ᠪᠠᠰᠠ ᠨᠢᠭᠡᠨ ᠤᠷᠢᠬᠠᠨ ᠬᠠᠪᠤᠷ ᠥᠪᠥᠷ ᠮᠣᠩᠭᠣᠯ ᠤ᠋ᠨ ᠡᠬᠡ ᠭᠠᠵᠠᠷ ᠲᠦ᠍ ᠰᠠᠭᠠᠳᠠᠯ᠎ᠠ᠃
《ᠮᠠᠯ ᠠᠵᠤ ᠠᠬᠤᠢ ᠲᠠᠷᠢᠶᠠᠯᠠᠩ ᠢ᠋ ᠰᠠᠢᠲᠤᠷ ᠬᠥᠭ᠌ᠵᠢᠭᠦᠯᠵᠦ᠍᠂ ᠮᠠᠯ ᠠᠵᠤ ᠠᠬᠤᠢᠲᠠᠷᠢᠶᠠᠯᠠᠩ ᠤ᠋ᠨ ᠣᠳᠣᠬᠢᠴᠢᠯᠠᠯᠲᠠ ᠶ᠋ᠢ ᠲᠦᠷᠭᠡᠳᠭᠡᠨ ᠠᠬᠢᠭᠤᠯᠵᠤ᠂ ᠮᠠᠯᠵᠢᠬᠤ ᠣᠷᠣᠨ ᠤ᠋ ᠴᠢᠨᠠᠷᠯᠢᠭ ᠪᠥᠭᠡᠳ ᠲᠦᠷᠭᠡᠨ ᠬᠥᠭ᠌ᠵᠢᠯᠲᠡ ᠶ᠋ᠢ ᠠᠬᠢᠭᠤᠯᠬᠤ ᠬᠡᠷᠡᠭ᠌ᠲᠡᠢ》᠃
《ᠠᠵᠤ ᠠᠬᠤᠢ ᠶ᠋ᠢᠨ ᠴᠢᠨᠠᠷ ᠰᠠᠢᠲᠠᠢ ᠬᠥᠭ᠌ᠵᠢᠯᠲᠡ ᠶ᠋ᠢ ᠠᠬᠢᠭᠤᠯᠬᠤ ᠳ᠋ᠤ᠂ ᠭᠣᠣᠯᠳᠠᠯᠭ᠎ᠠ ᠪᠡᠨ ᠠᠵᠤ ᠦᠢᠯᠡᠰ ᠤ᠋ᠨ ᠪᠦᠲᠦᠴᠡ ᠶ᠋ᠢᠨ ᠬᠡᠯᠪᠡᠷᠢ ᠵᠢ ᠬᠤᠪᠢᠷᠠᠭᠤᠯᠤᠨ ᠲᠡᠰ ᠳᠡᠪᠱᠢᠭᠦᠯᠬᠦ᠌ ᠳᠡᠭᠡᠷ᠎ᠡ ᠲᠠᠯᠪᠢᠵᠤ᠂ ᠪᠣᠳᠠᠲᠤ ᠴᠣᠭ᠍ᠴᠠ ᠶ᠋ᠢᠨ ᠠᠵᠤ ᠠᠬᠤᠢ ᠶ᠋ᠢ ᠪᠣᠳᠠᠲᠠᠢᠵᠢᠭᠤᠯᠤᠨ ᠬᠦᠴᠦᠷᠬᠡᠭ᠌ᠵᠢᠭᠦᠯᠵᠦ᠍ ᠱᠢᠯᠢᠳᠡᠭ᠌ᠵᠢᠭᠦᠯᠬᠦ᠌ ᠬᠡᠷᠡᠭ᠌ᠲᠡᠢ》᠃
《ᠣᠲᠣ ᠦᠶ᠎ᠡ ᠶ᠋ᠢᠨ ᠡᠨᠧᠷᠭᠢ ᠶ᠋ᠢᠨ ᠠᠵᠤ ᠠᠬᠤᠶ ᠶ᠋ᠢᠨ ᠠᠵᠢᠯ ᠢ᠋ ᠰᠠᠢᠲᠤᠷ ᠬᠢᠵᠦ᠍᠂ ᠳᠡᠯᠡᠬᠡᠶ ᠶ᠋ᠢᠨ ᠡᠨᠧᠷᠭᠢ ᠶ᠋ᠢᠨ ᠮᠡᠷᠭᠡᠵᠢᠯ ᠤ᠋ᠨ ᠬᠤᠪᠢᠰᠭᠠᠯ ᠤ᠋ᠨ ᠱᠢᠨ᠎ᠡ ᠬᠠᠨᠳᠤᠰᠢ ᠶ᠋ᠢ ᠴᠢᠩᠭ᠎ᠠ ᠳᠠᠭᠠᠵᠤ᠂ ᠠᠵᠤ ᠦᠶ᠋ᠯᠡᠰ ᠤ᠋ᠨ ᠬᠡᠯᠬᠢᠶ᠎ᠡ ᠶ᠋ᠢ ᠤᠷᠲᠤᠳᠭᠠᠨ᠂ ᠡᠨᠧᠷᠭᠢ ᠶ᠋ᠢᠨ ᠡᠬᠢ ᠪᠠᠶᠠᠯᠢᠭ ᠢ᠋ ᠶᠡᠷᠦᠩᠬᠡᠢᠯᠡᠨ ᠠᠱᠢᠭ᠍ᠯᠠᠬᠤ ᠦᠷ᠎ᠡ ᠪᠦᠲᠦᠮᠵᠢ ᠶ᠋ᠢ ᠳᠡᠭᠡᠭ᠌ᠰᠢᠯᠡᠭᠦᠯᠬᠦ᠌ ᠬᠡᠷᠡᠭ᠌ᠲᠡᠶ》᠃
ᠡᠷᠬᠢᠮ ᠨᠠᠨᠳᠢᠨ ᠬᠦᠰᠡᠯ ᠨᠠᠢᠳᠠᠯᠭ᠎ᠠ ᠨᠢ ᠤᠮᠠᠷᠠᠲᠤ ᠶ᠋ᠢᠨ ᠡᠬᠡ ᠭᠠᠵᠠᠷ ᠲᠦ᠍ ᠬᠦᠮᠦᠰ ᠤ᠋ᠨ ᠰᠡᠳᠬᠢᠯ ᠢ᠋ ᠳᠤᠭᠳᠤᠯᠤᠭᠤᠯᠵᠤ᠂ ᠳᠣᠲᠣᠨᠣ ᠬᠠᠯᠠᠮᠵᠢᠯᠠᠯ ᠨᠢ ᠡᠷᠡᠮᠡᠬᠡᠢᠯᠡᠨ ᠤᠷᠤᠭ᠍ᠰᠢᠯᠠᠬᠤ ᠠᠸ᠋ᠭᠠ ᠬᠦᠴᠦᠨ ᠢ᠋ ᠨᠢᠭ᠍ᠲᠠᠷᠠᠭᠤᠯᠤᠨᠠ᠃ ᠡᠨᠡ ᠬᠡᠳᠦᠨ ᠵᠢᠯᠳᠦ᠂ ᠪᠦᠬᠦ᠌ ᠣᠷᠣᠨ ᠤ᠋ ᠦᠨᠳᠦᠰᠦᠲᠡᠨᠨᠦᠭᠦᠳ ᠤ᠋ᠨ ᠠᠷᠠᠳ ᠲᠦᠮᠡᠨ ᠶᠡᠷᠦᠩᠬᠡᠢ ᠱᠦᠵᠢ ᠰᠢ ᠵᠢᠨ ᠫᠢᠩ ᠪᠣᠯᠤᠨ ᠨᠠᠮ ᠤ᠋ᠨ ᠲᠥᠪ ᠬᠤᠷᠢᠶ᠎ᠠ ᠡᠴᠡ ᠥᠪᠥᠷ ᠮᠣᠩᠭᠣᠯ ᠳ᠋ᠤ ᠲᠣᠭ᠍ᠲᠠᠭᠠᠵᠤ ᠥᠭ᠌ᠭᠦᠭ᠌ᠰᠡᠨ ᠪᠠᠢᠯᠳᠤᠬᠤ ᠪᠤᠳᠤᠯᠭ᠎ᠠ ᠶ᠋ᠢᠨ ᠪᠠᠢᠷᠢ ᠲᠣᠭ᠍ᠲᠠᠭᠠᠯᠲᠠ ᠪᠣᠯᠤᠨ ᠠᠵᠢᠯᠯᠠᠭᠠᠨ ᠤ᠋ ᠬᠥᠲᠥᠯᠪᠦᠷᠢ ᠶ᠋ᠢ ᠭᠦᠨᠵᠡᠭᠡᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠬᠠᠷᠢᠭᠤᠴᠠᠯᠭ᠎ᠠ ᠡᠭᠦᠷᠭᠡᠯᠡᠯ ᠶ᠋ᠢᠡᠨ ᠡᠭᠦᠷᠭᠡᠯᠡᠨ᠂ ᠴᠠᠭ ᠦᠶ᠎ᠡ ᠶ᠋ᠢᠨ ᠰᠡᠳᠦᠪ ᠢ᠋ ᠰᠠᠢᠲᠤᠷ ᠬᠠᠷᠢᠭᠤᠯᠪᠠ᠃
ᠬᠤᠪᠢᠷᠠᠯᠲᠠ ᠶ᠋ᠢ ᠢᠳᠡᠪᠬᠢᠲᠡᠢ ᠠᠷᠭᠠᠴᠠᠭᠠᠵᠤ᠂ ᠳᠠᠯᠳᠠ ᠬᠦᠴᠦᠨ ᠢ᠋ ᠭᠦᠨᠵᠡᠭᠡᠢ ᠠᠭᠤᠳᠠᠯᠤᠨ᠎ᠠ᠃ ᠡᠨᠡ ᠬᠡᠳᠦᠨ ᠵᠢᠯᠳᠦ᠂ ᠥᠪᠥᠷ ᠮᠣᠩᠭᠣᠯ ᠥᠭᠡᠷᠡᠴᠢᠯᠡᠯᠲᠡ ᠪᠠ ᠲᠣᠬᠢᠷᠠᠭᠤᠯᠤᠯᠲᠠ ᠳ᠋ᠤ ᠠᠩᠬᠠᠷᠤᠯ ᠶ᠋ᠢᠡᠨ ᠬᠠᠨᠳᠤᠭᠤᠯᠵᠤ᠂ ᠪᠠᠢᠯᠳᠤᠬᠤ ᠪᠣᠳᠣᠯᠭ᠎ᠠ ᠶ᠋ᠢᠨ ᠲᠣᠭ᠍ᠲᠠᠯ ᠬᠦᠴᠦᠨ ᠶ᠋ᠢᠡᠨ ᠡᠷᠡᠰ ᠪᠠᠳᠤᠯᠠᠨ᠂ ᠤᠯᠤᠰ ᠤ᠋ᠨ ᠴᠢᠬᠤᠯᠠ ᠡᠨᠧᠷᠭᠢ ᠪᠠ ᠪᠠᠢᠯᠳᠤᠬᠤ ᠪᠣᠳᠣᠯᠭ᠎ᠠ ᠶ᠋ᠢᠨ ᠡᠬᠢ ᠪᠠᠶᠠᠯᠢᠭ ᠤ᠋ᠨ ᠰᠠᠭᠤᠷᠢᠨ ᠤ᠋ ᠪᠥᠲᠥᠭᠡᠨ ᠪᠠᠢᠭᠤᠯᠤᠯᠲᠠ ᠶ᠋ᠢ ᠲᠦᠷᠭᠡᠳᠭᠡᠨ ᠠᠬᠢᠭᠤᠯᠪᠠ᠃
ᠳᠣᠲᠣᠷ ᠲᠠᠮᠢᠷ ᠶ᠋ᠢᠡᠨ ᠴᠢᠩᠭᠠᠷᠠᠭᠤᠯᠵᠤ᠂ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠶ᠋ᠢᠡᠨ ᠨᠡᠮᠡᠭ᠌ᠳᠡᠭᠦᠯᠤᠨᠠ᠃ ᠡᠨᠡ ᠬᠡᠳᠦᠨ ᠵᠢᠯᠳᠦ᠂ ᠥᠪᠥᠷ ᠮᠣᠩᠭᠣᠯ ᠲᠣᠭ᠍ᠲᠠᠭᠤᠨ ᠪᠠᠢᠯᠭᠠᠬᠤ ᠪᠠ ᠤᠷᠤᠭ᠍ᠰᠢᠯᠠᠨ ᠳᠠᠪᠱᠢᠬᠤᠳ᠋ᠤ ᠠᠩᠬᠠᠷᠤᠯ ᠶ᠋ᠢᠡᠨ ᠬᠠᠨᠳᠤᠭᠤᠯᠤᠨ᠂《ᠳᠤᠮᠳᠠᠳᠤ ᠤᠯᠤᠰ ᠤ᠋ᠨ ᠪᠤᠳᠠᠭᠠᠨ ᠠᠶᠠᠭ᠎ᠠ》ᠵᠢ ᠯᠠᠪᠳᠠᠭᠤᠨ ᠪᠠᠲᠤᠲᠠᠢ ᠠᠳᠭᠤᠵᠤ᠂ ᠤᠯᠤᠰ ᠤ᠋ᠨ ᠴᠢᠬᠤᠯᠠ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨᠦ ᠦᠢᠯᠡᠳᠪᠦᠷᠢᠯᠡᠯ ᠤ᠋ᠨ ᠰᠠᠭᠤᠷᠢᠨ ᠤ᠋ ᠪᠦᠲᠦᠭᠡᠨ ᠪᠠᠢᠭᠤᠯᠤᠯᠲᠠ ᠵᠢ ᠢᠳᠡ ᠬᠦᠭ ᠲᠠᠢ ᠦᠷᠨᠢᠬᠦᠯᠪᠡ᠃
ᠵᠤᠬᠢᠴᠠᠩᠭᠤᠢ — ᠳᠣᠲᠣᠭᠠᠳᠤ ᠣᠨᠴᠠᠯᠢᠭ ᠪᠤᠯᠵᠦ᠍᠂ ᠪᠣᠬᠢᠷᠲᠤᠯ ᠦᠭᠡᠢ — ᠲᠦᠭᠡᠮᠡᠯ ᠬᠡᠯᠪᠡᠷᠢ ᠪᠤᠯᠵᠤ᠂ ᠠᠵᠤ ᠠᠬᠤᠢ ᠶ᠋ᠢᠨ ᠴᠢᠨᠠᠷ ᠰᠠᠢᠲᠠᠢ ᠬᠥᠭ᠌ᠵᠢᠯᠲᠡ ᠶ᠋ᠢᠨ ᠰᠦᠷ ᠳᠠᠯᠠᠢᠴᠠᠳᠠᠢ ᠵᠢᠷᠤᠭ ᠥᠪᠥᠷ ᠮᠣᠩᠭᠣᠯ ᠤ᠋ᠨ ᠡᠬᠡ ᠭᠠᠵᠠᠷ ᠲᠦ᠍ ᠠᠯᠭᠤᠷᠬᠠᠨ ᠳᠡᠯᠭᠡᠭ᠌ᠳᠡᠯᠠ᠃
ᠦᠨᠳᠦᠷᠴᠠ — ᠶᠡᠬᠡ ᠲᠠᠯ᠎ᠠ ᠶ᠋ᠢ ᠪᠣᠳᠣᠯᠬᠢᠯᠠᠵᠤ᠂ ᠥᠨᠳᠥᠷ ᠭᠠᠷᠤᠭ᠎ᠠ ᠡᠴᠡ ᠬᠦᠴᠦᠯᠡᠨ᠂ ᠦᠨᠡᠨ ᠢ᠋ ᠪᠠᠷᠢᠮᠲᠠᠯᠠᠨ ᠪᠣᠳᠠᠲᠠᠶ ᠶ᠋ᠢ ᠡᠷᠬᠢᠮᠯᠡᠬᠦ᠌ ᠳᠤᠮᠳᠠ ᠡᠷᠡᠮᠡᠬᠡᠢᠯᠡᠨ ᠤᠷᠤᠭ᠍ᠰᠢᠯᠠᠨᠠ
ᠲᠡᠦᠬᠡ ᠶ᠋ᠢᠨ ᠬᠦᠷᠳᠤ ᠬᠥᠭ᠌ᠵᠢᠯᠲᠡ ᠶ᠋ᠢᠨ ᠦᠩᠭᠡ ᠭᠡᠷᠡᠯ ᠢ᠋ ᠲᠡᠮᠳᠡᠭ᠌ᠯᠡᠨᠡ ᠃
34.8%! ᠡᠨᠡ ᠪᠣᠯ 2021 ᠣᠨ ᠤ᠋ ᠱᠢᠨ᠎ᠡ ᠡᠨᠧᠷᠭᠢ ᠶ᠋ᠢᠨ ᠮᠠᠱᠢᠨ ᠴᠣᠭ᠍ᠴᠠᠯᠠᠪᠤᠷᠢ ᠶ᠋ᠢᠨ ᠡᠵᠡᠯᠡᠬᠦ᠌ ᠬᠠᠷᠢᠴᠠᠯ᠂ ᠥᠪᠥᠷᠮᠣᠩᠭᠣᠯᠤ᠋ᠨᠱᠢᠨᠡᠡᠨᠧᠷᠭᠢ ᠶ᠋ᠢᠨ ᠮᠠᠱᠢᠨ ᠴᠣᠭ᠍ᠴᠠᠯᠠᠪᠤᠷᠢ ᠶ᠋ᠢᠨ ᠶᠡᠷᠦᠩᠬᠡᠢ ᠪᠠᠭ᠍ᠲᠠᠭᠠᠮᠵᠢ ᠪᠥᠬᠥ᠌ ᠤᠯᠤᠰ ᠲᠦ᠍ ᠲᠦᠷᠦᠬᠦᠯᠡᠪᠡ᠃
2467 ᠳ᠋ᠦᠩᠱᠢᠭᠤᠷ ᠺᠢᠯᠦᠸᠠᠲ ᠴᠠᠭ! ᠡᠨᠡ ᠪᠣᠯ 2021 ᠣᠨ ᠳ᠋ᠤ ᠭᠠᠳᠠᠭ᠍ᠰᠢ ᠬᠦᠷᠭᠡᠭ᠌ᠰᠡᠨ ᠴᠠᠬᠢᠯᠭᠠᠨ ᠤ᠋ ᠬᠡᠮᠵᠢᠶ᠎ᠡ᠂ ᠥᠪᠥᠷ ᠮᠣᠩᠭᠣᠯ ᠤ᠋ᠨ ᠭᠠᠳᠠᠭ᠍ᠰᠢ ᠬᠦᠷᠭᠡᠭ᠌ᠰᠡᠨ ᠴᠠᠬᠢᠯᠭᠠᠨ ᠤ᠋ ᠬᠡᠮᠵᠢᠶ᠎ᠡ 17 ᠵᠢᠯ ᠳᠠᠷᠠᠭᠠᠯᠠᠨ ᠪᠥᠬᠥ᠌ ᠤᠯᠤᠰ ᠲᠦ᠍ ᠲᠦᠷᠦᠬᠦᠯᠡᠪᠡ ᠃
66.3 ᠲᠦᠮᠡᠨ ᠲᠣᠨ! 2021 ᠣᠨ ᠳ᠋ᠤ ᠦᠪᠦᠷ ᠮᠤᠩᠭᠤᠯ ᠤ᠋ᠨ ᠦᠬᠡᠷ ᠤ᠋ᠨ ᠮᠢᠬᠠᠨ ᠤ᠋ ᠭᠠᠷᠤᠯᠲᠠ ᠪᠥᠬᠥ᠌ ᠤᠯᠤᠰ ᠲᠦ᠍ ᠲᠦᠷᠦᠬᠦᠯᠡᠵᠤ᠂ ᠪᠥᠬᠥ᠌ ᠤᠯᠤᠰ ᠤ᠋ᠨ ᠦᠬᠡᠷ ᠤ᠋ᠨ ᠮᠢᠬᠠᠨ ᠤ᠋ ᠭᠠᠷᠤᠯᠲᠠ ᠶ᠋ᠢᠨ ᠠᠷᠪᠠᠨ ᠤ᠋ ᠨᠢᠭᠡ ᠶ᠋ᠢ ᠡᠵᠡᠯᠡᠪᠡ᠃
768.1 ᠳ᠋ᠦᠩᠱᠢᠭᠤᠷ ᠵᠢᠩ! 2021 ᠣᠨ ᠳ᠋ᠤ ᠦᠪᠦᠷ ᠮᠤᠩᠭᠤᠯ ᠤ᠋ᠨ ᠠᠮᠤ ᠪᠤᠳᠠᠭᠠᠨ ᠤ᠋ ᠤᠨᠠᠯᠲᠠ ᠪᠥᠬᠥ᠌ ᠤᠯᠤᠰ ᠤ᠋ᠨ ᠵᠢᠷᠭᠤᠳᠤᠭᠠᠷ ᠲᠦ᠍ ᠣᠷᠣᠵᠤ᠂ ᠠᠷᠪᠠᠨ ᠨᠠᠶ᠋ᠮᠠᠨ ᠵᠢᠯ ᠳᠠᠷᠠᠭᠠᠯᠠᠨ ᠡᠯᠪᠡᠭ ᠬᠤᠷᠢᠶᠠᠯᠲᠠ ᠤᠯᠪᠠ᠃
ᠱᠢᠨ᠎ᠡ ᠠᠶᠠᠨ ᠶ᠋ᠢᠡᠨ ᠡᠬᠢᠯᠡᠭᠦᠯᠦᠭ᠌ᠰᠡᠨ ᠥᠪᠥᠷ ᠮᠣᠩᠭᠣᠯ᠂ ᠯᠠᠪᠳᠠᠭᠤᠨ ᠪᠠᠳᠤᠳᠠᠢ ᠠᠮᠵᠢᠯᠲᠠ ᠶ᠋ᠢᠨ ᠬᠠᠭᠤᠳᠠᠰᠤ ᠪᠡᠷ ᠶ᠋ᠢᠡᠨ ᠥᠪᠥᠷ ᠮᠣᠩᠭᠣᠯ ᠤ᠋ᠨ《ᠤᠯᠤᠰ ᠤ᠋ᠨ ᠡᠨᠧᠷᠭᠢ ᠶ᠋ᠢᠨ ᠠᠮᠤᠷ ᠲᠦᠪᠱᠢᠨ᠂ ᠠᠮᠤ ᠪᠤᠳᠠᠭᠠᠨ ᠤ᠋ ᠠᠮᠤᠷ ᠲᠦᠪᠱᠢᠨ᠂ ᠠᠵᠤ ᠦᠢᠯᠡᠰ ᠤ᠋ᠨ ᠠᠮᠤᠷ ᠲᠦᠪᠱᠢᠨ ᠢ᠋ ᠪᠠᠲᠤᠯᠠᠬᠤ ᠴᠢᠬᠤᠯᠠ ᠶᠡᠬᠡ ᠤᠯᠤᠰ ᠲᠦᠷᠦ᠍ ᠶ᠋ᠢᠨ ᠬᠠᠷᠢᠭᠤᠴᠠᠯᠭ᠎ᠠ ᠶ᠋ᠢ ᠡᠭᠦᠷᠭᠡᠯᠡᠨ ᠰᠠᠢᠲᠤᠷ ᠭᠦᠢᠴᠡᠳᠭᠡᠬᠦ᠌》 ᠳ᠋ᠤ ᠨᠡᠩ ᠤᠯᠠᠨ ᠬᠥᠭ᠌ᠵᠢᠯᠲᠡ ᠶ᠋ᠢᠨ ᠡᠨᠧᠷᠭᠢ ᠨᠡᠮᠡᠷᠢᠯᠡᠵᠠᠢ᠃
ᠥᠪᠥᠷ ᠮᠣᠩᠭᠣᠯ ᠡᠴᠡ ᠪᠡᠨ ᠭᠠᠷᠴᠤ᠌ ᠥᠪᠥᠷ ᠮᠣᠩᠭᠣᠯ ᠶ᠋ᠢᠡᠨ ᠬᠥᠭ᠌ᠵᠢᠭᠦᠯᠬᠦ ᠳ᠋ᠤ ᠡᠷᠬᠡᠪᠰᠢ ᠤᠷᠢᠳ ᠵᠢᠡᠷ ᠶᠡᠬᠡ ᠬᠠᠷᠠᠭᠠᠰᠤ᠂ ᠶᠡᠬᠡ ᠪᠠᠢᠷᠢᠱᠢᠯ ᠲᠠᠢ ᠪᠠᠢᠬᠤ ᠬᠡᠷᠡᠭ᠌ᠲᠡᠢ᠃
ᠦᠩ ᠰᠢᠮᠡᠯᠢᠭ ᠲᠠᠷᠢᠶᠠᠨ ᠭᠠᠵᠠᠷ ᠪᠠ ᠥᠷᠭᠡᠨ ᠠᠭᠤᠳᠠᠮ ᠨᠤᠳᠤᠭ ᠪᠡᠯᠴᠢᠬᠡᠷ ᠲᠠᠢ᠂ ᠨᠡᠷᠡᠨ ᠤ᠋ ᠲᠤᠰᠤᠯᠲᠠ ᠭᠦᠶ᠋ᠴᠡᠳ᠂ ᠪᠣᠷᠣᠭᠠᠨ ᠤ᠋ ᠤᠯᠠᠷᠢᠯ ᠴᠢᠪ ᠬᠡᠮᠡᠨ ᠬᠠᠯᠠᠭᠤᠨ ᠤ᠋ ᠤᠯᠠᠷᠢᠯ ᠲᠠᠢ ᠲᠠᠪᠬᠤᠴᠠᠨᠠ᠃ ᠦᠪᠤᠷ ᠮᠤᠩᠭᠤᠯ ᠳ᠋ᠤ ᠪᠥᠬᠥ᠌ ᠤᠯᠤᠰ ᠲᠦ᠍ ᠨᠡᠷ᠎ᠡ ᠠᠯᠳᠠᠷᠱᠢᠭ᠍ᠰᠠᠨ《ᠰᠦ ᠶ᠋ᠢᠨ ᠢᠷᠡᠯᠲᠡ ᠶ᠋ᠢᠨ ᠱᠢᠵᠢᠷ ᠠᠯᠲᠠᠨ ᠪᠦᠰᠡ》᠂ 《ᠦᠷ᠎ᠡ ᠶ᠋ᠢᠨ ᠲᠥᠮᠥᠰᠥᠨᠦ ᠱᠢᠵᠢᠷ ᠠᠯᠲᠠᠨ ᠪᠦᠰᠡ》ᠮᠡᠳᠤ ᠵᠢᠨ ᠲᠣᠰ ᠲᠣᠰ ᠤ᠋ᠨ ᠣᠨᠴᠠᠯᠢᠭ ᠪᠥᠬᠥᠶ ᠳᠠᠪᠠᠭᠤᠯᠢᠭᠳᠤ ᠠᠵᠤ ᠦᠶ᠋ᠯᠡᠰ ᠤ᠋ᠨ ᠪᠦᠰᠡ ᠥᠪᠥᠷ ᠮᠣᠩᠭᠣᠯ ᠢ᠋ ᠰᠤᠨᠳᠠᠯᠠᠨ ᠤᠷᠤᠰᠢᠵᠤ᠂ ᠨᠡᠷ᠎ᠡ ᠨᠢᠳᠡᠷ ᠲᠡᠬᠡᠨ ᠨᠡᠢᠴᠡᠭ᠌ᠰᠡᠨ《ᠠᠮᠤ ᠪᠤᠳᠠᠭᠠᠨ ᠤ᠋ ᠬᠥᠮᠥᠷᠭᠡ》᠂ 《ᠮᠢᠬᠠᠨ ᠤ᠋ ᠬᠥᠮᠥᠷᠭᠡ》᠂ 《ᠰᠦ ᠰᠠᠭᠠᠯᠢ ᠶ᠋ᠢᠨ ᠭᠠᠷᠤᠯᠳᠠ ᠶ᠋ᠢᠨ ᠤᠷᠤᠨ》 ᠪᠣᠯᠬᠤ ᠶᠤᠮ᠃
ᠠᠭᠤᠷᠬᠠᠶ ᠶ᠋ᠢᠨ ᠡᠬᠢ ᠪᠠᠶᠠᠯᠢᠭ ᠪᠠ ᠰᠠᠯᠬᠢᠨ ᠤ᠋ ᠡᠨᠧᠷᠭᠢ᠂ ᠨᠡᠷᠡᠨᠦ ᠡᠨᠧᠷᠭᠢ ᠶ᠋ᠢᠨ ᠡᠬᠢ ᠪᠠᠶᠠᠯᠢᠭ ᠡᠯᠪᠡᠭ ᠳᠡᠯᠪᠡᠭ᠃ ᠥᠪᠥᠷ ᠮᠣᠩᠭᠣᠯ ᠤ᠋ᠨ ᠵᠢᠯ ᠳᠤᠮᠳᠠᠴᠢ ᠶ᠋ᠢᠨ ᠠᠭᠠᠷ ᠤ᠋ᠨ ᠳᠤᠯᠠᠭᠠᠨ 0 — 8°C ᠪᠠᠢᠵᠤ᠂ ᠴᠠᠬᠢᠯᠭᠠᠨ ᠬᠦᠴᠦᠨ ᠭᠦᠶ᠋ᠴᠡᠳ᠂ ᠴᠠᠬᠢᠯᠭᠠᠨ ᠤ᠋ ᠦᠨ᠎ᠡ ᠬᠠᠩᠰᠢ ᠵᠢᠨ ᠲᠠᠪᠠᠭᠤᠯᠢᠭ ᠲᠠᠢ᠂ ᠡᠨᠧᠷᠭᠢ ᠶ᠋ᠢᠨ ᠠᠵᠤ ᠦᠶ᠋ᠯᠡᠰ ᠦᠷᠢᠰᠦᠯᠳᠦᠨ ᠬᠦᠭᠵᠢᠵᠦ᠂ ᠨᠢᠭᠡᠨᠲᠡ ᠥᠪᠡᠷᠲᠡᠭᠡᠨ ᠵᠠᠰᠠᠬᠤ ᠣᠷᠣᠨ ᠤ᠋ ᠠᠵᠤ ᠠᠬᠤᠶ ᠶ᠋ᠢᠨ ᠬᠥᠭ᠌ᠵᠢᠯᠲᠡ ᠶ᠋ᠢᠨ ᠴᠢᠬᠤᠯᠠ ᠬᠥᠳᠡᠯᠭᠡᠭᠦᠷ ᠪᠣᠯᠵᠠᠶ᠃
ᠥᠪᠡᠷᠮᠢᠴᠡ᠂ ᠳᠠᠪᠠᠭᠤᠯᠢᠭ᠂ ᠥᠪᠥᠷ ᠮᠣᠩᠭᠣᠯ ᠤ᠋ᠨ ᠪᠠᠢᠭᠠᠯᠢ ᠶ᠋ᠢᠨ ᠨᠥᠬᠥᠴᠡᠯ 《ᠲᠥᠷᠥᠯᠬᠢ ᠶ᠋ᠢᠨ ᠦᠵᠡᠰᠭᠦᠯᠡᠩᠳᠦ ᠰᠠᠢᠬᠠᠨ》ᠳᠠᠪᠠᠭᠤᠯᠢᠭ ᠶ᠋ᠢᠡᠨ ᠪᠠᠳᠠᠷᠠᠭᠤᠯᠤᠨ ᠳᠤᠲᠠᠭᠤᠳᠠᠯ ᠶ᠋ᠢᠡᠨ ᠨᠥᠬᠥᠪᠥᠷᠢᠯᠡᠵᠦ᠍᠂ ᠥᠪᠥᠷ ᠮᠣᠩᠭᠣᠯ ᠤᠳᠤ ᠶ᠋ᠢᠨ ᠪᠠᠢᠭ᠎ᠠ ᠠᠵᠤ ᠦᠢᠯᠡᠰ ᠤ᠋ᠨ ᠱᠢᠰᠲ᠋ᠧᠮ ᠪᠣᠯᠤᠨ ᠠᠵᠤ ᠦᠢᠯᠡᠰ ᠤ᠋ᠨ ᠡᠵᠡᠩᠨᠡᠯᠲᠡ ᠶ᠋ᠢᠨ ᠬᠡᠯᠪᠡᠷᠢ ᠪᠡᠨ ᠪᠦᠬᠦ᠌ ᠲᠠᠯ᠎ᠠ ᠪᠡᠷ ᠱᠢᠯᠢᠳᠡᠭ᠌ᠵᠢᠭᠦᠯᠤᠨ᠂ ᠥᠪᠥᠷ ᠮᠣᠩᠭᠣᠯ ᠤ᠋ᠨ ᠪᠠᠢᠯᠳᠤᠬᠤ ᠪᠤᠳᠤᠯᠭ᠎ᠠ ᠶ᠋ᠢᠨ ᠪᠠᠢᠷᠢ ᠲᠣᠭ᠍ᠲᠠᠭᠠᠯᠲᠠ ᠳ᠋ᠤ ᠨᠡᠢᠴᠡᠭ᠌ᠰᠡᠨ ᠠᠵᠤ ᠦᠢᠯᠡᠰ ᠤ᠋ᠨ ᠬᠡᠯᠬᠢᠶ᠎ᠠ ᠶ᠋ᠢ ᠴᠤᠭᠴᠠᠯᠠᠨ᠎ᠠ᠃
ᠪᠥᠬᠥ᠌ ᠤᠯᠤᠰ ᠤ᠋ᠨ ᠱᠢᠨ᠎ᠡ ᠬᠥᠭ᠌ᠵᠢᠯᠲᠡ ᠶ᠋ᠢᠨ ᠪᠠᠢᠷᠢᠱᠢᠯ ᠤ᠋ᠨ ᠪᠠᠢᠭᠤᠯᠤᠯᠳᠠ ᠳ᠋ᠡᠬᠢ ᠥᠪᠥᠷ ᠮᠣᠩᠭᠣᠯ ᠤ᠋ᠨ ᠪᠠᠢᠷᠢ ᠲᠣᠭ᠍ᠲᠠᠭᠠᠯᠲᠠ ᠲᠠᠢ ᠨᠢᠭ᠍ᠲᠠ ᠤᠶᠠᠯᠳᠤᠭᠤᠯᠤᠨ᠂ ᠳᠠᠪᠠᠭᠤᠯᠢᠭ ᠲᠠᠭᠠᠨ ᠰᠠᠭᠤᠷᠢᠯᠠᠨ ᠲᠦᠯᠦᠪᠵᠢᠭᠦᠯᠭᠡ ᠪᠡᠨ ᠳᠤᠭᠳᠠᠭᠠᠵᠤ᠂ ᠬᠦᠰᠡᠯ ᠨᠠᠢᠳᠠᠯᠭ᠎ᠠ ᠶ᠋ᠢ ᠪᠠᠲᠤ ᠴᠡᠭᠡᠵᠢᠯᠡᠨ ᠤᠷᠤᠭ᠍ᠰᠢᠯᠠᠨᠠ᠃ ᠲᠣᠭ᠍ᠲᠠᠭᠤᠨ ᠤ᠋ ᠳᠤᠮᠳᠠ ᠤᠷᠤᠭ᠍ᠰᠢᠯᠠᠨ ᠲᠠᠪᠱᠢᠬᠤ ᠪᠠᠢᠳᠠᠯ ᠳᠣᠣᠷ᠎ᠠ᠂ ᠥᠪᠥᠷ ᠮᠣᠩᠭᠣᠯ ᠯᠤᠲᠤ ᠶᠡᠬᠡ ᠬᠥᠭ᠌ᠵᠢᠯᠲᠡ ᠶ᠋ᠢᠨ ᠤᠶᠠᠨ ᠬᠠᠳᠠᠨ ᠴᠢᠨᠠᠷ ᠪᠣᠯᠤᠨ ᠭᠦᠨ ᠵᠤᠵᠠᠭᠠᠨ ᠲᠠᠯᠳᠠ ᠬᠦᠴᠦᠨ ᠶ᠋ᠢᠡᠨ ᠢᠯᠡᠷᠡᠭᠦᠯᠪᠡ᠃
ᠱᠢᠨ᠎ᠡ ᠠᠵᠠ ᠲᠣᠬᠢᠶᠠᠯ ᠤ᠋ᠨ ᠡᠮᠦᠨ᠎ᠠ᠂ ᠰᠠᠨᠠᠭᠠᠴᠢᠯᠠᠭ᠎ᠠ ᠡᠴᠡ ᠪᠡᠨ ᠬᠤᠪᠢᠷᠠᠯᠲᠠ ᠶ᠋ᠢ ᠡᠷᠢᠯᠬᠢᠯᠡᠨ᠎ᠠ — ᠦᠵᠡᠯ ᠰᠠᠨᠠᠭ᠎ᠠ ᠲᠠᠨᠢᠯᠲᠠ ᠶ᠋ᠢᠨ ᠠᠰᠠᠭᠤᠳᠠᠯ ᠪᠣᠯᠤᠨ ᠠᠵᠢᠯ ᠤ᠋ᠨ ᠦᠢᠯᠡᠳᠦᠯᠭᠡ ᠶ᠋ᠢᠨ ᠠᠰᠠᠭᠤᠳᠠᠯ ᠢ᠋ ᠨᠢᠭᠡ ᠴᠤᠭ᠍ᠴᠠᠵᠢᠭᠤᠯᠤᠨ ᠱᠢᠢᠳᠪᠦᠷᠢᠯᠡᠬᠦ᠌ ᠶ᠋ᠢ ᠪᠠᠷᠢᠮᠲᠠᠯᠠᠵᠤ᠂ ᠤᠷᠳᠤ ᠬᠤᠭᠤᠴᠠᠭᠠᠨ ᠤ᠋ ᠪᠦᠳᠦᠭᠦᠯᠢᠭ ᠬᠥᠭ᠌ᠵᠢᠯᠲᠡ ᠳ᠋ᠤ ᠪᠦᠷᠢᠯᠳᠦᠭ᠌ᠰᠡᠨ ᠵᠤᠷᠰᠢᠭᠰᠠᠨ ᠰᠡᠳᠭᠢᠬᠦᠢ᠂ ᠬᠡᠪᠰᠢᠭᠰᠡᠨ ᠵᠠᠭ᠍ᠪᠤᠷ ᠪᠤᠯᠤᠨ ᠠᠷᠭ᠎ᠠ ᠵᠠᠮ ᠳ᠋ᠤ ᠨᠠᠢᠳᠠᠬᠤ ᠪᠠᠢᠳᠠᠯ ᠢ᠋ ᠬᠦᠴᠦᠯᠡᠨ ᠬᠤᠪᠢᠷᠠᠭᠤᠯᠵᠤ ᠂ ᠴᠢᠨᠠᠷ ᠰᠠᠢᠲᠠᠢ ᠬᠥᠭ᠌ᠵᠢᠯᠲᠡ ᠶ᠋ᠢ ᠠᠬᠢᠭᠤᠯᠬᠤ ᠲᠥᠯᠥᠪᠵᠢᠭᠦᠯᠭᠡ ᠲᠦᠷᠦ᠍ ᠶ᠋ᠢᠨ ᠪᠤᠳᠤᠯᠭ᠎ᠠ ᠶ᠋ᠢᠨ ᠱᠢᠰᠲ᠋ᠧᠮ ᠢ᠋ ᠱᠠᠯᠠᠪᠳᠠᠨ ᠪᠠᠢᠭᠤᠯᠪᠠ᠃
ᠱᠢᠨ᠎ᠡ ᠥᠷᠢᠰᠥᠯᠳᠦᠭᠡᠨᠦ ᠡᠮᠦᠨ᠎ᠡ᠂ ᠯᠠᠪᠳᠠᠭᠤᠨ ᠶ᠋ᠢᠡᠷ ᠬᠤᠯᠠ ᠠᠶᠠᠯᠠᠬᠤ ᠶ᠋ᠢ ᠨᠡᠩ ᠴᠢᠬᠤᠯᠠᠴᠢᠯᠠᠨ᠎ᠠ — ᠬᠠᠩᠭᠠᠯᠭ᠎ᠠ ᠶ᠋ᠢᠨ ᠲᠠᠯ᠎ᠠ ᠶ᠋ᠢᠨ ᠪᠦᠲᠦᠴᠡ ᠶ᠋ᠢᠨ ᠴᠢᠨᠠᠷᠲᠠᠢ ᠥᠭᠡᠷᠡᠴᠢᠯᠡᠯᠲᠡ ᠲᠠᠰᠤᠷᠠᠯᠲᠠ ᠦᠭᠡᠢ ᠭᠦᠨᠵᠡᠭᠡᠢᠷᠡᠵᠦ᠍᠂ ᠡᠨᠧᠷᠭᠢ᠂ ᠬᠢᠮᠢ ᠶ᠋ᠢᠨ ᠠᠵᠤ ᠦᠢᠯᠡᠳᠪᠦᠷᠢ ᠵᠡᠷᠭᠡ ᠤᠯᠠᠮᠵᠢᠯᠠᠯᠲᠤ ᠠᠵᠤ ᠦᠢᠯᠡᠰ ᠤ᠋ᠨ ᠬᠡᠯᠪᠡᠷᠢ ᠵᠢ ᠬᠤᠪᠢᠷᠠᠭᠤᠯᠤᠨ ᠳᠡᠰ ᠳᠡᠪᠱᠢᠭᠦᠯᠬᠦ ᠠᠬᠢᠴᠠ ᠲᠦᠷᠭᠡᠳᠴᠦ᠍᠂ ᠲᠣᠭᠠᠴᠢᠯᠠᠭ᠍ᠰᠠᠨᠠᠵᠤ ᠠᠬᠤᠢ ᠵᠡᠷᠭᠡ ᠱᠢᠨ᠎ᠡ ᠪᠡᠷ ᠮᠠᠨᠳᠤᠭ᠍ᠰᠠᠨ ᠠᠵᠤ ᠦᠢᠯᠡᠰ ᠥᠷᠨᠢᠭᠦᠨ ᠬᠥᠭ᠌ᠵᠢᠵᠦ᠍᠂ ᠡᠨᠧᠷᠭᠢ ᠶ᠋ᠢᠨ ᠬᠠᠩᠭᠠᠯᠭ᠎ᠠ ᠶ᠋ᠢᠨ ᠪᠦᠲᠦᠴᠡ ᠲᠠᠰᠤᠷᠠᠯᠲᠠ ᠦᠭᠡᠢ ᠰᠠᠢᠵᠢᠷᠠᠪᠠ᠃
ᠱᠢᠨ᠎ᠡ ᠬᠤᠪᠢᠷᠠᠯᠲᠠ ᠶ᠋ᠢᠨ ᠡᠮᠦᠨ᠎ᠡ᠂ ᠠᠶᠤᠯ ᠲᠦᠭ᠌ᠰᠢᠭᠦᠷᠢ ᠶ᠋ᠢ ᠠᠷᠭᠠᠴᠠᠭᠠᠨ᠎ᠠ — ᠮᠠᠯ ᠠᠵᠤ ᠠᠬᠤᠢ ᠲᠠᠷᠢᠶᠠᠯᠠᠩ ᠤ᠋ᠨ ᠣᠳᠣᠬᠢᠴᠢᠯᠠᠯᠲᠠ ᠶ᠋ᠢᠨ ᠲᠦᠪᠱᠢᠨ ᠲᠠᠰᠤᠷᠠᠯᠲᠠ ᠦᠭᠡᠢ ᠳᠡᠭᠡᠭ᠌ᠰᠢᠯᠡᠵᠦ᠍᠂ 《ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠶ᠋ᠢᠡᠷ ᠥᠪᠥᠷ ᠮᠣᠩᠭᠣᠯ ᠶ᠋ᠢᠡᠨ ᠮᠠᠨᠳᠤᠭᠤᠯᠬᠤ》 ᠠᠵᠢᠯᠯᠠᠭ᠎ᠠ ᠶ᠋ᠢ ᠭᠦᠨᠵᠡᠭᠡᠢ ᠬᠡᠷᠡᠭ᠌ᠵᠢᠭᠦᠯᠵᠦ᠂ ᠵᠠᠮ ᠬᠠᠷᠢᠯᠴᠠᠭ᠎ᠠ᠂ ᠤᠰᠤᠨ ᠠᠱᠢᠭ᠍ᠯᠠᠯᠲᠠ᠂ ᠡᠨᠧᠷᠭᠢ᠂ ᠮᠡᠳᠡᠭᠡ ᠵᠠᠩᠭᠢ ᠵᠡᠷᠭᠡ ᠨᠢᠭᠡ ᠪᠦᠯᠦᠭ ᠴᠢᠬᠤᠯᠠ ᠶᠡᠬᠡ ᠢᠨᠵᠧᠨᠧᠷᠢᠩ ᠢ᠋ ᠨᠠᠢᠳᠠᠪᠤᠷᠢᠵᠢᠭᠤᠯᠤᠨ ᠬᠡᠷᠡᠭ᠌ᠵᠢᠭᠦᠯᠵᠦ᠍᠂ ᠰᠠᠭᠤᠷᠢ ᠲᠥᠬᠥᠭᠡᠷᠦᠮᠵᠢ ᠶ᠋ᠢᠨ ᠲᠤᠯᠭᠠᠭᠤᠷᠢᠯᠠᠨ ᠪᠠᠲᠤᠯᠠᠬᠤ ᠴᠢᠳᠠᠪᠤᠷᠢ ᠲᠠᠰᠤᠷᠠᠯᠲᠠ ᠦᠭᠡᠢ ᠴᠢᠩᠭᠠᠷᠠᠪᠠ᠃
ᠶᠡᠬᠡ ᠲᠠᠯ᠎ᠠ ᠶ᠋ᠢ ᠪᠣᠳᠣᠯᠬᠢᠯᠠᠵᠤ᠂ ᠥᠨᠳᠥᠷᠭᠠᠷᠤᠭᠠ ᠡᠴᠡ ᠬᠦᠴᠦᠯᠡᠨ᠎ᠠ᠃ 《ᠪᠠᠢᠬᠤ ᠡᠰᠡᠬᠦ᠌》 ᠡᠴᠡ《ᠰᠠᠢ᠌ᠨ ᠡᠰᠡᠬᠦ᠌》 ᠲᠡᠢᠰᠢ ᠱᠢᠯᠵᠢᠨ᠂ 《ᠲᠤᠭ᠎ᠠ ᠬᠡᠮᠵᠢᠶ᠎ᠠ ᠶ᠋ᠢᠨ ᠬᠤᠷᠠᠮᠳᠤᠯ》 ᠡᠴᠡ 《ᠶᠠᠰᠤ ᠴᠢᠨᠠᠷ ᠤ᠋ᠨ ᠳᠡᠭᠡᠭ᠌ᠰᠢᠯᠡᠯᠳᠠ》 ᠲᠡᠢᠰᠢ ᠱᠢᠯᠵᠢᠵᠤ᠂ ᠦᠪᠤᠷ ᠮᠤᠩᠭᠤᠯ ᠳ᠋ᠤ ᠤᠯᠤᠰ ᠤ᠋ᠨ ᠡᠨᠧᠷᠭᠢ ᠶ᠋ᠢᠨ ᠠᠮᠤᠷ ᠲᠦᠪᠱᠢᠨ᠂ ᠠᠮᠤ ᠪᠤᠳᠠᠭᠠᠨ ᠤ᠋ ᠠᠮᠤᠷ ᠲᠦᠪᠱᠢᠨ᠂ ᠠᠵᠤ ᠦᠢᠯᠡᠰ ᠤ᠋ᠨ ᠠᠮᠤᠷ ᠲᠦᠪᠱᠢᠨ ᠢ᠋ ᠪᠠᠲᠤᠯᠠᠬᠤ ᠴᠢᠬᠤᠯᠠ ᠶᠡᠬᠡ ᠤᠯᠤᠰ ᠲᠦᠷᠦ᠍ ᠶ᠋ᠢᠨ ᠬᠠᠷᠢᠭᠤᠴᠠᠯᠭ᠎ᠠ ᠪᠡᠨ ᠰᠠᠢᠲᠤᠷ ᠭᠦᠢᠴᠡᠳᠭᠡᠬᠦ᠌ ᠰᠠᠭᠤᠷᠢ ᠲᠠᠢ ᠪᠦᠭᠡᠳ ᠴᠢᠳᠠᠪᠤᠷᠢ ᠲᠠᠢ ᠶᠤᠮ᠃
ᠬᠤᠷᠳᠤᠴᠠ— ᠬᠡᠯᠪᠡᠷᠢ ᠶ᠋ᠢᠨ ᠬᠤᠪᠢᠷᠠᠯᠲᠠ ᠲᠦᠷᠭᠡᠰᠴᠤ᠂ ᠪᠦᠲᠦᠴᠡ ᠱᠢᠯᠢᠳᠡᠭ᠌ᠵᠢᠨ᠂ ᠯᠠᠪᠳᠠᠭᠤᠨ ᠪᠠᠲᠤᠲᠠᠶ ᠪᠡᠷ ᠠᠵᠢᠯᠯᠠᠬᠤ ᠳᠤᠮᠳᠠ ᠳᠡᠰ ᠳᠡᠪᠱᠢᠨᠠ
ᠣᠷᠳᠣᠰ ᠤ᠋ᠨ ᠳ᠋ᠠ ᠯᠦ᠍ ᠠᠵᠤ ᠦᠶ᠋ᠯᠡᠳᠪᠦᠷᠢ ᠶ᠋ᠢᠨ ᠬᠦᠷᠢᠶᠡᠯᠡᠩ ᠲᠣᠭᠣᠷᠢᠭ ᠲᠦ᠍ 600 ᠭᠠᠷᠤᠶ ᠮᠧᠲ᠋ᠷ ᠣᠷᠳᠣ ᠨᠢᠭᠡᠨ ᠬᠣᠭᠣᠯᠠᠶ ᠤᠭᠳᠠᠷᠭᠤᠢ ᠳ᠋ᠤ ᠬᠥᠨᠳᠡᠯᠢᠰᠴᠦ᠍᠂ ᠨᠢᠭᠡ ᠲᠠᠯ᠎ᠠ ᠨᠢ ᠢ ᠲᠡᠶ ᠨᠡᠭᠦᠷᠡᠰᠦ ᠪᠡᠷ ᠰᠢᠳᠠᠮᠠᠬᠠᠢ ᠲᠤᠰᠤ ᠦᠢᠯᠡᠳᠬᠦ ᠺᠣᠮᠫᠠᠨᠢ ᠶ᠋ᠢᠨ ᠦᠶ᠋ᠯᠡᠳᠪᠦᠷᠢ ᠶ᠋ᠢᠨ ᠲᠣᠭᠣᠷᠢᠭ ᠲᠦ᠍ ᠬᠦᠷᠴᠦ᠂ ᠨᠥᠭᠥᠭᠡ ᠲᠠᠯ᠎ᠠ ᠨᠢ ᠥᠪᠥᠷ ᠮᠣᠩᠭᠣᠯ ᠤ᠋ᠨ ᠶᠤᠸᠠᠨ ᠵᠢᠶ ᠬᠢᠮᠢ ᠶ᠋ᠢᠨ ᠠᠵᠤ ᠦᠶ᠋ᠯᠡᠳᠪᠦᠷᠢ ᠶ᠋ᠢᠨ ᠬᠢᠵᠠᠭᠠᠷᠲᠤ ᠺᠣᠮᠫᠠᠨᠢ ᠶ᠋ᠢᠨ ᠦᠶ᠋ᠯᠡᠳᠪᠦᠷᠢᠯᠡᠯ ᠤ᠋ᠨ ᠲᠠᠰᠤᠭ ᠲᠠᠢ ᠵᠠᠯᠭᠠᠯᠳᠤᠨ᠎ᠠ᠃
ᠮᠠᠱᠢᠨ ᠬᠦᠷᠴᠢᠭᠢᠨᠡᠨ ᠬᠥᠳᠡᠯᠬᠦ ᠪᠡᠷ᠂ ᠢ ᠲᠡᠶ ᠨᠡᠭᠦᠷᠡᠰᠦ ᠪᠡᠷ ᠰᠢᠳᠠᠮᠠᠬᠠᠢ ᠲᠤᠰᠤ ᠦᠢᠯᠡᠳᠬᠦ ᠺᠣᠮᠫᠠᠨᠢ ᠶ᠋ᠢᠨ ᠦᠶ᠋ᠯᠡᠳᠪᠦᠷᠢᠯᠡᠭ᠌ᠰᠡᠨ F—T ᠨᠡᠢᠯᠡᠯᠭᠡ ᠯᠠ ᠡᠨᠡ ᠬᠦ᠌ ᠬᠣᠭᠣᠯᠠᠶ ᠪᠡᠷ ᠳᠠᠮᠵᠢᠨ ᠥᠪᠥᠷ ᠮᠣᠩᠭᠣᠯ ᠤ᠋ᠨ ᠶᠤᠸᠠᠨ ᠵᠢᠶ ᠬᠢᠮᠢ ᠶ᠋ᠢᠨ ᠠᠵᠤ ᠦᠶ᠋ᠯᠡᠳᠪᠦᠷᠢ ᠶ᠋ᠢᠨ ᠬᠢᠵᠠᠭᠠᠷᠲᠤ ᠺᠣᠮᠫᠠᠨᠢ ᠳ᠋ᠤ ᠲᠠᠰᠤᠷᠠᠯᠳᠠ ᠦᠭᠡᠢ ᠬᠦᠷᠭᠡᠭ᠌ᠳᠡᠵᠦ᠍᠂ ᠭᠦᠨ ᠳᠠᠪᠬᠤᠷᠭ᠎ᠠ ᠶ᠋ᠢᠨ ᠱᠢᠶ᠋ᠳᠪᠦᠷᠢᠯᠡᠯᠲᠡ ᠪᠡᠷ ᠳᠡᠮᠵᠢᠨ F—T ᠨᠡᠢᠯᠡᠯᠭᠡ ᠯᠡ ᠵᠢ 10 ᠭᠠᠷᠤᠶ ᠵᠦᠶ᠋ᠯ ᠤ᠋ᠨ ᠨᠠᠷᠢᠯᠢᠭ ᠡᠳ᠋ᠰᠢᠭᠦᠯᠦᠭᠰᠡᠨ ᠯᠠᠪ ᠤ᠋ᠨ ᠦᠶ᠋ᠯᠡᠳᠬᠦᠨ ᠪᠤᠯᠭᠠᠨ᠎ᠠ᠃
ᠲᠡᠬᠡᠬᠦ ᠳ᠋ᠤ ᠡᠨᠡ ᠪᠤᠯ ᠡᠳᠡᠭᠡᠷ ᠨᠠᠷᠢᠯᠢᠭ ᠯᠠ ᠵᠢᠨ ᠦᠢᠯᠡᠳᠭᠦᠨᠦ ᠡᠴᠦᠰ ᠤ᠋ᠨ《ᠭᠡᠷ》 ᠪᠢᠰᠢ ᠶᠤᠮ᠂ ᠬᠡᠳᠦᠨ ᠺᠢᠯᠤᠮᠸᠲᠷ ᠤ᠋ᠨ ᠴᠠᠭᠠᠨ᠎ᠠ ᠥᠪᠥᠷ ᠮᠣᠩᠭᠣᠯ ᠤ᠋ᠨ ᠶᠣᠣ ᠶᠤᠸᠠᠨ ᠮᠠᠲᠧᠷᠢᠶᠠᠯ ᠤ᠋ᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠡᠴᠡ ᠡᠳᠡᠭᠡᠷ ᠨᠠᠷᠢᠯᠢᠭ ᠯᠠ ᠶ᠋ᠢᠨ ᠦᠢᠯᠡᠳᠭᠦᠨ ᠢ᠋ ᠭᠣᠮ ᠰᠦᠯᠢᠶᠣᠣ ᠶ᠋ᠢᠨ ᠦᠢᠯᠡᠳᠪᠦᠷᠢᠯᠡᠯ ᠤ᠋ᠨ ᠲᠦᠭᠦᠬᠡᠢ ᠮᠠᠲ᠋ᠧᠷᠢᠶᠠᠯ ᠪᠣᠯᠭᠠᠨ᠎ᠠ᠃
ᠠᠵᠤ ᠦᠢᠯᠡᠰ ᠤ᠋ᠨ ᠬᠡᠯᠬᠢᠶ᠎ᠠ ᠪᠡᠨ ᠡᠢᠨ ᠬᠦ᠌ ᠳᠠᠬᠢᠨ ᠳᠠᠪᠳᠠᠨ ᠤᠷᠲᠤᠳᠭᠠᠭ᠍ᠰᠠᠨ ᠶ᠋ᠢᠡᠷ᠂ ᠢ ᠲᠡᠶ ᠨᠡᠭᠦᠷᠡᠰᠦ ᠪᠡᠷ ᠰᠢᠳᠠᠮᠠᠬᠠᠢ ᠲᠣᠰᠣ ᠦᠶ᠋ᠯᠡᠳᠬᠦ᠌ ᠺᠤᠮᠫᠠᠨᠢ᠂ ᠶᠤᠸᠠᠨ ᠵᠢᠶ ᠬᠢᠮᠢ ᠶ᠋ᠢᠨ ᠠᠵᠤ ᠦᠶ᠋ᠯᠡᠳᠪᠦᠷᠢ ᠶ᠋ᠢᠨ ᠬᠢᠵᠠᠭᠠᠷᠳᠦ ᠺᠤᠮᠫᠠᠨᠢ᠂ ᠶᠣᠣ ᠶᠤᠸᠠᠨ ᠮᠠᠲ᠋ᠧᠷᠢᠶᠠᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠳᠦ ᠺᠤᠮᠫᠠᠨᠢ ᠨᠢᠭᠡᠨ《ᠲᠡᠭᠦᠰ ᠰᠠᠢᠬᠠᠨ》ᠨᠡᠭᠦᠷᠡᠰᠦ ᠶ᠋ᠢ ᠨᠠᠷᠢᠯᠢᠭ ᠡᠳ᠋ᠱᠢᠭᠦᠯᠬᠦ᠌ ᠠᠵᠤ ᠦᠶ᠋ᠯᠡᠰ ᠤ᠋ᠨ ᠬᠡᠯᠬᠢᠶ᠎ᠡ ᠶ᠋ᠢ ᠪᠣᠶ ᠪᠣᠯᠭᠠᠵᠤ᠂ ᠡᠪ ᠡᠩ ᠤ᠋ᠨ ᠨᠡᠭᠦᠷᠡᠰᠦ ᠨᠢ ᠱᠠᠲᠤ ᠱᠠᠲᠤ ᠪᠡᠷ ᠬᠤᠪᠢᠷᠠᠨ ᠲᠠᠰ ᠳᠡᠪᠱᠢᠭᠦ ᠪᠡᠷ ᠳᠡᠮᠵᠢᠨ ᠦᠴᠦᠬᠡᠨ ᠴᠦ᠍ ᠪᠦᠷᠢᠯᠭᠡᠯ ᠦᠭᠡᠢ ᠠᠰᠢᠭᠯᠠᠭᠳᠠᠵᠤ᠂ ᠦᠨ᠎ᠡ ᠬᠠᠩᠰᠢ ᠨᠢ ᠶᠠᠪᠤᠬᠤ ᠲᠤᠳᠤᠮ ᠦᠨᠳᠦᠷ ᠪᠤᠯᠵᠤ ᠪᠠᠢᠨ᠎ᠠ᠃
ᠨᠡᠭᠦᠷᠡᠰᠦᠨ ᠳ᠋ᠤ ᠰᠠᠭᠤᠷᠢᠯᠠᠨ᠎ᠠ᠂ ᠨᠡᠭᠦᠷᠡᠰᠦᠨ ᠤ᠋ ᠠᠵᠤ ᠦᠢᠯᠡᠰ ᠤ᠋ᠨ ᠬᠡᠯᠬᠢᠶ᠎ᠠ ᠵᠢ ᠤᠷᠲᠤᠳᠭᠠᠨᠠ᠂ ᠣᠷᠳᠣᠰ ᠬᠣᠲᠠ ᠶ᠋ᠢᠨ ᠬᠢᠨ ᠠᠵᠤ ᠦᠶ᠋ᠯᠡᠰ ᠤ᠋ᠨ ᠬᠡᠯᠬᠢᠶ᠎ᠡ ᠶ᠋ᠢ ᠬᠦᠴᠦᠷᠬᠡᠭᠵᠢᠭᠦᠯᠬᠦ᠂ ᠠᠵᠤ ᠦᠢᠯᠡᠰ ᠤ᠋ᠨ ᠬᠡᠯᠬᠢᠶ᠎ᠡ ᠶ᠋ᠢ ᠨᠥᠬᠥᠪᠥᠷᠢᠯᠡᠬᠦ᠌᠂ ᠠᠵᠤ ᠦᠢᠯᠡᠰ ᠤ᠋ᠨ ᠬᠡᠯᠬᠢᠶ᠎ᠡ ᠶ᠋ᠢ ᠤᠷᠲᠤᠳᠭᠠᠬᠤ ᠪᠡᠷ ᠳᠠᠮᠵᠢᠨ ᠨᠡᠭᠦᠷᠡᠰᠦ ᠪᠡᠷ ᠰᠠᠭᠤᠷᠢ ᠪᠣᠯᠭᠠᠭ᠍ᠰᠠᠨ᠂ ᠠᠵᠤ ᠦᠶ᠋ᠯᠡᠰ ᠤ᠋ᠨ ᠬᠡᠯᠬᠢᠶ᠎ᠡ ᠶ᠋ᠢᠨ ᠡᠴᠤᠰ ᠤ᠋ᠨ ᠦᠢᠯᠡᠳᠭᠦᠨ ᠲᠡᠢᠰᠢ ᠦᠷᠭᠡᠳᠭᠡᠭᠰᠡᠨ ᠳᠡᠭᠡᠳᠦ ᠳᠡᠰᠵᠢᠭᠰᠡᠨ᠂ ᠴᠢᠨᠠᠷ ᠰᠠᠢᠲᠠᠶ᠂ ᠳᠡᠭᠡᠳᠦ ᠱᠢᠨ᠎ᠡ ᠮᠡᠷᠭᠡᠵᠢᠯ ᠤ᠋ᠨ ᠡᠷᠬᠢᠯᠳᠡᠳᠦ ᠠᠵᠤ ᠦᠶ᠋ᠯᠡᠰ ᠤ᠋ᠨ ᠬᠡᠯᠬᠢᠶ᠎ᠡ ᠶ᠋ᠢ ᠪᠠᠢᠭᠤᠯᠵᠠᠢ᠃
ᠣᠷᠳᠣᠰ ᠤ᠋ᠨ ᠠᠵᠤ ᠦᠶ᠋ᠯᠡᠰ ᠤ᠋ᠨ《ᠭᠤᠢᠳᠠ ᠰᠠᠢᠬᠠᠨ ᠰᠢᠨᠡᠴᠢᠯᠡᠯᠳᠡ》 ᠡᠴᠡ ᠥᠪᠥᠷ ᠮᠣᠩᠭᠣᠯ ᠤ᠋ᠨ ᠪᠦᠲᠦᠴᠡ ᠪᠡᠨ ᠲᠣᠬᠢᠷᠠᠭᠤᠯᠤᠭᠰᠠᠨ᠂ ᠪᠠᠢᠷᠢᠰᠢᠭᠤᠯᠤᠯᠳᠠ ᠪᠡᠨ ᠰᠢᠯᠢᠳᠡᠭᠵᠢᠭᠦᠯᠦᠭᠰᠡᠨ᠂ ᠠᠵᠤ ᠠᠬᠤᠢᠯᠠᠯ ᠢ᠋ ᠳᠡᠳᠬᠦᠭᠰᠡᠨ᠂ ᠠᠵᠤ ᠦᠢᠯᠡᠰ ᠤ᠋ᠨ ᠬᠡᠯᠬᠢᠶ᠎ᠡ ᠶ᠋ᠢ ᠬᠦᠴᠦᠷᠬᠡᠭᠵᠢᠭᠦᠯᠦᠭᠰᠡᠨ ᠯᠠᠪᠳᠠᠭᠤᠨ ᠪᠠᠲᠤᠲᠠᠶ ᠤᠯᠠ ᠮᠥᠷ ᠢ᠋ ᠲᠣᠳᠣᠷᠬᠠᠶ ᠣᠯᠵᠤ ᠬᠠᠷᠠᠬᠤ ᠰᠠᠨ᠃
ᠠᠵᠤ ᠦᠢᠯᠡᠰ ᠤ᠋ᠨ ᠬᠡᠯᠬᠢᠶ᠎ᠡ ᠵᠢ ᠡᠴᠤᠰ ᠤ᠋ᠨ ᠦᠢᠯᠡᠳᠭᠦᠨ ᠲᠡᠢᠰᠢ ᠤᠷᠲᠤᠳᠭᠠᠵᠤ᠂ ᠦᠷᠳᠡᠭ ᠤ᠋ᠨ ᠬᠡᠯᠬᠢᠶ᠎ᠡ ᠵᠢ ᠳᠤᠮᠳᠠ ᠳᠡᠭᠡᠳᠦ ᠲᠦᠪᠱᠢᠨ ᠲᠡᠢᠰᠢ ᠳᠡᠭᠡᠭ᠌ᠰᠢᠯᠡᠭᠦᠯᠦᠨᠡ᠃ ᠡᠬᠢ ᠪᠠᠶᠠᠯᠢᠭ ᠢ᠋ ᠨᠡᠭᠡᠭᠡᠨ ᠠᠰᠢᠬᠯᠠᠬᠤ ᠪᠦᠳᠦᠭᠦᠯᠢᠭ ᠬᠡᠯᠪᠡᠷᠢ ᠵᠢ ᠬᠤᠪᠢᠷᠠᠭᠤᠯᠬᠤ᠂ ᠠᠵᠤ ᠦᠢᠯᠡᠰ ᠤ᠋ᠨ ᠬᠡᠯᠬᠢᠶ᠎ᠡ ᠵᠢ ᠤᠷᠲᠤᠳᠭᠠᠵᠤ ᠱᠢᠯᠢᠳᠡᠭ᠌ᠵᠢᠭᠦᠯᠦᠨ ᠳᠡᠰ ᠳᠡᠪᠱᠢᠭᠦᠯᠬᠦ᠌᠂ ᠤᠯᠤᠰ ᠤ᠋ᠨ ᠡᠨᠧᠷᠭᠢ ᠵᠢᠨ ᠠᠮᠤᠷ ᠲᠦᠪᠱᠢᠨ᠂ ᠠᠮᠤ ᠪᠤᠳᠠᠭᠠᠨ ᠤ᠋ ᠠᠮᠤᠷ ᠲᠦᠪᠱᠢᠨ᠂ ᠠᠵᠤ ᠦᠢᠯᠡᠰ ᠤ᠋ᠨ ᠠᠮᠤᠷ ᠲᠦᠪᠱᠢᠨ ᠢ᠋ ᠪᠠᠲᠤᠯᠠᠬᠤ ᠳᠠᠢᠯᠠᠯᠳᠤᠭᠠᠨ ᠥᠪᠥᠷ ᠮᠣᠩᠭᠣᠯ ᠳ᠋ᠦ ᠦᠷᠨᠢᠨ ᠶᠠᠪᠤᠬᠳᠠᠨ᠎ᠠ —
ᠱᠢᠨ᠎ᠡ ᠡᠨᠧᠷᠭᠢ ᠵᠢᠨ ᠪᠦᠬᠦ᠌ ᠠᠵᠤ ᠦᠢᠯᠡᠰ ᠤ᠋ᠨ ᠬᠡᠯᠬᠢᠶ᠎ᠡ ᠵᠢᠨ ᠬᠥᠭ᠌ᠵᠢᠯᠲᠡ ᠪᠡᠷ ᠱᠢᠪᠲᠤᠯᠤᠯᠲᠠ ᠵᠢᠨ ᠴᠡᠭ ᠪᠠ ᠭᠠᠷᠳᠠᠴᠠ ᠪᠣᠯᠭᠠᠵᠤ᠂ ᠡᠨᠧᠷᠭᠢ ᠪᠠ ᠪᠠᠢᠯᠳᠤᠬᠤ ᠪᠤᠳᠤᠯᠭ᠎ᠠ ᠵᠢᠨ ᠡᠬᠢ ᠪᠠᠶᠠᠯᠢᠭ ᠤ᠋ᠨ ᠰᠠᠭᠤᠷᠢᠨ ᠤ᠋ ᠪᠣᠬᠢᠷᠲᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠬᠡᠯᠪᠡᠷᠢ ᠳᠡᠢᠰᠢ ᠬᠤᠪᠢᠷᠠᠬᠤ ᠵᠢ ᠠᠬᠢᠭᠤᠯᠤᠨ᠎ᠠ᠃
ᠱᠢᠨ᠎ᠡ ᠬᠡᠯᠪᠡᠷᠢ ᠵᠢᠨ ᠠᠵᠤ ᠦᠶ᠋ᠯᠡᠳᠪᠦᠷᠢᠵᠢᠯᠲᠡ ᠪᠡᠷ ᠮᠠᠯ ᠠᠵᠤ ᠠᠬᠤᠢ ᠲᠠᠷᠢᠶᠠᠯᠠᠩ ᠤ᠋ᠨ ᠣᠳᠣᠬᠢᠴᠢᠯᠠᠯᠲᠠ ᠵᠢ ᠠᠬᠢᠭᠤᠯᠵᠤ᠂ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨᠦ ᠦᠶ᠋ᠯᠡᠳᠪᠦᠷᠢᠯᠡᠯ ᠤ᠋ᠨ ᠰᠠᠭᠤᠷᠢᠨ ᠤ᠋ ᠴᠢᠨᠠᠷ ᠰᠠᠢᠲᠠᠶ ᠥᠨᠳᠥᠷ ᠦᠷ᠎ᠡ ᠠᠱᠢᠭᠳᠠᠢᠳᠡᠢᠰᠢ ᠬᠡᠯᠪᠡᠷᠢ ᠪᠡᠨ ᠬᠤᠪᠢᠷᠠᠭᠤᠯᠬᠤ ᠵᠢ ᠠᠬᠢᠭᠤᠯᠤᠨ᠂ ᠣᠷᠣᠨ ᠪᠦᠰᠡ ᠵᠢᠨ ᠬᠠᠩᠭᠠᠯᠭ᠎ᠠ ᠵᠢᠨ ᠱᠢᠰᠲ᠋ᠧᠮ ᠤ᠋ᠨ ᠶᠠᠰᠤ ᠴᠢᠨᠠᠷ ᠪᠠ ᠲᠦᠪᠰᠢᠨ ᠢ᠋ ᠲᠠᠰᠤᠷᠠᠯᠲᠠ ᠥᠬᠡᠶ ᠳᠡᠭᠡᠭ᠌ᠰᠢᠯᠡᠭᠦᠯᠦᠨᠡ᠃
ᠬᠠᠩᠭᠠᠯᠭ᠎ᠠ ᠵᠢᠨ ᠲᠠᠯ᠎ᠠ ᠵᠢᠨ ᠪᠦᠲᠦᠴᠡ ᠵᠢᠨ ᠴᠢᠨᠠᠷᠲᠠᠢ ᠥᠭᠡᠷᠡᠴᠢᠯᠡᠯᠲᠡ ᠵᠢᠨ ᠭᠣᠣᠯ ᠱᠢᠵᠢᠮ ᠢ᠋ ᠴᠢᠩᠭ᠎ᠠ ᠠᠳᠭᠤᠵᠤ᠂ ᠠᠵᠤ ᠦᠢᠯᠡᠳᠪᠦᠷᠢ ᠵᠢᠨ ᠬᠠᠩᠭᠠᠯᠭ᠎ᠠ ᠵᠢᠨ ᠪᠦᠲᠦᠴᠡ ᠵᠢ ᠱᠢᠯᠢᠳᠡᠭ᠌ᠵᠢᠭᠦᠯᠦᠨ᠂ ᠱᠢᠨ᠎ᠡ ᠬᠠᠭᠤᠴᠢᠨ ᠬᠥᠳᠡᠯᠭᠡᠬᠦ ᠡᠨᠧᠷᠬᠢ ᠶ᠋ᠢᠨ ᠰᠣᠯᠢᠭ᠍ᠳᠠᠯ ᠢ᠋ ᠲᠦᠷᠭᠡᠳᠭᠡᠵᠦ᠍᠂ ᠦᠢᠯᠡᠳᠬᠦ᠌ ᠦᠢᠯᠡᠰ ᠤ᠋ᠨ ᠳᠡᠭᠡᠳᠦ ᠲᠡᠰᠵᠢᠭᠰᠡᠨ᠂ ᠤᠶᠤᠨᠴᠢᠯᠠᠭᠰᠠᠨ᠂ ᠪᠣᠬᠢᠷᠲᠤᠯ ᠦᠭᠡᠢ ᠥᠭᠡᠷᠡᠴᠢᠯᠡᠯᠲᠡ ᠵᠢ ᠲᠦᠷᠭᠡᠳᠭᠡᠨ᠂ ᠢᠯᠠᠩᠭᠤᠶ᠎ᠠ ᠱᠢᠨ᠎ᠡ ᠡᠨᠧᠷᠭᠢ ᠵᠢ ᠬᠥᠭ᠌ᠵᠢᠭᠦᠯᠬᠦ᠌ ᠪᠡᠷ ᠲᠣᠬᠢᠶᠠᠯ ᠪᠣᠯᠭᠠᠨ ᠲᠣᠨᠣᠭ᠍ᠯᠠᠯ ᠦᠢᠯᠡᠳᠬᠦ᠌ ᠦᠢᠯᠡᠰ ᠢ᠋ ᠠᠯᠢ ᠲᠦᠷᠭᠡᠨ ᠶ᠋ᠢᠡᠷ ᠪᠤᠵᠠᠭᠠᠢᠷᠠᠭᠤᠯᠤᠨ ᠬᠦᠴᠦᠷᠬᠡᠭ᠌ᠵᠢᠭᠦᠯᠦᠨᠠ᠃
ᠤᠷᠢᠳᠠᠴᠢ ᠴᠢᠨᠠᠷᠲᠠᠢ ᠪᠣᠳᠣᠯᠬᠢᠯᠠᠵᠤ᠂ ᠪᠦᠬᠦ᠌ ᠲᠠᠯ᠎ᠠ ᠵᠢᠨ ᠴᠢᠨᠠᠷᠲᠠᠢ ᠲᠥᠯᠥᠪᠵᠢᠭᠦᠯᠦᠨ᠂ ᠪᠠᠢᠯᠳᠤᠬᠤ ᠪᠤᠳᠤᠯᠭ᠎ᠠ ᠵᠢᠨ ᠴᠢᠨᠠᠷᠲᠠᠢ ᠪᠠᠢᠷᠢᠱᠢᠭᠤᠯᠵᠤ᠂ ᠪᠦᠬᠦᠯᠢ ᠴᠣᠭ᠍ᠴᠠ ᠪᠡᠷ ᠠᠬᠢᠭᠤᠯᠤᠨ᠂ ᠬᠡᠯᠪᠡᠷᠢ ᠵᠢ ᠬᠤᠪᠢᠷᠠᠭᠤᠯᠬᠤ ᠵᠠᠮ ᠬᠢᠵᠠᠭᠠᠷ ᠦᠭᠡᠢ ᠦᠷᠭᠡᠨ ᠠᠭᠤᠳᠠᠮ ᠪᠠᠢᠨ᠎ᠠ᠃
ᠬᠡᠯᠪᠡᠷᠢ ᠵᠢ ᠬᠤᠪᠢᠷᠠᠭᠤᠯᠤᠭ᠍ᠰᠠᠨ ᠡᠴᠡ ᠪᠤᠭᠤᠲᠤ ᠬᠣᠲᠠ ᠬᠡᠷᠡᠯᠴᠢ ᠴᠡᠨᠡᠭ ᠶ᠋ᠢᠡᠷ ᠴᠠᠬᠢᠯᠭᠠᠨ ᠭᠠᠷᠭᠠᠬᠤ ᠵᠡᠷᠭᠡ ᠬᠦᠷᠢᠶᠡᠨ ᠳ᠋ᠡᠬᠢ ᠮᠠᠰᠢ ᠣᠯᠠᠨ ᠰᠢᠨ᠎ᠡ ᠬᠡᠯᠪᠡᠷᠢ ᠵᠢᠨ ᠠᠵᠤ ᠠᠬᠤᠢᠯᠠᠯ ᠲᠠᠢ ᠬᠠᠮᠳᠤᠷᠠᠯᠴᠠᠭ᠎ᠠ ᠲᠣᠭ᠍ᠲᠠᠵᠤ᠂ ᠲᠦᠩ ᠸᠧᠶ ᠴᠡᠪᠡᠷᠴᠡ ᠰᠠᠢᠲᠠᠶ ᠲᠠᠯᠠᠰᠲᠤ ᠴᠠᠬᠢᠭᠤᠷ ᠵᠡᠷᠭᠡ ᠨᠢᠭᠡ ᠪᠦᠯᠦᠭ ᠱᠢᠨ᠎ᠡ ᠡᠨᠧᠷᠭᠢ ᠵᠢᠨ ᠲᠥᠷᠥᠯ ᠵᠦᠶ᠋ᠯ ᠢ᠋ ᠣᠷᠣᠭᠤᠯᠤᠨ ᠠᠪᠴᠢᠷᠠᠵᠤ᠂ ᠶᠠᠭ ᠰᠠᠶᠢᠬᠠᠨ ᠪᠥᠬᠥ᠌ ᠤᠯᠤᠰ ᠤ᠋ᠨ ᠱᠢᠨ᠎ᠡ ᠡᠨᠧᠷᠭᠢ ᠵᠢᠨ ᠠᠵᠤ ᠦᠶ᠋ᠯᠡᠰ ᠤ᠋ᠨ ᠴᠢᠬᠤᠯᠠ ᠪᠦᠯᠦᠭ᠌ᠵᠢᠯ ᠤ᠋ᠨ ᠭᠠᠵᠠᠷ ᠪᠤᠯᠤᠨ ᠪᠦᠷᠢᠯᠳᠦᠵᠤ ᠪᠠᠢᠨ᠎ᠠ᠃
ᠬᠡᠯᠪᠡᠷᠢ ᠵᠢ ᠬᠤᠪᠢᠷᠠᠭᠤᠯᠤᠭ᠍ᠰᠠᠨ ᠡᠴᠡ ᠤᠷᠳᠤᠰ ᠬᠤᠳᠠ ᠵᠢᠨ ᠬᠢᠨ ᠡᠵᠡᠨ ᠬᠣᠷᠣᠭ᠎ᠠ ᠬᠣᠱᠢᠭᠤᠨ ᠤ᠋ ᠤᠯᠠᠭᠠᠨᠮᠦ᠋ᠷᠡᠨ ᠪᠠᠯᠭᠠᠰᠤ ᠵᠢᠨ ᠬᠠᠷᠢᠶ᠎ᠠ ᠣᠷᠣᠨ ᠳ᠋ᠠᠬᠢ 270 ᠱᠢᠬᠠᠮ ᠲᠡᠭ᠌ᠰᠢ ᠳᠥᠷᠪᠡᠯᠵᠢᠨ ᠺᠢᠯᠤᠮᠸᠲᠷ ᠤ᠋ᠨ ᠨᠡᠭᠦᠷᠡᠰᠦ ᠮᠠᠯᠲᠠᠬᠰᠠᠨ ᠡᠴᠡ ᠳᠤᠷᠤᠬᠰᠢ ᠰᠠᠭᠤᠬᠰᠠᠨ ᠣᠷᠣᠨ ᠪᠣᠯᠤᠨ ᠲᠠᠬᠢᠨ ᠬᠠᠭᠠᠯᠪᠤᠷᠢᠯᠠᠬᠤ ᠣᠷᠣᠨ ᠳ᠋ᠦ ᠪᠣᠬᠢᠷᠲᠤᠯ ᠦᠭᠡᠢ ᠠᠭᠤᠷᠬᠠᠢ ᠵᠢᠨ ᠪᠦᠳᠦᠭᠡᠨ ᠪᠠᠢᠭᠤᠯᠤᠯᠲᠠ ᠬᠢᠵᠦ᠍᠂ ᠬᠠᠯᠴᠠᠭᠠᠢ ᠬᠤᠪᠠᠬᠠᠢ ᠠᠭᠤᠯᠠ ᠵᠢ ᠴᠡᠪᠡᠷ ᠡᠨᠧᠷᠭᠢ ᠵᠢᠨ ᠦᠢᠯᠡᠳᠪᠦᠷᠢᠯᠡᠯ ᠤ᠋ᠨ ᠰᠠᠭᠤᠷᠢᠨ ᠪᠣᠯᠤᠨ ᠬᠥᠳᠡᠭᠡ ᠲᠣᠰᠭᠣᠨ ᠤ᠋ ᠵᠢᠭᠤᠯᠴᠢᠯᠠᠯ ᠤ᠋ᠨ ᠭᠠᠵᠠᠷ ᠪᠣᠯᠭᠠᠨ ᠬᠤᠪᠢᠷᠠᠭᠤᠯᠪᠠ᠃
ᠬᠡᠯᠪᠡᠷᠢ ᠵᠢ ᠬᠤᠪᠢᠷᠠᠭᠤᠯᠤᠭ᠍ᠰᠠᠨ ᠡᠴᠡ ᠲᠠᠯ᠎ᠠ ᠨᠤᠲᠤᠭ ᠤ᠋ᠨ ᠮᠢᠬᠠᠨ ᠤ᠋ ᠬᠣᠨᠢ᠂ ᠨᠡᠷᠡᠨ ᠬᠤᠸᠠᠷ ᠤ᠋ᠨ ᠠᠵᠤ ᠦᠶ᠋ᠯᠡᠰ ᠤᠯᠤᠰ ᠤ᠋ᠨ ᠲᠠᠰ ᠤ᠋ᠨ ᠦᠪᠡᠷᠮᠢᠴᠡ ᠤᠨᠴᠠᠯᠢᠭ ᠲᠠᠢ ᠳᠠᠪᠠᠭᠤᠯᠢᠭᠳᠤ ᠠᠵᠤ ᠦᠶ᠋ᠯᠡᠰ ᠤ᠋ᠨ ᠪᠦᠯᠦᠭ᠌ᠵᠢᠯ ᠳ᠋ᠤ ᠣᠷᠣᠵᠤ᠂《ᠲᠩᠷᠢ ᠵᠢᠨ ᠬᠡᠱᠢᠭ᠌ᠲᠦ ᠪᠣᠷᠣᠲᠣᠬᠣᠶ》ᠵᠢᠨ ᠪᠣᠬᠢᠷᠲᠤᠯ ᠥᠬᠡᠶ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠨᠢ ᠡᠯᠧᠺᠲ᠋ᠷᠣᠨ ᠬᠤᠳᠠᠯᠳᠤᠭ᠎ᠠ ᠪᠡᠷ 90 ᠭᠠᠷᠤᠶ ᠤᠯᠤᠰ ᠪᠠ ᠭᠠᠵᠠᠷ ᠣᠷᠣᠨ ᠳ᠋ᠦ ᠪᠣᠷᠣᠯᠠᠭᠤᠯᠭ᠎ᠠ ᠰᠠᠢᠲᠠᠶ ᠪᠣᠯᠵᠣ ᠂ ᠮᠠᠯ ᠠᠵᠤ ᠠᠬᠤᠶ ᠲᠠᠷᠢᠶᠠᠯᠠᠩ ᠤ᠋ᠨ ᠣᠳᠣᠬᠢᠴᠢᠯᠠᠯᠲᠠ ᠪᠠ ᠮᠡᠳᠡᠭᠡ ᠵᠠᠩᠭᠢᠵᠢᠯᠳᠠ ᠵᠢᠨ ᠭᠦᠨᠵᠡᠭᠡᠶ ᠠᠭᠤᠰᠤᠯᠴᠠᠯ ᠤ᠋ᠨ ᠠᠩᠬᠠᠨ ᠤ᠋ ᠵᠠᠮ ᠢ᠋ ᠨᠡᠭᠡᠭᠡᠪᠠ᠃
᠁
ᠬᠡᠯᠪᠡᠷᠢ ᠵᠢ ᠬᠤᠪᠢᠷᠠᠭᠤᠯᠬᠤ ᠵᠢ ᠲᠦᠷᠭᠡᠳᠭᠡᠨ ᠪᠦᠲᠦᠴᠡ ᠵᠢ ᠱᠢᠯᠢᠳᠡᠭ᠌ᠵᠢᠭᠦᠯᠦᠨᠡ᠃ ᠥᠪᠥᠷ ᠮᠣᠩᠭᠣᠯ ᠡᠪᠡᠷᠱᠢᠶᠡᠯ ᠢ᠋ ᠲᠡᠰᠪᠦᠷᠢᠯᠡᠨ ᠦᠨᠭᠭᠡᠷᠡᠭᠦᠯᠵᠤ᠂ ᠬᠥᠭ᠌ᠵᠢᠯᠲᠡ ᠵᠢᠨ ᠳᠤᠲᠠᠭᠤᠳᠠᠯ ᠢ᠋ ᠨᠥᠬᠥᠪᠥᠷᠢᠯᠡᠨ᠂ ᠤᠯᠤᠰ ᠤ᠋ᠨ ᠡᠨᠧᠷᠭᠢ ᠵᠢᠨ ᠠᠮᠤᠷ ᠲᠦᠪᠱᠢᠨ᠂ ᠠᠮᠤ ᠪᠤᠳᠠᠭᠠᠨ ᠤ᠋ ᠠᠮᠤᠷ ᠲᠦᠪᠱᠢᠨ᠂ ᠠᠵᠤ ᠦᠶ᠋ᠯᠡᠰ ᠤ᠋ᠨ ᠠᠮᠤᠷ ᠲᠦᠪᠱᠢᠨ ᠢ᠋ ᠪᠠᠲᠤᠯᠠᠬᠤ ᠵᠠᠮ ᠳᠡᠭᠡᠷ᠎ᠡ ᠯᠠᠪᠳᠠᠭᠤᠨ ᠪᠠᠲᠤᠲᠠᠶ ᠤᠷᠤᠬᠰᠢᠯᠠᠵᠤ᠂ ᠥᠭᠡᠳᠡᠯᠡᠨ ᠳᠠᠪᠱᠢᠬᠤ ᠠᠮᠢᠵᠢᠷᠠᠯ ᠤ᠋ᠨ ᠬᠦᠴᠦᠨ ᠵᠢᠠᠨ ᠢᠯᠡᠷᠡᠭᠦᠯᠦᠨ᠎ᠡ᠃
ᠬᠢᠯᠠᠰ ᠴᠡᠭ — ᠳᠠᠯᠳᠠ ᠬᠦᠴᠦᠨ ᠢ᠋ ᠬᠦᠨᠵᠡᠭᠡᠢ ᠠᠭᠤᠳᠠᠯᠵᠤ᠂ ᠵᠤᠭᠰᠤᠯᠳᠠ ᠦᠭᠡᠢ ᠤᠷᠤᠭᠰᠢᠯᠠᠨ᠂ ᠪᠤᠬᠢᠷᠳᠦᠯ ᠦᠭᠡᠢ ᠪᠠ ᠰᠢᠨ᠎ᠠ ᠶ᠋ᠢ ᠭᠦᠭᠡᠭᠡᠴᠡᠯᠳᠦᠬᠦ ᠳᠤᠮᠳᠠ ᠳᠡᠭᠦᠯᠢᠨ ᠳᠠᠪᠰᠢᠨ᠎ᠠ
ᠬᠠᠪᠤᠷ ᠤ᠋ᠨ ᠡᠬᠢᠨ ᠤ᠋ ᠬᠥᠬᠡᠬᠣᠲᠠᠨ᠎ᠠ ᠮᠠᠱᠢᠨ ᠤ᠋ ᠲᠠᠭᠤᠨ ᠬᠦᠷᠴᠢᠭᠢᠨᠡᠵᠦ᠍᠂ ᠮᠠᠱᠢᠨ ᠲᠡᠷᠭᠡ ᠰᠦᠯᠵᠢᠯᠳᠦᠨᠠ ᠁ ᠰᠦᠶᠢᠨ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠵᠢᠨ ᠠᠴᠢᠶᠠᠯᠠᠪᠤᠷᠢ ᠵᠢᠨ ᠨᠢᠭᠡ ᠪᠣᠯᠤᠭ᠍ᠰᠠᠨ ᠤ᠋ ᠬᠤᠪᠢ ᠳ᠋ᠦ᠂ ᠢᠯᠢ ᠣᠲᠣ ᠦᠶ᠎ᠡ ᠵᠢᠨ ᠣᠶᠤᠨᠴᠢ ᠡᠷᠡᠭᠦᠯ ᠮᠡᠨᠳᠦ᠍ ᠵᠢᠨ ᠬᠥᠨᠳᠡᠶ ᠵᠢᠨ ᠪᠥᠲᠥᠭᠡᠨ ᠪᠠᠢᠭᠤᠯᠤᠯᠲᠠ ᠶᠠᠭ ᠶᠠᠭᠠᠷᠠᠯᠲᠠᠶ ᠪᠦᠭᠡᠳ ᠡᠮᠬᠢ ᠵᠢᠷᠦᠮ ᠲᠠᠢ ᠶᠠᠪᠤᠭ᠍ᠳᠠᠨᠠ᠃
ᠢᠷᠡᠭᠡᠳᠦᠶᠳᠦ᠂ ᠡᠷᠡᠭᠦᠯ ᠮᠡᠨᠳᠦ᠍ ᠵᠢᠨ ᠬᠥᠨᠳᠡᠶ ᠨᠢ ᠳᠡᠯᠡᠬᠡᠶ ᠵᠢᠨ ᠲᠡᠷᠢᠭᠦᠨ ᠵᠡᠷᠭᠡ ᠵᠢᠨ ᠪᠣᠬᠢᠷᠲᠤᠯ ᠥᠬᠡᠶ ᠣᠶᠤᠨᠴᠢ ᠦᠶ᠋ᠯᠡᠳᠭᠡᠯ ᠤ᠋ᠨ ᠥᠯᠢᠭᠡᠷ ᠳᠠᠭᠤᠷᠢᠶᠠᠯ ᠤ᠋ᠨ ᠰᠠᠭᠤᠷᠢᠨ᠂ ᠢᠳᠡᠭᠡᠨᠦ ᠠᠵᠤ ᠦᠶ᠋ᠯᠡᠰ ᠤ᠋ᠨ ᠰᠤᠳᠤᠯᠵᠤ ᠨᠡᠭᠡᠭᠡᠬᠦ᠌ ᠲᠥᠪ᠂ ᠠᠵᠤ ᠦᠶ᠋ᠯᠡᠳᠪᠦᠷᠢ ᠵᠢᠨ ᠣᠶᠤᠨᠴᠢ ᠵᠢᠭᠤᠯᠴᠢᠯᠠᠯ ᠤ᠋ᠨ ᠵᠢᠱ᠌ᠢᠶ᠎ᠡ ᠦᠵᠡᠭᠦᠯᠬᠦ᠌ ᠣᠷᠣᠨ ᠪᠤᠯᠬᠤ ᠪᠤᠯᠤᠨ᠎ᠠ ᠁ ᠡᠨᠡ ᠨᠢ ᠮᠥᠨ ᠴᠦ᠍ ᠢᠯᠢ ᠵᠢᠨ ᠰᠢᠷᠬᠡᠭ ᠡᠪᠡᠰᠦ ᠡᠴᠡ ᠴᠣᠮᠣ ᠰᠦ ᠬᠦᠷᠲᠡᠯᠡᠬᠢ ᠪᠥᠬᠥ᠌ ᠬᠡᠯᠬᠢᠶ᠎ᠡ ᠵᠢᠨ ᠠᠵᠤ ᠦᠶ᠋ᠯᠡᠰ ᠤ᠋ᠨ ᠬᠡᠯᠬᠢᠶ᠎ᠡ ᠪᠠ ᠱᠢᠨ᠎ᠡ ᠵᠢ ᠡᠭᠦᠳᠬᠦ᠌ ᠬᠡᠯᠬᠢᠶ᠎ᠡ ᠵᠢ ᠪᠠᠢᠷᠢᠯᠠᠭᠤᠯᠬᠤ ᠱᠢᠨ᠎ᠡ ᠠᠯᠬᠤᠮ ᠪᠤᠯᠬᠤ ᠶᠤᠮ᠃
ᠤᠶᠤᠨᠴᠢ ᠡᠴᠡ ᠭᠠᠳᠠᠨ᠎ᠠ᠂ ᠨᠡᠭᠦᠷᠡᠰᠦᠲᠥ᠋ᠷᠥᠭ᠌ᠴᠢ ᠪᠠᠭ᠎ᠠ ᠭᠠᠳᠠᠬᠰᠢᠯᠠᠭᠤᠯᠬᠤ ᠪᠣᠯ ᠲᠡᠭᠦᠨᠦ ᠥᠭᠡᠷ᠎ᠡ ᠨᠢᠭᠡᠨ ᠣᠨᠴᠠᠯᠢᠭ ᠶᠤᠮᠰᠠᠨ᠃ ᠨᠢᠳᠤᠨᠤᠨ ᠤ᠋ ᠵᠢᠯ ᠤ᠋ᠨ ᠰᠡᠬᠦᠯᠴᠢ ᠳ᠋ᠤ ᠢᠯᠢ ᠣᠲᠣ ᠦᠶ᠎ᠡ ᠵᠢᠨ ᠣᠶᠤᠨᠴᠢ ᠡᠷᠡᠭᠦᠯ ᠮᠡᠨᠳᠦ᠍ ᠵᠢᠨ ᠬᠥᠨᠳᠡᠶ ᠵᠢᠨ ᠨᠡᠭᠦᠷᠡᠰᠦᠲᠥ᠋ᠷᠥᠭ᠌ᠴᠢ ᠦᠭᠡᠢ ᠲᠠᠪᠤᠨ ᠣᠲᠣᠨ ᠳᠡᠰ ᠤ᠋ᠨ ᠵᠢᠱ᠌ᠢᠶ᠎ᠡ ᠦᠵᠡᠭᠦᠯᠬᠦ᠌ ᠲᠥᠷᠥᠯ ᠵᠦᠶ᠋ᠯ ᠵᠢᠩᠬᠢᠨᠢ ᠪᠡᠷ ᠡᠬᠢᠯᠡᠵᠦ᠍᠂ ᠪᠥᠬᠥ᠌ ᠤᠯᠤᠰ ᠤ᠋ᠨ ᠠᠩᠬᠠᠳᠠᠭ᠍ᠴᠢ ᠨᠡᠭᠦᠷᠡᠰᠦᠲᠥ᠋ᠷᠥᠭ᠌ᠴᠢ ᠦᠭᠡᠢ ᠲᠠᠪᠤᠨ ᠣᠲᠤᠨ ᠳᠡᠰ ᠤ᠋ᠨ ᠵᠢᠱ᠌ᠢᠶ᠎ᠡ ᠦᠵᠡᠭᠦᠯᠬᠦ᠌ ᠲᠥᠷᠥᠯ ᠵᠦᠶ᠋ᠯ ᠪᠣᠯᠪᠠ᠃
ᠬᠠᠪᠤᠷ ᠤ᠋ᠨ ᠤᠷᠢᠬᠠᠨ ᠰᠠᠯᠬᠢᠨ ᠳ᠋ᠤ ᠲᠦᠮᠡᠨ ᠪᠤᠳᠠᠰ ᠠᠮᠢᠯᠠᠨ ᠲᠦᠯᠵᠢᠨᠠ᠃ ᠥᠪᠥᠷ ᠮᠣᠩᠭᠣᠯ ᠤ᠋ᠨ ᠵᠢᠷᠤᠭ᠍ᠯᠠᠭ᠍ᠰᠠᠨ ᠤᠷᠤᠭ᠍ᠰᠢᠯᠠᠯᠲᠠ ᠵᠢᠨ ᠵᠢᠷᠤᠭ ᠲᠦ᠍ 《ᠡᠨᠧᠷᠭᠢ ᠵᠢᠨ ᠠᠮᠤᠷ ᠲᠦᠪᠱᠢᠨ᠂ ᠠᠮᠤ ᠪᠤᠳᠠᠭᠠᠨ ᠤ᠋ ᠠᠮᠤᠷ ᠲᠦᠪᠱᠢᠨ᠂ ᠠᠵᠤ ᠦᠢᠯᠡᠰ ᠤ᠋ᠨ ᠠᠮᠤᠷ ᠲᠦᠪᠱᠢᠨ》 ᠵᠡᠷᠭᠡ ᠵᠠᠩᠭᠢᠯᠠᠭ᠎ᠠ ᠵᠢᠨ ᠦᠭᠡᠰ ᠲᠦ᠍ ᠵᠡᠭᠦᠯᠳᠡ ᠬᠠᠳᠠᠬᠤ ᠬᠢᠯᠠᠰ ᠴᠡᠭ ᠠᠯᠢ ᠤᠯᠠᠨ ᠪᠤᠢ᠃
ᠬᠥᠮᠦᠰ ᠨᠡᠩ ᠪᠣᠬᠢᠷᠲᠤᠯ ᠦᠭᠡᠢ ᠥᠪᠥᠷ ᠮᠣᠩᠭᠣᠯ ᠢ᠋ ᠬᠦᠰᠡᠨ ᠬᠦᠯᠢᠶᠡᠨ᠎ᠠ᠃
《ᠲᠩᠷᠢᠨᠢ ᠴᠡᠯᠮᠡᠭ᠂ ᠭᠠᠵᠠᠷᠨᠢ ᠨᠣᠭᠣᠭᠠᠨ᠂ ᠤᠰᠤᠨᠢ ᠲᠤᠩᠭᠠᠯᠠᠭ》 ᠪᠠᠢᠬᠤ ᠶ᠋ᠢ ᠰᠠᠬᠢᠨ ᠬᠠᠮᠠᠭᠠᠯᠠᠬᠤ ᠢᠲᠡᠭᠡᠯ ᠵᠣᠷᠢᠭ ᠬᠥᠮᠦᠰ ᠤ᠋ᠨ ᠰᠡᠳᠭᠢᠯᠳᠦ ᠭᠦᠨ ᠬᠠᠳᠠᠩᠱᠢᠪᠠ᠃ ᠮᠠᠨ ᠤ᠋ ᠣᠷᠣᠨ ᠱᠢᠨ᠎ᠡ ᠡᠨᠧᠷᠭᠢ ᠵᠢ ᠱᠢᠩᠭᠡᠭᠡᠬᠦ᠌ ᠴᠢᠳᠠᠪᠤᠷᠢ ᠵᠢ ᠬᠦᠴᠦᠯᠡᠨ ᠨᠡᠮᠡᠭ᠌ᠳᠡᠭᠦᠯᠦᠭᠰᠡᠨ ᠡᠴᠡ ᠪᠥᠬᠥ᠌ ᠨᠡᠢᠭᠡᠮ ᠤ᠋ᠨ ᠴᠠᠬᠢᠯᠭᠠᠨ ᠬᠡᠷᠡᠭ᠌ᠯᠡᠬᠦ᠌ ᠬᠡᠮᠵᠢᠶ᠎ᠡ ᠵᠢᠨ ᠲᠠᠪᠤᠨ ᠤ᠋ ᠨᠢᠭᠡ ᠬᠤᠪᠢᠡᠴᠡ ᠳᠡᠭᠡᠭ᠌ᠰᠢᠬᠢ ᠨᠢ ᠱᠢᠨ᠎ᠡ ᠡᠨᠧᠷᠭᠢᠡᠴᠡ ᠢᠷᠡᠵᠤ ᠪᠤᠢ᠃ ᠠᠮᠢ ᠠᠬᠤᠶ ᠵᠢᠨ ᠬᠡᠷᠡᠯᠴᠢ ᠴᠡᠨᠡᠭ ᠤ᠋ᠨ ᠮᠠᠱᠢᠨ ᠴᠣᠭ᠍ᠴᠠᠯᠠᠪᠤᠷᠢ 300 ᠲᠦᠮᠡᠨ ᠺᠢᠯᠦᠸᠠᠲ ᠢ᠋ ᠳᠠᠪᠠᠵᠤ᠂ ᠵᠠᠰᠠᠬᠰᠠᠨ ᠡᠯᠡᠰᠦ ᠮᠠᠩᠬ᠎ᠠ ᠂ ᠠᠭᠤᠷᠬᠠᠶ ᠵᠢᠨ ᠣᠷᠣᠨ ᠤ᠋ ᠲᠠᠯᠠᠪᠠᠶ 20 ᠲᠦᠮᠡᠨ ᠮᠥ᠍ ᠵᠢ ᠳᠠᠪᠠᠪᠠ᠃
ᠬᠥᠮᠦᠰ ᠨᠡᠩ ᠡᠷᠡᠭᠦᠯ ᠡᠩᠬᠡ ᠥᠪᠥᠷ ᠮᠣᠩᠭᠣᠯ ᠢ᠋ ᠬᠦᠰᠡᠨ ᠬᠦᠯᠢᠶᠡᠨ᠎ᠠ᠃
ᠢᠳᠡᠭᠡᠨ ᠤᠮᠳᠠᠭᠠᠨ ᠤ᠋ ᠠᠮᠤᠷ ᠲᠦᠪᠱᠢᠨ ᠢ᠋ ᠪᠠᠲᠤᠯᠠᠬᠤ ᠠᠵᠢᠯᠯᠠᠭ᠎ᠠ ᠡᠷᠡᠰ ᠪᠠᠲᠤ ᠪᠥᠭᠡᠳ ᠡᠷᠴᠢᠮᠳᠠᠢ ᠶᠠᠪᠤᠭᠳᠠᠨ᠎ᠠ᠃ ᠮᠠᠨ ᠤ᠋ ᠣᠷᠣᠨ 480 ᠰᠤᠮᠤ ᠱᠢᠶᠠᠩ ᠪᠠᠯᠭᠠᠰᠤᠨ ᠳ᠋ᠦ ᠲᠤᠤᠷᠵᠢᠭᠤᠯᠤᠭᠰᠠᠨ ᠬᠢᠨᠠᠯᠲᠠ ᠬᠠᠮᠢᠶᠠᠷᠤᠯᠲᠠ ᠥᠷᠨᠢᠭᠦᠯᠬᠦ᠌ ᠵᠢ ᠠᠬᠢᠭᠤᠯᠵᠤ᠂ ᠥᠪᠡᠷᠲᠡᠭᠡᠨ ᠵᠠᠰᠠᠬᠤ ᠣᠷᠣᠨ ᠤ᠋ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠵᠡᠷᠭᠡ 6 ᠰᠠᠯᠠᠭ᠎ᠠ ᠮᠥᠴᠢᠷ《ᠴᠠᠭᠠᠵᠠ ᠲᠠᠢ ᠡᠳ᠋ ᠬᠡᠷᠡᠭᠯᠡᠬᠦ ᠵᠢ ᠵᠠᠰᠠᠬᠤ᠂ ᠲᠠᠷᠢᠶᠠᠯᠠᠩ ᠤ᠋ᠨ ᠦᠯᠡᠳᠡᠭᠳᠡᠯ ᠡᠮ ᠢ᠋ ᠬᠢᠵᠠᠭᠠᠷᠯᠠᠬᠤ᠂ ᠶᠠᠰᠤ ᠴᠢᠨᠠᠷ ᠤ᠋ᠨ ᠳᠡᠭᠡᠭᠰᠢᠯᠡᠬᠦᠯᠦᠯᠳᠡ ᠵᠢ ᠠᠭᠢᠭᠤᠯᠬᠤ》 ᠭᠤᠷᠪᠠᠨ ᠵᠢᠯ ᠤ᠋ᠨ ᠠᠵᠢᠯᠯᠠᠭᠠᠨ ᠥᠷᠨᠢᠭᠦᠯᠦᠭᠰᠡᠨ ᠶ᠋ᠢᠡᠷ ᠪᠥᠬᠥ᠌ ᠣᠷᠣᠨ ᠤ᠋ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨᠦ ᠶᠠᠰᠤ ᠴᠢᠨᠠᠷ ᠤ᠋ᠨ ᠠᠮᠤᠷ ᠲᠦᠪᠱᠢᠨᠦ ᠪᠠᠢᠳᠠᠯ ᠦᠷᠭᠦᠯᠵᠢᠯᠡᠨ ᠰᠠᠢᠵᠢᠷᠠᠵᠤ᠂ ᠶᠡᠷᠦᠩᠬᠡᠶ ᠬᠢᠷᠢ ᠲᠡᠩᠴᠡᠯᠳᠠ ᠵᠢᠨ ᠨᠣᠷᠮ᠎ᠠ 99.5% ᠳ᠋ᠤ ᠬᠥᠷᠪᠡ᠃
ᠬᠥᠮᠦᠰ ᠨᠡᠩ ᠲᠠᠲᠠᠬᠤ ᠬᠦᠴᠦᠨᠪᠦᠬᠦᠢ ᠥᠪᠥᠷ ᠮᠣᠩᠭᠣᠯ ᠢ᠋ ᠬᠦᠰᠡᠵᠦ᠍ ᠬᠦᠯᠢᠶᠡᠨ᠎ᠡ ᠃
《ᠬᠠᠲᠠᠭᠤ ᠪᠣᠳᠠᠲᠤ ᠬᠦᠴᠦᠨ ᠶ᠋ᠢᠡᠷ ᠲᠤᠯᠭᠠᠭᠤᠷᠢᠯᠠᠭᠤᠯᠵᠤ᠂ ᠵᠥᠭᠡᠯᠡᠨ ᠪᠣᠳᠠᠲᠤ ᠬᠦᠴᠦᠨ ᠶ᠋ᠢᠡᠷ ᠨᠡᠪᠴᠢᠭᠦᠯᠬᠦ᠌》ᠠᠯᠬᠤᠭ᠎ᠠ ᠪᠡᠨᠦᠷᠭᠦᠯᠵᠢᠯᠡᠨ ᠲᠦᠷᠭᠡᠳᠭᠡᠨ᠎ᠠ᠃ ᠮᠠᠨ ᠤ᠋ ᠣᠷᠣᠨ ᠠᠵᠤ ᠦᠶ᠋ᠯᠡᠰ ᠤ᠋ᠨ ᠬᠠᠭᠤᠴᠢᠨ ᠢ᠋ ᠥᠭᠡᠷᠡᠴᠢᠯᠡᠨ ᠱᠢᠨ᠎ᠡ ᠵᠢ ᠪᠣᠢᠵᠢᠭᠤᠯᠬᠤ ᠠᠬᠢᠴᠠ ᠵᠢ ᠲᠦᠷᠭᠡᠳᠭᠡᠵᠦ᠍᠂ ᠦᠶ᠋ᠯᠡᠳᠬᠦ᠌ ᠦᠶ᠋ᠯᠡᠰ᠂ ᠳᠡᠭᠡᠳᠦ ᠱᠢᠨ᠎ᠡ ᠮᠡᠷᠭᠡᠵᠢᠯ ᠤ᠋ᠨ ᠦᠶ᠋ᠯᠡᠰ ᠲᠣᠰ ᠲᠣᠰ 11.3%᠂ 22.4% ᠪᠡᠷ ᠨᠡᠮᠡᠭ᠌ᠳᠡᠪᠡ᠃ ᠤᠷᠤᠨ ᠳᠡᠪᠰᠢᠬᠦ ᠱᠢᠯᠢᠳᠡᠭ ᠢ᠋ ᠠᠬᠢᠭᠤᠯᠤᠨ ᠳᠠᠬᠢᠨ ᠶ᠋ᠢᠡᠷ ᠨᠡᠮᠡᠭ᠌ᠳᠡᠭᠦᠯᠬᠦ᠌ ᠲᠥᠯᠥᠪᠯᠡᠭᠡ ᠵᠢ ᠬᠡᠷᠡᠭ᠌ᠵᠢᠭᠦᠯᠵᠦ᠍᠂ ᠬᠥᠬᠡᠬᠣᠲᠠ ᠵᠢᠨ ᠳᠡᠭᠡᠳᠦ ᠱᠢᠨ᠎ᠡ ᠮᠡᠷᠭᠡᠵᠢᠯ ᠤ᠋ᠨ ᠲᠣᠭᠣᠷᠢᠭ ᠪᠥᠬᠥ᠌ ᠤᠯᠤᠰ ᠤ᠋ᠨ ᠨᠡᠷᠡᠰ ᠤ᠋ᠨ ᠵᠢᠭ᠍ᠰᠠᠭᠠᠯᠲᠠ ᠳ᠋ᠦ 10 ᠣᠷᠣᠨ ᠳᠡᠭᠡᠭ᠌ᠰᠢᠯᠡᠪᠡ᠃
ᠤᠷᠤᠭ᠍ᠰᠢᠯᠠᠯᠳᠠ ᠵᠢᠨ ᠠᠯᠬᠤᠭ᠎ᠠ ᠵᠤᠬᠰᠤᠰᠢ ᠦᠭᠡᠢ !
《ᠤᠯᠤᠰ ᠤ᠋ᠨ ᠡᠨᠧᠷᠭᠢ ᠵᠢᠨ ᠠᠮᠤᠷ ᠲᠦᠪᠱᠢᠨ᠂ ᠠᠮᠤ ᠪᠤᠳᠠᠭᠠᠨ ᠤ᠋ ᠠᠮᠤᠷ ᠲᠦᠪᠱᠢᠨ᠂ ᠠᠵᠤ ᠦᠶ᠋ᠯᠡᠰ ᠤ᠋ᠨ ᠠᠮᠤᠷ ᠲᠦᠪᠱᠢᠨ᠂ ᠠᠮᠢ ᠠᠬᠤᠶ ᠵᠢᠨ ᠠᠮᠤᠷ ᠲᠦᠪᠱᠢᠨ ᠢ᠋ ᠨᠠᠩ ᠰᠠᠢᠲᠤᠷ ᠪᠠᠲᠤᠯᠠᠬᠤ ᠲᠣᠭᠣᠷᠢᠨ ᠳ᠋ᠦ 〈ᠬᠣᠶᠠᠷ ᠰᠠᠭᠤᠷᠢᠨ〉 ᠤ᠋ ᠪᠥᠲᠥᠭᠡᠨ ᠪᠠᠢᠭᠤᠯᠤᠯᠲᠠ ᠲᠠᠢ ᠨᠢᠭ᠍ᠲᠠ ᠤᠶᠠᠯᠳᠤᠭᠤᠯᠤᠨ᠂ ᠶᠠᠰᠤ ᠴᠢᠨᠠᠷ ᠢ᠋ ᠳᠡᠭᠡᠭ᠌ᠰᠢᠯᠡᠭᠦᠯᠬᠦ᠌ ᠠᠵᠢᠯᠯᠠᠭᠠᠨ ᠢ᠋ ᠭᠦᠨᠵᠡᠭᠡᠶ ᠥᠷᠨᠢᠭᠦᠯᠵᠦ᠍᠂ ᠪᠣᠬᠢᠷᠲᠤᠯ ᠥᠬᠡᠶ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠢ᠋ ᠡᠳ᠋ᠱᠢᠭᠦᠯᠬᠦ᠌᠂ ᠱᠢᠨ᠎ᠡ ᠡᠨᠧᠷᠭᠢ᠂ ᠱᠢᠨ᠎ᠡ ᠮᠠᠲ᠋ᠧᠷᠢᠶᠠᠯ᠂ ᠱᠢᠨ᠎ᠡ ᠬᠡᠯᠪᠡᠷᠢ ᠵᠢᠨ ᠬᠢᠮᠢ ᠵᠢᠨ ᠠᠵᠤ ᠦᠶ᠋ᠯᠡᠳᠪᠦᠷᠢ᠂ ᠣᠲᠣ ᠦᠶ᠎ᠡ ᠵᠢᠨ ᠲᠤᠨᠤᠭᠯᠠᠯ ᠦᠶ᠋ᠯᠡᠳᠬᠦ᠌ ᠂ ᠠᠮᠢᠳᠤ ᠪᠣᠳᠠᠰ ᠤ᠋ᠨ ᠡᠮ ᠡᠮᠨᠡᠯᠭᠡ᠂ ᠲᠣᠭᠠᠴᠢᠯᠠᠭ᠍ᠰᠠᠨ ᠠᠵᠤ ᠠᠬᠤᠶ᠂ ᠣᠲᠣ ᠦᠶ᠎ᠡ ᠵᠢᠨ ᠦᠶ᠋ᠯᠡᠴᠢᠯᠡᠭᠡᠨᠦ ᠦᠶ᠋ᠯᠡᠰ ᠵᠡᠷᠭᠡ ᠠᠵᠤ ᠦᠶ᠋ᠯᠡᠰ ᠤ᠋ᠨ ᠪᠦᠯᠦᠭ᠌ᠵᠢᠯ ᠢ᠋ ᠲᠥᠪᠯᠡᠷᠡᠭᠦᠯᠦᠨ ᠪᠠᠢᠭᠤᠯᠵᠤ᠂ ᠲᠦᠷᠦᠭᠦᠦ ᠪᠦᠯᠦᠭ 12 ᠵᠦᠶ᠋ᠯ ᠤ᠋ᠨ ᠭᠤᠤᠯᠳᠠᠯᠭ᠎ᠠ ᠲᠠᠢ ᠠᠵᠤ ᠦᠶ᠋ᠯᠡᠰ ᠤ᠋ᠨ ᠬᠡᠯᠬᠢᠶ᠎ᠡ ᠵᠢ ᠴᠣᠭ᠍ᠴᠠᠯᠠᠨ᠂ ᠠᠵᠤ ᠦᠶ᠋ᠯᠡᠰ ᠤ᠋ᠨ ᠪᠦᠲᠦᠴᠡ ᠵᠢ ᠲᠣᠬᠢᠷᠠᠭᠤᠯᠤᠨ ᠱᠢᠯᠢᠳᠡᠭ᠌ᠵᠢᠭᠦᠯᠵᠤ ᠲᠠᠰ ᠳᠡᠪᠱᠢᠬᠦ᠌ ᠵᠢ ᠳᠠᠢᠴᠢᠯᠠᠨ᠎ᠠ》 ᠭᠡᠵᠤ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠣᠷᠢᠶ᠎ᠠ ᠵᠠᠰᠠᠭ ᠤ᠋ᠨ ᠣᠷᠳᠣᠨ ᠡᠴᠡ ᠤᠷᠢᠶᠠᠯᠠᠪᠠ᠃
ᠤᠮᠠᠷᠠᠲᠤ ᠵᠢᠨ ᠡᠬᠡ ᠭᠠᠵᠠᠷ ᠲᠦ᠍ ᠤᠷᠢᠬᠠᠨ ᠬᠠᠪᠤᠷ ᠳᠠᠬᠢᠨᠳᠡ ᠰᠠᠭᠠᠲᠠᠯ᠎ᠠ᠃ ᠥᠪᠥᠷ ᠮᠣᠩᠭᠣᠯ ᠤᠯᠤᠰ ᠲᠥᠷᠥ ᠵᠢᠨ ᠬᠠᠷᠢᠭᠤᠴᠠᠯᠭ᠎ᠠ ᠪᠠᠨ ᠡᠭᠦᠷᠭᠡᠯᠡᠵᠦ᠍᠂ ᠡᠬᠢ ᠪᠠᠶᠠᠯᠢᠭ ᠤ᠋ᠨ ᠳᠠᠪᠠᠭᠤᠯᠢᠭᠲᠠᠭᠠᠨ ᠰᠠᠭᠤᠷᠢᠯᠠᠨ᠂ ᠴᠢᠬᠤᠯᠠ ᠶᠡᠬᠡ ᠠᠵᠠ ᠲᠣᠬᠢᠶᠠᠯ ᠢ᠋ ᠡᠵᠡᠮᠳᠡᠵᠦ᠍᠂ ᠨᠠᠩ ᠬᠡᠭᠡᠨ ᠰᠠᠷᠠᠭᠤᠯ ᠢᠷᠡᠭᠡᠳᠦᠶ ᠳᠠᠢᠰᠢ ᠡᠷᠡᠮᠡᠬᠡᠢᠯᠡᠨ ᠤᠷᠤᠭ᠍ᠰᠢᠯᠠᠨᠠ!