ᠰᠡᠴᠡᠨᠴᠣᠭ᠍ᠲᠤ
2022-02-16 18:21:43
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠰᠡᠴᠡᠨᠴᠣᠭ᠍ᠲᠤ᠂ ᠮᠣᠩᠭᠣᠯ ᠦᠨᠳᠦᠰᠦᠲᠡᠨ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ᠎ᠭᠡᠱᠢᠭᠦᠨ᠃1969ᠣᠨ᠎ᠤ 12 ᠰᠠᠷ᠎ᠠ᠎ᠳᠤ ᠥᠪᠥᠷ ᠮᠣᠩᠭᠣᠯ᠎ᠤᠨ ᠤᠯᠠᠭᠠᠨᠬᠠᠳᠠ ᠬᠤᠲᠠ᠎ᠶ᠋ᠢᠨ ᠪᠠᠭᠠᠷᠢᠨ ᠪᠠᠷᠠᠭᠤᠨ ᠬᠣᠱᠢᠭᠤᠨ᠎ᠳᠤ ᠲᠦᠷᠦᠵᠡᠢ᠃ ᠤᠯᠤᠰ᠎ᠤᠨ ᠨᠢᠭᠡᠳᠦᠭᠡᠷ ᠳᠡᠰ᠎ᠤᠨ ᠠᠶ᠎ᠠ ᠵᠣᠬᠢᠶᠠᠭ᠍ᠴᠢ᠂ ᠫᠷᠤᠹᠧᠰᠰᠤᠷ᠂ ᠳ᠋ᠣᠺᠲ᠋ᠣᠷ᠂ ᠠᠰᠫᠢᠷᠠᠨᠲ᠎ᠤᠨ ᠵᠢᠯᠤᠭᠤᠳᠤᠭ᠍ᠴᠢ ᠪᠠᠭ᠍ᠰᠢ᠃ ᠲᠥᠪ᠎ᠦᠨ ᠦᠨᠳᠦᠰᠦᠲᠡᠨ᠎ᠦ ᠶᠡᠬᠡ ᠰᠤᠷᠭᠠᠭᠤᠯᠢ᠎ᠶ᠋ᠢᠨ ᠳᠠᠭᠤᠤ ᠬᠥᠭ᠌ᠵᠢᠮ᠎ᠦᠨ ᠳᠡᠭᠡᠳᠦ ᠰᠤᠷᠭᠠᠭᠤᠯᠢ᠎ᠶ᠋ᠢᠨ ᠱᠢᠨᠵᠢᠯᠡᠭᠡᠨ᠎ᠦ ᠰᠠᠯᠠᠭᠠᠨ᠎ᠤ ᠳᠠᠭᠠᠭᠤᠯᠤᠭ᠍ᠴᠢ᠂ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠲᠤᠱᠢᠶᠠᠯ ᠬᠠᠪᠰᠤᠷᠭᠠᠭ᠍ᠰᠠᠨ ᠫᠷᠤᠹᠧᠰᠰᠤᠷ᠂ ᠳᠤᠮᠳᠠᠳᠤ ᠤᠯᠤᠰ᠎ᠤᠨ ᠳᠠᠭᠤᠤ ᠬᠥᠭ᠌ᠵᠢᠮᠴᠢᠳ᠎ᠦᠨ ᠨᠡᠢᠭᠡᠮᠯᠢᠭ᠎ᠦᠨ ᠭᠡᠱᠢᠭᠦᠨ᠂ ᠥᠪᠥᠷ ᠮᠣᠩᠭᠣᠯ᠎ᠤᠨ ᠳᠠᠭᠤᠤ ᠬᠥᠭ᠌ᠵᠢᠮᠴᠢᠳ᠎ᠦᠨ ᠨᠡᠢᠭᠡᠮᠯᠢᠭ᠎ᠦᠨ ᠳᠡᠳ᠋ ᠲᠡᠷᠢᠭᠦᠯᠡᠭ᠌ᠴᠢ᠂ ᠵᠠᠯᠠᠭᠤᠴᠤᠳ᠎ᠤᠨ ᠬᠣᠯᠪᠣᠭ᠎ᠠ᠎ᠶ᠋ᠢᠨ ᠪᠠᠢᠩᠭᠤ᠎ᠶ᠋ᠢᠨ ᠭᠡᠱᠢᠭᠦᠨ᠃

1992 ᠣᠨ᠎ᠳᠤ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠳᠠᠭᠤᠤ ᠬᠥᠭ᠌ᠵᠢᠮ᠎ᠦᠨ ᠰᠠᠯᠪᠤᠷᠢ᠎ᠠᠴᠠ ᠲᠡᠭᠦᠰᠴᠦ᠍ ᠰᠤᠷᠭᠠᠭᠤᠯᠢ᠎ᠳᠠᠭᠠᠨ ᠦᠯᠡᠳᠡᠵᠦ᠍ ᠪᠠᠭ᠍ᠰᠢᠯᠠᠪᠠ᠂ ᠤᠷᠢᠳ ᠬᠣᠵᠢᠳ ᠬᠣᠶᠠᠷ ᠤᠳᠠᠭ᠎ᠠ ᠳᠤᠮᠳᠠᠳᠤ ᠤᠯᠤᠰ᠎ᠤᠨ ᠳᠠᠭᠤᠤ ᠬᠥᠭ᠌ᠵᠢᠮ᠎ᠦᠨ ᠳᠡᠭᠡᠳᠦ ᠰᠤᠷᠭᠠᠭᠤᠯᠢ᠎ᠳᠤ ᠰᠤᠷᠤᠯᠴᠠᠵᠤ᠂ 2005 ᠣᠨ᠎ᠳᠤ ᠲᠥᠪ᠎ᠦᠨ ᠦᠨᠳᠦᠰᠦᠲᠡᠨ᠎ᠦ ᠶᠡᠬᠡ ᠰᠤᠷᠭᠠᠭᠤᠯᠢ᠎ᠶ᠋ᠢᠨ ᠳᠠᠭᠤᠤ ᠬᠥᠭ᠌ᠵᠢᠮ᠎ᠦᠨ ᠳᠡᠭᠡᠳᠦ ᠰᠤᠷᠭᠠᠭᠤᠯᠢ᠎ᠠᠴᠠ ᠲᠡᠭᠦᠰᠴᠦ᠍᠂ ᠠᠶᠠᠯᠭᠤ ᠵᠣᠬᠢᠶᠠᠬᠤ ᠲᠤᠰᠭᠠᠢ ᠮᠡᠷᠭᠡᠵᠢᠯ᠎ᠦᠨ ᠮᠠᠰᠲ᠋ᠧᠷ ᠴᠣᠯᠠ ᠬᠠᠮᠠᠭᠠᠯᠠᠪᠠ2010 ᠣᠨ᠎ᠤ 7 ᠰᠠᠷ᠎ᠠ᠎ᠳᠤ ᠲᠥᠪ᠎ᠦᠨ ᠳᠠᠭᠤᠤ ᠬᠥᠭ᠌ᠵᠢᠮ᠎ᠦᠨ ᠳᠡᠭᠡᠳᠦ ᠰᠤᠷᠭᠠᠭᠤᠯᠢ᠎ᠠᠴᠠ ᠲᠡᠭᠦᠰᠦᠭ᠌ᠰᠡᠨ ᠪᠥᠭᠡᠳ ᠠᠶᠠᠯᠭᠤ ᠵᠣᠬᠢᠶᠠᠬᠤ ᠲᠤᠰᠭᠠᠶ ᠮᠡᠷᠭᠡᠵᠢᠯ᠎ᠦᠨ ᠳ᠋ᠣᠺᠲ᠋ᠣᠷ ᠴᠣᠯᠠ ᠬᠠᠮᠠᠭᠠᠯᠠᠵᠤ᠂ ᠠᠯᠳᠠᠷᠲᠤ ᠬᠥᠭ᠌ᠵᠢᠮ᠎ᠦᠨ ᠵᠣᠬᠢᠶᠠᠯᠴᠢ᠂ ᠫᠷᠤᠹᠸᠰᠰᠤᠷ ᠲᠠᠩ ᠵᠢᠶᠠᠨ ᠫᠢᠩ ᠳ᠋ᠣᠺᠲ᠋ᠣᠷ᠎ᠲᠤ ᠱᠠᠪᠢᠯᠠᠪᠠ᠃ ᠥᠪᠡᠷᠲᠡᠭᠡᠨ ᠵᠠᠰᠠᠬᠤ ᠣᠷᠣᠨ᠎ᠤ ᠠᠡᠭᠬᠠᠳᠠᠬᠴᠢ ᠳᠠᠭᠤᠤ ᠬᠥᠭ᠌ᠵᠢᠮ᠎ᠦᠨ ᠳ᠋ᠣᠺᠲ᠋ᠣᠷ᠃ ᠵᠣᠬᠢᠶᠠᠨ ᠪᠦᠲᠦᠭᠡᠯᠭᠡ᠎ᠶ᠋ᠢᠨ ᠬᠡᠪ ᠨᠠᠮᠪᠠ ᠨᠢ ᠣᠯᠠᠨ ᠡᠱᠢᠴᠢᠯᠡᠭ᠌ᠰᠡᠨ᠂ ᠮᠣᠩᠭᠣᠯ ᠵᠠᠯᠠᠭᠤ ᠨᠢᠭᠡ ᠦᠶ᠎ᠡ᠎ᠶ᠋ᠢᠨ ᠬᠥᠭ᠌ᠵᠢᠮ᠎ᠦᠨ ᠬᠢᠨ᠎ᠦ ᠳᠠᠭᠠᠭᠤᠯᠤᠭ᠍ᠴᠢ ᠶᠤᠮ᠃ 2012 ᠤᠨ᠎ᠳᠤ᠂ ᠪᠦᠭᠦ ᠤᠯᠤᠰ᠎ᠤᠨ ᠳᠠᠪᠦᠨ ᠰᠠᠷ᠎ᠠ ᠵᠢᠨ ᠨᠢᠬᠡᠨ᠎ᠤ ᠬᠥᠳᠡᠯᠮᠦᠷᠢ᠎ᠶ᠋ᠢᠨ ᠱᠠᠩᠨᠠᠯ᠎ᠢ ᠬᠦᠷᠳᠡᠵᠦ᠂ ᠲᠥᠷᠥ᠎ᠶ᠋ᠢᠨ ᠶᠠᠪᠤᠳᠠᠯ᠎ᠤᠨ ᠬᠣᠷᠢᠶᠠᠨ᠎ᠤ ᠣᠨᠴᠠ ᠨᠥᠬᠥᠪᠥᠷᠢ᠎ᠶ᠋ᠢ ᠡᠳ᠋ᠯᠡᠵᠦ ᠪᠠᠢᠨ᠎ᠠ᠃ 

ᠲᠥᠯᠥᠭᠡᠯᠡᠬᠦ᠌ ᠪᠦᠲᠦᠭᠡᠯ

《ᠬᠥᠬᠡ ᠮᠣᠩᠭᠣᠯ᠎ᠤᠨ ᠥᠨᠳᠥᠷᠯᠢᠭ》᠂ 《ᠪᠢ ᠲᠠᠯ᠎ᠠ ᠨᠤᠲᠤᠭ᠎ᠲᠠᠶ ᠪᠡᠨ ᠪᠣᠯᠵᠣᠭ᠎ᠠ᠎ᠲᠠᠶ》᠂ 《ᠵᠢᠷᠦᠬᠡᠨ᠎ᠤ ᠡᠷᠢᠯ》᠂ 《ᠬᠠᠯᠢᠭᠤᠨ ᠨᠠᠮᠤᠷ᠎ᠤᠨ ᠰᠠᠯᠬᠢ》᠂ 《ᠢᠳᠡᠬᠡᠯ ᠰᠡᠳᠬᠢᠯ᠎ᠤᠨ ᠬᠤᠯᠪᠤᠭ᠎ᠠ》᠂ 《ᠪᠤᠷᠬᠠᠨ ᠰᠡᠳᠬᠢᠯᠳᠦ ᠡᠵᠢ》᠂ 《ᠲᠠᠯ᠎ᠠ ᠨᠤᠲᠤᠭ᠎ᠤᠨ ᠠᠢᠵᠠᠮ》᠂ 《ᠠᠯᠠᠱᠠ᠎ᠶ᠋ᠢᠨ ᠭᠠᠢᠬᠠᠮᠱᠢᠭ》 ᠁

《ᠬᠥᠬᠡ ᠮᠣᠩᠭᠣᠯ᠎ᠤᠨ ᠥᠨᠳᠥᠷᠯᠢᠭ》᠎ᠢ ᠵᠣᠬᠢᠶᠠᠨ ᠪᠦᠲᠦᠭᠡᠭ᠌ᠰᠡᠨ ᠳᠡᠦᠬᠡ

《ᠬᠥᠬᠡ ᠮᠣᠩᠭᠣᠯ᠎ᠤᠨ ᠥᠨᠳᠥᠷᠯᠢᠭ》᠎ᠢ ᠰᠠᠴᠡᠨᠴᠣᠭ᠍ᠲᠤ 1997 ᠣᠨ᠎ᠤ ᠡᠪᠦᠯ ᠪᠢᠴᠢᠵᠡᠶ᠂ ᠡᠨᠡ ᠨᠢ ᠳᠡᠬᠦᠨ᠎ᠤ ᠠᠩᠬ᠎ᠠ ᠤᠳᠠᠭ᠎ᠠ ᠪᠡᠭᠡᠵᠢᠩ᠎ᠳᠦ ᠣᠷᠣᠵᠤ ᠰᠤᠷᠤᠯᠴᠠᠬᠤ ᠦᠶ᠎ᠡ ᠪᠤᠶᠤ ᠳᠤᠮᠳᠠᠳᠤ ᠤᠯᠤᠰ᠎ᠤᠨ ᠳᠠᠭᠤᠤ ᠬᠥᠭ᠌ᠵᠢᠮ᠎ᠦᠨ ᠳᠡᠭᠡᠳᠦ ᠰᠤᠷᠭᠠᠭᠤᠯᠢ᠎ᠶ᠋ᠢᠨ ᠬᠥᠭ᠌ᠵᠢᠮ᠎ᠦᠨ ᠲᠠᠰᠤᠭ᠎ᠲᠤ ᠨᠤᠳᠤᠭ ᠵᠢᠡᠨ ᠰᠠᠨᠠᠭᠠᠠᠳ ᠵᠤᠬᠢᠶᠠᠭᠰᠠᠨ ᠳᠠᠭᠤᠤ ᠶᠤᠮ᠃ ᠳᠠᠭᠤᠤ ᠵᠢᠨ ᠦᠬᠡ ᠵᠢ ᠨᠠᠴᠢᠨ ᠵᠢᠡᠷ ᠪᠢᠴᠢᠬᠦᠯᠵᠦ᠂ ᠨᠡᠷᠡᠲᠦ ᠳᠠᠭᠤᠴᠢᠨ ᠳᠡᠳᠮ᠎ᠠ ᠎ᠶ᠋ᠢ ᠡᠤᠷᠢᠵᠦ᠍ ᠳᠠᠭᠤᠯᠠᠭᠤᠯᠵᠠᠢ᠃ 1998 ᠣᠨ᠎ᠤ ᠥᠪᠥᠷ ᠮᠣᠩᠭᠣᠯ᠎ᠤᠨ ᠲᠧᠯᠸᠢᠰ ᠬᠣᠷᠢᠶ᠎ᠠ ᠵᠢᠨ ᠴᠠᠭᠠᠨ ᠰᠠᠷ᠎ᠠ᠎ᠶ᠋ᠢᠨ ᠦᠳᠡᠱᠢᠯᠡᠭᠡ ᠳᠡᠭᠡᠷ᠎ᠡ ᠮᠣᠩᠭᠣᠯ ᠬᠢᠲᠠᠳ ᠬᠣᠣᠰ ᠬᠡᠯᠡ᠎ᠪᠡᠷ ᠳᠠᠭᠤᠯᠠᠭᠠᠳ ᠠᠮᠵᠢᠯᠲᠠ ᠣᠯᠵᠤ᠂ ᠨᠡᠢᠭᠡᠮ ᠳᠡᠭᠡᠷ᠎ᠡ ᠥᠷᠭᠡᠨ᠎ᠢᠶᠡᠷ ᠤᠯᠠᠮᠵᠢᠯᠠᠬᠳᠠᠨ ᠳᠠᠭᠤᠯᠠᠭᠳᠠᠪᠠ᠃ 2002 ᠣᠨ᠎ᠳᠤ᠂ ᠲᠤᠰ ᠳᠠᠭᠤᠤ᠎ᠶ᠋ᠢ ᠪᠠᠭᠠᠷᠢᠨ ᠪᠠᠷᠠᠭᠤᠨ ᠬᠣᠱᠢᠭᠤᠨ᠎ᠤ ᠰᠦᠯᠳᠡ ᠳᠠᠭᠤᠤ᠎ᠪᠠᠷ ᠲᠣᠭ᠍ᠲᠠᠭᠠᠪᠠ᠃

ᠦᠨᠡᠯᠡᠮᠵᠢ

ᠰᠡᠴᠡᠨᠴᠤᠭᠳᠦ ᠭᠡᠷ ᠪᠦᠯᠢ ᠪᠠ ᠡᠯ᠎ᠡ ᠲᠠᠯ᠎ᠠ᠎ᠶ᠋ᠢᠨ ᠬᠦᠴᠢᠷ ᠪᠡᠷᠬᠡᠱᠢᠶᠡᠯ᠎ᠢ ᠢᠯᠠᠨ ᠳᠠᠪᠠᠵᠤ᠂ ᠨᠢᠭᠡ ᠰᠡᠳᠭᠢᠯ᠎ᠢᠶᠡᠷ ᠵᠣᠬᠢᠶᠠᠨ ᠪᠦᠲᠦᠭᠡᠯᠭᠡ ᠪᠠ ᠰᠤᠷᠤᠯᠴᠠᠯᠭ᠎ᠠ᠎ᠳᠤ ᠵᠢᠳᠬᠦᠪᠡ᠃ ᠪᠦᠲᠦᠭᠡᠯ᠎ᠦᠨ ᠠᠭᠤᠯᠭ᠎ᠠ ᠪᠠᠶᠠᠯᠢᠭ᠂ ᠬᠡᠯᠪᠡᠷᠢ ᠣᠯᠠᠨ᠂ ᠬᠡᠪ ᠨᠠᠮᠪᠠ ᠥᠪᠡᠷᠮᠢᠴᠡ᠂ ᠤᠷᠠᠯᠢᠭ᠍ᠴᠢ ᠴᠢᠨᠠᠷ᠎ᠢᠶᠠᠷ ᠴᠢᠩᠭ᠎ᠠ᠂ ᠨᠡᠢᠭᠡᠮ᠎ᠦᠨ ᠳᠡᠯᠭᠡᠷᠡᠴᠡ ᠥᠨᠳᠥᠷ᠃ ᠵᠠᠡᠭ ᠨᠢ ᠪᠣᠷᠣᠭ᠍ᠵᠢᠭᠤᠨ᠂ ᠠᠵᠢᠯ᠎ᠳ᠋ᠠᠭᠠᠠ ᠴᠢᠷᠮᠠᠢᠯᠲᠠ᠎ᠲᠠᠶ᠂ ᠱᠢᠷᠭᠠᠭᠤ ᠬᠠᠲᠠᠭᠤᠵᠢᠯᠲᠠᠢ᠂ ᠨᠡᠢᠭᠡᠮ᠎ᠦᠨ ᠬᠠᠷᠢᠭᠤᠴᠠᠯᠭ᠎ᠠ ᠰᠠᠢᠲᠠᠢ᠂ ᠨᠡᠯᠢᠶᠡᠳ ᠥᠨᠳᠥᠷ ᠮᠡᠷᠭᠡᠵᠢᠯ᠎ᠦᠨ ᠪᠣᠯᠪᠠᠰᠤᠷᠠᠯ ᠪᠣᠯᠤᠨ ᠤᠯᠤᠰ ᠲᠥᠷᠥ᠎ᠶ᠋ᠢᠨ ᠪᠣᠯᠪᠠᠰᠤᠷᠠᠯ᠎ᠲᠠᠶ᠃ ᠳᠠᠭᠤᠤ ᠬᠥᠭ᠌ᠵᠢᠮ᠎ᠦᠨ ᠵᠣᠬᠢᠶᠠᠨ ᠪᠦᠲᠦᠭᠡᠯᠭᠡ᠂ ᠰᠤᠷᠭᠠᠯᠲᠠ ᠪᠣᠯᠤᠨ ᠨᠡᠢᠭᠡᠮ᠎ᠦᠨ ᠦᠢᠯᠡᠳᠦᠯᠭᠡ᠎ᠶ᠋ᠢᠨ ᠨᠢᠭᠡᠳᠦᠭᠡᠷ ᠹᠷᠣᠨᠲ ᠲᠤ᠌ ᠤᠯᠠᠨ ᠵᠢᠯ ᠠᠵᠢᠯᠯᠠᠵᠤ ᠪᠠᠢᠨ᠎ᠠ᠃

ᠢᠷᠡᠯᠳᠡ᠄ ᠪᠠᠢ ᠳᠦ ᠰᠦᠯᠵᠢᠶ᠎ᠠ

ᠡᠮᠬᠢᠯᠡᠭᠴᠢ᠄ ᠦᠨᠡᠨᠵᠢᠷᠭᠠᠯ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号