ᠰᠢᠨ᠎ᠡ ᠡᠨ᠋ᠸᠷᠬᠢ — ᠠᠵᠤ ᠦᠢᠯᠡᠳᠪᠤᠷᠢ ᠵᠢᠨ ᠠᠵᠤ ᠠᠬᠤᠢ᠎ᠶᠢᠨ ᠬᠥᠴᠥᠳᠤ ᠵᠢᠬᠥᠷ
2022-04-06 09:49:19
ᠵᠣᠬᠢᠶᠠᠭ᠍ᠴᠢ᠄
ᠦᠷᠴᠠᠢᠬᠤ
ᠣᠩᠱᠢᠭ᠍ᠰᠠᠨ ᠣᠳᠠᠭ᠎ᠠ᠄
★★★☆☆

ᠬᠠᠪᠤᠷ᠎ᠤᠨ ᠤᠷᠢᠨ ᠬᠠᠮᠤᠭ ᠪᠤᠳᠠᠰ ᠢ᠋ ᠲᠦᠯᠵᠢᠭᠦᠯᠤᠨ᠎ᠠ᠃ ᠳᠥᠷᠪᠡᠳ ᠬᠣᠱᠢᠭᠤᠨ ᠎ᠳᠤ ᠪᠠᠢᠭ᠎ᠠ ᠤᠯᠠᠭᠠᠨᠴᠠᠪ᠎ᠤᠨ ᠰᠠᠯᠬᠢᠨ ᠬᠦᠴᠦᠨ᠎ᠦ ᠴᠠᠬᠢᠯᠭᠠᠨ ᠤ᠋ ᠰᠠᠭᠤᠷᠢᠨ ᠤ᠋ ᠲᠦᠷᠦᠬᠦᠤ ᠬᠤᠭᠤᠴᠠᠭᠠᠨ ᠤ᠋ 600 ᠲᠦᠮᠡᠨ ᠺᠢᠯᠦᠸᠠᠲ᠎ᠤᠨ ᠵᠢᠱ᠌ᠢᠶ᠎ᠡ ᠦᠵᠡᠭᠦᠯᠬᠦ᠌ ᠲᠥᠷᠥᠯ ᠵᠦᠶ᠋ᠯ ᠤ᠋ᠨ ᠪᠥᠲᠥᠭᠡᠨ ᠪᠠᠢᠭᠤᠯᠤᠯᠲᠠ ᠶᠠᠭ ᠴᠠᠭ ᠮᠦᠴᠡ ᠲᠠᠢ ᠤᠷᠤᠯᠳᠤᠨ ᠢᠳᠡ ᠬᠥᠭ᠎ᠲᠡᠶ ᠶᠠᠪᠤᠬᠳᠠᠨ᠎ᠠ᠃ ᠲᠤᠰ ᠲᠦᠷᠦᠯ ᠵᠦᠢᠯ ᠨᠢ 2019 ᠣᠨ ᠤ᠋ 9 ᠰᠠᠷ᠎ᠠ ᠵᠢᠨ 26 ᠤ᠋ ᠡᠳᠦᠷ ᠪᠦᠲᠦᠭᠡᠨ ᠪᠠᠢᠭᠤᠯᠤᠯᠳᠠ ᠪᠠᠨ ᠡᠬᠢᠯᠡᠭᠦᠯᠵᠤ᠂ ᠪᠥᠬᠥ᠌ ᠪᠥᠮᠪᠥᠷᠴᠡᠭ ᠤ᠋ᠨ ᠡᠬᠡ ᠬᠠᠭᠤᠷᠠᠶ ᠵᠢᠨ ᠲᠠᠩ ᠴᠣᠭ᠍ᠴᠠ ᠵᠢᠨ ᠬᠡᠪᠴᠢᠶ᠎ᠡ᠎ᠪᠡᠷ ᠬᠠᠮᠤᠭ᠎ᠤᠨ ᠶᠡᠬᠡ ᠰᠠᠯᠬᠢᠨ ᠬᠦᠴᠦᠨ᠎ᠦ ᠴᠠᠬᠢᠯᠭᠠᠨ ᠤ᠋ ᠲᠥᠷᠥᠯ ᠵᠦᠶ᠋ᠯ ᠪᠤᠯᠬᠤ ᠪᠡᠷ ᠪᠠᠷᠠᠬᠤ ᠦᠭᠡᠢ ᠪᠥᠬᠥ᠌ ᠪᠥᠮᠪᠥᠷᠴᠡᠭ ᠤ᠋ᠨ ᠰᠠᠯᠬᠢᠨ ᠬᠦᠴᠦᠨ᠎ᠦ ᠴᠠᠬᠢᠯᠭᠠᠨ ᠤ᠋ ᠠᠵᠢᠯ ᠲᠥᠷᠥᠯ ᠤ᠋ᠨ ᠬᠠᠮᠤᠭ᠎ᠤᠨ ᠲᠡᠷᠢᠭᠦᠨ᠎ᠤ ᠮᠡᠷᠭᠡᠵᠢᠯ ᠢ᠋ ᠪᠥᠬᠥ᠌ ᠲᠠᠯ᠎ᠠ᠎ᠪᠠᠷ ᠬᠡᠷᠡᠭᠯᠡᠭᠰᠡᠨ ᠪᠠᠢᠳᠠᠭ᠃

ᠮᠠᠨ᠎ᠤ ᠤᠷᠤᠨ1989 ᠣᠨ᠎ᠳᠤ ᠪᠥᠬᠥ᠌ ᠣᠷᠣᠨ ᠤ᠋ ᠠᠩᠬᠠᠳᠠᠭ᠍ᠴᠢ ᠰᠠᠯᠬᠢᠨ ᠬᠦᠴᠦᠨ ᠎ᠦ ᠴᠠᠬᠢᠯᠭᠠᠨ ᠤ᠋ ᠲᠥᠷᠥᠯ ᠵᠦᠶ᠋ᠯ᠂ 2008 ᠣᠨ᠎ᠳᠤ ᠠᠩᠬᠠᠳᠠᠭ᠍ᠴᠢ ᠬᠡᠷᠡᠯᠴᠢ ᠴᠡᠨᠡᠭ᠎ᠢᠶᠡᠷ ᠴᠠᠬᠢᠯᠭᠠᠨ ᠭᠠᠷᠭᠠᠬᠤ ᠲᠥᠷᠥᠯ ᠵᠦᠶ᠋ᠯ ᠢ᠋ ᠲᠤᠤᠷ᠎ᠲᠤ ᠨᠡᠢᠯᠡᠭᠦᠯᠦᠨ ᠠᠵᠢᠯᠯᠠᠭᠤᠯᠤᠭ᠍ᠰᠠᠨ᠎ᠠᠴᠠ ᠨᠠᠭᠠᠰᠢ᠂ ᠱᠢᠨ᠎ᠡ ᠡᠨᠧᠷᠭᠢ ᠵᠢ ᠨᠡᠭᠡᠭᠡᠨ ᠠᠱᠢᠭ᠍ᠯᠠᠬᠤ ᠠᠵᠢᠯ ᠢᠯᠡᠳᠲᠡ ᠦᠷ᠎ᠡ ᠪᠦᠲᠦᠮᠵᠢ ᠣᠯᠵᠤ᠂ ᠰᠠᠯᠬᠢᠨ ᠬᠦᠴᠦᠨ᠎ᠦ ᠴᠠᠬᠢᠯᠭᠠᠨ᠂ ᠨᠡᠷᠡᠨ ᠡᠨᠧᠷᠭᠢ᠎ᠪᠡᠷ ᠴᠠᠬᠢᠯᠭᠠᠨ ᠭᠠᠷᠭᠠᠬᠤ ᠵᠡᠷᠭᠡ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ ᠲᠣᠭ᠍ᠲᠠᠭᠤᠨ ᠵᠢᠡᠷ ᠨᠡᠮᠡᠭ᠌ᠳᠡᠭᠰᠡᠨ ᠶᠤᠮ᠃

2021 ᠣᠨ᠎ᠤ ᠰᠡᠭᠦᠯᠴᠢ ᠪᠤᠯᠳᠠᠯ᠎ᠠ᠂ ᠪᠥᠬᠥ᠌ ᠣᠷᠣᠨ ᠤ᠋ ᠱᠢᠨ᠎ᠡ ᠡᠨᠧᠷᠭᠢ ᠵᠢᠨ ᠶᠡᠷᠦᠩᠬᠡᠶ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ 5446 ᠲᠦᠮᠡᠨ ᠺᠢᠯᠦᠸᠠᠲ᠎ᠲᠤ ᠬᠦᠷᠴᠦ᠍᠂ ᠠᠳᠠᠯᠢ ᠬᠤᠭᠤᠴᠠᠭᠠᠨ᠎ᠤ᠎ᠬᠢ᠎ᠡᠴᠡ 7.8%᠎ᠪᠠᠷ ᠨᠡᠮᠡᠭ᠌ᠳᠡᠵᠦ᠍᠂ ᠪᠥᠬᠥ᠌ ᠣᠷᠣᠨ ᠤ᠋ ᠴᠠᠬᠢᠯᠭᠠᠨ ᠡᠭᠦᠰᠭᠡᠭ᠌ᠴᠢ ᠵᠢᠨ ᠶᠡᠷᠦᠩᠬᠡᠶ ᠮᠠᠱᠢᠨ ᠴᠣᠭ᠍ᠴᠠᠯᠠᠪᠤᠷᠢ ᠵᠢᠨ 35.2% ᠢ᠋ ᠡᠵᠡᠯᠡᠵᠦ᠍᠂ ᠠᠳᠠᠯᠢ ᠬᠤᠭᠤᠴᠠᠭᠠᠨ᠎ᠤ᠎ᠬᠢ᠎ᠡᠴᠡ ᠵᠠᠭᠤᠨ᠎ᠤ ᠬᠠᠷᠢᠴᠠᠯ᠎ᠵᠢᠡᠷ 0.7 ᠬᠤᠪᠢ ᠪᠡᠷ ᠨᠡᠮᠡᠭ᠌ᠳᠡᠪᠡ᠃ ᠡᠭᠦᠨ᠎ᠳᠦ ᠰᠠᠯᠬᠢᠨ ᠬᠦᠴᠦᠨ᠎ᠦ ᠴᠠᠬᠢᠯᠭᠠᠨ 3996 ᠲᠦᠮᠡᠨ ᠺᠢᠯᠦᠸᠠᠲ᠂ ᠨᠡᠷᠡᠨ᠎ᠦ ᠡᠨᠧᠷᠭᠢ ᠵᠢᠨ ᠴᠠᠬᠢᠯᠭᠠᠨ ᠭᠠᠷᠭᠠᠯᠲᠠ 1412 ᠲᠦᠮᠡᠨ ᠺᠢᠯᠦᠸᠠᠲ᠂ ᠠᠮᠢᠳᠤ ᠪᠣᠳᠠᠰ᠎ᠤᠨ ᠮᠠᠰ᠎ᠤᠨ ᠴᠠᠬᠢᠯᠭᠠᠨ ᠭᠠᠷᠭᠠᠯᠲᠠ 38 ᠲᠦᠮᠡᠨ ᠺᠢᠯᠦᠸᠠᠲ᠎ᠲᠤ ᠬᠦᠷᠦᠭᠰᠡᠨ ᠪᠠᠢᠨ᠎ᠠ᠃  ᠪᠥᠬᠥ᠌ ᠵᠢᠯ ᠤ᠋ᠨ ᠱᠢᠨ᠎ᠡ ᠡᠨᠧᠷᠭᠢ ᠵᠢᠨ ᠴᠠᠬᠢᠯᠭᠠᠨ ᠭᠠᠷᠭᠠᠯᠲᠠ ᠵᠢᠨ ᠬᠡᠮᠵᠢᠶ᠎ᠡ 1191 ᠳ᠋ᠦᠩᠱᠢᠭᠤᠷ ᠺᠢᠯᠦᠸᠠᠲ ᠴᠠᠭ᠎ᠲᠤ ᠬᠦᠷᠴᠦ᠍᠂ ᠪᠥᠬᠥ᠌ ᠣᠷᠣᠨ ᠤ᠋ ᠴᠠᠬᠢᠯᠭᠠᠨ ᠤ᠋ ᠶᠡᠷᠦᠩᠬᠡᠶ ᠴᠠᠬᠢᠯᠭᠠᠨ ᠭᠠᠷᠭᠠᠯᠲᠠ ᠵᠢᠨ 19.8% ᠵᠢ ᠡᠵᠡᠯᠡᠪᠠ᠃ ᠣᠢᠷ᠎ᠠ ᠵᠢᠨ ᠵᠢᠯ᠎ᠳᠦ ᠮᠠᠨ᠎ᠤ ᠤᠷᠤᠨ ᠰᠠᠯᠬᠢᠨ ᠤ᠋ ᠡᠨᠧᠷᠭᠢ᠂ ᠨᠡᠷᠡᠨ ᠡᠨᠧᠷᠭᠢ ᠵᠡᠷᠭᠡ ᠡᠬᠢ ᠪᠠᠶᠠᠯᠢᠭ᠎ᠤᠨ ᠳᠠᠪᠠᠭᠤᠯᠢᠭ᠎ᠲᠤ ᠲᠦᠱᠢᠭ᠌ᠯᠡᠨ᠂ ᠱᠢᠨ᠎ᠡ ᠡᠨᠧᠷᠭᠢ ᠵᠢᠨ ᠴᠢᠨᠠᠷ ᠰᠠᠢᠲᠠᠶ ᠬᠥᠭ᠌ᠵᠢᠯᠲᠡ ᠵᠢ ᠬᠦᠴᠦᠯᠡᠨ ᠠᠭᠢᠭᠤᠯᠤᠬᠰᠠᠭᠠᠷ ᠁

ᠡᠨᠡ ᠵᠢᠯ᠎ᠤᠨ ᠥᠪᠡᠷᠲᠡᠭᠡᠨ ᠵᠠᠰᠠᠬᠤ ᠣᠷᠣᠨ ᠤ᠋ ᠵᠠᠰᠠᠭ᠎ᠤᠨ ᠣᠷᠳᠣᠨ ᠤ᠋ ᠠᠵᠢᠯ᠎ᠤᠨ ᠢᠯᠡᠳᠭᠡᠯ ᠎ᠳᠤ ᠲᠤᠷᠠᠳᠤᠭᠰᠠᠨ《ᠱᠢᠨ᠎ᠡ ᠬᠥᠭ᠌ᠵᠢᠯᠲᠡ ᠵᠢᠨ ᠤᠢ᠍ᠢᠯᠠᠭᠠᠭ᠍ᠳᠠᠬᠤᠨ ᠢ᠋ ᠡᠷᠬᠡᠪᠰᠢ ᠪᠦᠷᠢᠨ ᠪᠦᠲᠦᠨ᠂ ᠣᠨᠣᠪᠴᠢᠲᠠᠢ᠂ ᠪᠦᠬᠦ᠌ ᠲᠠᠯ᠎ᠠ᠎ᠪᠠᠷ ᠲᠤᠭᠤᠰᠢᠯᠠᠭᠤᠯᠵᠤ᠂ ᠠᠮᠢ ᠠᠬᠤᠢ ᠵᠢ ᠤᠷᠢᠳ ᠵᠢᠡᠷ ᠪᠣᠳᠣᠯᠬᠢᠯᠠᠬᠤ᠂ ᠪᠣᠬᠢᠷᠲᠤᠯ ᠦᠭᠡᠢ ᠬᠥᠭ᠌ᠵᠢᠭᠦᠯᠬᠦ᠌ ᠵᠢ ᠪᠠᠷᠢᠮᠲᠠᠯᠠᠵᠤ᠂ ᠰᠠᠢ᠌ᠨ᠎ᠵᠢᠡᠨ ᠪᠠᠳᠠᠷᠠᠭᠤᠯᠵᠤ ᠱᠢᠭᠠᠷᠤ ᠪᠠᠨ ᠲᠡᠪᠴᠢᠬᠦ᠌᠂  ᠱᠢᠯᠢᠳᠡᠭ ᠢ᠋ ᠬᠥᠮᠦᠵᠢᠭᠦᠯᠦᠨ ᠦᠷ᠎ᠡ ᠠᠱᠢᠭ ᠢ᠋ ᠨᠡᠮᠡᠭ᠌ᠳᠡᠭᠦᠯᠬᠦ᠌᠂ ᠦᠢᠯᠡᠴᠢᠯᠡᠭᠡ ᠪᠠ ᠱᠢᠨ᠎ᠡ ᠬᠥᠭ᠌ᠵᠢᠯᠲᠡ ᠵᠢᠨ ᠪᠠᠢᠷᠢᠱᠢᠯ᠎ᠳᠤ ᠠᠭᠤᠰᠤᠯᠴᠠᠬᠤ ᠪᠦᠲᠦᠮᠵᠢᠲᠡᠢ ᠠᠷᠭ᠎ᠠ ᠵᠠᠮ ᠢ᠋ ᠣᠨᠣᠪᠴᠢᠲᠠᠢ ᠡᠷᠢᠵᠦ᠍᠂ ᠠᠵᠤ ᠠᠬᠤᠢ ᠵᠢᠨ ᠬᠥᠭ᠌ᠵᠢᠯᠲᠡ ᠵᠢᠨ ᠠᠷᠭ᠎ᠠ ᠬᠡᠯᠪᠡᠷᠢ ᠵᠢ ᠬᠦᠴᠦᠯᠡᠨ ᠬᠤᠪᠢᠷᠠᠭᠤᠯᠵᠤ᠂ ᠪᠣᠬᠢᠷᠲᠤᠯ ᠦᠭᠡᠢ ᠤᠨᠴᠠᠯᠢᠬ᠍ᠳᠤ ᠳᠠᠪᠠᠭᠤᠯᠢᠭ ᠤᠳᠤ ᠦᠶ᠎ᠡ ᠵᠢᠨ ᠠᠵᠤ ᠦᠢᠯᠡᠰ ᠤ᠋ᠨ ᠱᠢᠰᠲᠸᠮ ᠢ᠋ ᠲᠦᠷᠭᠡᠳᠭᠡᠨ ᠪᠠᠢᠭᠤᠯᠵᠤ᠂ ᠪᠦᠬᠦ᠌ ᠬᠦᠴᠦᠨ᠎ᠢᠶᠡᠷ᠎ᠢᠶᠡᠨ ᠪᠦᠲᠦᠴᠡ ᠵᠢ ᠲᠤᠬᠢᠷᠠᠭᠤᠯᠵᠤ᠂ ᠴᠢᠳᠠᠮᠵᠢ ᠵᠢ ᠬᠤᠪᠢᠷᠠᠭᠤᠯᠵᠤ᠂ ᠶᠠᠰᠤ ᠴᠢᠨᠠᠷ ᠢ᠋ ᠳᠡᠭᠡᠭ᠌ᠰᠢᠯᠡᠭᠦᠯᠬᠦ᠌ ᠬᠡᠷᠡᠭ᠌ᠲᠡᠢ》 ᠭᠡᠬᠦ ᠡᠭᠦᠷᠭᠡ ᠵᠢᠨ ᠲᠣᠭᠣᠷᠢᠨ᠎ᠳᠤ᠂ ᠪᠥᠬᠥ᠌ ᠣᠷᠣᠨ ᠤ᠋ ᠡᠯ᠎ᠡ ᠭᠠᠵᠠᠷ᠎ᠤᠨ᠎ᠬᠢᠨ ᠲᠥᠷᠥᠯ ᠵᠦᠶ᠋ᠯ᠎ᠢᠶᠡᠷ ᠵᠢᠯᠣᠭᠣᠳᠤᠮᠵᠢ ᠪᠣᠯᠭᠠᠵᠤ᠂ ᠱᠢᠨ᠎ᠡ ᠡᠨᠧᠷᠭᠢ ᠵᠢᠨ ᠠᠵᠤ ᠦᠶ᠋ᠯᠡᠰ ᠢ᠋ ᠬᠦᠴᠦᠯᠡᠨ ᠬᠥᠭ᠌ᠵᠢᠭᠦᠯᠵᠦ᠍᠂ ᠠᠵᠤ ᠦᠶ᠋ᠯᠡᠳᠪᠦᠷᠢ ᠵᠢᠨ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠭᠦᠯᠬᠦ᠌《ᠲᠦᠷᠭᠡᠳᠭᠡᠬᠦ ᠳᠠᠷᠤᠪᠴᠢ》 ᠵᠢ ᠳᠠᠷᠤᠬᠰᠠᠨ ᠪᠢᠯᠡ᠃

ᠡᠵᠡᠨ ᠬᠣᠷᠣᠭ᠎ᠠ ᠬᠣᠱᠢᠭᠤᠨ ᠤ᠋ ᠶᠤᠸᠠᠨ ᠵᠢᠩ ᠨᠡᠭᠦᠷᠡᠰᠦᠲᠥ᠋ᠷᠥᠭ᠌ᠴᠢ ᠦᠯᠦ ᠭᠠᠳᠠᠭᠰᠢᠯᠠᠭᠤᠯᠬᠤ ᠠᠵᠤ ᠦᠶ᠋ᠯᠡᠰ ᠤ᠋ᠨ ᠬᠦᠷᠢᠶᠡᠯᠡᠩ᠂ ᠳᠠᠯᠠᠳ ᠬᠣᠱᠢᠭᠤᠨ ᠤ᠋ ᠬᠡᠷᠡᠯᠴᠢ ᠴᠡᠨᠡᠭ᠎ᠢᠶᠡᠷ ᠴᠠᠬᠢᠯᠭᠠᠨ ᠭᠠᠷᠭᠠᠬᠤ ᠳᠠᠭᠠᠭᠤᠯᠤᠭ᠍ᠴᠢ ᠰᠠᠭᠤᠷᠢᠨ᠂ ᠵᠡᠭᠦᠨᠭᠠᠷ ᠬᠣᠱᠢᠭᠤᠨ ᠤ᠋ ᠨᠠᠷᠠᠰᠤᠨ  ᠬᠡᠷᠡᠯᠴᠢ ᠴᠡᠨᠡᠭ᠎ᠢᠶᠡᠷ ᠤᠰᠤᠲᠥ᠋ᠷᠥᠭ᠌ᠴᠢ ᠦᠶ᠋ᠯᠡᠳᠬᠦ᠌ ᠠᠵᠤ ᠦᠶ᠋ᠯᠡᠰ ᠤ᠋ᠨ ᠵᠢᠱ᠌ᠢᠶ᠎ᠡ ᠦᠵᠡᠭᠦᠯᠬᠦ᠌ ᠲᠥᠷᠥᠯ ᠵᠦᠶ᠋ᠯ ᠵᠡᠷᠭᠡ ᠱᠢᠨ᠎ᠡ ᠡᠨᠧᠷᠭᠢ ᠵᠢᠨ ᠰᠢᠯᠢᠳᠡᠭ ᠲᠥᠷᠥᠯ ᠵᠦᠶ᠋ᠯ ᠤᠷᠢᠳ ᠬᠤᠵᠢᠳ ᠠᠰᠢᠬᠯᠠᠯᠳᠠ᠎ᠳᠤ ᠤᠷᠤᠵᠤ᠂ ᠥᠪᠥᠷ ᠮᠣᠩᠭᠣᠯ᠎ᠤᠨ ᠠᠵᠤ ᠦᠶ᠋ᠯᠡᠳᠪᠦᠷᠢ ᠵᠢᠨ ᠠᠵᠤ ᠠᠬᠤᠢ᠎ᠳ᠋ᠤ ᠰᠠᠯᠬᠢᠨ ᠬᠤᠷᠳᠤ ᠨᠠᠮᠠᠷᠢᠯᠠᠨ᠎ᠠ᠃ ᠪᠤᠭᠤᠲᠤ᠎ᠪᠠᠷ ᠵᠢᠱ᠌ᠢᠶᠡᠯᠡᠪᠡᠯ᠂ ᠣᠳᠣᠬᠠᠨ᠎ᠳᠤ ᠪᠤᠭᠤᠲᠤ ᠵᠢᠨ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠡᠵᠡᠯᠡᠬᠦ᠌ ᠬᠠᠷᠢᠴᠠᠯ ᠳᠡᠭᠡᠭ᠌ᠰᠢᠯᠡᠭᠡᠳ 37.4%᠎ᠳ᠋ᠤ ᠬᠦᠷᠴᠦ᠍᠂ ᠬᠡᠷᠡᠯᠴᠢ ᠴᠡᠨᠡᠭ ᠤ᠋ᠨ ᠬᠦᠷᠢᠶᠡᠨ᠎ᠳᠦ ᠲᠠᠯᠠᠰᠲᠤ ᠴᠠᠬᠢᠭᠤᠷ ᠮᠠᠲ᠋ᠧᠷᠢᠶᠠᠯ᠂ ᠬᠡᠷᠴᠢᠮᠡᠯ᠂ ᠳ᠋ᠢᠶᠠᠨ ᡂᠢ ᠵᠢᠨ ᠲᠣᠨᠣᠭ᠍ᠯᠠᠯ ᠪᠠ ᠬᠡᠷᠡᠯᠴᠢ ᠴᠡᠨᠡᠭ ᠤ᠋ᠨ ᠴᠠᠬᠢᠯᠭᠠᠨ ᠥᠷᠲᠡᠭᠡ ᠵᠡᠷᠭᠡ ᠬᠡᠷᠡᠯᠴᠢ ᠴᠡᠨᠡᠭ ᠤ᠋ᠨ ᠪᠥᠬᠥ᠌ ᠠᠵᠤ ᠦᠶ᠋ᠯᠡᠰ ᠤ᠋ᠨ ᠬᠡᠯᠬᠢᠶ᠎ᠡ ᠪᠦᠷᠢᠯᠳᠦᠵᠦ᠍᠂ 15 ᠳᠠᠭᠠᠭᠤᠯᠤᠬᠴᠢ ᠠᠵᠤ ᠠᠬᠤᠢᠯᠠᠯ ᠲᠥᠪᠯᠡᠷᠡᠵᠦ᠍᠂ ᠦᠶ᠋ᠯᠡᠳᠪᠦᠷᠢᠯᠡᠯ ᠤ᠋ᠨ ᠬᠡᠪᠴᠢᠶ᠎ᠡ᠎ᠨᠢ ᠪᠥᠬᠥ᠌ ᠤᠯᠤᠰ᠎ᠤᠨ 20% ᠣᠷᠴᠢᠮ ᠢ᠋ ᠡᠵᠡᠯᠡᠪᠡ᠃

ᠠᠵᠤ ᠦᠢᠯᠡᠰ ᠤ᠋ᠨ ᠬᠡᠯᠬᠢᠶ᠎ᠡ ᠵᠢᠨ ᠲᠣᠭᠣᠷᠢᠨ᠎ᠳᠤ ᠱᠢᠨ᠎ᠡ ᠵᠢ ᠡᠭᠦᠳᠬᠦ᠌ ᠬᠡᠯᠬᠢᠶ᠎ᠡ ᠵᠢ ᠪᠠᠢᠷᠢᠯᠠᠭᠤᠯᠵᠤ᠂ ᠱᠢᠨ᠎ᠡ ᠵᠢ ᠡᠭᠦᠳᠬᠦ᠌ ᠬᠡᠯᠬᠢᠶ᠎ᠡ ᠵᠢᠨ ᠲᠣᠭᠣᠷᠢᠨ᠎ᠳᠤ ᠠᠵᠤ ᠦᠢᠯᠡᠰ ᠤ᠋ᠨ ᠬᠡᠯᠬᠢᠶ᠎ᠡ ᠵᠢ ᠪᠠᠢᠷᠢᠱᠢᠭᠤᠯᠵᠤ᠂ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ ᠳ᠋ᠦ ᠬᠦᠷᠬᠦ ᠨᠡᠭᠦᠷᠡᠰᠦᠲᠥ᠋ᠷᠥᠭ᠌ᠴᠢ ᠵᠢ ᠰᠠᠭᠠᠷᠮᠠᠬᠵᠢᠭᠤᠯᠬᠤ ᠠᠵᠢᠯ ᠢ᠋ ᠢᠳᠡᠪᠬᠢᠲᠡᠢ ᠯᠠᠪᠳᠠᠭᠤᠨ ᠵᠢᠡᠷ ᠠᠬᠢᠭᠤᠯᠤᠨ᠎ᠠ ᠁ ᠱᠢᠨ᠎ᠡ ᠴᠠᠭ ᠦᠶ᠎ᠡ ᠵᠢᠨ ᠱᠢᠨ᠎ᠡ ᠡᠭᠦᠷᠭᠡ᠂ ᠥᠪᠥᠷ ᠮᠣᠩᠭᠣᠯ《ᠬᠣᠣᠰ ᠨᠡᠭᠦᠷᠡᠰᠦᠲᠥ᠋ᠷᠥᠭ᠌ᠴᠢ》 ᠵᠢᠨ ᠬᠠᠷᠠᠯᠲᠠ ᠵᠢ ᠲᠣᠭ᠍ᠲᠠᠭᠠᠵᠤ᠂ ᠱᠢᠨ᠎ᠡ ᠡᠨᠧᠷᠭᠢ ᠵᠢ ᠶᠡᠬᠡ ᠬᠡᠪᠴᠢᠶ᠎ᠡ᠎ᠪᠡᠷ ᠥᠨᠳᠥᠷ ᠬᠠᠷᠢᠴᠠᠯ ᠵᠢᠡᠷ ᠨᠡᠭᠡᠭᠡᠨ ᠠᠱᠢᠭ᠍ᠯᠠᠬᠤ ᠵᠢ ᠪᠦᠬᠦ᠌ ᠲᠠᠯ᠎ᠠ᠎ᠪᠠᠷ ᠠᠬᠢᠭᠤᠯᠵᠤ᠂ ᠪᠦᠬᠦ᠌ ᠤᠯᠤᠰ᠎ᠲᠤ ᠱᠢᠨ᠎ᠡ ᠡᠨᠧᠷᠭᠢ᠎ᠪᠡᠷ ᠭᠣᠣᠯ ᠴᠣᠭ᠍ᠴᠠ ᠪᠣᠯᠭᠠᠭ᠍ᠰᠠᠨ ᠡᠨᠧᠷᠭᠢ ᠵᠢᠨ ᠬᠠᠩᠭᠠᠯᠭ᠎ᠠ ᠵᠢᠨ ᠱᠢᠰᠲ᠋ᠧᠮ ᠢ᠋ ᠲᠦᠷᠦᠭᠦᠯᠡᠨ ᠪᠠᠢᠭᠤᠯᠬᠤ᠎ᠪᠠᠷ ᠴᠢᠷᠮᠠᠢᠨ᠎ᠠ᠃

ᠥᠪᠡᠷᠲᠡᠭᠡᠨ ᠵᠠᠰᠠᠬᠤ ᠣᠷᠣᠨ ᠤ᠋ ᠡᠨᠧᠷᠭᠢ ᠵᠢᠨ ᠲᠣᠪᠴᠢᠶ᠎ᠠ ᠵᠢᠨ ᠬᠣᠯᠪᠣᠭ᠍ᠳᠠᠯ ᠪᠥᠬᠥᠶ ᠬᠠᠷᠢᠭᠤᠴᠠᠯᠭᠠᠲᠠᠨ᠂ 《ᠠᠷᠪᠠᠨ ᠳᠥᠷᠪᠡᠳᠦᠭᠡᠷ ᠲᠠᠪᠤᠨ ᠵᠢᠯ》ᠤ᠋ᠨ ᠬᠤᠭᠤᠴᠠᠭᠠᠨ᠎ᠳᠤ᠂ ᠮᠠᠨ᠎ᠤ ᠤᠷᠤᠨ ᠲᠣᠨᠣᠭ᠍ᠯᠠᠯ ᠦᠶ᠋ᠯᠡᠳᠬᠦ᠌ ᠠᠵᠤ ᠦᠶ᠋ᠯᠡᠰ ᠤ᠋ᠨ ᠪᠠᠢᠷᠢᠱᠢᠭᠤᠯᠤᠯᠲᠠ ᠵᠢ ᠨᠢᠭᠡᠳᠦᠯᠲᠡᠶ ᠲᠥᠯᠥᠪᠵᠢᠭᠦᠯᠵᠦ᠍᠂ ᠵᠣᠬᠢᠰᠲᠠᠶ ᠲᠥᠪᠯᠡᠷᠡᠭᠦᠯᠦᠨ ᠬᠥᠭ᠌ᠵᠢᠭᠦᠯᠵᠦ᠍᠂ ᠯᠦᠩ ᠮᠠ ᠪᠦᠯᠦᠭ᠌ᠯᠡᠯ᠂ ᠵᠥᠩ ᠴᠧ ᠪᠦᠯᠦᠭ᠌ᠯᠡᠯ᠎ᠢᠶᠡᠷ ᠲᠥᠯᠥᠭᠡᠯᠡᠭᠦᠯᠦᠭ᠌ᠰᠡᠨ ᠰᠠᠯᠬᠢᠨ ᠬᠦᠴᠦᠨ᠎ᠦ ᠴᠠᠬᠢᠯᠭᠠᠨ ᠤ᠋ ᠲᠣᠨᠣᠭ᠍ᠯᠠᠯ ᠦᠶ᠋ᠯᠡᠳᠬᠦ᠌ ᠳᠠᠭᠠᠭᠤᠯᠤᠭ᠍ᠴᠢ ᠠᠵᠤ ᠠᠬᠤᠢᠯᠠᠯ ᠢ᠋ ᠪᠣᠢᠵᠢᠭᠤᠯᠤᠨ᠎ᠠ; ᠲᠦᠩ ᠸᠧᠶ ᠪᠦᠯᠦᠭ᠌ᠯᠡᠯ᠂ ᠵᠢᠩ ᠤᠦ ᠺᠣᠮᠫᠠᠨᠢ ᠵᠢᠨ ᠬᠡᠷᠡᠯᠴᠢ ᠴᠡᠨᠡᠭ ᠤ᠋ᠨ ᠲᠣᠨᠣᠭ ᠲᠥᠬᠥᠭᠡᠷᠦᠮᠵᠢ ᠦᠶ᠋ᠯᠡᠳᠬᠦ᠌ ᠳᠠᠭᠠᠭᠤᠯᠤᠬᠴᠢ ᠠᠵᠤ ᠠᠬᠤᠢᠯᠠᠯ᠎ᠤᠨ ᠵᠢᠱ᠌ᠢᠶ᠎ᠡ ᠦᠵᠡᠭᠦᠯᠬᠦ᠌ ᠦᠶ᠋ᠯᠡᠳᠦᠯ ᠢ᠋ ᠪᠠᠳᠠᠷᠠᠭᠤᠯᠤᠨ᠎ᠠ; ᠤᠰᠤᠲᠥ᠋ᠷᠥᠭ᠌ᠴᠢ ᠵᠢᠨ ᠡᠨᠧᠷᠭᠢ᠂  ᠡᠨᠧᠷᠭᠢ ᠨᠥᠭᠡᠴᠡᠯᠡᠬᠦ᠌ ᠨᠠᠩ ᠣᠯᠠᠨ ᠱᠢᠯᠢᠳᠡᠭ ᠲᠣᠨᠣᠭ ᠲᠥᠬᠥᠭᠡᠷᠦᠮᠵᠢ ᠦᠢᠯᠡᠳᠬᠦ᠌ ᠠᠵᠤ ᠠᠬᠤᠢᠯᠠᠯ ᠢ᠋ ᠣᠷᠣᠭᠤᠯᠤᠨ ᠠᠪᠴᠢᠷᠠᠵᠤ᠂ ᠮᠠᠨ ᠤ᠋ ᠣᠷᠣᠨ᠎ᠳᠤ ᠨᠤᠲᠤᠭ᠍ᠰᠢᠭᠤᠯᠵᠤ᠂  ᠭᠣᠣᠯᠳᠠᠭᠤ ᠪᠤᠭᠤᠲᠤ᠂  ᠲᠦᠩᠯᠢᠶᠣᠤ᠎ᠳᠤ ᠰᠠᠯᠬᠢᠨ ᠭᠡᠷᠡᠯ ᠤᠰᠤᠲᠥ᠋ᠷᠥᠭ᠌ᠴᠢ ᠨᠦᠭᠡᠴᠡᠯᠡᠯᠳᠡ ᠵᠢᠨ ᠪᠦᠬᠦ᠌ ᠠᠵᠤ ᠦᠢᠯᠡᠰ ᠤ᠋ᠨ ᠬᠡᠯᠬᠢᠶ᠎ᠡ ᠵᠢᠨ ᠲᠣᠨᠣᠭ ᠲᠥᠬᠥᠭᠡᠷᠦᠮᠵᠢ ᠦᠢᠯᠡᠳᠬᠦ᠌ ᠰᠠᠭᠤᠷᠢᠨ ᠭᠠᠵᠠᠷ ᠢ᠋ ᠪᠠᠢᠭᠤᠯᠤᠨ᠎ᠠ᠃ ᠮᠠᠨ᠎ᠤ ᠤᠷᠤᠨ ᠪᠠᠰᠠ ᠬᠡᠯᠬᠢᠶᠡᠨ᠎ᠦ ᠭᠤᠤᠯ ᠠᠵᠤ ᠠᠬᠤᠢᠯᠠᠯ ᠢ᠋ ᠢᠳᠡᠪᠬᠢᠲᠡᠶ ᠪᠣᠢᠵᠢᠭᠤᠯᠵᠤ᠂ ᠪᠠᠯᠠ ᠣᠷᠣᠭᠤᠯᠤᠯᠲᠠ᠎ᠪᠠᠷ ᠶᠡᠬᠡ᠂ ᠭᠠᠷᠭᠠᠯᠲᠠ᠎ᠪᠠᠷ ᠥᠨᠳᠥᠷ᠂ ᠢᠵᠢ ᠪᠦᠷᠢᠳᠦᠭᠦᠯᠬᠦ᠌ ᠴᠢᠳᠠᠪᠤᠷᠢ᠎ᠪᠠᠷ ᠴᠢᠩᠭ᠎ᠠ ᠬᠡᠯᠬᠢᠶᠡᠨ᠎ᠦ ᠭᠤᠤᠯ ᠠᠵᠤ ᠠᠬᠤᠢᠯᠠᠯ᠎ᠳᠤ ᠵᠣᠬᠢᠴᠠᠩᠭᠤᠶ ᠬᠠᠷᠠᠭᠠᠯᠵᠠᠯ᠎ᠤᠨ ᠲᠥᠷᠥ ᠵᠢᠨ ᠪᠣᠳᠣᠯᠭ᠎ᠠ ᠵᠢᠨ ᠳᠡᠮᠵᠢᠯᠭᠡ ᠦᠵᠡᠭᠦᠯᠵᠤ᠂  ᠲᠡᠭᠦᠨ᠎ᠦ ᠠᠵᠤ ᠦᠶ᠋ᠯᠡᠰ ᠤ᠋ᠨ ᠳᠠᠢᠴᠢᠯᠠᠬᠤ ᠦᠶ᠋ᠯᠡᠳᠦᠯ ᠢ᠋ ᠭᠦᠶ᠋ᠴᠡᠳ ᠪᠠᠳᠠᠷᠠᠭᠤᠯᠵᠤ᠂ ᠮᠠᠨ ᠤ᠋ ᠣᠷᠣᠨ ᠤ᠋ 《ᠰᠠᠯᠬᠢᠨ ᠬᠡᠷᠡᠯ ᠤᠰᠤᠲᠥ᠋ᠷᠥᠭ᠌ᠴᠢ ᠨᠦᠭᠡᠴᠡᠯᠡᠯᠳᠡ》ᠵᠢᠨ ᠠᠵᠤ ᠦᠶ᠋ᠯᠡᠰ ᠤ᠋ᠨ ᠬᠡᠯᠬᠢᠶ᠎ᠡ ᠵᠢ ᠤᠷᠲᠤᠳᠭᠠᠨ᠂  ᠬᠡᠯᠬᠢᠶ᠎ᠡ ᠵᠢ ᠨᠥᠬᠥᠪᠥᠷᠢᠯᠡᠵᠦ᠍᠂ ᠬᠡᠯᠬᠢᠶ᠎ᠡ ᠵᠢ ᠬᠦᠴᠦᠷᠬᠡᠭ᠌ᠵᠢᠭᠦᠯᠬᠦ᠌ ᠪᠠ ᠪᠥᠬᠥ᠌ ᠲᠠᠯ᠎ᠠ᠎ᠪᠠᠷ ᠲᠠᠰ ᠳᠡᠪᠱᠢᠭᠦᠯᠦᠨ ᠬᠥᠭ᠌ᠵᠢᠭᠦᠯᠬᠦ᠌᠎ᠳᠦ ᠬᠦᠴᠦᠨ ᠨᠡᠮᠡᠷᠢᠯᠡᠨ᠎ᠡ ᠭᠡᠵᠤ ᠲᠠᠨᠢᠯᠴᠠᠭᠤᠯᠤᠯ᠎ᠠ᠃

  《ᠨᠠᠷᠠ ᠰᠠᠯᠬᠢᠨ》 ᠤ᠋ ᠬᠦᠴᠦᠨ ᠵᠢᠡᠷ ᠦᠪᠦᠷ ᠮᠤᠨᠭᠭᠤᠯ᠎ᠤᠨ ᠡᠨᠧᠷᠭᠢ ᠵᠢᠨ ᠠᠵᠤ ᠠᠬᠤᠢ ᠰᠢᠨ᠎ᠡ ᠨᠢᠭᠡᠨ ᠬᠠᠪᠤᠷ ᠢ᠋ ᠤᠬᠳᠤᠨ᠂  《ᠤᠰᠤᠲᠥ᠋ᠷᠥᠭ᠌ᠴᠢ》 ᠵᠢᠨ ᠵᠡᠪᠰᠡᠭᠯᠡᠯ ᠲᠠᠢ ᠰᠢᠨ᠎ᠡ ᠠᠶᠠᠨ ᠳ᠋ᠠᠭᠠᠨ ᠮᠤᠷᠳᠠᠵᠤ᠂  ᠱᠢᠨ᠎ᠡ ᠪᠠᠢᠳᠠᠯ᠎ᠳᠤ ᠰᠠᠭᠤᠷᠢᠯᠠᠨ᠂ ᠱᠢᠨ᠎ᠡ ᠬᠠᠷᠠᠯᠲᠠ ᠵᠢ ᠲᠣᠭ᠍ᠲᠠᠭᠠᠵᠤ᠂  ᠱᠢᠨ᠎ᠡ ᠡᠨᠧᠷᠭᠢ ᠵᠢᠨ ᠲᠥᠷᠥᠯ ᠵᠦᠶ᠋ᠯ ᠢ᠋ ᠵᠡᠷᠭᠡᠪᠡᠷ ᠶᠠᠪᠤᠭ᠍ᠳᠠᠭᠤᠯᠵᠤ᠂  ᠠᠵᠤ ᠦᠶ᠋ᠯᠡᠳᠪᠦᠷᠢ ᠵᠢᠨ ᠴᠢᠨᠠᠷ ᠰᠠᠢᠲᠠᠶ ᠬᠥᠭ᠌ᠵᠢᠯᠲᠡ ᠵᠢ ᠡᠷᠴᠢᠮᠳᠠᠢ ᠠᠬᠢᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号