ᠪᠥᠬᠥ᠌ ᠤᠯᠤᠰ ᠤᠨ ᠤᠯᠤᠰ ᠲᠥᠷᠥ ᠶ᠋ᠢᠨ ᠵᠥᠪᠯᠡᠯᠭᠡᠨ ᠦ ᠭᠡᠱᠢᠭᠦᠨ ᠂ ᠮᠸᠩ ᠼᠤᠤ ᠪᠦᠯᠦᠭ᠌ᠯᠡᠯ ᠦᠨ ᠬᠡᠷᠡᠭ ᠮᠡᠳᠡᠭ᠌ᠴᠢᠳ ᠦᠨ ᠳᠠᠷᠤᠭ᠎ᠠ ᠸᠠᠩ ᠵᠣᠣ ᠮᠢᠩ ᠠᠵᠢᠯ ᠤᠨ ᠪᠠᠢᠷᠢᠳᠠᠭᠠᠨ ᠪᠤᠴᠠᠭ᠍ᠰᠠᠨ ᠳᠠᠷᠤᠶ ᠺᠣᠮᠫᠠᠨᠢ ᠶ᠋ᠢᠨ ᠠᠵᠢᠯᠲᠠᠨ ᠠᠵᠢᠯᠴᠢᠨᠢᠶᠠᠨ ᠵᠣᠬᠢᠶᠠᠨ ᠪᠠᠢᠭᠤᠯᠵᠦ 《ᠰᠦᠯᠵᠢᠶᠡᠨ ᠳᠡᠭᠡᠷᠡᠬᠢ + ᠪᠤᠳᠠᠳᠤ ᠴᠤᠬᠴᠠ》ᠵᠢᠨ ᠬᠡᠯᠪᠡᠷᠢ ᠪᠡᠷ ᠪᠥᠬᠥ᠌ ᠤᠯᠤᠰ ᠤᠨ 《ᠬᠣᠶᠠᠷ ᠬᠤᠷᠠᠯ》 ᠤᠨ ᠵᠣᠷᠢᠭ ᠰᠠᠨᠠᠭ᠎ᠠ ᠶ᠋ᠢ ᠤᠯᠠᠮᠵᠢᠯᠠᠪᠠ ᠃
3 ᠰᠠᠷ᠎ᠠ ᠶ᠋ᠢᠨ 6 ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠪᠦᠬᠦ᠌ ᠤᠯᠤᠰ ᠤᠨ ᠤᠯᠤᠰ ᠲᠦᠷᠦ᠍ ᠶ᠋ᠢᠨ ᠵᠥᠪᠯᠡᠯᠭᠡᠨ ᠦ ᠠᠷᠪᠠᠨ ᠭᠤᠷᠪᠠᠳᠤᠭᠠᠷ ᠬᠤᠭᠤᠴᠠᠭᠠᠨ ᠤ ᠬᠣᠷᠢᠶᠠᠨ ᠤ ᠲᠠᠪᠤᠳᠤᠭᠠᠷ ᠬᠤᠷᠠᠯ ᠤᠨ ᠬᠥᠳᠡᠭᠡ ᠠᠵᠤ ᠠᠬᠤᠢ ᠶ᠋ᠢᠨ ᠡᠲᠡᠭᠡᠳ᠂ ᠨᠡᠢᠭᠡᠮ ᠦᠨ ᠠᠰᠠᠷᠠᠮᠵᠢ ᠪᠤᠯᠤᠨ ᠨᠡᠢᠭᠡᠮ ᠦᠨ ᠪᠠᠲᠤᠯᠠᠭ᠎ᠠ ᠶ᠋ᠢᠨ ᠡᠲᠡᠭᠡᠳ ᠦᠨ ᠭᠡᠱᠢᠭᠦᠳ ᠤᠨ ᠳᠤᠭᠤᠢᠯᠠᠩ ᠬᠠᠮᠲᠤᠷᠠᠬᠰᠠᠨ ᠬᠤᠷᠠᠯ ᠳᠤ ᠣᠷᠣᠯᠴᠠᠬᠤᠳᠠᠭᠠᠨ ᠂ ᠦᠷ᠎ᠡ ᠶ᠋ᠢᠨ ᠢᠷᠡᠯᠲᠡ ᠶ᠋ᠢᠨ ᠠᠮᠤᠷ ᠲᠦᠪᠱᠢᠨ ᠨᠢ ᠤᠯᠤᠰ ᠤᠨ ᠠᠮᠤᠷ ᠲᠦᠪᠱᠢᠨᠲᠡᠶ ᠬᠣᠯᠪᠣᠭ᠍ᠳᠠᠵᠤ ᠪᠠᠢᠳᠠᠭ᠂ ᠡᠷᠬᠡᠪᠰᠢ ᠵᠣᠷᠢᠭ ᠱᠢᠭᠤᠳᠤᠨ ᠮᠠᠨ ᠤ ᠤᠯᠤᠰ ᠤᠨ ᠦᠷ᠎ᠡ ᠶ᠋ᠢᠨ ᠦᠢᠯᠡᠰ ᠢ ᠬᠥᠭ᠌ᠵᠢᠭᠦᠯᠵᠦ᠍᠂ ᠦᠷ᠎ᠡ ᠶ᠋ᠢᠨ ᠦᠢᠯᠡᠰ ᠦᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠲᠠᠯ᠎ᠠ ᠪᠠᠷ ᠪᠡᠶ᠎ᠡ ᠪᠡᠨ ᠳᠠᠭᠠᠭᠠᠨ ᠬᠦᠴᠦᠷᠬᠡᠭ᠌ᠵᠢᠬᠦ᠂ ᠦᠷ᠎ᠡ ᠶ᠋ᠢᠨ ᠢᠷᠡᠯᠲᠡ ᠶ᠋ᠢ ᠪᠡᠶ᠎ᠡ ᠪᠡᠨ ᠳᠠᠭᠠᠭᠠᠨ ᠡᠵᠡᠮᠳᠡᠬᠦ ᠶ᠋ᠢ ᠪᠡᠶᠡᠯᠡᠭᠦᠯᠬᠦ᠌ ᠬᠡᠷᠡᠭ᠌ᠲᠡᠢ ᠭᠡᠵᠦ᠍ ᠴᠢᠬᠤᠯᠠᠴᠢᠯᠠᠪᠠ᠃ ᠸᠠᠩ ᠵᠤᠤ ᠮᠢᠩ ᠲᠤᠬᠠᠢ ᠶ᠋ᠢᠨ ᠲᠠᠯᠠᠪᠠᠢ ᠳᠤ ᠶᠡᠷᠦᠩᠬᠡᠢ ᠱᠦᠵᠢ ᠶ᠋ᠢᠨ ᠴᠢᠬᠤᠯᠠ ᠶᠠᠷᠢᠶ᠎ᠠ ᠶ᠋ᠢ ᠰᠣᠨᠣᠰᠤᠭᠠᠳ ᠮᠠᠰᠢ ᠭᠦᠨ ᠲᠦᠷᠦᠭ᠌ᠳᠡᠯᠲᠡᠶ ᠪᠣᠯᠤᠭ᠍ᠰᠠᠨ ᠪᠥᠭᠡᠳ ᠬᠠᠷᠢᠭᠤᠴᠠᠯᠭ᠎ᠠ ᠬᠦᠨᠳᠦ ᠪᠠᠢᠭ᠎ᠠ ᠪᠠᠨ ᠭᠦᠨ ᠣᠢᠯᠠᠭᠠᠪᠠ᠃ ᠣᠯᠠᠨ ᠵᠢᠯ ᠦᠨ ᠲᠤᠷᠰᠢ᠂ ᠸᠠᠩ ᠵᠣᠣ ᠮᠢᠩ ᠵᠢᠴᠢ ᠲᠡᠭᠦᠨ ᠦ ᠳᠠᠭᠠᠭᠤᠯᠤᠭ᠍ᠰᠠᠨ ᠪᠦᠯᠬᠦᠮ ᠨᠢ ᠦᠷ᠎ᠡ ᠶ᠋ᠢᠨ ᠦᠶ᠋ᠯᠡᠰ ᠠᠮᠢ ᠠᠬᠤᠶ ᠶ᠋ᠢᠨ ᠱᠢᠰᠲ᠋ᠧᠮ ᠢ ᠰᠡᠷᠭᠦᠭᠡᠨ ᠵᠠᠰᠠᠬᠤ ᠪᠦᠯᠬᠦᠮ ᠤ᠋ᠨ ᠳᠤᠮᠳᠠᠬᠢ ᠨᠢᠭᠡ ᠭᠡᠱᠢᠭᠦᠨ᠂ ᠪᠠᠰᠠ ᠴᠤ᠌ ᠬᠠᠯᠠᠱᠢᠷᠠᠯ ᠥᠬᠡᠶ ᠵᠢᠳᠬᠦᠵᠤ ᠪᠠᠢᠭ᠎ᠠ ᠤᠷᠢᠶᠠᠯᠠᠭ᠍ᠴᠢ᠂ ᠦᠶ᠋ᠯᠡᠳᠦᠯᠭᠡᠵᠢᠭᠦᠯᠦᠭ᠌ᠴᠢ ᠪᠤᠯᠤᠬᠰᠠᠭᠠᠷ ᠢᠷᠡᠭᠰᠡᠨ ᠶᠤᠮ ᠃ ᠮᠧᠩ ᠼᠤᠤ ᠪᠦᠯᠦᠭ᠌ᠯᠡᠯ 《 ᠨᠤᠲᠤᠭ ᠤᠨ ᠤᠷᠭᠤᠮᠠᠯ ᠤᠨ ᠦᠷ᠎ᠡ ᠡᠳ᠋ ᠦᠨ ᠡᠬᠢ ᠪᠠᠶᠠᠯᠢᠭ ᠤᠨ ᠬᠥᠮᠥᠷᠭᠡ 》 ᠶ᠋ᠢ ᠲᠠᠰᠤᠷᠠᠯᠲᠠ ᠥᠬᠡᠶ ᠲᠡᠭᠦᠯᠳᠡᠷᠵᠢᠭᠦᠯᠬᠦ᠌ ᠪᠡᠷ ᠳᠡᠮᠵᠢᠨ᠂ ᠱᠢᠨᠵᠢᠯᠡᠬᠦ᠌ ᠤᠬᠠᠭᠠᠨ ᠤ ᠰᠤᠳᠤᠯᠭᠠᠨ ᠤ ᠦᠷ᠎ᠡ ᠪᠦᠲᠦᠭᠡᠯ ᠵᠢᠡᠨ ᠰᠠᠢᠨ ᠦᠷ᠎ᠡ ᠪᠣᠢᠵᠢᠭᠤᠯᠬᠤ ᠰᠠᠭᠤᠷᠢᠨ᠂ ᠮᠣᠯᠧᠺᠦ᠋ᠯ ᠦᠨ ᠺᠣᠮᠫᠠᠨᠢ᠂ ᠠᠮᠢ ᠠᠬᠤᠶᠶ᠋ᠢ ᠰᠡᠷᠭᠦᠭᠡᠨ ᠵᠠᠰᠠᠬᠤ ᠲᠥᠷᠥᠯ ᠵᠦᠶ᠋ᠯ ᠳᠦ ᠬᠡᠷᠡᠭ᠌ᠯᠡᠵᠦ᠍᠂ 《ᠬᠠᠮᠠᠭᠠᠯᠠᠬᠤ᠂ ᠪᠣᠢᠵᠢᠭᠤᠯᠬᠤ᠂ᠦᠷᠡᠵᠢᠭᠦᠯᠬᠦ᠌᠂ ᠳᠡᠯᠭᠡᠷᠡᠭᠦᠯᠬᠦ᠌ 》 ᠪᠠᠷ ᠳᠠᠮᠵᠢᠭᠤᠯᠤᠨ᠂ 《 ᠬᠡᠷᠡᠭ᠌ᠯᠡᠵᠦ᠍ ᠪᠣᠯᠬᠤ ᠦᠷᠡᠲᠡᠶ᠂ ᠳᠠᠷᠢᠬᠤᠳᠤ ᠲᠣᠬᠢᠷᠠᠮᠵᠢᠲᠠᠶ ᠤᠷᠭᠤᠮᠠᠯ ᠲᠠᠢ 》 ᠪᠠᠢᠬᠤᠶ᠋ᠢ ᠪᠡᠶᠡᠯᠡᠭᠦᠯᠵᠦ᠍ ᠂ ᠨᠤᠲᠤᠭᠤᠨ ᠡᠪᠡᠰᠦᠨᠦ ᠦᠷᠡᠶ᠋ᠢᠨ ᠦᠢᠯᠡᠳᠦᠯᠢ ᠨᠠᠩ ᠶᠡᠬᠡ ᠪᠡᠷ ᠪᠠᠳᠠᠷᠠᠭᠤᠯᠵᠦ᠂ ᠣᠨᠴᠠᠯᠢᠭ᠍ᠲᠤ ᠦᠷᠡᠶ᠋ᠢᠨ ᠦᠶ᠋ᠯᠡᠰᠢ ᠰᠠᠢᠲᠤᠷ ᠬᠦᠭᠵᠢᠭᠦᠯᠵᠡᠢ᠃
《 ᠦᠷ᠎ᠡ ᠶ᠋ᠢᠨ ᠦᠶ᠋ᠯᠡᠰ ᠦᠨ ᠲᠠᠯ᠎ᠠ ᠪᠠᠷ ᠪᠡᠶ᠎ᠡ ᠪᠠᠨ ᠳᠠᠭᠠᠭᠠᠬᠤ ᠶ᠋ᠢ ᠪᠡᠶᠡᠯᠡᠭᠦᠯᠬᠦ᠌ ᠳᠦ ᠨᠡᠢᠭᠡᠮ ᠦᠨ ᠡᠯ᠎ᠡ ᠡᠲᠡᠭᠡᠳ ᠦᠨ ᠬᠢᠨ ᠬᠣᠯᠪᠣᠯᠳᠤᠨ ᠨᠡᠪᠲᠡᠷᠡᠯᠴᠡᠵᠦ᠍᠂ ᠲᠠᠷᠢᠶᠠᠯᠠᠩ ᠮᠠᠯ ᠠᠵᠤ ᠠᠬᠤᠶ᠂ ᠣᠶ ᠱᠢᠭᠤᠶ ᠡᠪᠡᠰᠦ ᠪᠡᠯᠴᠢᠭᠡᠷ᠂ ᠮᠠᠯ ᠵᠢᠭᠦᠷᠲᠡᠨ᠂ ᠮᠢᠺᠷᠣᠪ ᠵᠡᠷᠭᠡ ᠴᠢᠨᠠᠷ ᠰᠠᠢᠲᠠᠢ ᠦᠷ᠎ᠡ ᠶ᠋ᠢᠨ ᠢᠷᠡᠯᠲᠡ ᠶ᠋ᠢ ᠬᠥᠮᠥᠷᠭᠡᠳᠦ ᠬᠠᠳᠠᠭᠠᠯᠠᠵᠤ ᠰᠠᠢᠲᠤᠷ ᠰᠤᠳᠤᠯᠬᠤ ᠬᠡᠷᠡᠭ᠌ᠲᠡᠶ ᠮᠥᠷᠲᠡᠭᠡᠨ ᠪᠠᠰᠠ ᠬᠡᠷᠡᠭ᠌ᠴᠡᠭᠡᠲᠡᠶ᠂ ᠲᠣᠬᠢᠷᠠᠮᠵᠢᠲᠠᠶ ᠭᠠᠵᠠᠷ᠎ᠲᠤ ᠬᠡᠷᠡᠭ᠌ᠯᠡᠬᠦ᠌ ᠬᠡᠷᠡᠭ᠌ᠲᠡᠶ᠃ ᠤᠤᠯ ᠡᠭᠦᠯᠳᠡᠷ ᠡᠴᠡ ᠦᠢᠯᠡᠳᠪᠦᠷᠢᠯᠡᠯ ᠳᠦ ᠬᠡᠷᠡᠭ᠌ᠯᠡᠬᠦ᠌ ᠦᠷ᠎ᠡ ᠬᠦᠷᠲᠡᠯ᠎ᠡ᠂ ᠡᠬᠢᠨ ᠡᠴᠡ ᠨᠢ ᠠᠳᠠᠭᠲᠤᠨᠢ ᠬᠦᠷᠲᠡᠯ᠎ᠡ ᠴᠥᠮ ᠦᠪᠡᠷ ᠤᠨ ᠭᠠᠷᠲᠠᠭᠠᠨ ᠡᠵᠡᠮᠱᠢᠬᠦ ᠬᠡᠷᠡᠭᠲᠡᠢ》ᠭᠡᠵᠦ ᠸᠠᠩ ᠵᠤᠤ ᠮᠢᠩ《ᠬᠣᠶᠠᠷ ᠬᠤᠷᠠᠯ》 ᠤᠨ ᠵᠣᠷᠢᠭ ᠰᠠᠨᠠᠭ᠎ᠠ ᠶ᠋ᠢ ᠤᠬᠠᠭᠤᠯᠤᠨ ᠲᠠᠢᠯᠪᠤᠷᠢᠯᠠᠬᠤᠳᠠᠭᠠᠨ ᠬᠡᠯᠡᠵᠦ᠂ ᠠᠭᠤᠯᠭ᠎ᠠ ᠪᠠᠶᠠᠯᠢᠬ ᠤᠬᠠᠭᠤᠯᠤᠨ ᠲᠠᠢᠯᠪᠤᠷᠢᠯᠠᠯᠲᠠ ᠨᠢ ᠬᠤᠷᠠᠯ ᠳᠤ ᠣᠷᠣᠯᠴᠠᠭ᠍ᠰᠠᠳ ᠢ ᠮᠠᠰᠢ ᠵᠣᠷᠢᠭ᠍ᠵᠢᠭᠤᠯᠪᠠ ᠃
ᠮᠸᠩ ᠼᠤᠤ ᠪᠦᠯᠦᠭ᠌ᠯᠡᠯ ᠦᠨ ᠦᠷ᠎ᠡ ᠡᠳ᠋ ᠦᠨ ᠡᠬᠢ ᠪᠠᠶᠠᠯᠢᠭ ᠵᠢᠴᠢ ᠱᠢᠯᠭᠠᠨ ᠪᠠᠢᠴᠠᠭᠠᠬᠤ ᠲᠥᠪ ᠦᠨ ᠵᠧᠩ ᠯᠢ ᠨᠠ ᠤᠬᠠᠭᠤᠯᠤᠨ ᠲᠠᠢᠯᠪᠤᠷᠢᠯᠠᠬᠤ ᠶ᠋ᠢ ᠰᠣᠨᠣᠰᠤᠭ᠍ᠰᠠᠨ ᠤ ᠳᠠᠷᠠᠭ᠎ᠠ ᠄ 《ᠠᠮᠢ ᠠᠬᠤᠶ ᠶ᠋ᠢᠨ ᠱᠢᠨᠵᠢᠯᠡᠬᠦ᠌ ᠤᠬᠠᠭᠠᠨ ᠤ ᠰᠤᠳᠤᠯᠭᠠᠨ ᠤ ᠡᠮᠦᠨ᠎ᠡ ᠹᠷᠣᠨᠲ ᠤ᠋ᠨ ᠠᠵᠢᠯᠲᠠᠨ ᠪᠣᠯᠤᠭ᠍ᠰᠠᠨ ᠤ ᠬᠤᠪᠢ ᠳᠤ᠂ ᠪᠢᠳᠡ ᠨᠤᠭᠤᠭ᠎ᠠ ᠴᠤᠬᠤᠢᠮᠠᠬᠴᠠ ᠡᠬᠢᠯᠡᠬᠡᠳ ᠭᠠᠳᠠᠭ᠍ᠰᠢ ᠠᠵᠢᠯ ᠵᠢᠡᠷ ᠶᠠᠪᠤᠳᠠᠭ ᠃ ᠵᠢᠱ᠌ᠢᠶᠡᠯᠡᠪᠡᠯ 7᠂ 8 ᠰᠠᠷ᠎ᠠ ᠳᠤ ᠪᠢᠳᠡ ᠴᠡᠴᠡᠭ ᠦᠨ ᠥᠩᠭᠡ ᠨᠢ ᠨᠡᠯᠢᠶᠡᠳ ᠰᠠᠢᠨ᠂ ᠴᠡᠴᠡᠭᠯᠡᠬᠦ ᠬᠤᠭᠤᠴᠠᠭ᠎ᠠ ᠨᠢ ᠨᠡᠯᠢᠶᠡᠳ ᠣᠷᠳᠣ ᠦᠵᠡᠮᠵᠢ ᠶ᠋ᠢᠨ ᠲᠥᠷᠥᠯ ᠦᠨ ᠤᠷᠭᠤᠮᠠᠯ ᠢ ᠭᠤᠤᠯᠳᠠᠯᠭᠠᠲᠠᠶ ᠠᠩᠬᠠᠷᠴᠤ᠌᠂ ᠡᠪᠦᠯ ᠤᠷᠤᠭ᠍ᠰᠠᠨ ᠤ ᠳᠠᠷᠠᠭ᠎ᠠ ᠬᠦᠶ᠋ᠲᠡᠨ ᠳᠦ ᠲᠡᠰᠪᠦᠷᠢᠲᠡᠶ ᠤᠷᠭᠤᠮᠠᠯ ᠢ ᠡᠷᠢᠳᠡᠭ᠃ ᠡᠭᠦᠨ ᠡᠴᠡ ᠭᠠᠳᠠᠨ᠎ᠠ᠂ ᠡᠷᠭᠦᠭ᠌ᠳᠡᠴᠡ ᠪᠡᠷ ᠦᠨᠳᠦᠷ ᠭᠠᠵᠠᠷ ᠲᠤ᠌ ᠵᠤᠬᠢᠴᠠᠬᠤ ᠪᠠ ᠭᠠᠩ ᠬᠠᠭ᠍ᠰᠠᠷᠠᠭᠠᠨ ᠳᠤ ᠲᠡᠰᠪᠦᠷᠢᠲᠡᠶ ᠤᠷᠭᠤᠮᠠᠯ ᠨᠢ ᠪᠠᠰᠠ ᠮᠠᠨ ᠤ ᠬᠡᠭᠡᠷ᠎ᠡ ᠡᠴᠡ ᠴᠤᠭ᠍ᠯᠠᠭᠤᠯᠬᠤ ᠪᠠ ᠠᠵᠢᠭ᠍ᠯᠠᠬᠤ ᠶ᠋ᠢᠨ ᠭᠤᠤᠯᠳᠠᠯᠭ᠎ᠠ ᠪᠣᠯᠤᠨ᠎ᠠ ᠃ ᠶᠡᠷᠦᠩᠬᠡᠶ ᠱᠦᠵᠢ ᠶ᠋ᠢᠨ ᠴᠢᠬᠤᠯᠠ ᠶᠠᠷᠢᠶᠠᠨᠢ ᠪᠢᠳᠡᠨ ᠳᠦ ᠮᠠᠰᠢ ᠶᠡᠬᠡ ᠵᠣᠷᠢᠭ᠍ᠵᠢᠭᠤᠯᠤᠯ ᠪᠣᠯᠵᠣ᠂ ᠡᠷᠴᠢ ᠵᠣᠷᠢᠭ ᠲᠡᠭᠦᠯᠳᠡᠷ ᠪᠠᠢᠨ᠎ᠠ᠂ ᠵᠠᠪᠠᠯ ᠦᠷ᠎ᠡ ᠨᠢᠬᠡ ᠪᠦᠷᠢ ᠶ᠋ᠢ ᠰᠠᠢᠳᠤᠷ ᠪᠣᠢᠵᠢᠭᠤᠯᠵᠤ᠂ ᠲᠠᠯ᠎ᠠ ᠨᠤᠲᠤᠭ᠂ ᠠᠭᠤᠷᠬᠠᠶ ᠶ᠋ᠢ ᠦᠵᠡᠰᠭᠦᠯᠡᠩᠲᠦ ᠰᠠᠢᠬᠠᠨ ᠪᠣᠯᠭᠠᠬᠤ ᠪᠡᠷ ᠨᠡᠩ ᠴᠢᠷᠮᠠᠢᠨ᠎ᠠ》ᠭᠡᠵᠦ ᠰᠡᠳᠭᠢᠯ ᠳᠣᠭ᠍ᠳᠣᠯᠤᠨ ᠬᠡᠯᠡᠪᠡ᠃
《 ᠨᠢᠭᠡ ᠮᠦᠬᠦᠯᠢᠭ ᠴᠢᠨᠠᠷ ᠰᠠᠢᠲᠠᠢ ᠵᠢᠵᠢᠭ ᠡᠪᠡᠰᠦᠨ ᠦᠷ᠎ᠡ ᠪᠣᠯ ᠠᠮᠢ ᠠᠬᠤᠶ ᠶ᠋ᠢ ᠰᠡᠷᠭᠦᠭᠡᠨ ᠵᠠᠰᠠᠬᠤ ᠬᠦᠰᠡᠯ ᠡᠷᠡᠮᠡᠯᠵᠡᠯ᠂ ᠦᠷ᠎ᠡ ᠶ᠋ᠢᠨ ᠢᠷᠡᠯᠲᠡ ᠶ᠋ᠢᠨ ᠲᠠᠯ᠎ᠠ ᠪᠠᠷ ᠪᠡᠶᠡᠪᠡᠨ ᠳᠠᠭᠠᠭᠠᠨ ᠬᠦᠴᠦᠷᠬᠡᠭ᠌ᠵᠢᠬᠦ ᠬᠦᠰᠡᠯ ᠡᠷᠡᠮᠡᠯᠵᠡᠯ ᠶᠤᠮ 》᠃ ᠲᠤᠱᠢᠶᠠᠯ ᠬᠠᠷᠢᠭᠤᠴᠠᠯᠭ᠎ᠠᠪᠠᠨ ᠭᠦᠢᠴᠡᠳᠭᠡᠭ᠌ᠰᠡᠨ 10 ᠵᠢᠯ ᠦᠨ ᠲᠤᠷᠰᠢ ᠂ ᠸᠠᠩ ᠵᠤᠤ ᠮᠢᠩ 《 ᠦᠷ᠎ᠡ ᠶ᠋ᠢᠨ ᠬᠠᠮᠠᠭᠠᠯᠠᠯᠲᠠ 》 ᠵᠢ ᠦᠷᠭᠦᠯᠵᠢᠯᠡᠨ ᠠᠩᠬᠠᠷᠴᠤ᠌ ᠂ ᠡᠪᠡᠰᠦᠨ ᠦᠷ᠎ᠡ ᠶ᠋ᠢᠨ ᠦᠢᠯᠡᠰ ᠦᠨ ᠬᠥᠭ᠌ᠵᠢᠯᠲᠡ ᠶ᠋ᠢᠨ ᠲᠤᠬᠠᠢ ᠤᠯᠠᠨ ᠰᠠᠨᠠᠯ ᠳᠤᠷᠠᠳᠤᠯᠭ᠎ᠠ ᠵᠢᠨ ᠭᠢᠨᠢ ᠨᠠᠢᠳᠠᠪᠤᠷᠢᠵᠢᠭᠤᠯᠤᠬᠳᠠᠬᠰᠠᠨ ᠨᠢ ᠲᠡᠭᠦᠨ ᠦ ᠤᠨᠴᠠᠯᠢᠬ᠍ᠳᠤ ᠦᠷ᠎ᠡ ᠶ᠋ᠢᠨ ᠦᠢᠯᠡᠰ ᠢ ᠰᠠᠢᠲᠤᠷ ᠬᠦᠭᠵᠢᠭᠦᠯᠬᠦ ᠢᠲᠡᠭᠡᠯ ᠵᠤᠷᠢᠭᠢ ᠨᠢ ᠴᠤ᠌ ᠬᠦᠪᠴᠢᠯᠡᠭᠰᠡᠨ ᠠᠵᠢ᠃