ᠴᠠᠭᠠᠨ ᠰᠠᠷᠠ ᠥᠩᠭᠡᠷᠡᠮᠡᠭ᠌ᠴᠡ᠂ ᠮᠸᠩ ᠼᠤᠤ ᠱᠢᠨᠵᠢᠯᠡᠬᠦ᠌ ᠤᠬᠠᠭᠠᠨ ᠰᠤᠳᠤᠯᠭᠠᠨ
ᠤ᠋ ᠪᠦᠯᠬᠦᠮ ᠤ᠋ᠨ ᠬᠢᠨ ᠦᠷᠡ ᠶ᠋ᠢᠨ ᠮᠢᠺᠷᠣ᠋ ᠵᠢᠨ ᠰᠡᠭᠦᠳᠡᠷᠯᠡᠯᠲᠡ᠂
ᠨᠠᠬᠢᠶᠠᠯᠠᠬᠤ ᠨᠤᠷᠮᠠᠵᠢ ᠪᠠᠢᠴᠠᠭᠠᠬᠤ ᠵᠢᠴᠢ ᠴᠢᠬᠢ ᠪᠣᠢᠵᠢᠭᠤᠯᠬᠤ ᠵᠡᠷᠭᠡ 2022 ᠣᠨ ᠤ᠋ ᠦᠷᠡ
ᠡᠳ᠋ᠤᠨ ᠡᠬᠢ ᠪᠠᠶᠠᠯᠢᠭ ᠢ᠋ ᠦᠨᠡᠯᠡᠬᠦ᠌ ᠠᠵᠢᠯ ᠳ᠋ᠦ ᠪᠡᠯᠡᠳᠭᠡᠯ ᠬᠢᠵᠦ᠂ ᠵᠢᠯ ᠤ᠋ᠨ ᠠᠵᠢᠯᠵᠢᠡᠨ ᠡᠬᠢᠯᠡᠭᠦᠯᠵᠡᠢ᠃

ᠠᠥ᠋ᠲ᠋ᠤᠴᠢᠯᠠᠭ᠍ᠰᠠᠨ ᠴᠢᠬᠢ ᠰᠠᠭᠤᠯᠭᠠᠬᠤ ᠦᠢᠯᠡᠳᠪᠦᠷᠢᠯᠡᠯᠦᠨ ᠱᠤᠭᠤᠮ
2014 ᠣᠨᠤ 1 ᠰᠠᠷᠠᠶ᠋ᠢᠨ 28 ᠤ᠋ ᠡᠳᠦᠷ᠂ ᠶᠡᠷᠦᠩᠬᠡᠶ ᠱᠦᠵᠢ ᠰᠢ ᠵᠢᠨ
ᠫᠢᠩ ᠮᠠᠨᠤ ᠣᠷᠣᠨᠤᠮᠸᠩ ᠼᠤᠤ ᠪᠦᠯᠦᠭᠯᠡᠯᠳᠦ ᠱᠢᠨᠵᠢᠯᠡᠨ ᠪᠠᠢᠴᠠᠭᠠᠬᠤᠳᠠᠭᠠᠨ᠂ ᠪᠣᠬᠢᠷᠲᠤᠯ ᠥᠬᠡᠶ ᠬᠥᠭ᠌ᠵᠢᠯᠲᠡᠶ᠋ᠢ
ᠪᠡᠶᠡᠯᠡᠭᠦᠯᠬᠦ᠌ᠳᠦ ᠵᠠᠩᠭᠢᠯᠠᠭᠠᠨᠢ ᠲᠠᠪᠴᠠᠩ᠂ ᠮᠡᠷᠭᠡᠵᠢᠯ᠂ ᠠᠷᠭᠠ ᠪᠠᠷᠢᠯ ᠪᠠᠢᠬᠤ ᠬᠡᠷᠡᠭ᠌ᠲᠡᠶ ᠪᠠᠢᠵᠦ᠂
ᠨᠣᠭᠣᠭᠠᠷᠠᠭᠤᠯᠤᠯᠲᠠᠳᠤ ᠵᠥᠪᠬᠡᠨ 《ᠬᠠᠴᠢᠨ ᠰᠣᠨᠢᠨ ᠡᠪᠡᠰᠦ ᠴᠡᠴᠡᠭ》
ᠳᠠᠷᠢᠬᠤ ᠨᠢ ᠦᠷᠭᠦᠯᠵᠢᠯᠡᠵᠦ᠍ ᠳᠡᠢᠯᠬᠦ᠌ ᠥᠬᠡᠶ ᠪᠠᠢᠵᠤ᠂ ᠰᠣᠬᠣᠷ ᠪᠠᠯᠠᠶᠪᠠᠷ
ᠣᠷᠣᠭᠤᠯᠤᠨ ᠠᠪᠴᠢᠷᠠᠬᠤ ᠨᠢ ᠴᠦ᠍ ᠵᠣᠬᠢᠴᠠᠬᠤ ᠥᠬᠡᠶ ᠪᠠᠢᠵᠤ ᠮᠡᠳᠡᠨᠡ᠂ ᠪᠠᠢᠭᠠᠯᠢᠶ᠋ᠢᠨ ᠵᠢᠮᠡ ᠶᠣᠰᠣᠨᠳᠤ
ᠨᠡᠢᠴᠡᠭ᠌ᠰᠡᠨ᠂ ᠤᠯᠤᠰᠤᠨ ᠪᠠᠢᠳᠠᠯ᠂ ᠭᠠᠵᠠᠷ ᠣᠷᠣᠨᠤ ᠤᠨᠴᠠᠯᠢᠭ ᠲᠦ᠍ ᠨᠡᠢᠴᠡᠭ᠌ᠰᠡᠨ ᠨᠣᠭᠣᠭᠠᠷᠠᠭᠤᠯᠤᠯᠲᠠᠶ᠋ᠢᠨ
ᠵᠠᠮᠢ ᠰᠦᠪᠡᠭ᠌ᠴᠢᠯᠡᠬᠦ᠌ ᠬᠡᠷᠡᠭ᠌ᠲᠡᠶ ᠭᠡᠵᠦ᠍ ᠨᠠᠢᠳᠠᠵᠠᠢ᠃ ᠡᠨᠡ 8 ᠵᠢᠯᠳᠦ᠂ ᠮᠸᠩ ᠼᠤᠤ ᠪᠦᠯᠦᠭᠯᠡᠯ ᠶᠡᠷᠦᠩᠬᠡᠢ
ᠱᠦᠵᠢᠶ᠋ᠢᠨ ᠬᠦᠰᠡᠯ ᠨᠠᠢᠳᠠᠯᠭᠠᠶ᠋ᠢ ᠢᠮᠠᠭ᠍ᠲᠠ ᠪᠠᠲᠤ ᠴᠡᠭᠡᠵᠢᠯᠡᠵᠦ᠍᠂ ᠬᠡᠭᠡᠷᠡᠶ᠋ᠢᠨ ᠤᠷᠭᠤᠮᠠᠯᠢ ᠳᠠᠰᠭᠠᠨ
ᠪᠣᠢᠵᠢᠭᠤᠯᠬᠤ ᠮᠡᠷᠭᠡᠵᠢᠯᠢ ᠢᠳᠡᠪᠬᠢᠲᠡᠢ ᠬᠠᠢᠨ ᠰᠦᠪᠡᠭ᠌ᠴᠢᠯᠡᠵᠦ᠍᠂ ᠠᠮᠢ ᠠᠬᠤᠢᠶ᠋ᠢ ᠰᠡᠷᠭᠦᠭᠡᠨ ᠵᠠᠰᠠᠬᠤ
ᠳᠤᠮᠳᠠ ᠨᠤᠲᠤᠭᠤᠨ ᠡᠪᠡᠰᠦᠨᠦ ᠦᠷᠡᠶ᠋ᠢᠨ ᠦᠢᠯᠡᠳᠦᠯᠢ ᠶᠡᠭᠡ ᠪᠡᠷ ᠪᠠᠳᠠᠷᠠᠭᠤᠯᠤᠨ᠂ ᠱᠢᠯᠢᠳᠡᠭ ᠬᠢᠷᠢ ᠪᠦᠲᠦᠮᠵᠢ
ᠣᠯᠤᠭ᠍ᠰᠠᠨ ᠬᠠᠷᠢᠭᠤᠯᠲᠠᠶ᠋ᠢᠨ ᠬᠠᠭᠤᠳᠠᠰᠤ ᠲᠤᠱᠢᠶᠠᠭ᠍ᠰᠠᠨ ᠪᠠᠢᠨᠠ᠃
8 ᠵᠢᠯ ᠤ᠋ᠨ ᠲᠤᠷᠰᠢ᠂ ᠮᠧᠩ ᠼᠤᠤ ᠱᠢᠨᠵᠢᠯᠡᠬᠦ᠌ ᠤᠬᠠᠭᠠᠨ ᠰᠤᠳᠤᠯᠭᠠᠨ ᠤ᠋ ᠪᠦᠯᠬᠦᠮ
ᠤᠷᠢᠳ ᠬᠣᠵᠢᠳ ᠪᠥᠬᠥ᠌ ᠤᠯᠤᠰᠲᠤ 18 ᠦᠷᠡ ᠶ᠋ᠢᠨ ᠦᠶ᠋ᠯᠡᠰ
ᠤ᠋ᠨ ᠰᠤᠳᠤᠯᠭᠠᠨ ᠤ᠋ ᠬᠦᠷᠢᠶᠡᠯᠡᠩ ᠵᠢᠴᠢ ᠬᠠᠷᠠᠭᠠᠯᠵᠠᠭᠰᠠᠨ ᠨᠤᠲᠤᠭ ᠤ᠋ᠨ ᠤᠷᠭᠤᠮᠠᠯ ᠤ᠋ᠨ ᠦᠷᠡ ᠡᠳ᠋ ᠤ᠋ᠨ
ᠡᠬᠢ ᠪᠠᠶᠠᠯᠢᠭ ᠤ᠋ᠨ ᠬᠥᠮᠥᠷᠭᠡ ᠪᠠᠢᠭᠤᠯᠵᠤ᠂ 4.8 ᠲᠦᠮᠡᠨ ᠬᠤᠪᠢ ᠦᠷᠡ ᠡᠳ᠋ ᠤ᠋ᠨ ᠡᠬᠢ ᠪᠠᠶᠠᠯᠢᠭ᠂ 12 ᠲᠦᠮᠡᠨ
ᠬᠤᠪᠢ ᠵᠠᠭ᠍ᠪᠤᠷ᠂ 140 ᠲᠦᠮᠡᠨ ᠬᠤᠪᠢ ᠬᠥᠷᠥᠰᠥ᠍ ᠵᠢᠨ
ᠶᠠᠨᠭᠵᠤ ᠴᠤᠭ᠍ᠯᠠᠭᠤᠯᠵᠦ᠂ 25 ᠵᠦᠢᠯ ᠤ᠋ᠨ ᠡᠪᠡᠰᠦᠨᠦ ᠡᠭᠦᠯᠳᠡᠷ ᠢ᠋ ᠬᠢᠨᠠᠨ ᠲᠣᠭ᠍ᠲᠠᠭᠠᠵᠤ᠂
ᠤᠯᠤᠰ ᠤ᠋ᠨ 6 ᠲᠦᠷᠦᠯ ᠤ᠋ᠨ ᠤᠷᠭᠤᠮᠠᠯ ᠤ᠋ᠨ ᠱᠢᠨᠡ ᠡᠭᠦᠯᠳᠡᠷᠢ ᠲᠡᠯᠭᠡᠷᠡᠭᠦᠯᠬᠦ ᠡᠷᠬᠡ ᠵᠢ ᠣᠯᠵᠤ᠂ 《 ᠴᠠᠩ ᠧ》 ᠬᠠᠢᠭᠤᠷᠵᠢᠡᠷ ᠳᠠᠮᠵᠢᠨ 6 ᠵᠦᠶ᠋ᠯ ᠤ᠋ᠨ ᠡᠪᠡᠰᠦᠨ ᠦᠷᠠᠶᠢ ᠰᠠᠨᠰᠠᠷᠲᠤ ᠪᠣᠢᠵᠢᠭᠤᠯᠵᠤ᠂ ᠭᠠᠩ ᠬᠠᠭ᠍ᠰᠠᠷᠠᠭᠠᠨᠲᠠᠶ ᠲᠡᠮᠡᠴᠡᠬᠦ᠌᠂
ᠬᠦᠶ᠋ᠲᠡᠨᠳᠦ ᠲᠡᠰᠪᠦᠷᠢᠲᠡᠶ᠂ ᠭᠢᠰᠭᠢᠯᠡᠬᠦ᠌ᠳᠦ ᠳᠠᠭᠠᠭᠠᠮᠠᠭᠠᠶ᠂ ᠡᠮᠳᠦ ᠬᠡᠷᠡᠭ᠌ᠯᠡᠵᠦ᠍ ᠪᠣᠯᠬᠤ ᠵᠡᠷᠭᠡ
ᠤᠷᠭᠤᠮᠠᠯ ᠤ᠋ᠨ ᠬᠡᠷᠡᠭ᠌ᠯᠡᠭᠡᠨᠦ ᠣᠨᠴᠠᠯᠢᠭ ᠢ᠋ ᠰᠤᠳᠤᠯᠵᠤ᠂ 383 ᠵᠦᠶ᠋ᠯ ᠤ᠋ᠨ ᠪᠠᠷᠢᠮᠵᠢᠶᠠ ᠵᠢ ᠨᠠᠢᠷᠠᠭᠤᠯᠤᠨ
ᠵᠣᠬᠢᠶᠠᠵᠤ᠂ 485 ᠵᠦᠶ᠋ᠯ ᠤ᠋ᠨ ᠲᠤᠰᠭᠠᠶ ᠠᠱᠢᠭ ᠭᠤᠶᠤᠴᠢᠯᠠᠵᠤ᠂ ᠦᠶ᠋ᠯᠡᠳᠪᠦᠷᠢᠯᠡᠯ ᠤ᠋ᠨ ᠦᠶ᠋ᠯᠡᠳᠦᠯᠭᠡᠵᠢ
ᠵᠢᠯᠣᠭᠣᠳᠪᠠ᠃ ᠤᠳᠠᠭᠠᠨ ᠵᠢᠯ ᠦᠷᠭᠦᠯᠵᠢᠯᠡᠭ᠌ᠰᠡᠨ ᠦᠷᠡ ᠶ᠋ᠢᠨ ᠦᠶ᠋ᠯᠡᠰ ᠤ᠋ᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠦᠶ᠋ᠯᠡᠳᠦᠯᠭᠡᠪᠡᠷ ᠳᠡᠮᠵᠢᠨ᠂ ᠮᠸᠩ
ᠼᠤᠤ ᠪᠦᠯᠦᠭᠯᠡᠯ ᠨᠢᠭᠡᠨᠲᠡ 《ᠪᠣᠢᠵᠢᠭᠤᠯᠬᠤ ᠦᠷᠡᠵᠢᠭᠦᠯᠬᠦ᠌ ᠳᠡᠯᠭᠡᠷᠡᠭᠦᠯᠬᠦ᠌》 ᠶ᠋ᠢ ᠨᠢᠭᠡ ᠴᠣᠭ᠍ᠴᠠᠵᠢᠭᠤᠯᠤᠭ᠍ᠰᠠᠨ ᠬᠡᠷᠡᠭ᠌ᠯᠡᠭᠡᠨᠦ ᠱᠢᠰᠲ᠋ᠧᠮ
ᠢ᠋ ᠪᠠᠢᠭᠤᠯᠵᠤ᠂ ᠦᠷᠡ ᠶ᠋ᠢᠨ ᠠᠮᠢ ᠠᠬᠤᠶ ᠶ᠋ᠢᠨ ᠪᠤᠭᠤᠳᠠᠯᠤᠨ ᠲᠥᠷᠥᠯ ᠭᠡᠯᠪᠡᠷᠢ ᠵᠢᠨ ᠱᠢᠨᠡ ᠵᠢ ᠡᠭᠦᠳᠴᠦ᠍᠂
ᠡᠯᠡ ᠭᠡᠯᠪᠡᠷᠢ ᠵᠢᠨ ᠠᠮᠢ ᠠᠬᠤᠶ ᠶ᠋ᠢᠨ ᠰᠡᠷᠭᠦᠭᠡᠯᠲᠡ ᠶ᠋ᠢᠨ ᠲᠦᠷᠦᠯ ᠵᠦᠢᠯᠳᠦ ᠥᠷᠭᠡᠨ ᠶ᠋ᠢᠡᠷ ᠬᠡᠷᠡᠭ᠌ᠯᠡᠵᠦ᠍᠂ ᠦᠷᠭᠦᠯᠵᠢᠯᠡᠬᠦ᠌
ᠤᠨᠤᠴᠠᠲᠠᠢ ᠠᠮᠢ ᠠᠬᠤᠶ ᠶ᠋ᠢᠨ ᠰᠡᠷᠭᠦᠭᠡᠯᠲᠡᠵᠢ ᠪᠡᠶᠡᠯᠡᠭᠦᠯᠪᠡ᠃
ᠥᠩᠭᠡᠷᠡᠭ᠌ᠰᠡᠨᠤ ᠵᠠᠯᠠᠢᠨᠠᠭᠤᠷ ᠤ᠋ᠨ ᠠᠭᠤᠷᠬᠠᠶ ᠵᠢᠨ ᠤᠷᠤᠨ ᠵᠠᠰᠠᠯᠲᠠᠪᠠᠷ ᠳᠠᠮᠵᠢᠨ᠂ ᠠᠭᠤᠯᠠ ᠨᠢ ᠬᠥᠬᠡᠷᠡᠵᠦ᠍
ᠡᠪᠡᠰᠦ ᠨᠢ ᠨᠣᠭᠣᠭᠠᠷᠠᠭ᠍ᠰᠠᠨᠵᠢᠡᠷ ᠪᠠᠷᠠᠬᠤ ᠥᠬᠡᠶ ᠨᠠᠩ ᠴᠤ᠌ ᠤᠯᠠᠭᠠᠨ ᠦᠨᠡᠭᠡ᠂ ᠬᠡᠭᠡᠷᠡ ᠶ᠋ᠢᠨ ᠨᠤᠭᠤᠰᠤ᠂
ᠬᠠᠢᠷᠠᠭᠤᠴᠠᠶ᠂ ᠪᠦᠷᠭᠦᠳ ᠵᠡᠷᠭᠡ ᠡᠯᠡᠵᠦᠶ᠋ᠯᠤ᠋ᠨᠠᠮᠢᠲᠠᠨᠤᠷᠭᠤᠮᠠᠯᠤ᠋ᠨ ᠦᠵᠡᠰᠭᠦᠯᠡᠩᠲᠦ ᠰᠠᠢᠬᠠᠨ ᠬᠡᠷ
ᠣᠷᠣᠨ ᠪᠣᠯᠵᠠᠢ᠃ ᠡᠳᠦᠭᠡ᠂ ᠲᠡᠳᠡᠨᠤ ᠪᠤᠢᠵᠢᠭᠤᠯᠤᠭᠰᠠᠨ ᠰᠦᠯ ᠰᠠᠢᠳᠠᠢ ᠡᠪᠡᠰᠦ ᠬᠥᠬᠡᠨᠠᠭᠤᠷ ᠲᠥᠪᠡᠳ ᠤ᠋ᠨ ᠥᠨᠳᠥᠷᠯᠢᠭ
ᠲᠦ᠍᠂ ᠲᠠᠯᠠ ᠨᠤᠲᠤᠭ ᠤ᠋ᠨ ᠥᠷᠥᠴᠡᠨᠳᠦ᠂ ᠵᠠᠭᠤᠨ ᠵᠢᠯ ᠤ᠋ᠨ ᠠᠭᠤᠷᠬᠠᠢ ᠶ᠋ᠢᠨ ᠣᠷᠣᠨ ᠳᠦ ᠦᠨᠳᠦᠰᠦᠯᠡᠵᠦ ᠁ ᠬᠥᠬᠡᠮᠳᠦᠭ ᠠᠭᠤᠯᠠ ᠵᠢ
ᠨᠤᠭᠤᠭᠠᠷᠠᠭᠤᠯᠵᠤ᠂ ᠨᠤᠲᠤᠭ ᠪᠡᠯᠴᠢᠭᠡᠷ ᠢ᠋ ᠰᠡᠷᠭᠦᠭᠡᠵᠦ᠍᠂ ᠴᠦᠯᠯᠡᠷᠬᠡᠭ ᠭᠠᠵᠠᠷᠢ ᠵᠠᠰᠠᠪᠠ᠃ 2022 ᠣᠨ ᠤ᠋ ᠲᠥᠪ ᠤ᠋ᠨ ᠨᠢᠭᠡᠳᠦᠭᠡᠷ ᠲᠣᠭᠠᠲᠤ ᠪᠢᠴᠢᠭ ᠮᠠᠲ᠋ᠧᠷᠢᠶᠠᠯ
ᠳ᠋ᠦ᠂ ᠦᠷᠡ ᠶ᠋ᠢᠨ ᠦᠶ᠋ᠯᠡᠰ ᠢ᠋ ᠬᠥᠭ᠌ᠵᠢᠭᠦᠯᠦᠨ ᠮᠠᠨᠳᠤᠭᠤᠯᠬᠤ
ᠠᠵᠢᠯᠯᠠᠭᠠ ᠶ᠋ᠢᠨ ᠲᠥᠰᠦᠯ ᠢ᠋ ᠪᠥᠬᠥ᠌ ᠲᠠᠯᠠᠪᠠᠷ ᠬᠡᠷᠡᠭ᠌ᠵᠢᠭᠦᠯᠬᠦ᠌
ᠬᠡᠷᠡᠭ᠌ᠲᠡᠶ ᠭᠡᠵᠦ᠍ ᠳᠤᠷᠠᠳᠤᠨ ᠭᠠᠷᠭᠠᠪᠠ᠃ ᠮᠸᠩ ᠼᠤᠤ ᠪᠦᠯᠦᠭᠯᠡᠯ ᠤᠳᠤ ᠶᠠᠭ ᠵᠠᠰᠠᠭ ᠤ᠋ᠨ ᠣᠷᠳᠣᠨ᠂ ᠠᠵᠤ ᠠᠬᠤᠢᠯᠠᠯ᠂
ᠱᠢᠨᠵᠢᠯᠡᠬᠦ᠌ ᠤᠬᠠᠭᠠᠨ ᠰᠤᠳᠤᠯᠭᠠᠨ ᠤ᠋ ᠬᠦᠷᠢᠶᠡᠯᠡᠩ᠂ ᠶᠡᠬᠡ ᠳᠡᠭᠡᠳᠦ ᠰᠤᠷᠭᠠᠭᠤᠯᠢᠪᠠᠷ ᠳᠡᠮᠵᠢᠨ ᠲᠠᠪᠴᠠᠩ
ᠡᠭᠦᠳᠦᠨ ᠪᠠᠢᠭᠤᠯᠵᠤ᠂ ᠬᠠᠮᠲᠤᠷᠠᠯ ᠬᠦᠴᠦᠨ ᠢ᠋ ᠪᠦᠷᠢᠯᠳᠦᠭᠦᠯᠵᠦ᠍᠂ ᠡᠬᠢ ᠪᠠᠶᠠᠯᠢᠭ ᠤ᠋ᠨ ᠡᠯᠧᠮᠧᠨ᠋ᠲ ᠤ᠋ᠨ ᠨᠡᠪᠲᠡᠷᠡᠨ
ᠠᠭᠤᠰᠤᠯᠴᠠᠬᠤ ᠵᠢ ᠠᠬᠢᠭᠤᠯᠵᠤ᠂ ᠤᠨᠴᠠᠯᠢᠬ᠍ᠳᠤ ᠦᠷᠡ ᠶ᠋ᠢᠨ ᠦᠶ᠋ᠯᠡᠰ ᠤ᠋ᠨ ᠪᠥᠬᠥ᠌ ᠠᠵᠤ ᠦᠶ᠋ᠯᠡᠰ ᠤ᠋ᠨ ᠬᠡᠯᠬᠢᠶᠡᠵᠢ
ᠲᠦᠷᠭᠡᠳᠭᠡᠨ ᠪᠠᠢᠭᠤᠯᠵᠤ᠂ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠳ᠋ᠦ ᠬᠦᠴᠦᠨ ᠨᠡᠮᠡᠷᠢᠯᠡᠵᠦ
ᠪᠠᠢᠨᠠ᠃ ᠣᠳᠣᠬᠠᠨ ᠳ᠋ᠦ᠂ ᠱᠢᠯᠢ ᠶ᠋ᠢᠨ ᠭᠤᠤᠯ ᠠᠢᠮᠠᠭ
ᠤ᠋ᠨ ᠤᠯᠠᠭᠠᠶ ᠬᠠᠮᠢᠶᠠᠷᠤᠯᠲᠠ ᠶ᠋ᠢᠨ ᠣᠷᠣᠨ᠂ ᠪᠠᠶᠠᠨᠨᠠᠭᠤᠷ
ᠬᠣᠲᠠ ᠶ᠋ᠢᠨ ᠤᠷᠠᠳ ᠤ᠋ᠨ ᠳᠤᠮᠳᠠᠳᠤ ᠬᠣᠱᠢᠭᠤᠲᠠᠶ ᠪᠠᠢᠯᠳᠤᠬᠤ
ᠪᠣᠳᠣᠯᠭᠠ ᠶ᠋ᠢᠨ ᠬᠠᠮᠲᠤᠷᠠᠯᠴᠠᠭᠠ ᠲᠣᠭ᠍ᠲᠠᠵᠤ᠂ ᠬᠠᠮᠲᠤᠷᠠᠯᠴᠠᠭᠠᠨ
ᠤ᠋ ᠠᠭᠤᠯᠭᠠ ᠵᠢ ᠡᠪᠡᠰᠦᠨ ᠦᠷᠡ ᠶ᠋ᠢᠨ ᠦᠶ᠋ᠯᠡᠰ ᠤ᠋ᠨ
ᠲᠣᠭᠣᠷᠢᠨ ᠳ᠋ᠦ ᠥᠷᠨᠢᠭᠦᠯᠵᠦ᠍᠂ ᠨᠤᠲᠤᠭ ᠪᠡᠯᠴᠢᠭᠡᠷ ᠤ᠋ᠨ ᠤᠷᠭᠤᠮᠠᠯ ᠤ᠋ᠨ ᠦᠷᠡ ᠡᠳ᠋ ᠤ᠋ᠨ ᠡᠬᠢ ᠪᠠᠶᠠᠯᠢᠭ
ᠢ᠋ ᠬᠠᠮᠠᠭᠠᠯᠠᠬᠤ ᠪᠠ ᠨᠡᠭᠡᠭᠡᠨ ᠠᠱᠢᠭ᠍ᠯᠠᠬᠤ ᠵᠢᠴᠢ ᠴᠢᠨᠠᠷ ᠰᠠᠢᠲᠠᠶ ᠡᠪᠡᠰᠦ ᠪᠣᠷᠳᠣᠭᠠ ᠬᠢᠭᠡᠳ ᠠᠮᠢ ᠠᠬᠤᠶ ᠶ᠋ᠢᠨ ᠡᠪᠡᠰᠦᠵᠢ ᠪᠣᠢᠵᠢᠭᠤᠯᠤᠨ ᠥᠷᠭᠡᠳᠭᠡᠬᠦ᠌ ᠰᠠᠭᠤᠷᠢᠨᠤ
ᠪᠥᠲᠥᠭᠡᠨ ᠪᠠᠢᠭᠤᠯᠤᠯᠲᠠ ᠵᠡᠷᠭᠡᠵᠢ ᠪᠠᠭ᠍ᠲᠠᠭᠠᠵᠤ᠂ ᠬᠠᠮᠢᠶᠠ ᠪᠥᠬᠥᠶ ᠵᠦᠶ᠋ᠯᠡᠰ ᠢ᠋ ᠶᠠᠭ ᠢᠳᠡᠪᠬᠢᠲᠡᠶ
ᠠᠬᠢᠭᠤᠯᠵᠤ ᠪᠠᠢᠨᠠ᠃ ᠪᠥᠬᠥ᠌ ᠤᠯᠤᠰ ᠤ᠋ᠨ ᠤᠯᠤᠰ ᠲᠥᠷᠥ ᠶ᠋ᠢᠨ ᠵᠥᠪᠯᠡᠯᠭᠡᠨᠦ ᠭᠡᠱᠢᠭᠦᠨ᠂ ᠮᠸᠩ ᠼᠤᠤ ᠪᠦᠯᠦᠭᠯᠡᠯᠤᠨ
ᠬᠡᠷᠡᠭ ᠮᠡᠳᠡᠭ᠌ᠴᠢᠳ ᠤ᠋ᠨ ᠳᠠᠷᠤᠭᠠ ᠸᠠᠩ ᠵᠣᠣ ᠮᠢᠩ ᠰᠤᠷᠪᠤᠯᠵᠢᠯᠠᠭᠠ ᠬᠦᠯᠢᠶᠡᠬᠦᠳᠡᠭᠡᠨ᠄ 《ᠬᠤᠳᠠᠯᠳᠤᠨ ᠠᠪᠴᠢᠷᠠᠭᠰᠠᠨ ᠡᠪᠡᠰᠦᠨ ᠦᠷᠡᠵᠢ ᠲᠠᠷᠢᠪᠡᠯ ᠭᠡᠰᠡᠭ ᠭᠠᠵᠠᠷᠢ ᠨᠤᠭᠤᠭᠠᠷᠠᠭᠤᠯᠵᠦ
ᠲᠡᠢᠯᠬᠦ ᠡᠴᠡ ᠪᠢᠰᠢ᠂ ᠪᠦᠬᠦᠢᠯᠡ ᠲᠠᠯᠠ ᠨᠤᠲᠤᠭᠢ ᠨᠤᠭᠤᠭᠠᠷᠠᠭᠤᠯᠵᠤ ᠲᠡᠢᠯᠬᠦ ᠦᠭᠡᠢ ᠶᠤᠮ᠃ ᠲᠠᠷᠠᠭᠠᠴᠢ ᠶ᠋ᠢᠨ ᠠᠯᠬᠤᠮ ᠳ᠋ᠦ᠂ ᠪᠢᠳᠡ ᠣᠨᠴᠠᠯᠢᠭ᠍ᠲᠤ ᠦᠷᠡ ᠶ᠋ᠢᠨ ᠦᠶ᠋ᠯᠡᠰ
ᠤ᠋ᠨ ᠬᠦᠷᠢᠶᠡᠨᠳᠦ ᠲᠠᠰᠤᠷᠠᠯᠲᠠ ᠥᠬᠡᠶ ᠬᠦᠴᠦᠯᠡᠵᠦ᠍᠂ 〈ᠨᠤᠲᠤᠭ ᠤ᠋ᠨ
ᠤᠷᠭᠤᠮᠠᠯ ᠤ᠋ᠨ ᠦᠷᠡ ᠡᠳ᠋ ᠤ᠋ᠨ ᠡᠬᠢ ᠪᠠᠶᠠᠯᠢᠭ ᠤ᠋ᠨ ᠬᠥᠮᠥᠷᠭᠡ〉
ᠶ᠋ᠢ ᠲᠠᠰᠤᠷᠠᠯᠲᠠ ᠥᠬᠡᠶ ᠲᠡᠭᠦᠯᠳᠡᠷᠵᠢᠭᠦᠯᠵᠦ᠍᠂ ᠤᠮᠠᠷᠠᠲᠤ ᠬᠢᠯᠢ ᠶ᠋ᠢᠨ ᠠᠮᠢ ᠠᠬᠤᠶ ᠶ᠋ᠢᠨ ᠰᠡᠷᠭᠦᠭᠡᠯᠲᠡᠳᠦ 〈ᠲᠠᠷᠢᠵᠤ ᠪᠣᠯᠬᠤ ᠦᠷᠡᠲᠡᠶ᠂ ᠲᠠᠷᠢᠵᠤ ᠪᠤᠯᠬᠤ ᠤᠷᠭᠤᠮᠠᠯ ᠲᠠᠢ〉 ᠪᠠᠢᠬᠤ ᠶ᠋ᠢ ᠪᠠᠲᠤᠯᠠᠵᠤ᠂ ᠲᠠᠷᠢᠮᠠᠯᠤᠨ ᠵᠦᠢᠯᠡᠰ᠂ ᠬᠢᠲᠠᠳ ᠡᠮ ᠤ᠋ᠨ ᠮᠠᠲ᠋ᠧᠷᠢᠶᠠᠯ
ᠵᠡᠷᠭᠡᠳᠦ ᠴᠢᠭ᠌ᠯᠡᠭᠦᠯᠦᠨ ᠣᠨᠴᠠᠯᠢᠭ᠍ᠲᠤ ᠦᠷᠡ ᠶ᠋ᠢᠨ ᠦᠶ᠋ᠯᠡᠰ ᠤ᠋ᠨ ᠬᠥᠭ᠌ᠵᠢᠯᠲᠡ ᠶ᠋ᠢᠨ ᠱᠢᠰᠲ᠋ᠧᠮ ᠢ᠋ ᠪᠦᠷᠢᠨᠱᠢᠭᠦᠯᠵᠦ᠍᠂
ᠰᠢᠯᠢᠳᠡᠭ ᠦᠷᠡᠵᠢ ᠬᠦᠮᠦᠷᠭᠡᠯᠡᠵᠦ ᠬᠠᠳᠠᠭᠠᠯᠠᠬᠤ ᠪᠡᠷ ᠪᠠᠷᠠᠬᠤ ᠦᠭᠡᠢ ᠲᠠᠷᠢᠵᠤ ᠤᠷᠭᠤᠭᠤᠯᠤᠨᠠ》 ᠭᠡᠵᠦ ᠶᠠᠷᠢᠵᠦ ᠪᠠᠢᠯᠠ᠃