ᠤᠷᠢᠬᠠᠨ ᠬᠠᠪᠤᠷ ᠢ᠋ ᠠᠮᠵᠢᠨ ᠦᠷᠯᠦᠭᠡ ᠦᠳᠡᠰᠢ ᠦᠭᠡᠢ ᠴᠢᠷᠮᠠᠢᠨ᠎ᠠ᠂ ᠤᠳᠤ ᠪᠤᠯ ᠶᠠᠭ ᠪᠠᠷᠢᠯᠭ᠎ᠠ ᠵᠢᠨ ᠠᠵᠢᠯ ᠤ᠋ᠨ ᠰᠢᠵᠢᠷ ᠠᠯᠳᠠᠨ ᠴᠠᠭ ᠪᠤᠯᠤᠨ᠎ᠠ᠂ 4 ᠰᠠᠷ᠎ᠠ ᠵᠢᠨ 8 ᠤ᠋ ᠡᠳᠦᠷ᠂ ᠦᠪᠡᠷᠳᠡᠭᠡᠨ ᠵᠠᠰᠠᠬᠤ ᠤᠷᠤᠨ ᠤ᠋ ᠴᠢᠨᠠᠷ ᠰᠠᠢᠳᠠᠢ ᠬᠦᠭᠵᠢᠯᠳᠡ ᠵᠢ ᠠᠬᠢᠭᠤᠯᠬᠤ ᠴᠢᠬᠤᠯᠠ ᠶᠡᠬᠡ ᠲᠦᠷᠦᠯ ᠵᠦᠢᠯ ᠤ᠋ᠨ ᠪᠦᠲᠦᠭᠡᠨ ᠪᠠᠢᠭᠤᠯᠤᠯᠳᠠ ᠵᠢᠨ ᠳᠠᠢᠴᠢᠯᠠᠯᠳᠠ ᠵᠢᠨ ᠶᠡᠬᠡ ᠬᠤᠷᠠᠯ ᠤᠷᠳᠤᠰ ᠲᠤ᠌ ᠬᠤᠷᠠᠯᠳᠤᠵᠤ᠂ ᠪᠦᠬᠦ ᠤᠷᠤᠨ ᠤ᠋ ᠴᠢᠬᠤᠯᠠ ᠶᠡᠬᠡ ᠲᠦᠷᠦᠯ ᠵᠦᠢᠯ ᠢ᠋ ᠲᠦᠪᠯᠡᠷᠡᠭᠦᠯᠦᠨ ᠪᠠᠷᠢᠯᠭ᠎ᠠ ᠡᠬᠢᠯᠡᠭᠦᠯᠵᠠᠢ᠃ ᠶᠡᠬᠡ ᠬᠤᠷᠠᠯ ᠢ᠋ ᠸᠢᠳᠢᠤ᠋ ᠬᠡᠯᠪᠡᠷᠢ ᠪᠡᠷ ᠬᠤᠷᠠᠯᠳᠤᠭᠤᠯᠵᠤ᠂ ᠡᠯ᠎ᠠ ᠠᠢᠮᠠᠭ ᠬᠤᠳᠠ ᠳ᠋ᠤ ᠬᠤᠪᠢᠶᠠᠷᠢ ᠬᠤᠷᠠᠯᠤᠨ ᠲᠠᠯᠠᠪᠠᠢ ᠲᠤᠬᠢᠷᠠᠭᠤᠯᠪᠠ᠃
ᠰᠤᠷᠪᠤᠯᠵᠢᠯᠠᠭᠴᠢ ᠵᠢᠨ ᠤᠢᠯᠠᠭᠠᠭᠰᠠᠨ ᠵᠢᠡᠷ᠂ 2022 ᠤᠨ ᠳ᠋ᠤ ᠪᠦᠬᠦ ᠤᠷᠤᠨ ᠳ᠋ᠤ 3289 ᠴᠢᠬᠤᠯᠠ ᠶᠡᠬᠡ ᠲᠦᠷᠦᠯ ᠵᠦᠢᠯ ᠢ᠋ ᠬᠡᠷᠡᠭᠵᠢᠭᠦᠯᠬᠦ ᠪᠡᠷ ᠲᠦᠯᠦᠪᠯᠡᠨ᠂ ᠶᠡᠷᠦᠩᠬᠡᠢ ᠪᠡᠯᠡ ᠤᠷᠤᠭᠤᠯᠤᠯᠳᠠ ᠨᠢ 27 ᠲᠦᠮᠡᠨ ᠳ᠋ᠦᠩᠰᠢᠭᠤᠷ ᠲᠦᠭᠦᠷᠢᠭ ᠲᠤ᠌ ᠬᠦᠷᠪᠠ᠂ ᠲᠤᠰ ᠵᠢᠯ 5984 ᠳ᠋ᠦᠩᠰᠢᠭᠤᠷ ᠲᠦᠭᠦᠷᠢᠭ ᠪᠡᠯᠡ ᠤᠷᠤᠭᠤᠯᠬᠤ ᠪᠡᠷ ᠲᠦᠯᠦᠪᠯᠡᠵᠤ᠂ ᠨᠢᠳᠤᠨᠤᠨ ᠤ᠋ ᠬᠢ ᠲᠠᠢ ᠬᠠᠷᠢᠴᠠᠭᠤᠯᠪᠠᠯ ᠲᠤᠰ ᠲᠤᠰ 215ᠲᠦᠷᠦᠯ ᠵᠦᠢᠯ ᠂ 0.3 ᠲᠦᠮᠡᠨ ᠳ᠋ᠦᠩᠰᠢᠭᠤᠷ ᠲᠦᠭᠦᠷᠢᠭ᠂ 1199 ᠳ᠋ᠦᠩᠰᠢᠭᠤᠷ ᠲᠦᠭᠦᠷᠢᠭ ᠨᠡᠮᠡᠭᠳᠡᠵᠠᠢ᠃
3 ᠰᠠᠷ᠎ᠠ ᠵᠢᠨ ᠰᠡᠭᠦᠯᠴᠢ ᠪᠤᠯᠳᠠᠯ᠎ᠠ᠂ ᠨᠢᠭᠡᠨᠳᠡ 2408 ᠲᠦᠷᠦᠯ ᠵᠦᠢᠯ ᠤ᠋ᠨ ᠪᠠᠷᠢᠯᠭ᠎ᠠ ᠵᠢᠨ ᠠᠵᠢᠯᠢ᠋ ᠡᠬᠢᠯᠡᠭᠦᠯᠤᠨ ᠰᠡᠷᠭᠦᠭᠡᠵᠤ ᠂ ᠡᠬᠢᠯᠡᠭᠦᠯᠦᠨ ᠰᠡᠷᠭᠦᠭᠡᠭᠰᠡᠨ ᠨᠤᠷᠮ᠎ᠠ ᠨᠢ 73% ᠳ᠋ᠤ ᠬᠦᠷᠴᠤ᠂ ᠠᠳᠠᠯᠢ ᠬᠤᠭᠤᠴᠠᠭᠠᠨ ᠤ᠋ ᠬᠢ ᠡᠴᠡ ᠵᠠᠭᠤᠨ ᠤ᠋ ᠬᠠᠷᠢᠴᠠᠯ ᠵᠢᠡᠷ 45 ᠬᠤᠪᠢ ᠨᠡᠮᠡᠭᠳᠡᠵᠤ᠂ 1013 ᠳ᠋ᠦᠩᠰᠢᠭᠤᠷ ᠲᠦᠭᠦᠷᠢᠭ ᠢ᠋ ᠪᠡᠶᠡᠯᠡᠭᠦᠯᠵᠤ᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 3.6 ᠳᠠᠬᠢᠨ ᠨᠡᠮᠡᠭᠳᠡᠵᠤ᠂ ᠴᠢᠬᠤᠯᠠ ᠶᠡᠬᠡ ᠲᠦᠷᠦᠯ ᠵᠦᠢᠯ ᠤ᠋ᠨ ᠪᠦᠲᠦᠭᠡᠨ ᠪᠠᠢᠭᠤᠯᠤᠯᠳᠠ ᠵᠢᠨ《ᠲᠤᠭᠳᠠᠭᠤᠨ ᠡᠬᠢᠯᠡᠯᠳᠡ》《ᠰᠠᠢᠨ ᠡᠬᠢᠯᠡᠯᠳᠡ》ᠵᠢ ᠪᠡᠶᠡᠯᠡᠭᠦᠯᠪᠡ᠃
ᠦᠪᠦᠷ ᠮᠤᠩᠭᠤᠯ ᠤ᠋ᠨ ᠬᠢᠨ ᠠᠮᠢ ᠠᠬᠤᠢ ᠵᠢ ᠤᠷᠢᠳ ᠵᠢᠡᠷ ᠪᠤᠳᠤᠯᠬᠢᠯᠠᠬᠤ ᠪᠤᠬᠢᠷᠳᠤᠯ ᠦᠭᠡᠢ ᠬᠦᠭᠵᠢᠭᠦᠯᠬᠦ ᠪᠡᠷ ᠤᠳᠤᠷᠢᠳᠤᠮᠵᠢ ᠪᠤᠯᠭᠠᠭᠰᠠᠨ ᠴᠢᠨᠠᠷ ᠰᠠᠢᠳᠠᠢ ᠬᠦᠭᠵᠢᠯᠳᠡ ᠵᠢᠨ ᠵᠠᠮ ᠵᠢᠡᠷ ᠭᠤᠢᠪᠢᠰᠢ ᠦᠭᠡᠢ ᠵᠠᠮᠨᠠᠬᠤ ᠳ᠋ᠤ ᠲᠦᠷᠦᠯ ᠵᠦᠢᠯ ᠤ᠋ᠨ ᠪᠦᠲᠦᠭᠡᠨ ᠪᠠᠢᠭᠤᠯᠤᠯᠳᠠ ᠪᠡᠷ《ᠲᠤᠭᠳᠠᠭᠤᠨ》 ᠤ᠋ ᠲᠤᠯᠭᠠᠭᠤᠷᠢᠯᠠᠬᠤ ᠴᠡᠭ᠂《ᠤᠷᠤᠭᠰᠢᠯᠠᠨ ᠳᠠᠪᠰᠢᠬᠤ》ᠵᠢᠨ ᠬᠦᠴᠦᠯᠡᠬᠦ ᠴᠡᠭ ᠪᠤᠯᠭᠠᠵᠤ᠂ ᠨᠡᠩ ᠤᠯᠠᠨ ᠴᠢᠨᠠᠷ ᠰᠠᠢᠳᠠᠢ ᠬᠦᠭᠵᠢᠯᠳᠡ ᠵᠢᠨ ᠲᠦᠷᠦᠯ ᠵᠦᠢᠯ ᠵᠢᠡᠷ《ᠲᠤᠭᠳᠠᠭᠤᠨ》ᠤ᠋ ᠰᠠᠭᠤᠷᠢ ᠵᠢ ᠪᠡᠬᠢᠵᠢᠭᠦᠯᠵᠤ᠂ 《ᠤᠷᠤᠭᠰᠢᠯᠠᠨ ᠳᠠᠪᠰᠢᠬᠤ》ᠬᠦᠴᠦᠨ ᠢ᠋ ᠬᠤᠷᠠᠮᠳᠤᠭᠤᠯᠵᠤ᠂ ᠡᠯ᠎ᠠ ᠲᠦᠷᠦᠯ ᠤ᠋ᠨ ᠰᠢᠨ᠎ᠠ ᠪᠡᠷ ᠪᠠᠢᠭᠤᠯᠬᠤ ᠲᠦᠷᠦᠯ ᠵᠦᠢᠯ ᠤ᠋ᠨ ᠡᠷᠳᠡᠬᠡᠨ ᠠᠵᠢᠯ ᠵᠢᠡᠨ ᠪᠤᠳᠠᠳᠠᠢ ᠡᠬᠢᠯᠡᠭᠦᠯᠬᠦ᠂ ᠦᠷᠭᠦᠯᠵᠢᠯᠡᠨ ᠪᠠᠢᠭᠤᠯᠵᠤ ᠪᠠᠢᠭ᠎ᠠ ᠲᠦᠷᠦᠯ ᠵᠦᠢᠯ ᠤ᠋ᠨ ᠡᠷᠳᠡᠭᠡᠨ ᠪᠠᠷᠢᠯᠭ᠎ᠠ ᠳᠠᠭᠤᠰᠴᠤ ᠠᠰᠢᠭᠯᠠᠯᠳᠠ ᠳ᠋ᠤ ᠤᠷᠤᠬᠤ ᠵᠢ ᠠᠬᠢᠭᠤᠯᠵᠤ ᠪᠠᠢᠨ᠎ᠠ᠃

4 ᠰᠠᠷᠠᠶ᠋ᠢᠨ 8 ᠤ᠋ ᠡᠳᠦᠷ᠂ ᠬᠤᠷᠠᠯᠳᠤ ᠣᠷᠣᠯᠴᠠᠭ᠍ᠰᠠᠨ ᠲᠥᠯᠥᠭᠡᠯᠡᠭ᠌ᠴᠢᠳ ᠭᠦᠸᠧ ᠬᠣᠩ ᠤᠰᠤᠲᠥ᠋ᠷᠥᠭ᠌ᠴᠢ ᠡᠨᠧᠷᠭᠢᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯᠦᠨ ᠬᠢᠵᠠᠭᠠᠷᠲᠤ ᠺᠣᠮᠫᠠᠨᠢᠶ᠋ᠢᠨ ᠭᠦᠸᠧ ᠬᠣᠩ ᠤᠰᠤᠲᠥ᠋ᠷᠥᠭ᠌ᠴᠢ ᠡᠨᠧᠷᠭᠢᠶ᠋ᠢᠨ ᠬᠤᠳᠠᠯᠳᠤᠭᠠᠨᠤ ᠲᠡᠷᠭᠡ ᠵᠢᠨ ᠬᠥᠳᠡᠯᠭᠡᠬᠦ᠌ ᠬᠦᠴᠦᠨᠦ ᠱᠢᠰᠲ᠋ᠧᠮᠦᠨ ᠬᠤᠷᠠᠮᠠᠯ ᠦᠶ᠋ᠯᠡᠳᠪᠦᠷᠢᠯᠡᠯᠦᠨ ᠲᠥᠷᠥᠯ ᠵᠦᠶ᠋ᠯᠢ ᠲᠣᠭᠣᠷᠢᠨ ᠦᠵᠡᠵᠦ ᠪᠠᠢᠭ᠎ᠠ ᠨᠢ᠃
ᠰᠤᠷᠪᠤᠯᠵᠢᠯᠠᠭ᠍ᠴᠢ ᠶᠤᠸᠠᠨ ᠶᠦᠩ ᠬᠣᠩ ᠰᠡᠭᠦᠳᠡᠷᠯᠡᠪᠡ

4 ᠰᠠᠷᠠᠶ᠋ᠢᠨ 8 ᠤ᠋ ᠦᠳᠡ ᠵᠢᠨ ᠬᠤᠢᠨ᠎ᠠ᠂ ᠸᠢᠳᠢᠤ᠋ ᠬᠡᠯᠪᠡᠷᠢ ᠪᠠᠷ ᠬᠤᠷᠠᠯᠳᠤᠭᠰᠠᠠ ᠥᠪᠡᠷᠲᠡᠭᠡᠨ ᠵᠠᠰᠠᠬᠤ ᠣᠷᠣᠨᠤ ᠴᠢᠨᠠᠷ ᠰᠠᠢᠲᠠᠶ ᠬᠥᠭ᠌ᠵᠢᠯᠲᠡᠶ᠋ᠢ ᠠᠬᠢᠭᠤᠯᠬᠤ ᠴᠢᠬᠤᠯᠠ ᠶᠡᠬᠡ ᠲᠥᠷᠥᠯ ᠵᠦᠶ᠋ᠯᠦᠨ ᠪᠥᠲᠥᠭᠡᠨ ᠪᠠᠢᠭᠤᠯᠤᠯᠲᠠᠶ᠋ᠢᠨ ᠶᠠᠷᠢᠯᠴᠠᠬᠤ ᠬᠤᠷᠠᠯᠳᠤ ᠤᠷᠳᠤᠰ ᠡᠴᠡ ᠣᠷᠣᠯᠴᠠᠭ᠍ᠰᠠᠨ ᠲᠥᠯᠥᠭᠡᠯᠡᠭ᠌ᠴᠢᠳ᠃
ᠰᠤᠷᠪᠤᠯᠵᠢᠯᠠᠭ᠍ᠴᠢ ᠶᠤᠸᠠᠨ ᠶᠦᠩ ᠬᠤᠩ ᠰᠡᠭᠦᠳᠡᠷᠯᠡᠪᠡ

ᠮᠸᠢ ᠵᠢᠨ ᠭᠦᠸᠧ ᠬᠣᠩ ᠤᠰᠤᠲᠥ᠋ᠷᠥᠭ᠌ᠴᠢ ᠡᠨᠧᠷᠭᠢᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯᠦᠨ ᠠᠵᠤ ᠦᠶ᠋ᠯᠡᠰᠦᠨ ᠬᠦᠷᠢᠶᠡᠯᠡᠩᠦᠨ ᠠᠵᠢᠯᠲᠠᠳ ᠬᠤᠤᠰ ᠲᠤᠢᠯᠲᠤ ᠬᠠᠪᠲᠠᠰᠤᠨ ᠳ᠋ᠦ ᠮᠠᠲ᠋ᠧᠷᠢᠶᠠᠯ ᠣᠷᠣᠭᠤᠯᠵᠤ ᠪᠠᠢᠭ᠎ᠠ ᠨᠢ᠃
ᠰᠤᠷᠪᠤᠯᠵᠢᠯᠠᠭ᠍ᠴᠢ ᠮᠠ ᠵᠢᠶᠠᠨ ᠴᠢᠤᠸᠠᠨ ᠰᠡᠭᠦᠳᠡᠷᠯᠡᠪᠡ

ᠶᠡᠬᠡ ᠬᠤᠷᠠᠯᠤᠨ ᠭᠤᠤᠯ ᠬᠤᠷᠠᠯᠤᠨ ᠲᠠᠯᠠᠪᠠᠢ᠃
ᠰᠤᠷᠪᠤᠯᠵᠢᠯᠠᠭ᠍ᠴᠢ ᠸᠠᠩ ᠯᠸᠢ ᠰᠡᠭᠦᠳᠡᠷᠯᠡᠪᠡ

ᠲᠡᠷᠬᠡᠨ ᠤ ᠪᠦᠷᠢᠶ᠎ᠡ ᠳᠤᠸ᠋ᠭᠠᠷᠴᠤ ᠠᠵᠢᠯ ᠡᠬᠢᠯᠡᠯ᠎ᠠ᠃
ᠰᠤᠷᠪᠤᠯᠵᠢᠯᠠᠭ᠍ᠴᠢ ᠸᠠᠩ ᠯᠸᠢ ᠰᠡᠭᠦᠳᠡᠷᠯᠡᠪᠡ

ᠶᠤᠸᠠᠨ ᠵᠢᠩ ᠣᠳᠣ ᠦᠶᠡᠶ᠋ᠢᠨ ᠡᠨᠧᠷᠭᠢᠶ᠋ᠢᠨ ᠲᠣᠨᠣᠭ᠍ᠯᠠᠯ ᠦᠶ᠋ᠯᠡᠳᠬᠦ᠌ ᠲᠥᠷᠥᠯ ᠵᠦᠶ᠋ᠯᠦᠨ ᠬᠦᠷᠢᠶᠡᠯᠡᠩ ᠲᠣᠭᠣᠷᠢᠭᠤᠨ ᠬᠥᠳᠡᠯᠭᠡᠬᠦ᠌ ᠬᠦᠴᠦᠨᠦ ᠳ᠋ᠢᠶᠠᠨ ᠤ᠋ᠤᠢ ᠵᠢᠨ ᠦᠵᠡᠭᠦᠯᠭᠡ᠃
ᠰᠤᠷᠪᠤᠯᠵᠢᠯᠠᠭ᠍ᠴᠢ ᠮᠠ ᠵᠢᠶᠠᠨ ᠴᠢᠤᠸᠠᠨ ᠰᠡᠭᠦᠳᠡᠷᠯᠡᠪᠡ

ᠱᠠᠩ ᠳ᠋ᠸ ᠠᠶ ᠺᠠᠩ ᠡᠮᠦᠨ ᠦᠶ᠋ᠯᠡᠰᠦᠨ ᠠᠵᠢᠯᠲᠠᠨ ᠬᠤᠮᠵᠢᠶ᠎ᠠ ᠡᠮ ᠦᠢᠯᠡᠳᠪᠤᠷᠢᠯᠡᠬᠦ ᠲᠠᠰᠤᠭᠲᠤ ᠠᠵᠢᠯᠯᠠᠵᠤ ᠪᠠᠢᠭ᠎ᠠ ᠨᠢ
ᠰᠤᠷᠪᠤᠯᠵᠢᠯᠠᠭ᠍ᠴᠢ ᠮᠠ ᠵᠢᠶᠠᠨ ᠴᠢᠤᠸᠠᠨ ᠰᠡᠭᠦᠳᠡᠷᠯᠡᠪᠡ

ᠱᠠᠩ ᠳ᠋ᠧ ᠠᠢ ᠺᠠᠩ ᠡᠮᠦᠨ ᠦᠢᠯᠡᠰᠦᠨ ᠮᠤᠪᠢ ᠴᠡᠴᠡᠭ ᠪᠣᠯᠤᠨ ᠴᠠᠭᠠᠨ ᠮᠤᠳᠤᠨ ᠪᠠᠤᠮᠠᠠᠴᠠ ᠢᠯᠭᠠᠷᠠᠭᠤᠯᠤᠨ ᠦᠢᠯᠡᠳᠦᠭ᠌ᠰᠡᠨ ᠲᠦᠭᠦᠬᠡᠢ ᠮᠠᠲ᠋ᠧᠷᠢᠶᠠᠯᠤᠨ ᠡᠮ᠃
ᠰᠤᠷᠪᠤᠯᠵᠢᠯᠠᠭ᠍ᠴᠢ ᠮᠠ ᠵᠢᠶᠠᠨ ᠴᠢᠤᠸᠠᠨ ᠰᠡᠭᠦᠳᠡᠷᠯᠡᠪᠡ

ᠬᠤᠷᠠᠯ ᠤᠨ ᠲᠠᠯᠠᠪᠠᠢ ᠵᠢᠨ ᠭᠠᠳᠠᠨᠠᠬᠢ ᠦᠵᠡᠮᠵᠢ ᠃
ᠰᠤᠷᠪᠤᠯᠵᠢᠯᠠᠭ᠍ᠴᠢ ᠸᠠᠩ ᠯᠸᠢ ᠰᠡᠭᠦᠳᠡᠷᠯᠡᠪᠡ

ᠶᠤᠸᠠᠨ ᠵᠢᠩ ᠣᠳᠣ ᠦᠶᠡᠶ᠋ᠢᠨ ᠡᠨᠧᠷᠭᠢᠶ᠋ᠢᠨ ᠲᠣᠨᠣᠭ᠍ᠯᠠᠯ ᠦᠢᠯᠡᠳᠬᠦ᠌ ᠲᠥᠷᠥᠯ ᠵᠦᠢᠯ᠃
ᠰᠤᠷᠪᠤᠯᠵᠢᠯᠠᠭ᠍ᠴᠢ ᠸᠠᠩ ᠯᠸᠢ ᠰᠡᠭᠦᠳᠡᠷᠯᠡᠪᠡ

ᠶᠡᠬᠡ ᠬᠤᠷᠠᠯᠤᠨ ᠲᠤᠬᠠᠢ ᠵᠢᠨ ᠲᠠᠯᠠᠪᠠᠢᠳ᠋ᠡᠬᠢ ᠲᠣᠮᠣ ᠬᠡᠯᠪᠡᠷᠢᠶ᠋ᠢᠨ ᠮᠠᠰᠢᠨ ᠲᠥᠬᠥᠭᠡᠷᠦᠮᠵᠢ ᠃
ᠰᠤᠷᠪᠤᠯᠵᠢᠯᠠᠭ᠍ᠴᠢ ᠮᠠ ᠵᠢᠶᠠᠨ ᠴᠢᠤᠸᠠᠨ ᠰᠡᠭᠦᠳᠡᠷᠯᠡᠪᠡ