ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠪᠠᠢᠴᠠᠭᠠᠬᠤ ᠬᠤᠷᠢᠶ᠎ᠠ ᠨᠠᠮ᠎ᠤᠨ ᠤᠳᠤᠷᠢᠳᠭᠤ ᠳᠤᠭᠤᠢᠯᠠᠩ (ᠥᠷᠭᠡᠳᠭᠡᠭ᠌ᠰᠡᠨ) ᠤ᠋ᠨ ᠬᠤᠷᠠᠯ ᠬᠤᠷᠠᠯᠳᠤᠭᠤᠯᠵᠤ ᠪᠦᠬᠦ᠌ ᠤᠯᠤᠰ᠎ᠤᠨ 《ᠬᠣᠶᠠᠷ ᠬᠤᠷᠠᠯ》᠎ᠤ᠋ᠨ ᠵᠣᠷᠢᠭ ᠰᠠᠨᠠᠭ᠎ᠠ ᠎ᠶ᠋ᠢ ᠰᠤᠷᠤᠯᠴᠠᠨ ᠲᠤᠭᠤᠱᠢᠯᠠᠭᠤᠯᠪᠠ
2022-03-18 09:29:20
ᠵᠣᠬᠢᠶᠠᠭ᠍ᠴᠢ᠄
ᠬᠤᠤ ᠵᠢᠶᠠ ᠯᠢ
ᠣᠩᠱᠢᠭ᠍ᠰᠠᠨ ᠣᠳᠠᠭ᠎ᠠ᠄
★★★☆☆

ᠯᠢ ᠴᠢ ᠯᠢᠨ ᠶᠠᠷᠢᠶ᠎ᠠ ᠲᠠᠯᠪᠢᠵᠠᠢ


3 ᠰᠠᠷ᠎ᠠ᠎ᠶ᠋ᠢᠨ 15 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠪᠠᠢᠴᠠᠭᠠᠬᠤ ᠬᠤᠷᠢᠶ᠎ᠠ ᠨᠠᠮ᠎ᠤᠨ ᠤᠳᠤᠷᠢᠳᠭᠤ ᠳᠤᠭᠤᠢᠯᠠᠩ (ᠥᠷᠭᠡᠳᠭᠡᠭ᠌ᠰᠡᠨ) ᠤ᠋ᠨ ᠬᠤᠷᠠᠯ ᠬᠤᠷᠠᠯᠳᠤᠭᠤᠯᠵᠤ᠂ ᠶᠡᠷᠦᠩᠬᠡᠢ ᠱᠦᠵᠢ ᠰᠢ ᠵᠢᠨ ᠫᠢᠩ᠎ᠦᠨ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠠᠪᠤᠳᠤᠭᠠᠷ ᠬᠤᠷᠠᠯ᠎ᠤᠨ ᠥᠪᠥᠷ ᠮᠣᠩᠭᠣᠯ᠎ᠤᠨ ᠲᠥᠯᠥᠭᠡᠯᠡᠭ᠌ᠴᠢᠳ᠎ᠦᠨ ᠪᠦᠯᠬᠦᠮ᠎ᠦᠨ ᠬᠢᠨᠠᠨ ᠵᠥᠪᠯᠡᠬᠦ᠌᠎ᠳᠦ ᠣᠷᠣᠯᠴᠠᠬᠤ ᠦᠶ᠎ᠡ᠎ᠶ᠋ᠢᠨ ᠴᠢᠬᠤᠯᠠ ᠶᠠᠷᠢᠶ᠎ᠠ ᠪᠣᠯᠤᠨ ᠪᠦᠬᠦ᠌ ᠤᠯᠤᠰ᠎ᠤᠨ 《ᠬᠣᠶᠠᠷ ᠬᠤᠷᠠᠯ》 ᠤ᠋ᠨ ᠵᠣᠷᠢᠭ ᠰᠠᠨᠠᠭ᠎ᠠ᠎ᠶ᠋ᠢ ᠤᠯᠠᠮᠵᠢᠯᠠᠨ ᠰᠤᠷᠤᠯᠴᠠᠵᠤ᠂ ᠲᠤᠭᠤᠱᠢᠯᠠᠭᠤᠯᠤᠨ ᠨᠠᠢᠳᠠᠪᠤᠷᠢᠵᠢᠭᠤᠯᠬᠤ ᠠᠵᠢᠯ᠎ᠢ ᠰᠤᠳᠤᠯᠤᠨ ᠪᠠᠢᠷᠢᠯᠠᠭᠤᠯᠪᠠ᠃

ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠪᠠᠢᠴᠠᠭᠠᠬᠤ ᠬᠣᠷᠢᠶᠠᠨ᠎ᠤ  ᠪᠠᠢᠴᠠᠭᠠᠬᠤ ᠳᠠᠷᠤᠭ᠎ᠠ ᠯᠢ ᠴᠢ ᠯᠢᠨ ᠬᠤᠷᠠᠯ ᠎ᠢ ᠡᠷᠬᠢᠯᠡᠭ᠌ᠰᠡᠨ ᠪᠥᠭᠡᠳ ᠶᠠᠷᠢᠶ᠎ᠠ ᠲᠠᠯᠪᠢᠪᠠ᠃

ᠬᠤᠷᠠᠯ ᠎ᠠᠴᠠ᠂ ᠪᠥᠬᠥ᠌ ᠣᠷᠣᠨ ᠎ᠤ  ᠪᠠᠢᠴᠠᠭᠠᠬᠤ ᠪᠠᠢᠭᠤᠯᠭ᠎ᠠ ᠶᠡᠷᠦᠩᠬᠡᠶ ᠱᠦᠵᠢ ᠰᠢ ᠵᠢᠨ ᠫᠢᠩ᠎ᠦᠨ ᠪᠥᠬᠥ᠌ ᠤᠯᠤᠰ ᠎ᠤᠨ《ᠬᠣᠶᠠᠷ ᠬᠤᠷᠠᠯ》ᠤ᠋ᠨ ᠬᠤᠭᠤᠴᠠᠭᠠᠨ᠎ᠳᠠᠬᠢ ᠴᠢᠬᠤᠯᠠ ᠶᠠᠷᠢᠶ᠎ᠠ ᠪᠣᠯᠤᠨ ᠪᠥᠬᠥ᠌ ᠤᠯᠤᠰ᠎ᠤᠨ 《ᠬᠣᠶᠠᠷ ᠬᠤᠷᠠᠯ》 ᠤ᠋ᠨ ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠵᠤ᠂《ᠬᠣᠶᠠᠷ᠎ᠢ ᠲᠣᠭ᠍ᠲᠠᠭᠠᠭᠰᠠᠨ》 ᠢ᠋᠎ᠡᠷᠡᠰ ᠬᠦᠷᠢᠶᠡᠯᠡᠬᠦ᠌᠂ 《ᠬᠣᠶᠠᠷ᠎ᠢ ᠬᠠᠮᠠᠭᠠᠯᠠᠬᠤ》ᠶ᠋ᠢ ᠡᠷᠡᠰ ᠪᠡᠶᠡᠯᠡᠭᠦᠯᠬᠦ᠌ ᠦᠵᠡᠯ ᠰᠠᠨᠠᠭᠠᠨ᠎ᠤ ᠰᠠᠭᠤᠷᠢ᠎ᠶ᠋ᠢ ᠪᠠᠲᠤ ᠴᠣᠭ᠍ᠴᠠᠯᠠᠵᠤ᠂ ᠶᠡᠷᠦᠩᠬᠡᠶ ᠱᠦᠵᠢ᠎ᠶ᠋ᠢᠨ ᠥᠪᠥᠷ ᠮᠣᠩᠭᠣᠯ᠎ᠤᠨ ᠲᠤᠬᠠᠢ ᠬᠠᠢᠷ᠎ᠠ ᠬᠠᠯᠠᠮᠵᠢ᠎ᠶ᠋ᠢ ᠦᠨᠡᠨ ᠬᠦ᠌ ᠥᠪᠡᠷᠲᠡᠭᠡᠨ ᠵᠠᠰᠠᠬᠤ ᠣᠷᠣᠨ᠎ᠤ ᠴᠢᠨᠠᠷ ᠰᠠᠢᠲᠠᠶ ᠬᠥᠭ᠌ᠵᠢᠯᠲᠡ ᠎ᠳᠦ ᠬᠦᠴᠦᠨ ᠨᠡᠮᠡᠷᠢᠯᠡᠬᠦ᠌ ᠪᠣᠳᠠᠲᠠᠶ ᠦᠷ᠎ᠡ ᠪᠦᠲᠦᠮᠵᠢ ᠪᠣᠯᠭᠠᠨ ᠬᠤᠪᠢᠷᠠᠭᠤᠯᠬᠤ ᠬᠡᠷᠡᠭ᠌ᠲᠡᠶ᠃ ᠦᠨᠳᠦᠰᠦᠲᠡᠨ᠎ᠦ ᠠᠵᠢᠯ᠎ᠢ ᠪᠦᠬᠦ᠌ ᠲᠠᠯ᠎ᠠ᠎ᠶ᠋ᠢᠨ ᠠᠵᠢᠯ᠎ᠤᠨ ᠲᠤᠪᠤᠢ᠌ᠮ᠎ᠠ ᠪᠠᠢᠷᠢᠨ᠎ᠳᠤ ᠲᠠᠯᠪᠢᠵᠤ᠂ ᠪᠠᠢᠴᠠᠭᠠᠬᠤ ᠡᠭᠦᠷᠭᠡ ᠴᠢᠳᠠᠪᠬᠢ᠎ᠳᠠᠭᠠᠨ ᠰᠠᠭᠤᠷᠢᠯᠠᠨ᠂ ᠦᠨᠳᠦᠰᠦᠲᠡᠨ᠎ᠦ ᠪᠦᠯᠬᠦᠮᠳᠡᠯ᠎ᠢ ᠬᠠᠮᠠᠭᠠᠯᠠᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠬᠡᠷᠡᠭ᠌ᠲᠡᠢ᠃ ᠠᠷᠠᠳ᠎ᠤᠨ ᠳᠡᠭᠡᠳᠦ ᠪᠠᠢᠴᠠᠭᠠᠬᠤ ᠬᠣᠷᠢᠶᠠᠨ᠎ᠤ ᠠᠵᠢᠯ᠎ᠤᠨ ᠮᠡᠳᠡᠭᠦᠯᠦᠯᠲᠡ᠎ᠶ᠋ᠢᠨ ᠵᠣᠷᠢᠭ ᠰᠠᠨᠠᠭ᠎ᠠ᠎ᠶ᠋ᠢ ᠣᠨᠣᠪᠴᠢᠲᠠᠢ ᠡᠵᠡᠮᠳᠡᠵᠦ᠍᠂ ᠠᠶᠤᠯ ᠲᠦᠭ᠌ᠰᠢᠭᠦᠷᠢ ᠎ᠶ᠋ᠢ ᠰᠡᠷᠭᠡᠢᠯᠡᠬᠦ᠌᠂ ᠠᠮᠤᠷ ᠲᠦᠪᠱᠢᠨ᠎ᠢ ᠪᠠᠲᠤᠯᠠᠬᠤ᠂ ᠲᠣᠭ᠍ᠲᠠᠭᠤᠨ᠎ᠢ ᠬᠠᠮᠠᠭᠠᠯᠠᠬᠤ᠂ ᠬᠥᠭ᠌ᠵᠢᠯᠲᠡ᠎ᠶ᠋ᠢ ᠠᠬᠢᠭᠤᠯᠬᠤ ᠡᠯ᠎ᠡ ᠵᠦᠢᠯ ᠎ᠦᠨ ᠠᠵᠢᠯ᠎ᠢ ᠴᠢᠩᠭ᠎ᠠ ᠪᠣᠳᠠᠲᠠᠢ ᠰᠠᠢᠲᠤᠷ ᠠᠳᠭᠤᠵᠤ᠂ ᠬᠠᠤᠯᠢᠵᠢᠭᠰᠠᠨ ᠬᠤᠳᠠᠯᠳᠤᠭ᠎ᠠ ᠡᠷᠬᠢᠯᠡᠬᠦ᠌ ᠣᠷᠴᠢᠨ ᠨᠥᠬᠥᠴᠡᠯ᠎ᠢ ᠱᠢᠯᠢᠳᠡᠭ᠌ᠵᠢᠭᠦᠯᠬᠦ᠌᠎ᠶ᠋ᠢᠦᠷᠭᠦᠯᠵᠢᠯᠡᠨ ᠠᠬᠢᠭᠤᠯᠵᠤ᠂ ᠭᠣᠣᠯᠳᠠᠯᠭ᠎ᠠ᠎ᠲᠠᠶ  ᠬᠦᠷᠢᠶᠡᠨ᠎ᠳᠡᠬᠢ ᠢᠯᠵᠠᠷᠡᠯ ᠎ᠦᠨ ᠠᠰᠠᠭᠤᠳᠠᠯ᠎ᠢ  ᠬᠠᠮᠵᠢᠯᠴᠠᠨ ᠵᠠᠯᠬᠠᠭᠠᠵᠤ᠂ ᠠᠷᠠᠳ᠎ᠤᠨ ᠠᠮᠢᠳᠤᠷᠠᠯ᠎ᠤᠨ ᠬᠠᠤᠯᠢ ᠴᠠᠭᠠᠵᠠ᠎ᠶ᠋ᠢᠨ ᠪᠠᠲᠤᠯᠠᠭ᠎ᠠ᠎ᠶ᠋ᠢ ᠴᠢᠩᠭᠠᠳᠭᠠᠵᠤ᠂ ᠠᠮᠤᠭᠤᠯᠠᠩᠲᠤ ᠥᠪᠥᠷ ᠮᠣᠩᠭᠣᠯ᠂ ᠬᠠᠤᠯᠢᠵᠢᠯ᠎ᠤᠨ ᠥᠪᠥᠷ ᠮᠣᠩᠭᠣᠯ᠎ᠤᠨ ᠪᠠᠢᠭᠤᠯᠤᠯᠲᠠ᠎ᠶ᠋ᠢᠨ ᠲᠠᠰᠤᠷᠠᠯᠳᠠ ᠦᠭᠡᠢ ᠱᠢᠨ᠎ᠡ ᠦᠷ᠎ᠡ ᠪᠦᠲᠦᠮᠵᠢ ᠤᠯᠬᠤ᠎ᠶ᠋ᠢ ᠠᠬᠢᠭᠤᠯᠬᠤ ᠬᠡᠷᠡᠭ᠌ᠲᠡᠢ ᠭᠡᠵᠦ᠍ ᠴᠢᠬᠤᠯᠠᠴᠢᠯᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号