ᠢᠯᠢ᠄ 《ᠳᠤᠮᠳᠠᠳᠤ ᠢ᠋ᠢᠨ ᠦᠨᠦᠷ ᠠᠮᠲᠠ》 ᠵᠢ ᠳᠠᠮᠵᠢᠭᠤᠯᠵᠤ 《ᠦᠨᠢᠶᠡᠨ ᠰᠦ ᠢ᠋ᠢᠨ ᠦᠯᠢᠭᠡᠷ》 ᠢ᠋ ᠢᠲᠡᠭᠡᠯ ᠲᠡᠭᠦᠯᠳᠡᠷ ᠬᠦᠤᠷᠨᠢᠨ᠎ᠠ
2022-03-28 10:13:07
ᠵᠣᠬᠢᠶᠠᠭ᠍ᠴᠢ᠄
ᠬᠠᠨ ᠱᠢᠤᠸᠠᠢ ᠷᠥ
ᠣᠩᠱᠢᠭ᠍ᠰᠠᠨ ᠣᠳᠠᠭ᠎ᠠ᠄
★★★☆☆

ᠪᠡᠭᠡᠵᠢᠩ ᠤ᠋ᠨ ᠡᠪᠦᠯ ᠤ᠋ᠨ ᠤᠯᠠᠷᠢᠯ ᠤ᠋ᠨ ᠣᠯᠢᠮᠫᠢᠺ ᠤ᠋ᠨ ᠲᠠᠮᠢᠷ ᠤ᠋ᠨ ᠴᠤᠭ᠍ᠯᠠᠭᠠᠨ᠎ᠳᠦ ᠡᠯ᠎ᠠ ᠵᠦᠢᠯ ᠤ᠋ᠨ ᠠᠮᠲᠠᠲᠤ ᠵᠠᠢᠷᠮᠠᠭ ᠳᠡᠯᠡᠬᠡᠶ ᠢ᠋ᠢᠨ ᠡᠯ᠎ᠡ ᠭᠠᠵᠠᠷ ᠡᠴᠡ ᠬᠦᠷᠦᠯᠴᠡᠨ ᠢᠷᠡᠭ᠌ᠰᠡᠨ ᠲᠠᠮᠢᠷᠴᠢᠳ ᠤ᠋ᠨ ᠮᠠᠭᠲᠠᠭᠠᠯ ᠰᠠᠢᠰᠢᠶᠠᠯ ᠢ᠋ ᠤᠯᠵᠠᠢ᠃ ᠡᠲᠡᠭᠡᠷ ᠵᠠᠢᠷᠮᠠᠭ᠎ᠢ  ᠲᠣᠰ ᠬᠤᠭᠤᠴᠠᠭᠠᠨ ᠤ᠋ ᠡᠪᠦᠯ ᠤ᠋ᠨ ᠤᠯᠠᠷᠢᠯ ᠤ᠋ᠨ ᠣᠯᠢᠮᠫᠢᠺ ᠤ᠋ᠨ  ᠲᠠᠮᠢᠷ ᠤ᠋ᠨ ᠴᠤᠭ᠍ᠯᠠᠭᠠᠨ ᠤ᠋ ᠴᠣᠷ ᠤ᠋ᠨ ᠭᠠᠭ᠍ᠴᠠ ᠠᠯᠪᠠᠨ ᠤ᠋ ᠲᠠᠯ᠎ᠠ ᠢ᠋ᠢᠨ ᠴᠠᠭᠠᠨ ᠢᠳᠡᠭᠡᠨ ᠤ᠋ ᠬᠠᠮᠲᠤᠷᠠᠯᠴᠠᠭᠠᠨ ᠤ᠋ ᠬᠠᠨᠢᠲᠠᠨ — ᠢᠯᠢ ᠪᠦᠯᠦᠭᠯᠡᠯ ᠤᠢᠯᠡᠳᠦᠭᠰᠡᠨ ᠶᠤᠮ᠃ ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠡᠨᠡ ᠬᠦ᠌ ᠠᠵᠤ ᠠᠬᠤᠢᠯᠠᠯ ᠨᠢ ᠠᠮᠲᠠᠲᠤ ᠰᠠᠢᠬᠠᠨ《ᠳᠤᠮᠳᠠᠳᠤ ᠢ᠋ᠢᠨ ᠦᠨᠦᠷ ᠠᠮᠲᠠ》ᠪᠡᠷ ᠡᠯ᠎ᠠ ᠤᠯᠤᠰ ᠤ᠋ᠨ ᠲᠠᠮᠢᠷᠴᠢᠳ ᠢ᠋  ᠵᠤᠴᠢᠯᠡᠨ ᠳᠠᠢᠯᠠᠬᠰᠡᠨ ᠪᠠᠢᠨ᠎ᠠ᠃

ᠤᠯᠤᠰ ᠤ᠋ᠨ ᠦᠪᠡᠳᠡᠭ᠌ᠰᠢ ᠶᠠᠪᠤᠳᠠᠯ ᠳ᠋ᠤ ᠢᠯᠢ ᠯᠠᠪᠲᠠᠢ ᠪᠤᠢ! 2008 ᠣᠨ ᠳ᠋ᠤ ᠢᠯᠢ ᠬᠤᠷᠴᠠ ᠱᠢᠷᠦᠭᠦᠨ ᠥᠷᠢᠰᠥᠯᠳᠦᠭᠡᠨ ᠤ᠋ ᠳᠤᠮᠳᠠ ᠡᠴᠡ ᠴᠣᠯᠭᠣᠷᠠᠨ ᠭᠠᠷᠴᠤ᠌᠂ ᠪᠡᠭᠡᠵᠢᠩ ᠤ᠋ᠨ ᠣᠯᠢᠮᠫᠢᠺ ᠤ᠋ᠨ ᠲᠠᠮᠢᠷ ᠤ᠋ᠨ ᠴᠤᠭ᠍ᠯᠠᠭᠠᠨ ᠯᠤᠭ᠎ᠠ ᠠᠮᠵᠢᠯᠲᠠ ᠲᠠᠶ ᠪᠡᠷ ᠬᠠᠮᠲᠤᠷᠠᠯᠴᠠᠪᠠ᠃ 2022 ᠣᠨ ᠤ᠋ ᠪᠡᠭᠡᠵᠢᠩ ᠤ᠋ᠨ ᠡᠪᠦᠯ ᠤ᠋ᠨ ᠤᠯᠠᠷᠢᠯ ᠤ᠋ᠨ ᠣᠯᠢᠮᠫᠢᠺ ᠤ᠋ᠨ ᠲᠠᠮᠢᠷ ᠤ᠋ᠨ ᠴᠤᠭ᠍ᠯᠠᠭᠠᠨ ᠳ᠋ᠤ ᠢᠯᠢ ᠨᠢᠭᠡᠨᠲᠠ ᠬᠠᠭᠤᠴᠢᠨ ᠨᠠᠢᠵᠠ ᠪᠤᠯᠵᠦ᠂ ᠳᠤᠮᠳᠠᠳᠤ ᠤᠯᠤᠰ ᠤ᠋ᠨ ᠠᠩᠬᠠᠳᠠᠭ᠍ᠴᠢ 《ᠬᠤᠤᠰ ᠣᠯᠢᠮᠫᠢᠺ》᠎ᠢ ᠲᠡᠮᠵᠢᠭᠰᠡᠨ ᠰᠦ ᠢ᠋ᠢᠨ ᠠᠵᠤ ᠠᠬᠤᠢᠯᠠᠯ ᠪᠣᠯᠤᠭ᠍ᠰᠠᠨ ᠤ᠋ ᠬᠤᠪᠢ ᠳ᠋ᠤ᠂ ᠢᠯᠢ ᠪᠦᠯᠦᠭᠯᠡᠯ ᠳᠠᠬᠢᠨᠲᠠ ᠳᠤᠮᠳᠠᠳᠤ ᠤᠯᠤᠰ ᠢ᠋ ᠲᠥᠯᠥᠭᠡᠯᠡᠨ ᠪᠥᠬᠥ᠌ ᠪᠥᠮᠪᠥᠷᠴᠡᠭ ᠤ᠋ᠨ ᠣᠯᠢᠮᠫᠢᠺ ᠤ᠋ᠨ ᠲᠠᠮᠢᠷᠴᠢᠳ ᠲᠦ᠍《ᠳᠤᠮᠳᠠᠳᠤ ᠢ᠋ᠢᠨ ᠦᠨᠦᠷ ᠠᠮᠲᠠ》ᠢ᠋ᠢ ᠳᠠᠮᠵᠢᠭᠤᠯᠵᠤ᠂ 《ᠦᠨᠢᠶᠡᠨ ᠰᠦ ᠢ᠋ᠢᠨ ᠥᠯᠢᠭᠡᠷ》 ᠢ᠋ ᠢᠲᠡᠭᠡᠯ ᠲᠡᠭᠦᠯᠳᠡᠷ ᠬᠦᠤᠷᠨᠢᠯ᠎ᠠ᠃

ᠦᠯᠢᠭᠡᠷ ᠤ᠋ᠨ ᠵᠠᠩᠭᠢᠯᠠᠭ᠎ᠠ ᠢ᠋ᠢᠨ ᠦᠭᠡ ᠪᠤᠯ《ᠶᠠᠰᠤ ᠴᠢᠨᠠᠷ》 ᠶᠤᠮᠰᠠᠨ᠃

ᠰᠠᠢᠨ ᠡᠪᠡᠰᠤ ᠲᠠᠷᠢᠵᠤ᠂ ᠰᠠᠢᠨ ᠦᠨᠢᠶ᠎ᠠ ᠲᠡᠵᠢᠭᠡᠵᠦ᠍᠂ ᠰᠠᠢᠨ ᠰᠦ᠋ ᠬᠤᠳᠠᠯᠳᠤᠨ᠎ᠠ ᠃ ᠢᠯᠢ ᠪᠦᠯᠦᠭᠯᠡᠯ ᠰᠦ ᠰᠠᠭᠠᠯᠢ ᠠᠪᠬᠤ ᠡᠴᠡ ᠡᠳ᠋ᠰᠢᠭᠦᠯᠦᠨ ᠪᠤᠯᠪᠠᠰᠤᠷᠠᠭᠤᠯᠬᠤ ᠬᠦᠷᠲᠡᠯᠡᠬᠢ ᠠᠵᠤ ᠦᠶ᠋ᠯᠡᠰ ᠤ᠋ᠨ ᠬᠡᠯᠬᠢᠶ᠎ᠡ ᠪᠣᠯᠤᠨ ᠱᠢᠨ᠎ᠡ ᠢ᠋ᠢ ᠡᠭᠦᠳᠬᠦ᠌ ᠬᠡᠯᠬᠢᠶ᠎ᠡ ᠢ᠋ᠢ ᠪᠠᠢᠷᠢᠯᠠᠭᠤᠯᠵᠤ᠂ ᠴᠢᠨᠠᠷ ᠰᠠᠢᠲᠠᠶ ᠬᠥᠭ᠌ᠵᠢᠯᠲᠡ ᠢ᠋ᠢᠨ ᠱᠢᠨ᠎ᠡ ᠠᠯᠬᠤᠮ ᠢ᠋ ᠠᠯᠬᠤᠪᠠ᠃

ᠨᠢᠳᠤᠨᠤᠨ ᠤ᠋ ᠲᠦᠷᠦᠭᠦᠦ ᠭᠤᠷᠪᠠᠨ ᠤᠯᠠᠷᠢᠯ ᠳ᠋ᠤ ᠢᠯᠢ ᠢ᠋ᠢᠨ ᠡᠵᠡᠩᠨᠡᠯᠲᠡ ᠢ᠋ᠢᠨ ᠶᠡᠷᠦᠩᠬᠡᠶ ᠣᠷᠣᠯᠭ᠎ᠠ 850.07 ᠳ᠋ᠦᠩᠱᠢᠭᠤᠷ ᠲᠥᠭᠥᠷᠢᠭ ᠲᠦ᠍ ᠬᠦᠷᠴᠦ᠍᠂ 8 ᠵᠢᠯ ᠳᠠᠷᠠᠭᠠᠯᠠᠨ ᠠᠽᠢᠶ᠎ᠠ ᠲᠢᠪ ᠤ᠋ᠨ ᠰᠦ ᠢ᠋ᠢᠨ ᠦᠶ᠋ᠯᠡᠰ ᠤ᠋ᠨ ᠨᠢᠭᠡᠳᠦᠭᠡᠷ ᠲᠦ᠍ ᠣᠷᠣᠵᠤ᠂ ᠵᠠᠯᠭᠠᠭ᠎ᠠ ᠪᠡᠷ ᠪᠥᠬᠥ᠌ ᠳᠡᠯᠡᠬᠡᠶ ᠢ᠋ᠢᠨ ᠰᠦ ᠢ᠋ᠢᠨ ᠦᠶ᠋ᠯᠡᠰ ᠤ᠋ᠨ ᠲᠠᠪᠤᠨ ᠬᠦᠴᠦᠷᠬᠡᠭ ᠲᠤ᠌ ᠤᠷᠤᠪᠠ᠃

ᠪᠦᠲᠦᠭᠡᠭᠳᠡᠭᠦᠨ ᠤ᠋ ᠪᠠᠷᠢᠮᠵᠢᠶ᠎ᠠ ᠢ᠋ᠢᠨ ᠲᠠᠯ᠎ᠠ ᠪᠠᠷ᠂ ᠢᠯᠢ ᠪᠦᠯᠦᠭᠯᠡᠯ ᠮᠠᠯᠵᠢᠯ ᠤ᠋ᠨ ᠲᠠᠯᠠᠪᠠᠶ ᠡᠴᠡ ᠦᠶ᠋ᠯᠡᠳᠪᠦᠷᠢ ᠵᠢᠨ ᠲᠠᠰᠤᠭ ᠬᠦᠷᠲᠡᠯ᠎ᠡ ᠲᠤᠰᠭᠠᠢᠯᠠᠨ ᠢᠳᠡᠭᠡᠨ ᠤ᠋ ᠠᠮᠤᠷ ᠲᠦᠪᠱᠢᠨ ᠤ᠋ 《ᠭᠤᠷᠪᠠᠨ ᠱᠤᠭᠤᠮ》 ᠢ᠋ ᠪᠠᠢᠭᠤᠯᠵᠤ᠂ ᠤᠯᠤᠰ ᠤ᠋ᠨ ᠪᠠᠷᠢᠮᠵᠢᠶ᠎ᠠ ᠱᠤᠭᠤᠮ ᠤ᠋ᠨ ᠰᠠᠭᠤᠷᠢᠨ ᠳᠡᠭᠡᠷ᠎ᠡ 50% ᠪᠡᠷ ᠳᠡᠭᠡᠭᠰᠢᠯᠡᠭᠦᠯᠦᠨ ᠠᠵᠤ ᠠᠬᠤᠢᠯᠠᠯ ᠤ᠋ᠨ ᠵᠢᠡᠨ ᠪᠠᠷᠢᠮᠵᠢᠶ᠎ᠠ ᠱᠤᠭᠤᠮ ᠢ᠋ ᠭᠠᠷᠭᠠᠵᠤ᠂ ᠠᠵᠤ ᠠᠬᠤᠢᠯᠠᠯ ᠤ᠋ᠨ ᠪᠠᠷᠢᠮᠵᠢᠶ᠎ᠠ ᠱᠤᠭᠤᠮ ᠤ᠋ᠨ ᠰᠠᠭᠤᠷᠢᠨ ᠳᠡᠭᠡᠷ᠎ᠡ ᠳᠠᠬᠢᠨ 20% ᠪᠡᠷ ᠳᠡᠭᠡᠭᠰᠢᠯᠡᠭᠦᠯᠦᠨ ᠳᠣᠲᠣᠭᠠᠳᠤ ᠡᠵᠡᠮᠳᠡᠯ ᠤ᠋ᠨ ᠱᠤᠭᠤᠮ ᠪᠤᠯᠭᠠᠵᠤ᠂ ᠭᠤᠷᠪᠠᠨ ᠱᠤᠭᠤᠮ ᠢ᠋ ᠱᠠᠲᠤ ᠱᠠᠲᠤ ᠪᠡᠷ ᠡᠵᠡᠮᠳᠡᠨ ᠠᠷᠢᠭᠤᠨ ᠴᠡᠪᠡᠷ᠂ ᠡᠷᠡᠭᠦᠯ ᠮᠡᠨᠳᠦ ᠴᠠᠭᠠᠨ ᠢᠳᠡᠬᠡᠨ ᠦᠶ᠋ᠯᠡᠳᠪᠦᠷᠢᠯᠡᠬᠦ᠌ ᠵᠢ ᠲᠠᠬᠡᠳᠤᠯᠡᠭᠰᠡᠬᠡᠷ ᠢᠷᠡᠵᠠᠢ᠃

ᠪᠦᠲᠦᠭᠡᠭᠳᠡᠭᠦᠨ ᠤ᠋ ᠱᠢᠨ᠎ᠡ ᠢ᠋ᠢ ᠡᠭᠦᠳᠬᠦ᠌ ᠲᠠᠯ᠎ᠠ ᠪᠡᠷ᠂ ᠢᠯᠢ ᠪᠦᠯᠦᠭᠯᠡᠯ ᠤ᠋ᠨ ᠬᠢᠨ ᠠᠽᠢᠶ᠎ᠠ ᠲᠢᠪ ᠤ᠋ᠨ ᠬᠥᠮᠦᠰ ᠤ᠋ᠨ ᠰᠦᠨ ᠱᠢᠬᠢᠷ ᠤᠤᠭᠤᠵᠤ ᠳᠠᠳᠬᠤ ᠦᠭᠡᠢ ᠡᠨᠡ ᠬᠦ᠌ ᠳᠡᠯᠡᠬᠡᠢ ᠢ᠋ᠢᠨ ᠴᠢᠨᠠᠷᠲᠠᠢ ᠬᠦᠴᠢᠷ ᠠᠰᠠᠭᠤᠳᠠᠯ ᠢ᠋ ᠱᠢᠢᠳᠪᠦᠷᠢᠯᠡᠭᠰᠡᠨ《ᠱᠣ᠌ ᠬᠤᠸᠠ ᠰᠦ》ᠵᠢ ᠡᠭᠦᠳᠪᠠ; ᠡᠬᠡ ᠢ᠋ᠢᠨ ᠰᠦ ᠢ᠋ᠢᠨ ᠲᠣᠭ᠎ᠠ ᠪᠠᠷᠢᠮᠲᠠ ᠳ᠋ᠤ ᠰᠠᠭᠤᠷᠢᠯᠠᠨ ᠪᠡᠶ᠎ᠡ ᠪᠡᠨ ᠳᠠᠭᠠᠭᠠᠵᠤ ᠰᠤᠳᠤᠯᠤᠨ ᠨᠡᠭᠡᠭᠡᠭ᠌ᠰᠡᠨ ᠳᠤᠮᠳᠠᠳᠤ ᠤᠯᠤᠰ ᠤ᠋ᠨ ᠠᠩᠬᠠᠳᠠᠭ᠍ᠴᠢ ᠨᠢᠯᠬ᠎ᠠ ᠬᠡᠦᠬᠡᠳ ᠤ᠋ᠨ ᠰᠦᠨ ᠲᠠᠯᠬ᠎ᠠ 《ᠵᠢᠨ ᠯᠢᠡᠭ ᠭᠤᠸᠠᠨ》 ᠢ᠋ ᠠᠮᠵᠢᠯᠲᠠ ᠲᠠᠶ ᠭᠠᠷᠭᠠᠪᠠ; ᠣᠯᠢᠮᠫᠢᠺ ᠤ᠋ᠨ ᠡᠭᠦᠰᠦᠯ ᠤ᠋ᠨ ᠭᠠᠵᠠᠷ ᠪᠤᠯᠬᠤ ᠭᠷᠧᠭ ᠲᠦ᠍ ᠬᠡᠷᠡᠭ᠌ᠯᠡᠭ᠌ᠴᠢᠳ ᠤ᠋ᠨ ᠪᠠᠬᠠᠷᠬᠠᠯ ᠢ᠋ ᠣᠯᠤᠭ᠍ᠰᠠᠨ 《ᠠᠨ ᠮᠤ᠌ ᠰᠢ》ᠪᠦᠲᠦᠭᠡᠭᠳᠡᠭᠦᠨ ᠢ᠋ ᠪᠤᠢ ᠪᠤᠯᠭᠠᠪᠠ ᠁

ᠲᠥᠷᠥᠯ ᠵᠦᠢᠯ ᠨᠢᠭᠡ ᠪᠦᠷᠢ ᠢ᠋ᠢᠨ ᠪᠤᠢ ᠪᠤᠯᠤᠭᠰᠠᠨ ᠨᠢ ᠴᠦᠮ ᠬᠠᠲᠠᠭᠤ ᠴᠢᠡᠭᠭ᠎ᠠ ᠴᠢᠨᠠᠷ ᠤ᠋ᠨ ᠬᠢᠵᠠᠭᠠᠷᠯᠠᠯ ᠳ᠋ᠤ ᠰᠠᠭᠤᠷᠢᠯᠠᠭᠰᠠᠨ ᠪᠢᠯᠡ᠃ ᠬᠤᠷᠢᠳ᠋ᠤᠭᠠᠷ ᠵᠠᠭᠤᠨ ᠤ᠋ ᠲᠠᠪᠢᠭᠠᠳ ᠣᠨ ᠤ᠋ ᠨᠢᠭᠡᠨ ᠦᠬᠡᠷ ᠲᠡᠵᠢᠭᠡᠬᠦ᠌ ᠬᠠᠮᠲᠤᠷᠠᠯᠴᠠᠭᠠᠨ ᠤ᠋ ᠪᠠᠭ᠎ᠠ ᠳᠤᠭᠤᠢᠯᠠᠩ ᠡᠴᠡ ᠪᠠᠨ ᠣᠳᠣ ᠳᠤᠮᠳᠠᠳᠤ ᠤᠯᠤᠰ ᠴᠢᠨᠠᠭ᠍ᠰᠢᠯᠠᠪᠠᠯ ᠳᠡᠯᠡᠬᠡᠶ ᠢ᠋ᠢᠨ ᠰᠦ ᠢ᠋ᠢᠨ ᠦᠢᠯᠡᠰ ᠤ᠋ᠨ ᠳᠠᠭᠠᠭᠤᠯᠤᠭᠴᠢ ᠪᠤᠯᠵᠠᠢ᠃ ᠴᠠᠭ ᠦᠶ᠎ᠡ ᠢ᠋ᠢᠨ ᠬᠤᠪᠢᠷᠠᠯᠲᠠ ᠳᠤᠮᠳᠠ《ᠶᠠᠰᠤ ᠴᠢᠨᠠᠷ》 ᠭᠡᠬᠦ᠌ ᠦᠭᠡ ᠢᠯᠢ ᠢ᠋ᠢᠨ ᠦᠢᠯᠡᠳᠪᠦᠷᠢᠯᠡᠯ ᠤ᠋ᠨ ᠬᠡᠯᠬᠢᠶᠡᠨ ᠤ᠋ ᠭᠣᠭ᠍ᠴᠣᠭ᠎ᠠ ᠪᠦᠷᠢ ᠳ᠋ᠤ ᠰᠡᠢᠯᠦᠭ᠌ᠳᠡᠭᠰᠡᠨ ᠢ᠋ᠢᠡᠷ ᠪᠠᠷᠠᠬᠤ ᠦᠭᠡᠢ᠂ ᠥᠪᠥᠷ ᠮᠣᠩᠭᠣᠯ ᠤ᠋ᠨ ᠴᠠᠭᠠᠨ ᠢᠳᠡᠭᠡᠨ ᠤ᠋ ᠠᠵᠢᠯ ᠲᠦᠷᠦᠯ ᠤ᠋ᠨ ᠬᠢᠯᠠᠯᠵᠠᠭ᠍ᠰᠠᠨ ᠨᠡᠷ᠎ᠡ ᠢ᠋ᠢᠨ ᠬᠠᠭᠤᠳᠠᠰᠤ ᠪᠤᠯᠤᠭᠰᠠᠨ ᠠᠵᠢ᠃

ᠠᠵᠤ ᠦᠢᠯᠡᠰ ᠵᠢᠡᠷ ᠳᠠᠢᠴᠢᠯᠠᠬᠰᠠᠨ《ᠵᠢᠳᠬᠦᠯ ᠤ᠋ᠨ ᠬᠦᠴᠦᠨ》ᠲᠠᠢ᠃ ᠢᠯᠢ ᠪᠦᠯᠦᠭᠯᠡᠯ ᠰᠦ ᠢ᠋ᠢᠨ ᠠᠵᠤ ᠦᠢᠯᠡᠰ ᠤ᠋ᠨ ᠰᠦᠷᠦᠭᠵᠢᠯ ᠢ᠋ ᠴᠣᠭ᠍ᠴᠠᠯᠠᠵᠤ᠂ ᠪᠦᠬᠦ᠌ ᠠᠵᠤ ᠦᠢᠯᠡᠰ ᠤ᠋ᠨ ᠬᠡᠯᠬᠢᠶ᠎ᠡ ᠢ᠋ᠢᠨ ᠴᠢᠨᠠᠷ ᠰᠠᠢᠲᠠᠢ ᠬᠥᠭ᠌ᠵᠢᠯᠲᠡ ᠢ᠋ᠢ ᠲᠠᠢ᠌ᠴᠢᠯᠠᠪᠠ᠃ ᠢᠯᠢ ᠤᠳᠤ ᠦᠶ᠎ᠠ ᠢ᠋ᠢᠨ ᠤᠶᠤᠨᠴᠢ ᠡᠷᠡᠭᠦᠯ ᠮᠡᠨᠳᠦ᠍ ᠢ᠋ᠢᠨ ᠬᠥᠨᠳᠡᠢ ᠢ᠋ᠢᠨ ᠲᠦᠷᠦᠯ ᠵᠦᠢᠯ ᠪᠣᠯ ᠢᠯᠢ ᠢ᠋ᠢᠨ ᠪᠡᠯᠡ ᠤᠷᠤᠭᠤᠯᠤᠭᠰᠠᠨ ᠬᠠᠮᠤᠭ ᠤ᠋ᠨ ᠶᠡᠬᠡ ᠠᠵᠤ ᠦᠢᠯᠡᠰ ᠤ᠋ᠨ ᠰᠦᠷᠦᠭᠵᠢᠯ ᠤ᠋ᠨ ᠲᠦᠷᠦᠯ ᠵᠦᠢᠯ ᠪᠠᠢᠵᠤ᠂ ᠪᠦᠬᠦ᠌ ᠳᠡᠯᠡᠬᠡᠢ ᠢ᠋ᠢᠨ ᠬᠠᠮᠤᠭ ᠤ᠋ᠨ ᠶᠡᠬᠡ ᠰᠦ ᠢ᠋ᠢᠨ ᠦᠢᠯᠡᠰ ᠤ᠋ᠨ ᠪᠣᠬᠢᠷᠲᠤᠯ ᠦᠭᠡᠢ ᠣᠶᠤᠨᠴᠢ ᠦᠢᠯᠡᠳᠬᠦ᠌ ᠵᠠᠭ᠍ᠪᠤᠷ ᠤ᠋ᠨ ᠰᠠᠭᠤᠷᠢᠨ ᠢ᠋ ᠪᠠᠢᠭᠤᠯᠤᠨ᠂ ᠰᠦ ᠢ᠋ᠢᠨ ᠦᠢᠯᠡᠰ ᠤ᠋ᠨ ᠲᠤᠮᠤ ᠳ᠋ᠠᠢᠲ᠋ᠠ ᠢ᠋ᠢᠨ ᠲᠥᠪ ᠵᠡᠷᠭᠡ 13 ᠳᠡᠯᠡᠬᠡᠢ ᠢ᠋ᠢᠨ ᠲᠡᠷᠢᠭᠦᠨ ᠤ᠋ ᠲᠦᠷᠦᠯ ᠵᠦᠢᠯ ᠢ᠋ ᠬᠡᠷᠡᠭ᠌ᠵᠢᠭᠦᠯᠬᠦ᠌ ᠪᠣᠯᠤᠨ᠎ᠠ᠃ ᠡᠭᠦᠨ ᠤ᠋ ᠬᠠᠮᠳᠤ᠂ ᠢᠯᠢ ᠪᠠᠰᠠ ᠬᠥᠯᠥᠨ ᠪᠣᠢᠷ ᠬᠣᠲᠠ᠂ ᠬᠢᠩᠭᠠᠨ ᠠᠢᠮᠠᠭ᠂  ᠪᠠᠶᠠᠨᠨᠠᠭᠤᠷ ᠬᠣᠲᠠ᠂ ᠲᠦᠩᠯᠢᠶᠣᠤ ᠬᠣᠲᠠ᠂ ᠤᠯᠠᠭᠠᠨᠴᠠᠪ ᠬᠣᠲᠠ ᠵᠡᠷᠭᠡ ᠰᠦ ᠰᠠᠭᠠᠯᠢ ᠢ᠋ᠢᠨ ᠢᠷᠡᠯᠲᠡ ᠢ᠋ᠢᠨ ᠭᠤᠤᠯ ᠭᠠᠷᠤᠯᠲᠠ ᠢ᠋ᠢᠨ ᠣᠷᠣᠨ ᠳ᠋ᠤ ᠨᠢᠭᠡ ᠪᠦᠯᠦᠭ ᠰᠦ ᠢ᠋ᠢᠨ ᠦᠶ᠋ᠯᠡᠰ ᠤ᠋ᠨ ᠲᠥᠷᠥᠯ ᠵᠦᠶ᠋ᠯ ᠢ᠋ ᠲᠦᠪᠯᠡᠷᠡᠭᠦᠯᠦᠨ ᠪᠠᠢᠷᠢᠯᠠᠭᠤᠯᠪᠠ᠃ ᠲᠤᠷᠠᠳᠤᠭᠤᠰᠢᠳᠠᠢ ᠨᠢ᠂ ᠢᠯᠢ ᠪᠦᠯᠦᠭᠯᠡᠯ ᠠᠵᠤ ᠦᠶ᠋ᠯᠡᠰ ᠤ᠋ᠨ ᠬᠡᠯᠬᠢᠶ᠎ᠡ ᠢ᠋ᠢᠨ ᠳᠡᠭᠡᠳᠦ ᠳᠤᠤᠷᠠᠳᠤ ᠤᠷᠤᠰᠭᠠᠯ ᠤ᠋ᠨ ᠬᠠᠮᠲᠤᠷᠠᠯᠴᠠᠭᠠᠨ ᠤ᠋ ᠬᠠᠨᠢᠲᠠᠨ ᠤ᠋ ᠲᠤᠯᠤᠭᠠᠨ ᠶᠡᠬᠡ ᠠᠱᠢᠭ ᠲᠤᠰᠠ ᠢ᠋ᠢᠨ ᠬᠣᠯᠪᠣᠭᠠᠨ ᠤ᠋ ᠲᠣᠭ᠍ᠲᠠᠴᠠ ᠢ᠋ᠢ ᠤᠯᠠᠮ ᠨᠢᠭᠡ ᠠᠯᠬᠤᠮ ᠪᠡᠬᠢᠵᠢᠭᠦᠯᠵᠦ᠍᠂ ᠲᠠᠵᠢᠬᠡᠪᠤᠷᠢ ᠵᠢᠨ ᠦᠢᠯᠡᠰ ᠡᠷᠬᠢᠯᠡᠵᠤ ᠪᠠᠢᠭ᠎ᠠ 500 ᠭᠠᠷᠤᠶ ᠲᠦᠮᠡᠨ ᠬᠦᠮᠦᠨ ᠲᠡᠶ ᠬᠥᠭ᠌ᠵᠢᠯᠲᠡ ᠢ᠋ᠢᠨ ᠦᠷ᠎ᠡ ᠪᠦᠲᠦᠭᠡᠯ ᠢ᠋ ᠬᠠᠮᠲᠤ ᠪᠡᠷ ᠡᠳ᠋ᠯᠡᠪᠡ᠃ ᠪᠠᠰᠠ ᠬᠠᠮᠲᠤᠷᠠᠯᠴᠠᠭᠠᠨ ᠤ᠋ ᠬᠠᠨᠢᠲᠠᠨ ᠳ᠋ᠠᠭᠠᠨ ᠪᠡᠯᠡ ᠬᠤᠷᠠᠮᠳᠤᠭᠤᠯᠬᠤ ᠲᠡᠳᠬᠦᠮᠵᠢ ᠬᠠᠩᠭᠠᠵᠤ᠂ ᠡᠨᠡ ᠵᠢᠯ ᠤ᠋ᠨ ᠰᠡᠬᠦᠯᠴᠢ ᠪᠤᠯᠳᠠᠯ᠎ᠠ 9000 ᠭᠠᠷᠤᠢ ᠠᠵᠤ ᠠᠬᠤᠢᠯᠠᠯ ᠢ᠋ ᠲᠡᠳᠬᠦᠵᠦ᠍᠂ ᠪᠡᠯᠡ ᠬᠤᠷᠠᠮᠳᠤᠭᠤᠯᠬᠤ ᠲᠡᠳᠬᠦᠮᠵᠢ ᠢ᠋ᠢᠨ ᠮᠥᠩᠭᠥ᠌ ᠨᠢ 1000 ᠳ᠋ᠦᠩᠱᠢᠭᠤᠷ ᠲᠥᠭᠥᠷᠢᠭ ᠢ᠋ ᠳᠠᠪᠠᠬᠤ ᠪᠣᠯᠤᠨ᠎ᠠ᠃

ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠢ᠋ᠢ ᠡᠭᠦᠳᠦᠭᠰᠡᠨ《ᠬᠥᠳᠡᠯᠭᠡᠬᠦ᠌ ᠬᠦᠴᠦᠨ》 ᠲᠠᠢ᠃ ᠢᠯᠢ ᠪᠦᠯᠦᠭᠯᠡᠯ ᠤ᠋ᠨ ᠬᠢᠨ《ᠱᠢᠨ᠎ᠡ ᠢ᠋ᠢ ᠡᠭᠦᠳᠬᠦ᠌ ᠦᠭᠡᠢ ᠪᠣᠯ ᠢᠷᠡᠭᠡᠳᠦᠢ ᠪᠠᠢᠬᠤ ᠦᠭᠡᠢ》ᠭᠡᠬᠦ᠌ ᠣᠢᠯᠠᠭᠠᠭ᠍ᠳᠠᠬᠤᠨ ᠢ᠋ ᠢᠮᠠᠭᠲᠠ ᠪᠠᠷᠢᠮᠲᠠᠯᠠᠵᠤ᠂ ᠱᠢᠨ᠎ᠡ ᠢ᠋ᠢ ᠡᠭᠦᠳᠬᠦ᠌ ᠪᠡᠯᠡ ᠣᠷᠣᠭᠤᠯᠤᠯᠲᠠ ᠪᠠᠨ ᠦᠷᠭᠦᠯᠵᠢᠯᠡᠨ ᠨᠡᠮᠡᠭ᠌ᠳᠡᠭᠦᠯᠪᠡ᠃ ᠳᠡᠯᠡᠬᠡᠢ ᠢ᠋ᠢᠨ ᠲᠤᠰᠭᠠᠢ ᠠᠱᠢᠭ ᠵᠢᠡᠷ ᠭᠤᠶᠤᠴᠢᠯᠠᠭᠰᠠᠨ ᠶᠡᠷᠦᠩᠬᠡᠢ ᠲᠣᠭ᠎ᠠ᠂ ᠡᠭᠦᠳᠦᠨ ᠪᠦᠲᠦᠭᠡᠯᠲᠡ ᠪᠡᠷ ᠭᠤᠶᠤᠴᠢᠯᠠᠭᠰᠠᠨ ᠶᠡᠷᠦᠩᠬᠡᠢ ᠲᠣᠭ᠎ᠠ ᠪᠡᠷ ᠳᠡᠯᠡᠬᠡᠢ ᠢ᠋ᠢᠨ ᠰᠦᠨ ᠤ᠋ ᠦᠢᠯᠡᠰ ᠤ᠋ᠨ ᠬᠣᠶᠠᠳᠤᠭᠠᠷ ᠲᠦ᠍ ᠣᠷᠣᠵᠤ᠂ ᠮᠠᠨ ᠤ᠋ ᠤᠯᠤᠰ ᠤ᠋ᠨ ᠰᠦ ᠢ᠋ᠢᠨ ᠦᠢᠯᠡᠰ ᠤ᠋ᠨ ᠬᠦᠭᠵᠢᠯᠲᠡ ᠢ᠋ᠢ ᠬᠦᠳᠦᠯᠥᠨ ᠳᠠᠭᠠᠭᠤᠯᠬᠤ ᠱᠢᠨ᠎ᠡ ᠢ᠋ᠢ ᠡᠭᠦᠳᠬᠦ ᠭᠠᠵᠠᠷ ᠪᠣᠯᠵᠠᠢ᠃ ᠡᠭᠦᠨ ᠤ᠋ ᠬᠠᠮᠲᠤ᠂ ᠪᠦᠲᠦᠭᠡᠭᠳᠡᠬᠦᠨ ᠤ᠋ ᠱᠢᠨ᠎ᠡ ᠢ᠋ᠢ ᠡᠭᠦᠳᠬᠦ᠌ ᠢ᠋ᠢ ᠲᠠᠰᠤᠷᠠᠯᠲᠠ ᠥᠬᠡᠶ ᠴᠢᠩᠭᠠᠳᠭᠠᠵᠤ᠂ ᠢᠯᠢ᠂ ᠠᠨ ᠮᠤ᠌ ᠰᠢ᠂ ᠵᠢᠨ ᠳ᠋ᠢᠶᠠᠨ 3 ᠳᠠᠡᠭ ᠦᠶ᠋ᠯᠡᠳᠬᠦᠨ ᠤ᠋ ᠬᠢᠨᠢ ᠵᠢᠯ ᠤ᠋ᠨ ᠪᠣᠷᠣᠯᠠᠭᠤᠯᠭ᠎ᠠ ᠢ᠋ᠢᠨ ᠬᠡᠮᠵᠢᠶ᠎ᠡ ᠴᠥᠮ 200 ᠳ᠋ᠦᠩᠱᠢᠭᠤᠷ ᠲᠥᠭᠥᠷᠢᠭ ᠢ᠋ ᠳᠠᠪᠠᠭ᠍ᠰᠠᠨ ᠰᠠᠭᠤᠷᠢᠨ ᠳᠡᠭᠡᠷ᠎ᠡ᠂ ᠱᠢᠨ᠎ᠡ ᠪᠦᠲᠦᠭᠡᠭᠳᠡᠬᠦᠨ ᠢ᠋ ᠦᠷᠭᠦᠯᠵᠢᠯᠡᠨ ᠨᠡᠭᠡᠭᠡᠨ ᠬᠥᠭ᠌ᠵᠢᠭᠦᠯᠵᠦ᠍᠂ ᠱᠢᠨ᠎ᠡ ᠨᠡᠮᠡᠭ᠌ᠳᠡᠯ ᠤ᠋ᠨ ᠴᠡᠭ ᠢ᠋ ᠪᠣᠶ ᠪᠣᠯᠭᠠᠭᠰᠠᠭᠠᠷ᠃

ᠣᠶᠤᠨᠴᠢ ᠦᠶ᠋ᠯᠡᠳᠬᠡᠯ ᠢ᠋ ᠬᠠᠢᠭᠰᠠᠨ《ᠠᠮᠢᠵᠢᠷᠠᠯ ᠤ᠋ᠨ ᠬᠦᠴᠦᠨ》ᠲᠠᠢ᠃ ᠢᠯᠢ ᠪᠦᠯᠦᠭᠯᠡᠯ ᠣᠲᠣ ᠶᠠᠭ ᠲᠣᠭᠠᠴᠢᠯᠠᠭ᠍ᠰᠠᠨ ᠪᠠᠢᠯᠳᠤᠬᠤ ᠪᠣᠳᠣᠯᠭ᠎ᠠ ᠢ᠋ᠢ ᠪᠥᠬᠥ᠌ ᠲᠠᠯ᠎ᠠ ᠪᠡᠷ ᠬᠡᠷᠡᠭ᠌ᠵᠢᠭᠦᠯᠵᠦ᠍ ᠂ ᠤᠶᠤᠨᠴᠢ  ᠰᠦ ᠢ᠋ᠢᠨ ᠦᠶ᠋ᠯᠡᠰ ᠢ᠋ ᠪᠥᠬᠥ᠌ ᠲᠠᠯ᠎ᠠ ᠪᠡᠷ ᠠᠬᠢᠭᠤᠯᠵᠤ ᠪᠠᠢᠨ᠎ᠠ᠃ ᠳᠡᠭᠡᠳᠦ ᠤᠷᠤᠰᠭᠠᠯ ᠳ᠋ᠤ ᠣᠶᠤᠨᠴᠢ ᠮᠠᠯᠵᠢᠯ ᠤ᠋ᠨ ᠲᠠᠯᠠᠪᠠᠶ ᠪᠠᠢᠭᠤᠯᠤᠨ ᠣᠶᠤᠨᠴᠢᠯᠠᠭ᠍ᠰᠠᠨ ᠬᠠᠮᠢᠶᠠᠷᠤᠯᠲᠠ ᠬᠢᠵᠦ᠍᠂ 《ᠢᠯᠢ ᠣᠶᠤᠨᠴᠢ ᠮᠠᠯᠵᠢᠯ ᠤ᠋ᠨ ᠲᠠᠯᠠᠪᠠᠶ ᠢ᠋ᠢᠨ ᠬᠠᠮᠢᠶᠠᠷᠤᠯᠲᠠ ᠢ᠋ᠢᠨ ᠲᠠᠪᠴᠠᠩ》ᠢ᠋ ᠨᠡᠭᠡᠭᠡᠨ ᠬᠥᠭ᠌ᠵᠢᠭᠦᠯᠦᠭ᠌ᠰᠡᠨ ᠪᠥᠭᠡᠳ ᠪᠥᠬᠥ᠌ ᠤᠯᠤᠰ ᠤ᠋ᠨ ᠮᠠᠯᠵᠢᠯ ᠤ᠋ᠨ ᠲᠠᠯᠠᠪᠠᠶ ᠳ᠋ᠤ ᠦᠨ᠎ᠡ ᠲᠥᠯᠥᠪᠦᠷᠢ ᠥᠬᠡᠶ ᠪᠡᠷ ᠬᠡᠷᠡᠭᠯᠡᠭᠦᠯᠪᠡ᠃ ᠳᠤᠮᠳᠠᠳᠤ ᠤᠷᠤᠰᠭᠠᠯ ᠳ᠋ᠤ ᠤᠶᠤᠨᠴᠢ ᠦᠢᠯᠡᠳᠪᠦᠷᠢ ᠪᠠᠢᠭᠤᠯᠤᠨ ᠤᠶᠤᠨᠴᠢᠯᠠᠭ᠍ᠰᠠᠨ ᠬᠠᠮᠢᠶᠠᠷᠤᠯᠲᠠ ᠢ᠋ᠢ ᠪᠡᠶᠡᠯᠡᠭᠦᠯᠵᠦ᠍᠂ ᠦᠢᠯᠡᠳᠪᠦᠷᠢᠯᠡᠯ ᠤ᠋ᠨ ᠶᠠᠪᠤᠴᠠ ᠢ᠋ᠢ ᠤᠶᠤᠨᠴᠢᠯᠠᠬᠤ᠂ ᠥᠨᠳᠥᠷ ᠪᠦᠲᠦᠮᠵᠢᠲᠡᠢ ᠪᠠᠢᠯᠭᠠᠬᠤ᠂ ᠮᠥᠷᠳᠡᠵᠦ᠍ ᠲᠠᠢᠯᠬᠦ ᠢ᠋ᠢ ᠪᠡᠶᠡᠯᠡᠭᠦᠯᠵᠦ᠍᠂ ᠦᠢᠯᠡᠳᠪᠦᠷᠢᠯᠡᠯ ᠤ᠋ᠨ ᠦᠷ᠎ᠡ ᠪᠦᠲᠦᠮᠵᠢ ᠪᠣᠯᠤᠨ ᠡᠨᠧᠷᠭᠢ ᠢ᠋ᠢᠨ ᠬᠡᠷᠡᠭ᠌ᠯᠡᠯᠲᠡ ᠢ᠋ᠢᠨ ᠦᠷ᠎ᠡ ᠪᠦᠲᠦᠮᠵᠢ ᠢ᠋ᠢ ᠶᠡᠬᠡ ᠪᠡᠷ ᠳᠡᠭᠡᠭ᠌ᠰᠢᠯᠡᠭᠦᠯᠪᠡ᠃ ᠲᠤᠤᠷᠠᠳᠤ ᠤᠷᠤᠰᠭᠠᠯ ᠳ᠋ᠤ ᠲᠤᠮᠤ ᠳ᠋ᠠᠢᠲ᠋ᠠ ᠪᠡᠷ ᠬᠡᠷᠡᠭ᠌ᠯᠡᠭ᠌ᠴᠢᠳ ᠤ᠋ᠨ ᠳᠤᠷᠠᠱᠢᠯ ᠢ᠋ ᠤᠨᠤᠴᠠᠲᠠᠢ ᠠᠵᠢᠭᠯᠠᠵᠤ᠂ ᠤᠶᠤᠨᠴᠢᠯᠠᠯᠳᠠ ᠪᠡᠷ ᠬᠡᠷᠡᠭ᠌ᠯᠡᠭ᠌ᠴᠢᠳ ᠤ᠋ᠨ《ᠲᠠᠭᠠᠰᠢᠶᠠᠯ》 ᠢ᠋ ᠤᠯᠬᠤ ᠢ᠋ᠢᠨ ᠬᠠᠮᠲᠤ ᠰᠦᠯᠵᠢᠶ᠎ᠠ ᠪᠡᠷ ᠬᠡᠳᠦᠨ ᠮᠢᠩᠭᠠᠨ ᠲᠦᠮᠡᠨ ᠬᠡᠷᠡᠭ᠌ᠯᠡᠭ᠌ᠴᠢ ᠲᠡᠶ ᠭᠦᠨᠵᠡᠭᠡᠢ ᠬᠤᠷᠱᠢᠯᠴᠠᠵᠤ᠂ ᠬᠡᠷᠡᠭ᠌ᠯᠡᠭ᠌ᠴᠢᠳ ᠤ᠋ᠨ ᠥᠪᠡᠷᠮᠢᠴᠡ ᠬᠡᠷᠡᠭ᠌ᠴᠡᠭᠡ ᠢ᠋ᠢ ᠬᠠᠩᠭᠠᠬᠤ ᠴᠢᠨᠠᠷ ᠰᠠᠢᠲᠠᠢ ᠴᠠᠭᠠᠨ ᠢᠳᠡᠬᠡᠨ ᠢ᠋ ᠨᠡᠭᠡᠭᠡᠨ ᠬᠥᠭ᠌ᠵᠢᠭᠦᠯᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号