ᠹᠸᠩ ᠶᠠᠨ ᠯᠢ ᠄ ᠡᠬᠡ ᠤᠯᠤᠰ ᠤ᠋ᠨ ᠵᠢᠡᠨ ᠰᠠᠨᠰᠠᠷ ᠤ᠋ᠨ ᠦᠶ᠋ᠯᠡᠰ ᠤ᠋ᠨ ᠬᠥᠭ᠌ᠵᠢᠯᠲᠡ ᠳ᠋ᠦ ᠠᠷᠭ᠎ᠠ ᠤᠬᠠᠭᠠᠨ ᠵᠢᠡᠨ ᠲᠡᠪᠰᠢᠬᠦᠯᠦᠨ᠎ᠠ
2022-03-18 09:46:09
ᠵᠣᠬᠢᠶᠠᠭ᠍ᠴᠢ᠄
​ ᠯᠢ ᠬᠠᠨ
ᠣᠩᠱᠢᠭ᠍ᠰᠠᠨ ᠣᠳᠠᠭ᠎ᠠ᠄
★★★☆☆

3 ᠰᠠᠷ᠎ᠠ ᠶ᠋ᠢᠨ 15 ᠤ᠋ ᠡᠳᠦᠷ᠂ ᠳᠤᠮᠳᠠᠳᠤ ᠤᠯᠤᠰ ᠤ᠋ᠨ ᠰᠠᠨᠰᠠᠷ ᠤ᠋ᠨ ᠠᠶᠠᠯᠠᠯ ᠤ᠋ᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠠᠵᠤ ᠦᠢᠯᠡᠳᠪᠦᠷᠢ ᠵᠢᠨ ᠪᠦᠯᠦᠭᠯᠡᠯ ᠺᠤᠮᠫᠠᠨᠢ ᠵᠢᠨ ᠵᠢᠷᠭᠤᠳᠤᠭᠠᠷ ᠬᠦᠷᠢᠶᠡᠯᠡᠩ ᠤ᠋ᠨ ᠶᠡᠬᠡ ᠬᠤᠷᠠᠯ ᠤ᠋ᠨ ᠭᠡᠷ ᠲᠦ᠍ ᠨᠢᠵᠢᠭᠢᠨᠡᠭᠰᠡᠨ ᠠᠯᠠᠭ᠎ᠠ ᠲᠠᠱᠢᠯᠳᠠ ᠪᠠᠢᠨ ᠪᠠᠢᠨ ᠦᠷᠬᠦᠯᠵᠢᠯᠡᠨ᠎ᠠ᠃ ᠪᠦᠬᠦ᠌ ᠤᠯᠤᠰ ᠤ᠋ᠨ《ᠬᠣᠶᠠᠷ ᠬᠤᠷᠠᠯ》ᠰᠠᠶᠢᠬᠠᠨ ᠲᠡᠬᠦᠰᠦᠮᠡᠭᠴᠡ᠂ ᠪᠦᠬᠦ᠌ ᠤᠯᠤᠰ ᠤ᠋ᠨ ᠠᠷᠠᠳ ᠤ᠋ᠨ ᠲᠥᠯᠥᠭᠡᠯᠡᠭ᠌ᠴᠢᠳ ᠤ᠋ᠨ ᠶᠡᠬᠡ ᠬᠤᠷᠠᠯ ᠤ᠋ᠨ ᠲᠥᠯᠥᠭᠡᠯᠡᠭ᠌ᠴᠢ᠂ ᠳᠤᠮᠳᠠᠳᠤ ᠤᠯᠤᠰ ᠤ᠋ᠨ ᠰᠠᠨᠰᠠᠷ ᠤ᠋ᠨ ᠠᠶᠠᠯᠠᠯ ᠤ᠋ᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠠᠵᠤ ᠦᠢᠯᠡᠳᠪᠦᠷᠢ ᠵᠢᠨ ᠪᠦᠯᠦᠭᠯᠡᠯ ᠺᠤᠮᠫᠠᠨᠢ ᠵᠢᠨ ᠵᠢᠷᠭᠤᠳᠤᠭᠠᠷ ᠬᠦᠷᠢᠶᠡᠯᠡᠩ ᠤ᠋ᠨ 46 ᠳ᠋ᠤᠭᠠᠷ ᠰᠠᠯᠪᠤᠷᠢ ᠵᠢᠨ ᠱᠢᠨᠵᠢᠯᠡᠬᠦ᠌ ᠤᠬᠠᠭᠠᠨ ᠲᠸᠭᠨᠢᠢᠡ᠋ ᠮᠡᠷᠭᠡᠵᠢᠯ ᠤ᠋ᠨ ᠵᠥᠪᠯᠡᠯ ᠤ᠋ᠨ ᠪᠠᠢᠩᠭᠤ ᠶ᠋ᠢᠨ ᠭᠡᠱᠢᠭᠦᠨ ᠹᠸᠩ ᠶᠠᠨ ᠯᠢ ᠳᠠᠷᠤᠢᠬᠠᠨ ᠠᠵᠢᠯ ᠤ᠋ᠨ ᠪᠠᠢᠷᠢ ᠳ᠋ᠠᠭᠠᠨ ᠪᠤᠴᠠᠵᠤ᠂ ᠶᠡᠷᠦᠩᠬᠡᠢ ᠱᠦᠵᠢ ᠰᠢ ᠶ᠋ᠢᠨ ᠫᠢᠩ ᠤ᠋ᠨ ᠠᠷᠪᠠᠨ ᠭᠤᠷᠪᠠᠳᠤᠭᠠᠷ ᠬᠤᠭᠤᠴᠠᠭᠠᠨ ᠤ᠋ ᠪᠦᠬᠦ᠌ ᠤᠯᠤᠰ ᠤ᠋ᠨ ᠠᠷᠠᠳ ᠤ᠋ᠨ ᠲᠥᠯᠥᠭᠡᠯᠡᠭ᠌ᠴᠢᠳ ᠤ᠋ᠨ ᠶᠡᠬᠡ ᠬᠤᠷᠠᠯ ᠤ᠋ᠨ ᠲᠠᠪᠤᠳᠤᠭᠠᠷ ᠬᠤᠷᠠᠯ ᠤ᠋ᠨ ᠥᠪᠥᠷ ᠮᠣᠩᠭᠣᠯ ᠤ᠋ᠨ ᠲᠥᠯᠥᠭᠡᠯᠡᠭ᠌ᠴᠢᠳ ᠤ᠋ᠨ ᠪᠦᠯᠬᠦᠮ ᠤ᠋ᠨ ᠬᠢᠨᠠᠨ ᠵᠥᠪᠯᠡᠬᠦ ᠳ᠋ᠤ ᠣᠷᠣᠯᠴᠠᠬᠤ ᠦᠶ᠎ᠡ ᠶ᠋ᠢᠨ ᠴᠢᠬᠤᠯᠠ ᠶᠠᠷᠢᠶᠠᠨ ᠤ᠋ ᠵᠣᠷᠢᠭ ᠰᠠᠨᠠᠭ᠎ᠠ ᠪᠣᠯᠤᠨ ᠪᠦᠬᠦ᠌ ᠤᠯᠤᠰ ᠤ᠋ᠨ《ᠬᠣᠶᠠᠷ ᠬᠤᠷᠠᠯ》 ᠤ᠋ᠨ ᠵᠣᠷᠢᠭ ᠰᠠᠨᠠᠭ᠎ᠠ ᠵᠢ ᠬᠠᠮᠲᠤ ᠠᠵᠢᠯᠯᠠᠭ᠍ᠰᠠᠳ ᠲᠠᠭᠠᠨ ᠤᠬᠠᠭᠤᠯᠤᠨ ᠲᠠᠢᠯᠪᠤᠷᠢᠯᠠᠬᠤ ᠶ᠋ᠢᠨ ᠬᠠᠮᠲᠤ ᠥᠪᠡᠷ ᠤ᠋ᠨ ᠠᠷᠠᠳ ᠤ᠋ᠨ ᠲᠦᠯᠦᠭᠡᠯᠡᠭᠴᠢ ᠵᠢᠨ ᠡᠬᠦᠷᠭᠡ ᠲᠤᠱᠢᠶᠠᠯ ᠢ᠋ᠶ᠋ᠠᠨ ᠬᠦᠢᠴᠡᠳᠬᠡᠭᠰᠡᠨ ᠪᠠᠢᠳᠠᠯ ᠪᠣᠯᠤᠨ ᠤᠯᠤᠯᠳᠠ ᠲᠦᠷᠦᠭ᠌ᠳᠡᠯ ᠢ᠋ᠶ᠋ᠡᠨ ᠬᠤᠪᠢᠶᠠᠯᠴᠠᠨ᠎ᠠ ᠃

ᠹᠸᠩ ᠶᠠᠨ ᠯᠢ ᠶ᠋ᠢᠨ ᠤᠬᠠᠭᠤᠯᠤᠨ ᠲᠠᠢᠯᠪᠤᠷᠢᠯᠠᠬᠤ ᠵᠢ ᠰᠣᠨᠣᠰᠤᠭᠠᠳ᠂ ᠳᠤᠮᠳᠠᠳᠤ ᠤᠯᠤᠰ ᠤ᠋ᠨ ᠰᠠᠨᠰᠠᠷ ᠤ᠋ᠨ ᠠᠶᠠᠯᠠᠯ ᠤ᠋ᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠠᠵᠤ ᠦᠢᠯᠡᠳᠪᠦᠷᠢ ᠵᠢᠨ ᠪᠦᠯᠦᠭᠯᠡᠯ ᠺᠤᠮᠫᠠᠨᠢ ᠵᠢᠨ ᠵᠢᠷᠭᠤᠳᠤᠭᠠᠷ ᠬᠦᠷᠢᠶᠡᠯᠡᠩ ᠤ᠋ᠨ ᠺᠠᠳ᠋ᠷ ᠠᠵᠢᠯᠳᠠᠳ ᠮᠠᠰᠢ ᠵᠣᠷᠢᠭ᠍ᠵᠢᠪᠠ᠃ ᠤᠯᠠᠨ ᠢ᠋ᠶ᠋ᠡᠷ ᠢ᠋ᠶ᠋ᠠᠨ᠂  ᠶᠡᠷᠦᠩᠬᠡᠢ ᠱᠦᠵᠢ ᠶ᠋ᠢᠨ ᠴᠢᠬᠤᠯᠠ ᠶᠡᠷᠢᠶ᠎ᠠ ᠵᠢᠨ ᠵᠤᠷᠢᠭ ᠰᠠᠨᠠᠭ᠎ᠠ ᠵᠢ ᠪᠣᠳᠠᠲᠠᠢ ᠠᠵᠢᠯ ᠳ᠋ᠠᠭᠠᠨ ᠰᠠᠢᠲᠤᠷ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠠᠵᠤ ᠦᠢᠯᠡᠰ ᠤ᠋ᠨ ᠬᠥᠭ᠌ᠵᠢᠯᠲᠡ ᠶ᠋ᠢᠨ ᠪᠣᠭᠣᠮᠢ ᠳ᠋ᠦ ᠠᠩᠬᠠᠷᠤᠯ ᠢ᠋ᠶ᠋ᠠᠨ ᠲᠥᠪᠯᠡᠷᠡᠭᠦᠯᠤᠨ᠂ ᠰᠠᠭᠤᠷᠢ ᠰᠤᠳᠤᠯᠭᠠᠨ ᠪᠣᠯᠤᠨ ᠠᠩᠬᠠᠨ ᠤ᠋ ᠱᠢᠨ᠎ᠡ ᠡᠭᠦᠳᠦᠯᠲᠡ ᠵᠢ ᠴᠢᠩᠭᠠᠳᠭᠠᠵᠤ᠂ ᠵᠠᠩᠭᠢᠯᠠᠭ᠎ᠠ ᠶ᠋ᠢᠨ ᠭᠣᠣᠯᠯᠠᠬᠤ ᠮᠡᠷᠭᠡᠵᠢᠯ ᠤ᠋ᠨ ᠪᠣᠭᠣᠮᠲᠠ ᠵᠢ ᠴᠢᠷᠮᠠᠢᠨ ᠱᠢᠪᠲᠤᠯᠵᠤ᠂ ᠮᠠᠨ ᠤ᠋ ᠤᠯᠤᠰ ᠤ᠋ᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠪᠡᠶ᠎ᠡ ᠪᠡᠨ ᠳᠠᠭᠠᠭᠠᠵᠤ ᠥᠪᠡᠷ ᠢ᠋᠎ᠪᠡᠨ ᠬᠦᠴᠦᠷᠬᠡᠭ᠌ᠵᠢᠭᠦᠯᠬᠦ᠌ ᠵᠢ ᠪᠡᠶᠡᠯᠡᠭᠦᠯᠬᠦ ᠳ᠋ᠤ ᠰᠠᠨᠰᠠᠷ ᠤ᠋ᠨ ᠠᠶᠠᠯᠠᠯ ᠤ᠋ᠨ ᠬᠦᠮᠦᠰ ᠤ᠋ᠨ ᠬᠦᠴᠦᠨ ᠴᠢᠳᠠᠯ ᠢ᠋ᠶ᠋ᠠᠨ ᠡᠷᠭᠦᠨ᠎ᠡ ᠭᠡᠵᠦ᠍ ᠢᠯᠡᠳᠭᠡᠵᠡᠭᠡᠪᠡ᠃

ᠪᠦᠬᠦ ᠤᠯᠤᠰ ᠤ᠋ᠨ《ᠬᠣᠶᠠᠷ ᠬᠤᠷᠠᠯ》ᠤ᠋ᠨ ᠬᠤᠭᠤᠴᠠᠭᠠᠨ ᠳ᠋ᠦ᠂ ᠹᠸᠩ ᠶᠠᠨ ᠯᠢ ᠥᠪᠥᠷ ᠮᠣᠩᠭᠣᠯ ᠤ᠋ᠨ ᠪᠣᠳᠠᠲᠤ ᠪᠠᠢᠳᠠᠯ ᠲᠠᠶ ᠤᠶᠠᠯᠳᠤᠭᠤᠯᠤᠨ ᠬᠣᠶᠠᠷ ᠰᠠᠨᠠᠭᠤᠯᠭ᠎ᠠ ᠳᠤᠷᠠᠳᠴᠠᠢ᠃ ᠨᠢᠭᠡ ᠳ᠋ᠤ᠂ ᠥᠪᠥᠷ ᠮᠣᠩᠭᠣᠯ ᠤ᠋ᠨ ᠡᠬᠢ ᠪᠠᠶᠠᠯᠢᠭ ᠤ᠋ᠨ ᠳᠠᠪᠠᠭᠤᠯᠢᠭ ᠪᠣᠯᠤᠨ ᠴᠡᠷᠢᠭ ᠤ᠋ᠨ ᠠᠵᠤ ᠦᠢᠯᠡᠳᠪᠦᠷᠢ ᠶ᠋ᠢᠨ ᠳᠠᠪᠠᠭᠤᠯᠢᠭ ᠲᠠᠶ ᠤᠶᠠᠯᠳᠤᠭᠤᠯᠵᠤ᠂ ᠥᠪᠥᠷ ᠮᠣᠩᠭᠣᠯ ᠳ᠋ᠦ ᠨᠢᠭᠡ ᠪᠦᠯᠦᠭ ᠴᠢᠬᠤᠯᠠ ᠶᠡᠬᠡ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠢᠨᠵᠧᠨᠧᠷᠢᠩ ᠪᠣᠯᠤᠨ ᠴᠢᠬᠤᠯᠠ ᠶᠡᠬᠡ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠲᠤᠰᠭᠠᠢ ᠲᠦᠷᠦᠯ ᠵᠦᠢᠯ ᠢ᠋ ᠥᠷᠨᠢᠭᠦᠯᠪᠠᠯ ᠵᠤᠬᠢᠨ᠎ᠠ; ᠬᠣᠶᠠᠷ ᠲᠦ᠍᠂ ᠤᠯᠤᠰ ᠡᠴᠡ ᠬᠠᠮᠢᠶ᠎ᠠ ᠪᠥᠬᠥᠶ ᠲᠥᠷᠥ ᠶ᠋ᠢᠨ ᠪᠣᠳᠣᠯᠭ᠎ᠠ ᠲᠣᠭ᠍ᠲᠠᠭᠠᠵᠤ᠂ ᠴᠢᠳᠠᠪᠤᠷᠢᠲᠠᠨ ᠪᠠ ᠳᠡᠭᠡᠳᠦ ᠵᠡᠷᠭᠡ ᠶ᠋ᠢᠨ ᠰᠤᠷᠭᠠᠨ ᠬᠥᠮᠦᠵᠢᠯ ᠤ᠋ᠨ ᠡᠬᠢ ᠪᠠᠶᠠᠯᠢᠭ ᠢ᠋ ᠬᠢᠯᠢ ᠬᠢᠵᠠᠭᠠᠷ ᠤᠷᠤᠨ᠂ ᠦᠨᠳᠦᠰᠦᠲᠡᠨ ᠤ᠋ ᠭᠠᠵᠠᠷ ᠣᠷᠣᠨ ᠳᠠᠢᠰᠢ ᠬᠡᠯᠪᠡᠢᠯᠭᠡᠬᠦ᠌ ᠵᠢ ᠠᠬᠢᠭᠤᠯᠬᠤ ᠶ᠋ᠢᠨ ᠤᠯᠠᠮ ᠡᠴᠡ ᠨᠠᠩ ᠣᠯᠠᠨ ᠴᠢᠳᠠᠪᠤᠷᠢᠲᠠᠨ ᠢ᠋ ᠥᠪᠥᠷ ᠮᠣᠩᠭᠣᠯ ᠳ᠋ᠦ ᠨᠤᠳᠤᠭᠰᠢᠭᠤᠯᠵᠤ᠂ ᠥᠪᠥᠷ ᠮᠣᠩᠭᠣᠯ ᠢ᠋ ᠪᠥᠲᠥᠭᠡᠨ ᠪᠠᠢᠭᠤᠯᠪᠠᠯ ᠵᠤᠬᠢᠨ᠎ᠠ ᠬᠡᠰᠡᠨ ᠰᠠᠨᠠᠭᠤᠯᠭ᠎ᠠ ᠲᠤᠷᠠᠳᠴᠠᠢ᠃ ᠡᠨᠡ ᠬᠣᠶᠠᠷ ᠰᠠᠨᠠᠭᠤᠯᠭ᠎ᠠ ᠨᠢ ᠤᠳᠠᠯ ᠦᠭᠡᠢ ᠬᠠᠮᠢᠶ᠎ᠠ ᠪᠦᠬᠦᠢ ᠰᠠᠯᠠᠭ᠎ᠠ ᠮᠥᠴᠢᠷ ᠤ᠋ᠨ ᠬᠠᠷᠢᠭᠤ ᠲᠤᠰᠭᠠᠯ ᠢ᠋ ᠣᠯᠤᠭᠰᠠᠨ ᠠᠵᠢ᠃ 《ᠪᠢ ᠰᠠᠨᠠᠭᠤᠯᠭ᠎ᠠ ᠳᠤᠷᠠᠳᠤᠭ᠍ᠰᠠᠨ ᠤ᠋ ᠳᠠᠷᠠᠭ᠎ᠠ᠂ ᠬᠣᠯᠪᠣᠭ᠍ᠳᠠᠯ ᠪᠥᠬᠥᠶ ᠰᠠᠯᠠᠭ᠎ᠠ ᠮᠥᠴᠢᠷ ᠤ᠋ᠨ ᠬᠠᠷᠢᠭᠤᠴᠠᠯᠭᠠᠲᠠᠨ ᠲᠡᠷᠡ ᠳᠠᠷᠤᠶ ᠳ᠋ᠤᠨᠢ ᠨᠠᠳᠠ ᠲᠠᠶ ᠸᠢᠳᠢᠣ᠋᠎ᠪᠠᠷ ᠬᠤᠯᠪᠤᠭ᠎ᠠ ᠪᠠᠷᠢᠨ ᠰᠠᠨᠠᠯ ᠢ᠋ᠶ᠋ᠠᠨ ᠰᠣᠯᠢᠯᠴᠠᠵᠤ᠂ ᠮᠢᠨᠦ᠍ ᠲᠤᠷᠠᠳᠤᠭᠰᠠᠨ ᠰᠠᠨᠠᠭᠤᠯᠭ᠎ᠠ ᠳ᠋ᠦ ᠬᠠᠷᠢᠭᠤᠯᠲᠠ ᠥᠭ᠌ᠭᠦᠭ᠌ᠰᠡᠨ ᠪᠥᠭᠡᠳ ᠰᠠᠨᠠᠭᠤᠯᠭ᠎ᠠ ᠵᠢ ᠳᠠᠷᠠᠭᠠᠴᠢ ᠵᠢᠨ ᠱᠢᠶ᠋ᠳᠪᠦᠷᠢᠯᠡᠬᠦ᠌ ᠵᠦᠶ᠋ᠯᠡᠰ ᠲᠦ᠍ ᠣᠷᠣᠭᠤᠯᠪᠠ᠃ ᠲᠤᠰᠭᠠᠯ ᠨᠢ ᠡᠢᠮᠤ ᠬᠤᠷᠳᠤᠨ᠂ ᠠᠷᠭ᠎ᠠ ᠬᠡᠮᠵᠢᠶ᠎ᠡ ᠨᠢ ᠡᠢᠮᠤ ᠬᠦᠴᠦᠲᠡᠶ᠂ ᠡᠨᠡ ᠨᠢ ᠨᠠᠳᠠ ᠵᠢ ᠦᠨᠡᠬᠡᠷ ᠳᠣᠭ᠍ᠳᠣᠯᠤᠭᠤᠯᠤᠭᠰᠠᠨ ᠶᠤᠮ》 ᠭᠡᠵᠦ᠍ ᠹᠧᠩ ᠶᠠᠨ ᠯᠢ ᠬᠡᠯᠡᠨ᠎ᠠ᠃

ᠪᠦᠬᠦ᠌ ᠤᠯᠤᠰ ᠤ᠋ᠨ《ᠬᠣᠶᠠᠷ ᠬᠤᠷᠠᠯ》 ᠬᠤᠷᠠᠯᠳᠤᠨ ᠲᠡᠬᠦᠰᠦᠭᠰᠡᠨ ᠴᠸ᠋ ᠠᠷᠠᠳ ᠤ᠋ᠨ ᠲᠥᠯᠥᠭᠡᠯᠡᠭ᠌ᠴᠢ ᠵᠢᠨ ᠲᠤᠱᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ ᠶᠠᠪᠤᠳᠠᠯ ᠦᠷᠬᠦᠯᠵᠢᠯᠡᠭᠰᠡᠬᠡᠷ ᠃《ᠶᠡᠷᠦᠩᠬᠡᠢ ᠱᠦᠵᠢ ᠶ᠋ᠢᠨ ᠬᠦᠰᠡᠯ ᠨᠠᠢᠳᠠᠯᠭ᠎ᠠ ᠵᠢ ᠪᠠᠲᠤ ᠴᠡᠭᠡᠵᠢᠯᠡᠵᠦ᠍ ᠂ ᠡᠯ᠎ᠡ ᠵᠦᠢᠯ ᠤ᠋ᠨ ᠠᠵᠢᠯ ᠢ᠋ᠶ᠋ᠠᠨ ᠨᠡᠩ ᠯᠠᠪᠳᠠᠭᠤᠨ ᠪᠠᠲᠤᠲᠠᠢ ᠰᠠᠢᠲᠤᠷ ᠬᠢᠵᠦ᠍᠂ ᠠᠵᠢᠯ ᠦᠢᠯᠡᠰ ᠢ᠋ᠶ᠋ᠡᠨ ᠳᠡᠭᠡᠳᠦᠯᠡᠬᠦ᠌᠂ ᠪᠣᠳᠠᠲᠠᠢ ᠵᠢ ᠡᠷᠬᠢᠮᠯᠡᠨ ᠱᠢᠨ᠎ᠡ ᠵᠢ ᠡᠭᠦᠳᠬᠦ᠌ ᠪᠣᠳᠠᠲᠤ ᠠᠵᠢᠯᠯᠠᠭ᠎ᠠ ᠪᠠᠷ ᠢ᠋ᠶ᠋ᠠᠨ ᠲᠤᠱᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ᠌ ᠳᠤᠮᠳᠠ ᠰᠠᠨᠰᠠᠷ ᠤ᠋ᠨ ᠠᠶᠠᠯᠠᠯ ᠤ᠋ᠨ ᠵᠣᠷᠢᠭ ᠰᠠᠨᠠᠭ᠎ᠠ ᠵᠢ ᠢᠯᠡᠷᠡᠭᠦᠯᠵᠦ᠍᠂ ᠡᠬᠡ ᠤᠯᠤᠰ ᠤ᠋ᠨ ᠵᠢᠡᠨ ᠰᠠᠨᠰᠠᠷ ᠤ᠋ᠨ ᠠᠶᠠᠯᠠᠯ ᠤ᠋ᠨ ᠦᠢᠯᠡᠰ ᠤ᠋ᠨ ᠬᠥᠭ᠌ᠵᠢᠯᠲᠡ ᠪᠣᠯᠤᠨ ᠥᠪᠥᠷ ᠮᠣᠩᠭᠣᠯ ᠤ᠋ᠨ ᠠᠵᠤ ᠠᠬᠤᠢ ᠶ᠋ᠢᠨ ᠬᠥᠭ᠌ᠵᠢᠯᠲᠡ ᠳ᠋ᠦ ᠠᠷᠭ᠎ᠠ ᠤᠬᠠᠭᠠᠨ ᠵᠢᠡᠨ ᠲᠡᠪᠰᠢᠬᠦᠯᠬᠦ ᠪᠡᠷ ᠦᠷᠬᠦᠯᠵᠢᠯᠡᠨ ᠴᠢᠷᠮᠠᠢᠨ᠎ᠠ》 ᠭᠡᠵᠦ᠍ ᠹᠸᠩ ᠶᠠᠨ ᠯᠢ ᠢᠯᠡᠳᠭᠡᠵᠤ ᠪᠠᠢᠯ᠎ᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号