠰᠠᠷ᠎ᠠ ᠲᠠᠢ᠂ ᠤᠷᠲᠤ ᠵᠢᠯ 13 ᠰᠠᠷ᠎ᠠ ᠲᠠᠢ ᠪᠤᠯᠭᠠᠨ᠂ ᠳᠤᠮᠳᠠᠴᠢ᠎ᠪᠠᠷ 19 ᠵᠢᠯ ᠪᠦᠷᠢ ᠨᠢᠭᠡ ᠦᠶᠡᠯᠡᠯ ᠪᠤᠯᠤᠨ᠎ᠠ᠃ ᠡᠨᠡ ᠮᠡᠲᠦ᠍᠎ᠪᠡᠷ ᠪᠢᠯᠢᠭ᠎ᠦᠨ ᠤᠯᠠᠷᠢᠯ ᠪᠣᠯᠤᠨ ᠠᠷᠭ᠎ᠠ ᠎ᠶ᠋ᠢᠨ ᠤᠯᠠᠷᠢᠯ ᠬᠣᠶᠠᠷ ᠎ᠢ ᠤᠶᠠᠯᠳᠤᠭᠤᠯᠤᠭ᠍ᠰᠠᠨ ᠴᠠᠭ ᠤᠯᠠᠷᠢᠯ᠎ᠢ 《ᠠᠷᠭ᠎ᠠ ᠪᠢᠯᠢᠭ᠎ᠤᠨ ᠨᠡᠢᠯᠡᠮᠡᠯ ᠤᠯᠠᠷᠢᠯ》 ᠭᠡᠵᠦ᠂ ᠳᠠᠷᠤᠢ ᠲᠠᠷᠢᠶᠠᠯᠠᠬᠤ ᠬᠠᠭᠤᠴᠢᠨ ᠤᠯᠠᠷᠢᠯ (ᠪᠢᠯᠢᠭ᠎ᠦᠨ ᠤᠯᠠᠷᠢᠯ)᠎ᠢ ᠵᠢᠭᠠᠨ᠎ᠠ᠃

ᠲᠠᠷᠢᠶᠠᠯᠠᠬᠤ ᠬᠠᠭᠤᠴᠢᠨ ᠤᠯᠠᠷᠢᠯ᠎ᠤᠨ ᠤᠷᠲᠤ ᠵᠢᠯ (ᠢᠯᠡᠭᠦᠦ ᠰᠠᠷ᠎ᠠ ᠲᠠᠶ) ᠎ᠦᠨ ᠡᠳᠦᠷ᠎ᠦᠨ ᠲᠣᠭ᠎ᠠ ᠨᠢ ᠲᠠᠷᠢᠶᠠᠯᠠᠬᠤ ᠬᠠᠭᠤᠴᠢᠨ ᠤᠯᠠᠷᠢᠯ᠎ᠤᠨ ᠡᠩ᠎ᠦᠨ ᠵᠢᠯ (ᠢᠯᠡᠭᠦᠦ ᠰᠠᠷ᠎ᠠ ᠦᠭᠡᠶ) ᠎ᠦᠨ ᠡᠳᠦᠷ᠎ᠦᠨ ᠲᠣᠭ᠎ᠠ᠎ᠠᠴᠠ 30 ᠡᠳᠦᠷ ᠣᠷᠴᠢᠮ ᠢᠯᠡᠭᠦᠦ᠂ ᠡᠢᠮᠦ᠍᠎ᠡᠴᠡ ᠲᠠᠷᠢᠶᠠᠯᠠᠬᠤ ᠬᠠᠭᠤᠴᠢᠨ ᠤᠯᠠᠷᠢᠯ᠎ᠤᠨ ᠤᠷᠲᠤ ᠵᠢᠯ ᠨᠢ 25 ᠴᠠᠭ ᠤᠯᠠᠷᠢᠯ ᠲᠠᠶ᠂ ᠬᠠᠷᠢᠨ ᠲᠠᠷᠢᠶᠠᠯᠠᠬᠤ ᠬᠠᠭᠤᠴᠢᠨ ᠤᠯᠠᠷᠢᠯ᠎ᠤᠨ ᠡᠩ᠎ᠦᠨ ᠵᠢᠯ ᠨᠢ 23 ᠪᠤᠶᠤ 24 ᠴᠠᠭ ᠤᠯᠠᠷᠢᠯ ᠲᠠᠶ ᠪᠠᠢᠳᠠᠭ᠃ ᠬᠠᠪᠤᠷ᠎ᠤᠨ ᠠᠭᠤᠷ ᠣᠷᠣᠬᠤ ᠨᠢ ᠵᠢᠯ᠎ᠦᠨ ᠰᠡᠭᠦᠯ ᠪᠤᠶᠤ ᠵᠢᠯ᠎ᠦᠨ ᠡᠬᠢᠨ᠎ᠳᠦ ᠪᠠᠢᠳᠠᠭ ᠪᠣᠯᠬᠣᠷ᠂ ᠬᠠᠪᠤᠷ᠎ᠤᠨ ᠠᠭᠤᠷ ᠨᠢ ᠲᠦᠷᠦᠭᠦᠦ ᠨᠢᠭᠡ ᠲᠠᠷᠢᠶᠠᠯᠠᠬᠤ ᠬᠠᠭᠤᠴᠢᠨ ᠤᠯᠠᠷᠢᠯ᠎ᠤᠨ ᠵᠢᠯ᠎ᠦᠨ ᠰᠡᠭᠦᠯ᠎ᠳᠤ ᠢᠯᠡᠷᠡᠬᠦ ᠪᠤᠶᠤ ᠳᠠᠷᠠᠭ᠎ᠠ ᠨᠢᠭᠡ ᠲᠠᠷᠢᠶᠠᠯᠠᠬᠤ ᠬᠠᠭᠤᠴᠢᠨ ᠤᠯᠠᠷᠢᠯ᠎ᠤᠨ ᠵᠢᠯ᠎ᠦᠨ ᠡᠬᠢᠨ᠎ᠳᠦ ᠢᠯᠡᠷᠡᠬᠦ ᠪᠠᠢᠳᠠᠯ ᠦᠷᠭᠦᠯᠵᠢ ᠭᠠᠷᠳᠠᠭ ᠪᠠᠢᠨ᠎ᠠ᠃ ᠡᠭᠦᠨ᠎ᠡᠴᠡ ᠪᠤᠯᠵᠤ ᠲᠠᠷᠢᠶᠠᠯᠠᠬᠤ ᠬᠠᠭᠤᠴᠢᠨ ᠤᠯᠠᠷᠢᠯ᠎ᠤᠨ ᠵᠢᠯ᠎ᠳᠤ 《ᠬᠣᠣᠰ ᠬᠠᠪᠤᠷ》 《ᠳ᠋ᠠᠩ ᠬᠠᠪᠤᠷ》ᠪᠤᠶᠤ 《ᠬᠠᠪᠤᠷ ᠦᠭᠡᠢ》ᠠᠳᠠᠯᠢ ᠪᠤᠰᠤ ᠪᠠᠢᠳᠠᠯ ᠭᠠᠷᠳᠠᠭ᠃ ᠦᠨᠳᠦᠰᠦᠨ᠎ᠳᠡᠭᠡᠨ᠂ ᠳᠤᠮᠳᠠᠴᠢ᠎ᠪᠠᠷ 19 ᠵᠢᠯ ᠪᠦᠷᠢ᠎ᠳᠦ 7 ᠵᠢᠯ᠎ᠳᠤ ᠨᠢ 《ᠬᠣᠣᠰ ᠬᠠᠪᠤᠷ》᠂ 7 ᠵᠢᠯ᠎ᠳᠤᠨᠢ 《ᠬᠠᠪᠤᠷ ᠦᠭᠡᠶ》᠂ 5 ᠵᠢᠯ᠎ᠳᠤᠨᠢ 《ᠳ᠋ᠠᠩ ᠬᠠᠪᠤᠷ》 ᠲᠠᠢ᠃

ᠬᠠᠷ᠎ᠠ ᠪᠠᠷᠰ ᠵᠢᠯ ᠪᠣᠯ ᠲᠠᠷᠢᠶᠠᠯᠠᠬᠤ ᠬᠠᠭᠤᠴᠢᠨ ᠤᠯᠠᠷᠢᠯ᠎ᠤᠨ ᠡᠩ᠎ᠦᠨ ᠵᠢᠯ ᠪᠣᠯᠤᠨ᠎ᠠ᠂ ᠨᠡᠢᠲᠡ 355 ᠡᠳᠦᠷ ᠲᠠᠢ᠃ ᠪᠣᠳᠠᠲᠠᠶ᠎ᠪᠠᠷ ᠬᠡᠯᠡᠪᠡᠯ᠂ ᠬᠠᠷ᠎ᠠ ᠪᠠᠷᠰ ᠵᠢᠯ᠎ᠤᠨ ᠬᠠᠷᠠᠭᠠᠯᠵᠠᠭᠰᠠᠨ ᠠᠷᠭ᠎ᠠ᠎ᠶ᠋ᠢᠨ ᠤᠯᠠᠷᠢᠯ᠎ᠤᠨ ᠡᠳᠦᠷ ᠬᠤᠭᠤᠴᠠᠭ᠎ᠠ ᠨᠢ 2022 ᠣᠨ᠎ᠤ 2 ᠰᠠᠷ᠎ᠠ᠎ᠶ᠋ᠢᠨ 1 ᠎ᠦ ᠡᠳᠦᠷ᠎ᠡᠴᠡ 2023 ᠣᠨ᠎ᠤ 1 ᠰᠠᠷ᠎ᠠ᠎ᠶ᠋ᠢᠨ 21 ᠎ᠦ ᠡᠳᠦᠷ ᠪᠤᠯᠲᠠᠯ᠎ᠠ ᠪᠠᠢᠵᠤ᠂ ᠡᠨᠡ ᠬᠤᠭᠤᠴᠠᠭᠠᠨ᠎ᠳᠤ ᠵᠥᠪᠬᠡᠨ ᠨᠢᠭᠡ ᠯᠡ 《ᠬᠠᠪᠤᠷ᠎ᠤᠨ ᠠᠭᠤᠷ》 ᠤᠷᠤᠬᠤ ᠡᠳᠦᠷ ᠲᠠᠢ᠂ ᠳᠠᠷᠤᠢ ᠠᠷᠭ᠎ᠠ᠎ᠶ᠋ᠢᠨ ᠤᠯᠠᠷᠢᠯ᠎ᠤᠨ 2 ᠰᠠᠷ᠎ᠠ᠎ᠶ᠋ᠢᠨ 4 ᠎ᠦ ᠡᠳᠦᠷ ᠪᠣᠯᠤᠨ᠎ᠠ᠃ ᠡᠭᠦᠨ᠎ᠦ ᠳᠠᠷᠠᠭᠠᠬᠢ ᠬᠠᠷᠠᠭ᠍ᠴᠢᠨ ᠲᠠᠤᠯᠠᠢ ᠵᠢᠯ ᠪᠣᠯ ᠲᠠᠷᠢᠶᠠᠯᠠᠬᠤ ᠬᠠᠭᠤᠴᠢᠨ ᠤᠯᠠᠷᠢᠯ᠎ᠤᠨ ᠤᠷᠲᠤ ᠵᠢᠯ᠂ ᠢᠯᠡᠭᠦᠦ ᠬᠣᠶᠠᠷ ᠰᠠᠷ᠎ᠠ ᠲᠠᠶ ᠪᠣᠯᠬᠣᠷ ᠳᠠᠷᠤᠶ ᠬᠣᠶᠠᠷ 《ᠬᠠᠪᠤᠷ᠎ᠤᠨ ᠠᠭᠤᠷ》 ᠤᠷᠤᠬᠤ ᠡᠳᠦᠷ ᠲᠠᠢ ᠪᠠᠢᠵᠤ᠂ ᠴᠥᠮ ᠠᠷᠭ᠎ᠠ᠎ᠶ᠋ᠢᠨ ᠤᠯᠠᠷᠢᠯ᠎ᠤᠨ 2 ᠰᠠᠷ᠎ᠠ᠎ᠶ᠋ᠢᠨ 4 ᠎ᠦ ᠡᠳᠦᠷ ᠪᠣᠯᠤᠨ᠎ᠠ᠃ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号