ᠵᠤᠨ᠎ᠤ ᠲᠤᠢᠯ᠎ᠳᠦ ᠪᠡᠶ᠎ᠡ ᠪᠠᠨ ᠬᠡᠷᠬᠢᠨ ᠰᠤᠪᠢᠯᠠᠬᠤ ᠪᠤᠢ?
2022-06-21 11:52:42
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

1.jpg


ᠵᠤᠨ᠎ᠤ ᠲᠤᠢᠯ᠎ᠤᠨ ᠴᠠᠭ ᠤᠯᠠᠷᠢᠯ ᠬᠦᠷᠴᠦ ᠢᠷᠡᠬᠦ ᠪᠡᠷ ᠠᠭᠠᠷ ᠎ᠤᠨ ᠲᠤᠯᠠᠭᠠᠨ ᠦᠷᠭᠦᠯᠵᠢᠯᠨᠨ ᠳᠡᠭᠡᠭᠰᠢᠯᠡᠬᠦ ᠲᠤᠯᠠ ᠪᠡᠶ᠎ᠡ ᠪᠠᠨ ᠰᠤᠪᠢᠯᠠᠬᠤ ᠵᠢ ᠠᠨᠭᠬᠠᠷᠴᠤ᠂ ᠨᠠᠷᠠᠰᠢᠬᠤ ᠵᠢ ᠰᠡᠷᠭᠡᠢᠯᠡᠬᠦ ᠬᠡᠷᠡᠭᠲᠡᠢ᠃ ᠲᠡᠭᠡᠪᠡᠯ ᠵᠤᠨ ᠎ᠤ ᠲᠤᠢᠯ ᠎ᠤᠨ ᠤᠯᠠᠷᠢᠯ ᠎ᠳᠦ ᠪᠡᠶ᠎ᠡ ᠪᠠᠨ ᠬᠡᠷᠬᠢᠨ ᠰᠤᠪᠢᠯᠠᠬᠤ ᠪᠤᠢ?


2.jpg

 

ᠲᠠᠷᠤᠢᠬᠠᠨ ᠤᠰᠤ ᠨᠦᠬᠦᠪᠦᠷᠢᠯᠡᠬᠦ ᠬᠡᠷᠡᠭᠲᠡᠢ

ᠵᠤᠨ ᠎ᠤ ᠲᠤᠢᠯ ᠪᠤᠯᠤᠬᠰᠠᠭᠠᠷ ᠤᠯᠠᠡᠭᠭᠢ ᠬᠦᠮᠦᠰ ᠶᠠᠳᠠᠷᠠᠵᠦ ᠲᠠᠮᠢᠷᠳᠠᠬᠤ ᠵᠢᠴᠢ ᠲᠤᠯᠤᠭᠠᠢ ᠡᠪᠡᠳᠴᠦ ᠲᠤᠯᠤᠭᠠᠢ ᠡᠷᠬᠢᠬᠦ ᠢᠯᠡᠷᠡᠯ ᠭᠠᠷᠳᠠᠭ᠃ ᠤᠴᠢᠷ ᠨᠢ ᠡᠨᠡ ᠎ᠬᠦ ᠴᠠᠭ ᠤᠯᠠᠷᠢᠯ᠎ᠳᠦ ᠠᠭᠠᠷ᠎ᠤᠨ ᠲᠤᠯᠠᠭᠠᠨ ᠦᠨᠳᠦᠷ᠂ ᠬᠦᠮᠦᠨ ᠎ᠤ ᠪᠡᠶ᠎ᠡ ᠬᠦᠯᠦᠰᠦ ᠭᠠᠷᠬᠤ ᠪᠡᠷ ᠳᠠᠮᠵᠢᠨ ᠢᠯᠴᠢ ᠪᠡᠷ ᠰᠠᠷᠨᠢᠭᠤᠯᠬᠤ ᠪᠤᠯᠬᠤᠷ ᠪᠡᠶ᠎ᠡ ᠲᠤᠳᠤᠷᠠᠬᠢ ᠤᠰᠦ ᠶᠡᠬᠡ ᠬᠡᠮᠵᠢᠶ᠎ᠡ ᠪᠡᠷ ᠠᠯᠳᠠᠬᠳᠠᠳᠠᠭ᠂ ᠬᠡᠷᠪᠡ ᠴᠠᠭ ᠲᠤᠬᠠᠢ ᠎ᠳᠤᠨᠢ ᠤᠰᠤ ᠨᠦᠬᠦᠪᠦᠷᠢᠯᠡᠬᠦ ᠦᠭᠡᠢ ᠪᠤᠯ ᠴᠢᠰᠤᠨ᠎ᠤ ᠪᠠᠬᠲᠠᠭᠠᠮᠵᠢ ᠪᠠᠭᠠᠰᠴᠦ᠂ ᠶᠡᠬᠡ ᠲᠠᠷᠢᠬᠢᠨ ᠎ᠤ ᠴᠢᠰᠤᠨ᠎ᠤ ᠬᠠᠡᠭᠭᠠᠯᠭ᠎ᠠ ᠬᠦᠷᠦᠯᠴᠡᠬᠦ ᠦᠭᠡᠢ ᠪᠤᠯᠵᠦ᠂ ᠲᠤᠯᠤᠭᠠᠢ ᠡᠪᠡᠳᠬᠦ ᠲᠤᠯᠤᠭᠠᠢ ᠡᠷᠬᠢᠬᠦ ᠢᠯᠡᠷᠡᠯ ᠭᠠᠷᠳᠠᠭ᠃ ᠡᠢᠮᠦ ᠡᠴᠡ ᠲᠠᠷᠤᠢᠬᠠᠨ ᠤᠰᠤ ᠨᠦᠬᠦᠪᠦᠷᠢᠯᠡᠬᠦ ᠨᠢ ᠲᠤᠢᠯ᠎ᠤᠨ ᠴᠢᠬᠤᠯᠠ ᠶᠤᠮ᠃


3.jpg

 

ᠮᠢᠬ᠎ᠠ ᠲᠤᠰᠤ ᠪᠠᠭ᠎ᠠ᠂ ᠲᠠᠪᠤᠰᠦ ᠰᠤᠯᠠ ᠢᠳᠡᠭᠡᠨ ᠢᠯᠡᠭᠦᠤ ᠢᠳᠡᠪᠡᠯ ᠰᠠᠢᠨ

ᠵᠤᠨ ᠪᠦᠬᠴᠢᠮ ᠬᠠᠯᠠᠭᠤᠨ ᠪᠤᠯᠬᠤᠷ ᠬᠦᠮᠦᠨ ᠎ᠤ ᠪᠡᠶ᠎ᠡ ᠵᠢᠨ ᠰᠢᠨᠭᠭᠡᠭᠡᠯᠲᠡ ᠵᠢᠨ ᠴᠢᠳᠠᠪᠤᠷᠢ ᠬᠠᠷᠢᠴᠠᠨᠭᠭᠤᠢ ᠪᠠᠷ ᠮᠠᠭᠤᠳᠠᠳᠠᠭ᠃ ᠡᠢᠮᠦ ᠡᠴᠡ ᠮᠢᠬ᠎ᠠ ᠲᠤᠰᠤ ᠪᠠᠭ᠎ᠠ᠂ ᠳᠠᠪᠤᠰᠤ ᠰᠤᠯᠡ ᠢᠳᠡᠭᠡᠨ᠂ ᠡᠯᠳᠡᠪ ᠠᠮᠦ ᠲᠦᠮᠦᠰᠦᠨ᠎ᠤ ᠵᠤᠢᠯ᠎ᠢ ᠢᠯᠡᠭᠦᠤ ᠢᠳᠡᠵᠦ᠂ ᠬᠠᠯᠠᠭᠤᠨ ᠴᠢᠨᠠᠷᠲᠠᠢ ᠢᠳᠡᠭᠡᠨ᠎ᠢ ᠬᠡᠮᠵᠢᠶ᠎ᠡ ᠲᠠᠢ ᠢᠳᠡᠪᠡᠯ ᠰᠠᠢᠨ; ᠰᠡᠷᠢᠭᠦᠨ ᠴᠢᠨᠠᠷᠲᠠᠢ ᠭᠤᠧᠠ ᠵᠢᠮᠢᠰ ᠵᠡᠷᠭᠡ ᠵᠢ ᠬᠡᠮᠵᠢᠶ᠎ᠡ ᠲᠠᠢ ᠢᠳᠡᠵᠦ᠂ ᠳᠡᠯᠢᠭᠦᠤ ᠬᠤᠳᠤᠭᠤᠲᠦ ᠪᠠᠨ ᠬᠡᠮᠳᠦᠭᠡᠬᠦ ᠡᠴᠡ ᠬᠢᠴᠢᠶᠡᠭᠡᠷᠡᠢ; ᠭᠠᠰᠢᠭᠤᠨ ᠢᠳᠡᠭᠡᠨ ᠢᠯᠡᠭᠦᠤ ᠢᠳᠡᠪᠡᠯ ᠵᠢᠷᠦᠬᠡᠨ᠎ᠤ ᠬᠠᠯᠠᠭᠤᠨ᠎ᠢ ᠲᠠᠭᠤᠬᠤ ᠎ᠳᠦ ᠲᠤᠰᠠᠲᠠᠢ᠃


4.jpg

 

ᠰᠡᠳᠬᠢᠯ ᠰᠠᠨᠠᠭ᠎ᠠ ᠪᠠᠨ ᠪᠠᠶᠠᠰᠤᠨᠭᠭᠤᠢ ᠪᠠᠢᠯᠭᠠᠬᠤ ᠬᠡᠷᠡᠭᠲᠡᠢ

ᠪᠦᠭᠴᠢᠮ ᠬᠠᠯᠠᠭᠤᠨ᠎ᠳᠤ ᠬᠦᠮᠦᠰ ᠠᠮᠠᠷᠬᠠᠨ ᠪᠠᠴᠢᠮᠳᠠᠵᠤ ᠤᠴᠠᠭᠠᠷᠯᠠᠳᠠᠭ᠃ ᠡᠢᠮᠦ ᠡᠴᠡ ᠰᠡᠳᠬᠢᠯ ᠰᠠᠨᠠᠭ᠎ᠠ ᠪᠠᠨ ᠲᠤᠬᠲᠠᠭᠤᠨ ᠪᠠᠢᠯᠭᠠᠵᠦ᠂ ᠪᠠᠢᠭᠠᠯᠢ ᠵᠢᠨ ᠲᠦᠮᠡᠨ ᠪᠤᠲᠠᠰ ᠨᠠᠷᠠᠨ ᠎ᠤ ᠢᠯᠴᠢ ᠵᠢ ᠬᠡᠷᠡᠭᠰᠡᠬᠦ ᠲᠠᠢ ᠠᠳᠠᠯᠢᠬᠠᠨ ᠎ᠢᠶᠡᠷ ᠭᠠᠳᠠᠭᠠᠲᠦ ᠶᠢᠷᠲᠢᠨᠴᠦ ᠵᠢᠨ ᠬᠡᠷᠡᠭ ᠪᠤᠳᠠᠰ᠎ᠲᠦ ᠲᠤᠷ᠎ᠠ ᠰᠤᠨᠢᠷᠬᠠᠯ᠎ᠢᠶᠡᠨ ᠬᠠᠨᠲᠤᠭᠤᠯᠵᠦ᠂ ᠠᠯᠢ ᠴᠢᠳᠠᠬᠤ ᠪᠡᠷ ᠠᠭᠤᠷᠯᠠᠬᠤ ᠦᠭᠡᠢ ᠪᠠᠢᠪᠠᠯ ᠰᠠᠢᠨ᠃


5.jpg

 

ᠵᠤᠬᠢᠰᠲᠠᠢ ᠬᠦᠳᠡᠯᠭᠡᠭᠡᠨ ᠬᠢᠵᠦ᠂ ᠬᠦᠢᠲᠡᠨ ᠤᠰᠤ ᠪᠢᠲᠡᠭᠡᠢ ᠤᠤᠭᠤ

ᠵᠤᠨ ᠎ᠤ ᠬᠠᠯᠠᠭᠤᠨ ᠎ᠳᠦ ᠭᠡᠷ ᠲᠤᠳᠤᠷ᠎ᠡ ᠬᠦᠳᠡᠯᠭᠡᠭᠡᠨ ᠬᠢᠪᠡᠯ ᠰᠠᠢᠨ᠂ ᠰᠢᠷᠦᠭᠦᠨ ᠬᠦᠳᠡᠯᠭᠡᠭᠡᠨ ᠬᠢᠬᠦ ᠨᠢ ᠵᠤᠬᠢᠰ ᠦᠭᠡᠢ᠃ ᠬᠦᠳᠡᠯᠭᠡᠭᠡᠨ ᠬᠢᠵᠦ ᠬᠦᠯᠦᠰᠦ ᠶᠡᠬᠡ ᠭᠠᠷᠪᠠᠯ ᠰᠤᠯᠠᠬᠠᠨ ᠲᠠᠪᠤᠰᠤ ᠲᠠᠢ ᠤᠰᠤ ᠪᠤᠶᠤ ᠨᠤᠭᠤᠭᠠᠨ ᠪᠤᠷᠴᠠᠭ᠎ᠤᠨ ᠰᠢᠭᠦᠰᠦ ᠤᠤᠭᠤᠪᠠᠯ ᠰᠠᠢᠨ᠂ ᠬᠠᠢᠨ ᠭᠦᠢᠲᠡᠨ ᠤᠰᠤ ᠤᠤᠭᠤᠵᠦ ᠪᠤᠯᠬᠤ ᠦᠭᠡᠢ᠂ ᠨᠡᠩ ᠢᠯᠠᠨᠭᠭᠤᠶ᠎ᠡ ᠭᠦᠢᠲᠡᠨ ᠤᠰᠤ ᠪᠡᠷ ᠪᠡᠶ᠎ᠡ ᠲᠤᠯᠤᠭᠠᠢ ᠪᠠᠨ ᠤᠬᠢᠶᠠᠵᠦ ᠶᠠᠭᠠᠬᠢᠬᠰᠡᠨ ᠴᠤ᠌ ᠪᠤᠯᠬᠤ ᠦᠭᠡᠢ᠃

ᠣᠷᠴᠢᠭᠤᠯᠤᠭ᠍ᠴᠢ᠄ᠴᠡᠯᠮᠡᠭ
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号