ᠠᠯᠳᠠᠷᠳᠤ ᠭᠤᠷᠪᠠᠨ ᠰᠡᠩᠬᠡ
2022-02-15 10:45:50
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠢᠷ᠎ᠠ ᠥᠶ᠎ᠡ᠎ᠶ᠋ᠢᠨ ᠲᠡᠥᠬᠡᠨ᠎ᠳᠤ 《ᠭᠤᠷᠪᠠᠨ ᠰᠡᠩᠬᠡ》 ᠬᠡᠰᠡᠨ ᠨᠢᠬᠡᠨ ᠠᠯᠳᠠᠷ ᠮᠤᠩᠭᠤᠯᠴᠤᠤᠨ᠎ᠤᠨ ᠲᠤᠮᠳᠠ ᠲᠠᠭᠤᠷᠢᠰᠭᠤᠯᠠᠩ᠎ᠲᠠᠢ ᠪᠠᠢᠳᠠᠭ᠃ ᠡᠨᠡ ᠭᠤᠷᠪᠠᠨ ᠪᠥᠬᠡ ᠬᠤᠭᠤᠷᠤᠡᠳᠤ᠎ᠪᠠᠨ ᠪᠠᠷᠤᠭ ᠬᠤᠷᠢ ᠱᠢᠬᠠᠮ ᠨᠠᠰᠤᠨ᠎ᠤ ᠵᠥᠷᠢᠶ᠎ᠡ᠎ᠲᠠᠢ ᠭᠡᠳᠡᠭ᠃ ᠪᠥᠬᠡ᠎ᠶ᠋ᠢᠨ ᠥᠶ᠎ᠡ᠎ᠪᠠᠷ ᠲᠤᠭᠠᠯᠠᠪᠠᠯ᠂ ᠭᠤᠷᠪᠠᠨ ᠥᠶ᠎ᠡ᠎ᠶ᠋ᠢᠨ ᠪᠥᠬᠡ ᠭᠡᠳᠡᠭ᠃ ᠮᠥᠰᠥᠢ ᠰᠡᠩᠬᠡ᠎ᠨᠢ ᠲᠥᠷᠥ᠎ᠶ᠋ᠢᠨ ᠬᠠᠷ᠎ᠠ ᠬᠥᠮᠥᠨ᠂ ᠬᠥᠷᠢᠶ᠎ᠡ ᠰᠡᠩᠬᠡ᠎ᠨᠢ ᠮᠤᠯᠤᠮ ᠯᠠᠮ᠎ᠠ᠎ᠶ᠋ᠢᠨ ᠬᠥᠷᠢᠶᠡᠨ᠎ᠤ ᠯᠠᠮᠠ᠂ ᠠᠪᠤᠷᠭᠤ ᠰᠡᠩᠬᠡ᠎ᠨᠢ ᠬᠠᠭᠠᠯᠭ᠎ᠠ ᠰᠥᠮ᠎ᠡ᠎ᠶ᠋ᠢᠨ ᠯᠠᠮᠠ ᠪᠠᠢᠭ᠍ᠰᠠᠨ᠎ᠠ ᠰᠥᠮ᠎ᠡ᠎ᠠᠴᠠ᠎ᠪᠠᠨ ᠭᠠᠷᠴᠥ᠍ ᠲᠥᠷᠥ᠎ᠶ᠋ᠢᠨ ᠬᠠᠷ᠎ᠠ ᠬᠥᠮᠥᠨ ᠪᠤᠯᠤᠭ᠍ᠰᠠᠨ ᠪᠠᠢᠨ᠎ᠠ᠃  


ᠮᠥᠰᠥᠢ ᠰᠡᠩᠬᠡ (1891 —1966)


《ᠮᠥᠰᠥᠢ ᠰᠡᠩᠬᠡ》 ᠭᠡᠭ᠌ᠴᠢ ᠤᠯᠠᠨ᠎ᠤ ᠲᠤᠮᠳᠠ᠎ᠪᠠᠨ ᠤᠡᠴᠠᠭᠠᠢ ᠲᠤᠮᠤ ᠬᠠᠮᠠᠷ᠎ᠲᠠᠢ ᠬᠥᠮᠥᠨ ᠪᠠᠢᠵᠠᠢ᠃ ᠤᠤᠯ᠎ᠤᠨ ᠥᠵᠥᠮᠥᠴᠢᠨ ᠪᠠᠷᠠᠭᠤᠨ ᠭᠠᠷᠤᠨ ᠴᠢᠨ ᠸᠠᠩ᠎ᠤᠨ ᠬᠤᠱᠢᠭᠤᠨ᠎ᠤ ᠪᠥᠷᠢᠶᠡᠴᠢᠨ ᠰᠤᠮᠤᠨ᠎ᠤ ᠲᠡᠮᠡᠬᠡᠨ ᠲᠠᠢᠵᠢᠨᠠᠷ᠎ᠤᠨ ᠠᠢᠮᠠᠭ᠎ᠤᠨ ᠲᠠᠮᠳᠢᠨ᠎ᠤ ᠬᠥᠪᠡᠭᠦᠨ ᠪᠤᠯᠵᠤ ᠵᠠᠶᠠᠭᠠᠵᠠᠢ᠃ ᠲᠡᠭᠦᠨ᠎ᠢ ᠲᠥᠷᠥᠬᠦ᠌ ᠵᠢᠯ ᠴᠠᠭᠠᠭ᠍ᠴᠢᠨ ᠮᠤᠭᠠᠢ ᠵᠢᠯ ᠲᠤᠬᠢᠶᠠᠵᠤ᠂ ᠡᠪᠥᠯ᠎ᠨᠢ ᠲᠠᠴᠢᠬᠢᠨᠠᠭ᠍ᠰᠠᠨ ᠴᠠᠭ ᠪᠠᠢᠯ᠎ᠠ ᠭᠡᠳᠡᠭ᠃ ᠰᠡᠩᠬᠡ ᠲᠤᠩ ᠪᠢᠷ᠎ᠠ ᠴᠢᠳᠠᠯ᠎ᠲᠠᠢ ᠪᠥᠬᠡᠴᠢᠨ ᠪᠠᠢᠯ᠎ᠠ ᠬᠡᠳᠡᠭ᠃ ᠴᠠᠭᠠᠡᠵᠠᠭᠠᠨ᠎ᠤ ᠡᠵᠢ ᠰᠤᠨᠢᠡᠬᠤᠸᠠᠷ ᠨᠠᠰᠤᠳᠠᠨ᠎ᠤ ᠬᠡᠯᠡᠭ᠌ᠰᠡᠨ ᠥᠬᠡ᠎ᠶ᠋ᠢ 《ᠥᠵᠥᠮᠥᠴᠢᠨ ᠪᠥᠬᠡ》 ᠨᠤᠮ᠎ᠳᠤ ᠪᠤᠳᠠᠳᠠᠢᠴᠢᠯᠠᠨ ᠪᠢᠴᠢᠵᠥ᠍ ᠪᠤᠢ᠄ 《ᠪᠢ ᠥᠪᠥᠷ᠎ᠠᠴᠠ ᠢᠷᠡᠭᠡᠤᠨ ᠭᠠᠭ᠍ᠴᠠᠬᠠᠨ ᠬᠥᠯᠥᠪᠥᠷᠢ᠎ᠶ᠋ᠢᠨ ᠥᠬᠡᠷ᠎ᠢᠶᠠᠨ ᠬᠤᠤᠡᠳᠤᠭ᠎ᠲᠤ ᠤᠷᠤᠭᠤᠯᠴᠢᠬᠠᠭᠠᠤᠨ ᠬᠡᠳᠥ ᠬᠡᠳᠥᠨ ᠬᠥᠮᠥᠨ᠎ᠢ ᠭᠤᠶᠤᠭ᠍ᠰᠠᠨ ᠴᠦ᠍ ᠭᠠᠷᠭᠠᠵᠤ ᠲᠡᠢᠯᠬᠦ᠌ ᠥᠬᠡᠢ ᠤᠬᠢᠯᠠᠨ ᠰᠠᠭᠤᠵᠤ ᠪᠠᠢᠳᠠᠯ᠎ᠠ ᠵᠤᠯ᠎ᠢᠶᠠᠷ ᠰᠡᠩᠬᠡ ᠢᠷᠡᠵᠥ᠍ ᠪᠥᠭᠦᠷᠬᠡ᠎ᠲᠠᠢ᠎ᠨᠢ ᠮᠤᠯᠳᠤ ᠲᠠᠳᠠᠭᠤᠨ ᠭᠠᠷᠭᠠᠵᠤ ᠥᠭ᠌ᠭᠦᠭ᠌ᠰᠡᠨ ᠶᠤᠮ ᠡ》ᠬᠡᠵᠥ᠍ ᠬᠠᠭᠤᠴᠢᠯᠠᠳᠠᠭ᠃ ᠮᠥᠰᠥᠢ ᠰᠡᠩᠬᠡ ᠪᠥᠬᠡᠷᠡᠩᠬᠡᠢ ᠬᠠᠪᠢᠰᠥ᠎ᠲᠠᠢ ᠬᠥᠮᠥᠨ ᠪᠠᠢᠭ᠍ᠰᠠᠨ ᠭᠡᠳᠡᠭ᠎ᠢ ᠨᠠᠰᠤ ᠪᠠᠷᠠᠭ᠍ᠰᠠᠨ᠎ᠤ ᠬᠢᠨᠢ ᠲᠠᠷᠠᠭ᠎ᠠ ᠵᠢᠯ ᠰᠥᠮ᠎ᠡ᠎ᠶ᠋ᠢᠨ ᠬᠠᠢᠷᠤᠪ ᠡᠮᠴᠢ ᠪᠠᠷᠳᠤ᠎ᠶ᠋ᠢᠨ ᠬᠤᠷᠭᠤᠯᠵᠢᠨ᠎ᠳᠤ ᠥᠵᠡᠯ᠎ᠡ ᠬᠡᠵᠥ᠍ ᠲᠡᠮᠳᠡᠭ᠌ᠯᠡᠵᠥ᠍ ᠪᠠᠢᠨ᠎ᠠ᠃

 

ᠬᠥᠷᠢᠶ᠎ᠡ ᠰᠡᠩᠬᠡ (1907 — 1938)

ᠬᠥᠷᠢᠶ᠎ᠡ ᠰᠡᠩᠬᠡ ᠭᠡᠵᠥ᠍ ᠤᠤᠯ᠎ᠤᠨ ᠥᠵᠥᠮᠥᠴᠢᠨ ᠪᠠᠷᠠᠭᠤᠨ ᠬᠤᠱᠢᠭᠤᠨ᠎ᠤ ᠬᠡᠷᠡᠢᠤᠨ ᠰᠤᠮᠤᠨ᠎ᠤ ᠬᠠᠷᠢᠶᠠᠳᠤ — ᠴᠢᠯᠠᠭᠤ ᠲᠠᠢᠵᠢ᠎ᠶ᠋ᠢᠨ ᠬᠥᠥ ᠪᠤᠯᠵᠤ ᠵᠠᠶᠠᠭᠠᠵᠠᠢ᠃ ᠲᠡᠷᠡᠪᠡᠷ ᠵᠡᠭᠦᠨ ᠨᠢᠳᠥᠨ ᠲᠤᠤᠷ᠎ᠠ᠎ᠪᠠᠨ ᠮᠡᠩᠬᠡ᠎ᠲᠠᠢ᠂ ᠲᠠᠳᠠᠭ᠎ᠠ ᠰᠠᠢᠳᠠᠢ ᠠᠭᠤᠵᠢᠮ ᠠᠯᠬᠤᠭ᠍ᠰᠠᠨ ᠪᠥᠭ᠌ᠳᠥᠷᠬᠡᠨ ᠪᠡᠶ᠎ᠡ᠎ᠲᠠᠢ ᠪᠥᠬᠡᠷᠡᠩᠬᠡᠢ ᠪᠤᠷᠤ ᠯᠠᠮᠠ ᠪᠠᠢᠪᠠ ᠭᠡᠵᠥ᠍ ᠥᠵᠥᠮᠥᠴᠢᠨ ᠪᠥᠬᠡ᠎ᠶ᠋ᠢᠨ ᠲᠡᠥᠬᠡ᠎ᠳᠤ ᠲᠡᠮᠳᠡᠭ᠌ᠯᠡᠵᠥ᠍ ᠪᠤᠢ᠃


ᠶᠡᠷᠥ᠎ᠨᠢ ᠬᠥᠷᠢᠶ᠎ᠡ ᠰᠡᠩᠬᠡ ᠬᠡᠬᠦ᠌᠎ᠳᠤ ᠤᠳᠤᠮ᠎ᠤᠨ ᠪᠥᠬᠡ ᠪᠠᠢᠵᠤ᠂ ᠬᠥᠴᠥ᠍ ᠴᠢᠳᠠᠯ᠂ ᠤᠷ᠎ᠠ ᠪᠢᠯᠢᠭ᠎ᠤᠨ ᠬᠤᠪᠢ᠎ᠳᠤ ᠤᠯᠠᠨ ᠰᠠᠢᠬᠠᠨ ᠲᠤᠮᠤᠭ ᠥᠯᠢᠬᠡᠷ᠎ᠲᠠᠢ ᠪᠠᠢᠳᠠᠭ ᠰᠠᠨ᠃ ᠤᠷᠤᠭ᠎ᠠ ᠪᠤᠤᠷ᠎ᠠ᠎ᠶ᠋ᠢ ᠭᠠᠭ᠍ᠴᠠ ᠬᠤᠮᠢᠵᠤ ᠤᠨᠠᠭᠠᠯ᠎ᠠ ᠭᠡᠬᠦ᠂ ᠤᠷᠭᠤᠭ᠎ᠠ ᠪᠤᠳᠠ᠎ᠶ᠋ᠢ ᠥᠡᠳᠥᠰᠥ᠎ᠪᠠᠷ᠎ᠨᠢ ᠮᠤᠯᠳᠤ ᠲᠠᠳᠠᠯ᠎ᠠ ᠭᠡᠭᠦ᠌᠂ ᠭᠠᠷ ᠤᠷᠠᠨ ᠲᠠᠷᠬᠠᠨ ᠪᠠᠢᠯ᠎ᠠ ᠭᠡᠭᠦ᠌᠂ ᠱᠢᠳᠠᠷ᠎ᠠ ᠰᠠᠢᠨ ᠲᠤᠭ᠍ᠯᠠᠳᠠᠭ ᠭᠡᠭᠦ᠌᠂ ᠲᠡᠬᠡᠳᠥᠭᠦᠯᠡ᠎ᠶ᠋ᠢᠨ᠎ᠢᠶᠠᠨ ᠲᠡᠥᠭᠡᠰ᠎ᠢ ᠤᠰᠤ ᠴᠠᠰᠤ ᠱᠢᠭ᠋ ᠮᠡᠳᠡᠳᠡᠭ ᠭᠡᠭᠦ᠌᠁ ᠤᠯᠠᠨ ᠰᠠᠢᠬᠠᠨ ᠵᠤᠭᠤᠭ ᠬᠥᠷᠢᠶ᠎ᠡ ᠰᠡᠩᠬᠡ᠎ᠪᠠᠷ ᠬᠥᠥᠷᠨᠢᠭ᠌ᠳᠡᠳᠡᠭ ᠪᠠᠢᠪᠠ᠃ ᠱᠢᠷ᠎ᠠ ᠪᠠᠷᠰ ᠵᠢᠯ ᠬᠡᠬᠡᠨ ᠤᠪᠤᠭᠠᠨ᠎ᠤ ᠨᠠᠢᠷ᠎ᠲᠤ ᠲᠡᠷᠢᠬᠦᠯᠡᠭ᠌ᠰᠡᠨ᠎ᠨᠢ ᠲᠡᠭᠦᠨ᠎ᠤ ᠡᠴᠥᠰ᠎ᠤᠨ ᠪᠠᠷᠢᠯᠳᠤᠭᠠᠨ ᠪᠠᠢᠵᠠᠢ᠃ ᠲᠡᠷᠡ ᠨᠠᠢᠷ᠎ᠠᠴᠠ ᠬᠠᠷᠢᠵᠤ ᠢᠷᠡᠮᠡᠭ᠌ᠴᠡ᠎ᠪᠠᠨ ᠭᠡᠪᠳᠡᠷᠢ᠎ᠳᠤ ᠤᠷᠤᠵᠤ ᠲᠡᠮᠡᠢ ᠤᠳᠠᠭ᠍ᠰᠠᠨ ᠥᠬᠡᠢ ᠨᠠᠰᠤ ᠪᠠᠷᠠᠵᠠᠢ ᠬᠡᠵᠥ᠍ ᠲᠡᠮᠳᠡᠭ᠌ᠯᠡᠭ᠌ᠰᠡᠨ ᠪᠠᠢᠳᠠᠭ᠃


ᠠᠪᠤᠷᠭᠤ ᠰᠡᠩᠬᠡ (1926 —1980)

ᠠᠪᠤᠷᠭᠤ ᠰᠡᠩᠬᠡ ᠭᠤᠸᠠᠢ ᠤᠤᠯ᠎ᠤᠨ ᠥᠵᠥᠮᠥᠴᠢᠨ ᠪᠠᠷᠠᠭᠤᠨ ᠬᠤᠱᠢᠭᠤᠨ᠎ᠤ ᠪᠠᠴᠢ ᠰᠤᠮᠤᠨ᠎ᠤ 《ᠪᠤᠷᠬᠠᠨ ᠵᠠᠩᠬᠢ》ᠬᠡᠮᠡᠭ᠌ᠳᠡᠳᠡᠭ ᠤᠷᠢᠶᠠᠩᠬᠠᠨ ᠵᠠᠯᠮ᠎ᠠ ᠤᠪᠤᠭ᠍ᠳᠤ ᠪᠠᠳᠤᠰᠦᠢ᠍ᠬᠡ᠎ᠶ᠋ᠢᠨ ᠬᠥᠥ ᠪᠤᠯᠵᠤ ᠤᠯᠠᠭᠠᠨ ᠪᠠᠷᠰ ᠵᠢᠯ ᠵᠠᠶᠠᠭᠠᠵᠠᠢ᠃ ᠪᠥᠬᠡ ᠭᠡᠳᠡᠭ ᠬᠤᠭᠤᠷᠤᠡᠳᠤ᠎ᠪᠠᠨ ᠶᠠᠮᠠᠷ ᠨᠢᠬᠡᠨ ᠠᠯᠳᠠᠨ ᠬᠡᠯᠬᠢᠶ᠎ᠡ — ᠠᠮᠠᠷᠠᠭ ᠢᠷᠥᠬᠡᠯ᠎ᠲᠠᠢ ᠪᠠᠢᠳᠠᠭ ᠴᠦ᠍ ᠶᠤᠮ ᠤᠤ᠂ ᠠᠪᠤᠷᠭᠤ ᠰᠡᠩᠬᠡ᠎ᠶ᠋ᠢ ᠵᠠᠶᠠᠭᠠᠭ᠍ᠰᠠᠨ ᠲᠡᠷᠡ ᠵᠢᠯ᠎ᠨᠢ 《ᠮᠥᠰᠥᠢ ᠰᠡᠩᠬᠡ》 ᠪᠤᠯᠤᠨ ᠬᠥᠷᠢᠶ᠎ᠡ ᠰᠡᠩᠬᠡ᠎ᠶ᠋ᠢᠨ ᠥᠢᠯᠡ ᠤᠴᠢᠷ᠎ᠲᠠᠢ ᠶᠠᠭᠤ ᠨᠢᠬᠡ ᠲᠤᠬᠢᠶᠠᠬᠤ ᠶᠤᠮ᠃ ᠲᠤᠬᠠᠢᠯᠠᠪᠠᠯ ᠮᠥᠰᠥᠢ ᠰᠡᠩᠬᠡ᠎ᠶ᠋ᠢᠨ ᠨᠠᠶᠠᠨ ᠨᠢᠬᠡ ᠲᠤᠰᠭᠤ᠎ᠶ᠋ᠢᠨ ᠲᠡᠷᠡ ᠵᠢᠯ ᠪᠠᠢᠵᠤ᠂ ᠬᠥᠷᠢᠶ᠎ᠡ ᠰᠡᠩᠬᠡ᠎ᠶ᠋ᠢᠨ ᠴᠤᠢᠩᠵᠠᠭᠠᠨ᠎ᠲᠠᠢ ᠭᠤᠷᠪᠠ ᠬᠠᠢᠡᠴᠠᠬᠤ᠎ᠶ᠋ᠢᠨ ᠡᠮᠥᠨ᠎ᠡ ᠵᠢᠯ ᠲᠤᠬᠢᠶᠠᠵᠤ ᠪᠠᠢᠨ᠎ᠠ᠃


1956 ᠤᠨ᠎ᠤ 6 ᠰᠠᠷ᠎ᠠ᠎ᠳᠤ ᠬᠥᠬᠡᠬᠤᠳᠠ᠎ᠳᠤ ᠪᠤᠯᠤᠭ᠍ᠰᠠᠨ ᠪᠥᠬᠦ᠌ ᠤᠷᠤᠨ᠎ᠤ ᠮᠤᠩᠭᠤᠯ ᠪᠥᠬᠡ᠎ᠶ᠋ᠢᠨ ᠲᠡᠷᠢᠬᠦᠨ ᠱᠢᠯᠭᠠᠷᠠᠭᠤᠯᠬᠤ ᠲᠡᠮᠡᠴᠡᠭᠡᠨ᠎ᠳᠤ ᠪᠥᠳᠥᠭᠦᠨ ᠵᠢᠷᠭᠠᠯ᠎ᠢ ᠬᠠᠶᠠᠵᠤ ᠲᠡᠷᠢᠬᠦᠯᠡᠵᠠᠢ᠃ ᠲᠤᠰ ᠵᠢᠯ᠎ᠤᠨ 9 ᠰᠠᠷ᠎ᠠ᠎ᠶ᠋ᠢᠨ 10 —15 ᠎ᠤ ᠡᠳᠥᠷ᠎ᠲᠤ ᠪᠡᠬᠡᠵᠢᠩ ᠬᠤᠳᠠ᠎ᠳᠤ ᠪᠤᠯᠤᠭ᠍ᠰᠠᠨ ᠲᠤᠮᠳᠠᠳᠤ ᠮᠠᠶᠢᠭ᠎ᠤᠨ ᠪᠦᠭᠡ ᠵᠢᠨ ᠠᠪᠤᠷᠭᠤ ᠱᠢᠯᠭᠠᠷᠠᠭᠤᠯᠬᠤ ᠲᠡᠮᠡᠴᠡᠭᠡᠨ᠎ᠳᠤ ᠬᠠᠮᠤᠭ᠎ᠤᠨ ᠬᠥᠡᠳᠥ ᠲᠡᠰ᠎ᠲᠤ ᠪᠠᠷᠢᠯᠳᠤᠭᠠᠤᠨ ᠲᠡᠷᠢᠭᠦᠯᠡᠵᠥ᠍ 《ᠤᠯᠤᠰ᠎ᠤᠨ ᠠᠪᠤᠷᠭᠤ》 ᠴᠤᠯᠠ ᠬᠠᠮᠠᠭᠠᠯᠠᠵᠠᠢ᠃ 1957 — 1964 ᠤᠨ ᠪᠤᠯᠳᠠᠯᠠᠬᠢ ᠲᠡᠬᠦᠨ᠎ᠤ ᠪᠠᠷᠢᠯᠳᠤᠭ᠍ᠰᠠᠨ ᠶᠡᠭᠡ ᠨᠠᠢᠷ᠎ᠤᠨ ᠲᠡᠮᠳᠡᠭ᠌ᠯᠡᠯ᠎ᠢ ᠥᠡᠳᠥᠰᠥᠯᠡᠪᠡᠯ᠂ ᠲᠥᠷᠪᠡ ᠤᠳᠠᠭ᠎ᠠ ᠲᠡᠷᠢᠬᠦᠯᠡᠵᠥ᠍ ᠲᠥᠷᠪᠡ ᠤᠳᠠᠭ᠎ᠠ ᠲᠡᠳ᠋ ᠲᠤ᠌ ᠲᠡᠪᠢᠭ᠌ᠰᠡᠨ ᠪᠠᠢᠳᠠᠭ᠃

ᠢᠷᠡᠯᠳᠡ᠄ ᠮᠤᠨᠭᠭᠤᠯ ᠪᠦᠬᠡ ᠰᠦᠯᠵᠢᠶ᠎ᠠ

ᠡᠮᠬᠢᠯᠡᠭᠴᠢ᠄ ᠦᠨᠡᠨᠵᠢᠷᠭᠠᠯ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号