ᠮᠠᠨ᠎ᠤ ᠤᠷᠤᠨ ᠤᠯᠤᠰ᠎ᠤᠨ ᠨᠢᠬᠡᠳᠦᠯᠳᠡᠢ ᠰᠢᠯᠭᠠᠯᠲᠠ᠎ᠵᠢᠨ ᠰᠡᠳᠦᠪ ᠢ᠋ ᠰᠢᠨᠵᠢᠯᠡᠬᠦ ᠤᠬᠠᠭᠠᠨᠴᠢ ᠵᠦᠪ ᠤᠨᠤᠪᠴᠢᠳᠠᠢ ᠲᠦᠪ ᠭᠤᠤᠯᠴᠢ ᠪᠡᠷ ᠬᠢᠨᠠᠬᠤ ᠵᠢ ᠪᠠᠳᠤᠯᠠᠪᠠ
2022-06-23 10:14:55
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠦᠪᠡᠷᠳᠡᠬᠡᠨ ᠵᠠᠰᠬᠠᠤ ᠤᠷᠤᠨ᠎ᠤ ᠰᠤᠷᠭᠠᠨ ᠬᠦᠮᠦᠵᠢᠯ᠎ᠤᠨ ᠰᠤᠷᠤᠭᠴᠢ ᠡᠯᠰᠡᠬᠦ ᠰᠢᠯᠭᠠᠯᠳᠠ ᠵᠢᠨ ᠲᠦᠪ ᠡᠴᠡ ᠤᠢᠯᠠᠭᠠᠭᠰᠠᠨ ᠵᠢᠡᠷ᠂ 2022 ᠣᠨ᠎ᠤ ᠮᠠᠨ᠎ᠤ ᠣᠷᠣᠨ᠎ᠤ  ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠤᠯᠤᠰ᠎ᠤᠨ ᠨᠢᠬᠡᠳᠦᠯᠳᠡᠢ ᠰᠢᠯᠭᠠᠯᠲᠠ᠎ᠶᠢᠨ ᠰᠡᠳᠦᠪ ᠬᠢᠨᠠᠬᠤ ᠠᠵᠢᠯ ᠤᠷᠤᠭᠰᠢᠲᠠᠢ ᠰᠢᠨᠵᠢᠯᠡᠬᠦ ᠤᠬᠠᠭᠠᠨᠴᠢ ᠲᠦᠪ ᠭᠤᠤᠯᠴᠢ ᠶᠠᠪᠤᠭᠳᠠᠵᠠᠢ᠃ ᠮᠠᠨ᠎ᠤ ᠣᠷᠣᠨ᠎ᠤ ᠤᠯᠤᠰ᠎ᠤᠨ ᠨᠢᠬᠡᠳᠦᠯᠳᠡᠢ ᠰᠢᠯᠭᠠᠯᠲᠠ᠎ᠳᠤ ᠣᠷᠣᠯᠴᠠᠭᠰᠠᠨ ᠰᠢᠯᠭᠠᠭᠤᠯᠤᠭ᠍ᠴᠢ 14.5 ᠲᠦᠮᠡ ᠭᠠᠷᠤᠢ ᠪᠠᠢᠵᠤ᠂ ᠪᠤᠢ ᠪᠦᠬᠦᠢ ᠬᠢᠴᠢᠶᠡᠯ ᠲᠥᠷᠥᠯ᠎ᠦᠨ ᠰᠣᠩᠭᠣᠬᠤ ᠰᠡᠳᠦᠪ᠎ᠦᠨ ᠬᠡᠰᠡᠭ᠎ᠢ ᠮᠠᠰᠢᠨ᠎ᠢᠶᠠᠷ ᠰᠢᠷᠪᠢᠨ ᠬᠢᠨᠠᠵᠤ᠂ ᠰᠣᠩᠭᠣᠬᠤ ᠰᠡᠳᠦᠪ ᠪᠤᠶᠤ ᠪᠤᠰᠤᠳ ᠬᠠᠷᠢᠭᠤᠯᠬᠤ ᠰᠡᠳᠦᠪ᠎ᠦᠨ ᠬᠡᠰᠡᠭ ᠢ᠋ ᠬᠢᠨᠠᠭᠴᠢ ᠪᠠᠭᠰᠢ ᠡᠴᠡ ᠰᠦᠯᠵᠢᠶᠡᠨ ᠳᠡᠭᠡᠷ᠎ᠡ ᠬᠢᠨᠠᠵᠠᠢ᠃ ᠰᠢᠯᠭᠠᠯᠳᠠ ᠵᠢᠨ ᠬᠠᠭᠤᠳᠠᠰᠤ ᠵᠢ ᠬᠢᠨᠠᠬᠤ ᠠᠵᠢᠯ᠎ᠢ ᠥᠪᠥᠷ ᠮᠣᠩᠭᠣᠯ᠎ᠤᠨ ᠶᠡᠬᠡ ᠰᠤᠷᠭᠠᠭᠤᠯᠢ᠂ ᠥᠪᠥᠷ ᠮᠣᠩᠭᠣᠯ᠎ᠤᠨ ᠪᠠᠭ᠍ᠰᠢ᠎ᠶᠢᠨ ᠶᠡᠬᠡ ᠰᠤᠷᠭᠠᠭᠤᠯᠢ ᠪᠣᠯᠣᠨ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠵᠡᠷᠭᠡ 3 ᠰᠤᠷᠭᠠᠭᠤᠯᠢ ᠡᠭᠦᠷᠭᠡᠯᠡᠭᠰᠡᠨ ᠪᠠᠢᠨ᠎ᠠ ᠃

ᠲᠠᠨᠢᠯᠴᠠᠭᠤᠯᠤᠭᠰᠠᠨ᠎ᠢᠶᠠᠷ᠂ ᠰᠢᠯᠭᠠᠯᠲᠠ ᠬᠢᠨᠠᠬᠤ ᠴᠡᠭ᠎ᠦᠳ ᠲᠣᠰ ᠰᠤᠷᠭᠠᠭᠤᠯᠢ᠎ᠶᠢᠨ᠎ᠢᠶᠠᠨ ᠰᠢᠯᠭᠠᠯᠲᠠ ᠬᠢᠨᠠᠬᠤ ᠤᠳᠤᠷᠢᠳᠬᠤ ᠳᠤᠭᠤᠢᠯᠠᠩ᠎ᠤᠨ ᠤᠳᠤᠷᠢᠳᠤᠯᠭ᠎ᠠ ᠳᠣᠣᠷ᠎ᠠ᠂ ᠨᠠᠷᠢᠨ ᠨᠢᠮᠪᠠᠢ ᠵᠤᠬᠢᠶᠠᠨ ᠪᠠᠢᠭᠤᠯᠵᠤ᠂ ᠬᠤᠪᠢ ᠲᠣᠭᠲᠠᠭᠠᠬᠤ ᠪᠠᠷᠢᠮᠵᠢᠶ᠎ᠠ᠎ᠶᠢ ᠴᠢᠩᠭ᠎ᠠ ᠬᠡᠷᠡᠭᠵᠢᠭᠦᠯᠵᠦ᠂ ᠰᠢᠯᠭᠠᠯᠲᠠ ᠬᠢᠨᠠᠬᠤ ᠶᠠᠪᠤᠴᠠ᠎ᠶᠢ ᠴᠢᠩᠭ᠎ᠠ ᠵᠢᠷᠤᠮᠵᠢᠭᠤᠯᠤᠨ᠂《ᠬᠤᠪᠢ ᠥᠭᠬᠦ ᠨᠢ ᠶᠣᠰᠣ᠌᠎ᠲᠠᠢ᠂ ᠬᠤᠪᠢ ᠬᠠᠰᠤᠬᠤ ᠨᠢ ᠦᠨᠳᠦᠰᠦᠯᠡᠯ᠎ᠲᠠᠢ᠂ ᠴᠢᠩᠭ᠎ᠠ ᠰᠤᠯᠠ ᠵᠢ ᠳᠤᠬᠢᠷᠠᠮᠵᠢᠳᠠᠢ ᠪᠤᠯᠭᠠᠵᠦ᠂ ᠢᠮᠠᠭᠲᠠ ᠨᠢᠭᠡ ᠯᠡ ᠠᠳᠠᠯᠢᠬᠠᠨ ᠪᠠᠢᠯᠭᠠᠬᠤ》 ᠵᠢ ᠪᠡᠶᠡᠯᠡᠬᠦᠯᠵᠦ᠂ 《ᠨᠢᠭᠡ ᠯᠡ ᠪᠠᠷᠢᠮᠵᠢᠶ᠎ᠠ᠎ᠪᠠᠷ ᠬᠢᠨᠠᠬᠤ》 ᠵᠢ ᠦᠨᠡᠨ ᠬᠦ᠌ ᠪᠠᠳᠤᠯᠠᠪᠠ᠃

ᠰᠢᠯᠭᠠᠯᠲᠠ ᠬᠢᠨᠠᠬᠤ ᠴᠡᠭ᠎ᠦᠳ ᠰᠢᠯᠭᠠᠯᠲᠠ ᠵᠢᠨ ᠰᠡᠳᠦᠪ ᠬᠢᠨᠠᠬᠤ ᠪᠠᠭ᠍ᠰᠢ᠎ᠶᠢ ᠲᠣᠭᠲᠠᠭᠠᠯ ᠶᠣᠰᠣᠭᠠᠷ ᠴᠢᠩᠭ᠎ᠠ ᠰᠢᠯᠢᠨ ᠰᠣᠩᠭᠣᠭᠰᠠᠨ ᠪᠦᠭᠡᠳ ᠪᠥᠬᠥ ᠣᠷᠣᠨ᠎ᠡᠴᠡ ᠤᠯᠤᠰ᠎ᠤᠨ ᠨᠢᠬᠡᠳᠦᠯᠳᠡᠢ ᠰᠢᠯᠭᠠᠯᠲᠠ᠎ᠶᠢᠨ ᠰᠡᠳᠦᠪ ᠬᠢᠨᠠᠬᠤ ᠶᠠᠰᠤ ᠴᠢᠨᠠᠷ᠎ᠤᠨ ᠪᠠᠢᠴᠠᠭᠠᠯᠲᠠ᠎ᠶᠢᠨ ᠲᠤᠰᠬᠠᠢ ᠮᠡᠷᠭᠡᠵᠢᠯᠲᠡᠨ᠎ᠢ ᠨᠢᠭᠡᠳᠦᠯᠲᠡᠢ ᠲᠣᠬᠢᠷᠠᠭᠤᠯᠪᠠ᠃ ᠰᠢᠯᠭᠠᠯᠲᠠ᠎ᠶᠢᠨ ᠬᠠᠭᠤᠳᠠᠰᠤ ᠨᠢᠭᠡ ᠪᠦᠷᠢ ᠵᠢᠨ ᠰᠡᠳᠦᠪ᠎ᠦᠨ ᠬᠡᠰᠡᠭ᠎ᠲᠸ᠋ ᠠᠳᠠᠯᠢ ᠪᠤᠰᠤ ᠬᠣᠶᠠᠷ ᠰᠡᠳᠦᠪ ᠬᠢᠨᠠᠬᠤ ᠪᠠᠭ᠍ᠰᠢ ᠲᠤᠬᠢᠷᠠᠭᠤᠯᠵᠤ᠂ ᠬᠢᠨᠠᠭᠴᠢ ᠪᠠᠭ᠍ᠰᠢ ᠲᠤᠰᠠᠭᠠᠷ ᠬᠤᠪᠢ ᠦᠭᠬᠦ ᠵᠢ ᠪᠡᠶᠡᠯᠡᠬᠦᠯᠪᠡ᠃ ᠰᠡᠳᠦᠪ ᠬᠢᠨᠠᠭᠴᠢ ᠬᠣᠶᠠᠷ ᠪᠠᠭ᠍ᠰᠢ ᠵᠢᠨ ᠥᠭᠭᠦᠭᠰᠡᠨ᠎ᠬᠤᠪᠢ ᠎ᠶᠢᠨ ᠵᠥᠷᠢᠶ᠎ᠡ ᠨᠢ ᠬᠡᠷᠪᠡ ᠲᠣᠭᠲᠠᠭᠠᠭᠰᠠᠨ ᠵᠥᠷᠢᠶ᠎ᠡ ᠎ᠡᠴᠡ ᠳᠠᠪᠠᠭᠰᠠᠨ ᠦᠭᠡᠢ ᠪᠠᠢᠪᠠᠯ᠂ ᠳᠤᠮᠳᠠᠴᠢ ᠬᠡᠮᠵᠢᠭᠳᠡᠯ᠎ᠢᠶᠡᠷ ᠲᠣᠰ ᠰᠡᠳᠦᠪ᠎ᠦᠨ ᠡᠴᠦᠰ᠎ᠦᠨ ᠬᠤᠪᠢ ᠪᠣᠯᠭᠠᠨ᠎ᠠ᠂ ᠡᠰᠡ ᠲᠡᠭᠡᠪᠡᠯ᠂ ᠭᠤᠷᠪᠠᠳᠡᠬᠢ ᠬᠦᠮᠦᠨ ᠵᠢᠡᠷ ᠬᠢᠨᠠᠭᠤᠯᠤᠨ᠎ᠠ᠂ ᠭᠤᠷᠪᠠᠳᠡᠬᠢ ᠦᠨᠡᠯᠡᠯᠳᠡ ᠨᠢ ᠮᠥᠨ ᠯᠡ ᠲᠣᠭᠲᠠᠭᠠᠭᠰᠠᠨ ᠵᠥᠷᠢᠶ᠎ᠡ᠎ᠶᠢᠨ ᠬᠡᠪᠴᠢᠶ᠎ᠡ᠎ᠡᠴᠡ ᠳᠠᠪᠠᠭᠰᠠᠨ ᠪᠠᠢᠪᠠᠯ᠂ ᠲᠤᠰᠬᠠᠢ ᠮᠡᠷᠭᠡᠵᠢᠯᠲᠡᠨ᠎ᠦ ᠳᠤᠭᠤᠢᠯᠠᠩ᠎ᠠᠴᠠ ᠡᠴᠦᠰ᠎ᠦᠨ ᠦᠨᠡᠯᠡᠯᠲᠡ ᠬᠢᠵᠦ᠂ ᠡᠴᠦᠰ᠎ᠦᠨ ᠦᠨᠡᠯᠡᠯᠲᠡ᠎ᠶᠢᠨ ᠬᠤᠪᠢ᠎ᠪᠠᠷ ᠲᠤᠰ ᠰᠡᠳᠦᠪ᠎ᠦᠨ ᠬᠤᠪᠢ ᠪᠣᠯᠭᠠᠵᠤ᠂ ᠪᠤᠷᠤᠭᠤ ᠦᠨᠡᠯᠡᠬᠦ᠂ ᠳᠤᠲᠠᠭᠤ ᠦᠨᠡᠯᠡᠬᠦ ᠵᠡᠷᠭᠡ ᠪᠡᠶᠡᠴᠢ ᠴᠢᠨᠠᠷ᠎ᠤᠨ ᠵᠥᠷᠢᠶ᠎ᠡ᠎ᠶᠢ ᠬᠠᠮᠤᠭ᠎ᠤᠨ ᠶᠡᠬᠡ ᠬᠡᠮᠵᠢᠶ᠎ᠡ᠎ᠪᠡᠷ ᠰᠡᠷᠭᠡᠢᠯᠡᠵᠦ᠂ ᠰᠢᠯᠭᠠᠯᠳᠠ ᠎ᠶᠢᠨ ᠬᠤᠪᠢ᠎ᠶᠢᠨ ᠰᠢᠨᠵᠢᠯᠡᠬᠦ ᠤᠬᠠᠭᠠᠨᠴᠢ᠂ ᠣᠨᠣᠪᠴᠢᠲᠠᠶ ᠪᠠᠢᠬᠤ᠎ᠶᠢ ᠦᠨᠡᠨ ᠬᠦ᠌ ᠪᠠᠲᠤᠯᠠᠭᠰᠠᠨ ᠪᠠᠢᠨ᠎ᠠ᠃ ᠬᠢᠴᠢᠶᠡᠯ ᠲᠥᠷᠥᠯ ᠨᠢᠭᠡ ᠪᠦᠷᠢ᠎ᠳᠦ ᠶᠠᠰᠤ ᠴᠢᠨᠠᠷ᠎ᠤᠨ ᠪᠠᠢᠴᠠᠭᠠᠯᠲᠠ ᠵᠢᠨ ᠲᠤᠰᠬᠠᠢ ᠮᠡᠷᠭᠡᠵᠢᠯᠲᠡᠨ᠎ᠦ ᠳᠤᠭᠤᠢᠯᠠᠩ᠎ᠢ ᠲᠤᠰᠠᠭᠠᠷ ᠪᠠᠢᠭᠤᠯᠵᠤ᠂ ᠬᠢᠨᠠᠭᠰᠠᠨ ᠰᠢᠯᠭᠠᠯᠳᠠ ᠵᠢ ᠲᠣᠬᠢᠶᠠᠯᠳᠤᠯ ᠎ᠢᠶᠠᠷ ᠰᠤᠭᠤᠴᠢᠨ ᠪᠠᠢᠴᠠᠭᠠᠵᠤ᠂ ᠵᠠᠳᠠᠯᠤᠨ ᠰᠤᠳᠤᠯᠵᠤ ᠮᠠᠭᠠᠳᠯᠠᠬᠤ᠎ᠪᠠᠷ ᠳᠡᠮᠵᠢᠨ᠂ ᠰᠢᠯᠭᠠᠯᠲᠠ ᠬᠢᠨᠠᠭᠰᠠᠨ ᠪᠠᠭ᠍ᠰᠢ᠎ᠶᠢᠨ ᠥᠭᠭᠦᠭᠰᠡᠨ ᠬᠤᠪᠢ᠎ᠳᠦ ᠰᠡᠵᠢᠭ᠎ᠲᠠᠢ ᠪᠠᠢᠪᠠᠯ ᠂ ᠬᠢᠴᠢᠶᠡᠯ ᠲᠥᠷᠥᠯ᠎ᠦᠨ ᠳᠤᠭᠤᠢᠯᠠᠩ᠎ᠤᠨ ᠳᠠᠷᠤᠭ᠎ᠠ ᠪᠠ ᠰᠢᠯᠭᠠᠯᠲᠠ ᠬᠢᠨᠠᠭᠰᠠᠨ ᠪᠠᠭ᠍ᠰᠢ᠎ᠲᠠᠢ ᠬᠠᠮᠲᠤ᠎ᠪᠠᠷ ᠬᠠᠮᠤᠭ ᠎ᠤᠨ ᠡᠴᠦᠰ᠎ᠦᠨ ᠰᠠᠨᠠᠯ᠎ᠢ ᠰᠤᠳᠤᠯᠤᠨ ᠲᠣᠭᠲᠠᠭᠠᠬᠤ᠎ᠶᠢᠨ ᠬᠠᠮᠲᠤ᠂ ᠤᠤᠯ᠎ᠤᠨ ᠰᠢᠯᠭᠠᠯᠲᠠ ᠬᠢᠨᠠᠭᠰᠠᠨ ᠪᠠᠭ᠍ᠰᠢ᠎ᠳᠤ ᠪᠤᠴᠠᠭᠠᠵᠤ ᠳᠠᠬᠢᠨ ᠦᠨᠡᠯᠡᠭᠦᠯᠦᠨ᠎ᠡ᠃ ᠶᠡᠬᠡ ᠬᠡᠮᠵᠢᠶ᠎ᠡ᠎ᠪᠡᠷ ᠰᠤᠭᠤᠴᠢᠨ ᠪᠠᠢᠴᠠᠭᠠᠬᠤ᠎ᠪᠠᠷ ᠳᠡᠮᠵᠢᠨ᠂ ᠪᠠᠭ᠍ᠰᠢ ᠨᠢᠭᠡ ᠪᠦᠷᠢ ᠬᠤᠪᠢ ᠦᠭᠬᠦ ᠨᠠᠷᠢᠨ ᠳᠦᠷᠢᠮ᠎ᠢ ᠣᠨᠣᠪᠴᠢᠲᠠᠶ ᠬᠡᠷᠡᠭᠯᠡᠬᠦ᠎ᠶᠢ ᠪᠠᠲᠤᠯᠠᠵᠤ᠂ ᠰᠡᠳᠦᠪ ᠨᠢᠬᠡ ᠪᠦᠷᠢ ᠳ᠋ᠤ ᠤᠯᠭᠤᠭᠰᠠᠨ ᠰᠢᠯᠭᠠᠯᠳᠠ ᠵᠢᠨ ᠬᠤᠪᠢ ᠵᠢᠨ ᠰᠢᠨᠵᠢᠯᠡᠬᠦ ᠤᠬᠠᠭᠠᠨᠴᠢ ᠪᠥᠭᠡᠳ ᠪᠤᠰᠤᠳᠴᠢ᠂ ᠵᠥᠪ ᠣᠨᠣᠪᠴᠢᠲᠠᠶ ᠪᠠᠢᠬᠤ᠎ᠶᠢ ᠴᠢᠷᠮᠠᠢᠨ ᠪᠠᠳᠤᠯᠠᠪᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠹᠦ᠋ ᠭᠸᠨ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号