ᠰᠤᠷᠪᠤᠯᠵᠢᠯᠠᠭᠴᠢ
ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠰᠣᠷᠣᠭ᠍ᠴᠢ ᠡᠯᠰᠡᠬᠦ ᠰᠢᠯᠭᠠᠯᠲᠠ᠎ᠶᠢᠨ ᠲᠥᠪ᠎ᠡᠴᠡ ᠣᠢᠯᠠᠭᠠᠭᠰᠠᠨ᠎ᠢᠶᠠᠷ᠂
6
ᠰᠠᠷ᠎ᠠ᠎ᠶᠢᠨ
23
ᠤ᠋
ᠡᠳᠦᠷ᠂ ᠮᠠᠨ᠎ᠤ ᠤᠷᠤᠨ ᠤ᠋ 2022 ᠣᠨ᠎ᠤ
ᠡᠩ᠎ᠦᠨ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ᠎ᠶᠢᠨ ᠬᠢᠷᠢ ᠪᠦᠲᠦᠮᠵᠢ ᠨᠡᠢᠲᠡᠯᠡᠭᠳᠡᠭᠰᠡᠨᠦ
ᠬᠠᠮᠲᠤ ᠥᠪᠡᠷᠲᠡᠭᠡᠨ ᠵᠠᠰᠠᠬᠤ ᠣᠷᠣᠨ᠎ᠤ ᠡᠩ᠎ᠦᠨ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ᠎ᠶᠢᠨ
ᠬᠠᠮᠤᠭ᠎ᠤᠨ ᠳᠣᠣᠷ᠎ᠠ ᠬᠢᠵᠠᠭᠠᠷᠯᠠᠬᠤ ᠬᠤᠪᠢ ᠵᠢ ᠨᠡᠢᠳᠡᠯᠡᠪᠡ᠃
ᠨᠡᠢᠭᠡᠮ᠎ᠦᠨ ᠰᠢᠨᠵᠢᠯᠡᠬᠦ ᠤᠬᠠᠭᠠᠨ᠎ᠤ ᠵᠢᠩᠬᠢᠨᠢ ᠠᠩᠭᠢ᠎ᠶᠢᠨ ᠨᠢᠭᠡᠳᠦᠭᠡᠷ
ᠪᠦᠯᠦᠭ᠎ᠦᠨ ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ 459 ᠬᠤᠪᠢ᠂
ᠵᠢᠩᠬᠢᠨᠢ ᠠᠩᠭᠢ᠎ᠶᠢᠨ ᠬᠣᠶᠠᠳᠤᠭᠠᠷ ᠪᠦᠯᠦᠭ ᠤ᠋ᠨ ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ 366 ᠬᠤᠪᠢ᠃ ᠪᠠᠢᠭᠠᠯᠢ᠎ᠶᠢᠨ
ᠰᠢᠨᠵᠢᠯᠡᠬᠦ ᠤᠬᠠᠭᠠᠨ᠎ᠤ ᠵᠢᠩᠬᠢᠨᠢ ᠠᠩᠭᠢ᠎ᠶᠢᠨ ᠨᠢᠭᠡᠳᠦᠭᠡᠷ
ᠪᠦᠯᠦᠭ᠎ᠦᠨ ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ 427 ᠬᠤᠪᠢ᠂
ᠵᠢᠩᠬᠢᠨᠢ ᠠᠩᠭᠢ᠎ᠶᠢᠨ ᠬᠣᠶᠠᠳᠤᠭᠠᠷ ᠪᠦᠯᠦᠭ ᠤ᠋ᠨ ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ 323 ᠬᠤᠪᠢ᠃ ᠮᠣᠩᠭᠣᠯ᠎ᠢᠶᠠᠷ
ᠬᠢᠴᠢᠶᠡᠯᠯᠡᠬᠦ ᠨᠡᠢᠭᠡᠮ᠎ᠦᠨ ᠰᠢᠨᠵᠢᠯᠡᠬᠦ ᠤᠬᠠᠭᠠᠨ᠎ᠤ ᠵᠢᠩᠬᠢᠨᠢ ᠠᠩᠭᠢ᠎ᠶᠢᠨ ᠨᠢᠭᠡᠳᠦᠭᠡᠷ ᠪᠦᠯᠦᠭ᠎ᠦᠨ ᠬᠠᠮᠤᠭ᠎ᠤᠨ
ᠳᠤᠤᠷ᠎ᠠ ᠬᠢᠵᠠᠭᠠᠷᠯᠠᠬᠤ ᠬᠤᠪᠢ 419 ᠬᠤᠪᠢ᠂ ᠵᠢᠩᠬᠢᠨᠢ ᠠᠩᠭᠢ᠎ᠶᠢᠨ
ᠬᠣᠶᠠᠳᠤᠭᠠᠷ ᠪᠦᠯᠦᠭ ᠤ᠋ᠨ ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ 361 ᠬᠤᠪᠢ
ᠪᠤᠯᠤᠨ᠎ᠠ᠃ ᠮᠣᠩᠭᠣᠯ᠎ᠢᠶᠠᠷ ᠬᠢᠴᠢᠶᠡᠯᠯᠡᠬᠦ ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠵᠢᠩᠬᠢᠨᠢ ᠠᠩᠭᠢ᠎ᠶᠢᠨ
ᠨᠢᠭᠡᠳᠦᠭᠡᠷ ᠪᠦᠯᠦᠭ᠎ᠦᠨ ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ 365 ᠬᠤᠪᠢ᠂
ᠵᠢᠩᠬᠢᠨᠢ ᠠᠩᠭᠢ᠎ᠶᠢᠨ ᠬᠣᠶᠠᠳᠤᠭᠠᠷ ᠪᠦᠯᠦᠭ᠎ᠤ᠋ᠨ ᠬᠠᠮᠤᠭ᠎ᠤᠨ ᠳᠤᠤᠷ᠎ᠠ ᠬᠢᠵᠠᠭᠠᠷᠯᠬᠠᠤ ᠬᠤᠪᠢ 303 ᠬᠤᠪᠢ᠃
ᠡᠭᠦᠨ᠎ᠡᠴᠡ ᠭᠠᠳᠠᠨ᠎ᠠ᠂ ᠨᠡᠢᠭᠡᠮ᠎ᠦᠨ ᠰᠢᠨᠵᠢᠯᠡᠬᠦ ᠤᠬᠠᠭᠠᠨ᠂ ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠳᠡᠭᠡᠳᠦ
ᠵᠡᠷᠭᠡ᠎ᠶᠢᠨ ᠠᠵᠢᠯ ᠮᠡᠷᠭᠡᠵᠢᠯ᠎ᠦᠨ ᠰᠤᠷᠭᠠᠭᠤᠯᠢ ᠳᠡᠭᠡᠳᠦ ᠵᠡᠷᠭᠡ᠎ᠶᠢᠨ ᠲᠤᠰᠬᠠᠢ ᠮᠡᠷᠭᠡᠵᠢᠯ᠎ᠦᠨ ᠰᠤᠷᠭᠠᠭᠤᠯᠢ᠎ᠶᠢᠨ
ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ160 ᠬᠤᠪᠢ ᠪᠠᠢᠵᠤ᠂ ᠮᠣᠩᠭᠣᠯ᠎ᠢᠶᠠᠷ
ᠬᠢᠴᠢᠶᠡᠯᠯᠡᠬᠦ ᠨᠡᠢᠭᠡᠮ᠎ᠦᠨ ᠰᠢᠨᠵᠢᠯᠡᠬᠦ ᠤᠬᠠᠭᠠᠨ᠂ ᠮᠣᠩᠭᠣᠯ᠎ᠢᠶᠠᠷ ᠬᠢᠴᠢᠶᠡᠯᠯᠡᠬᠦ ᠪᠠᠢᠭᠠᠯᠢ᠎ᠶᠢᠨ ᠰᠢᠨᠵᠢᠯᠡᠬᠦ
ᠤᠬᠠᠭᠠᠨ᠎ᠤ ᠳᠡᠭᠡᠳᠦ ᠵᠡᠷᠭᠡ᠎ᠶᠢᠨ ᠠᠵᠢᠯ ᠮᠡᠷᠭᠡᠵᠢᠯ᠎ᠦᠨ ᠰᠤᠷᠭᠠᠭᠤᠯᠢ ᠳᠡᠭᠡᠳᠦ ᠵᠡᠷᠭᠡ᠎ᠶᠢᠨ ᠲᠤᠰᠬᠠᠢ ᠮᠡᠷᠭᠡᠵᠢᠯ᠎ᠦᠨ
ᠰᠤᠷᠭᠠᠭᠤᠯᠢ᠎ᠶᠢᠨ ᠬᠠᠮᠤᠭ᠎ᠤᠨ ᠳᠤᠤᠷ᠎ᠠ ᠬᠢᠵᠠᠭᠠᠷᠯᠠᠬᠤ ᠬᠤᠪᠢ120 ᠬᠤᠪᠢ
ᠪᠠᠢᠵᠤ᠂ ᠴᠥᠮ ᠨᠢᠳᠤᠨᠤᠨ᠎ᠤ ᠬᠤᠪᠢ᠎ᠶᠢᠨ ᠱᠤᠭᠤᠮ᠎ᠲᠠᠢ ᠠᠳᠠᠯᠢᠬᠠᠨ᠃
ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠰᠣᠷᠣᠭ᠍ᠴᠢ ᠡᠯᠰᠡᠬᠦ
ᠰᠢᠯᠭᠠᠯᠲᠠ᠎ᠶᠢᠨ ᠲᠥᠪ᠎ᠡᠴᠡ᠂ ᠰᠢᠯᠭᠠᠭᠤᠯᠤᠭ᠍ᠴᠢ ᠬᠡᠷᠪᠡ ᠰᠢᠯᠭᠠᠯᠲᠠ᠎ᠶᠢᠨ ᠬᠢᠷᠢ ᠪᠦᠲᠦᠮᠵᠢᠳ᠋ᠡᠬᠡᠨ ᠰᠡᠵᠢᠭ
ᠲᠠᠢ ᠪᠠᠢᠪᠠᠯ᠂ ᠡᠷᠬᠡᠪᠰᠢ 6 ᠰᠠᠷ᠎ᠠ᠎ᠶᠢᠨ 23 ᠡᠴᠡ 25 ᠤ᠋ ᠡᠳᠦᠷ ᠪᠣᠯᠲᠠᠯ᠎ᠠ ᠳᠤᠰ
ᠬᠦᠮᠦᠨ᠎ᠤ ᠪᠡᠶ᠎ᠡ᠎ᠶᠢᠨ ᠦᠨᠡᠮᠯᠡᠯ ᠪᠠ ᠰᠢᠯᠭᠠᠭᠤᠯᠬᠤ ᠦᠨᠡᠮᠯᠡᠯ᠎ᠢᠶᠡᠨ ᠠᠪᠴᠤ᠂ ᠬᠣᠰᠢᠭᠤ᠂ ᠰᠢᠶᠠᠨ (ᠬᠣᠲᠠ᠂ ᠲᠣᠭᠣᠷᠢᠭ᠋) ᠤ᠋ ᠰᠤᠷᠭᠠᠨ ᠬᠥᠮᠦᠵᠢᠯ᠎ᠦᠨ ᠰᠢᠯᠭᠠᠯᠲᠠ᠎ᠶᠢᠨ ᠪᠠᠢᠭᠤᠯᠤᠮᠵᠢ᠎ᠳᠤ
ᠬᠦᠷᠴᠦ ᠬᠢᠷᠢ ᠪᠦᠲᠦᠮᠵᠢ᠎ᠶᠢ ᠳᠠᠬᠢᠨ ᠬᠢᠨᠠᠭᠤᠯᠬᠤ ᠭᠤᠶᠤᠴᠢᠯᠠᠯ ᠭᠠᠷᠭᠠᠬᠤ ᠬᠡᠷᠡᠭᠲᠡᠢ᠂ ᠬᠤᠭᠤᠴᠠᠭ᠎ᠠ ᠨᠢ ᠬᠡᠳᠦᠷᠡᠪᠡᠯ
ᠭᠥᠯᠢᠶᠡᠨ ᠠᠪᠴᠤ ᠰᠢᠢᠳᠪᠦᠷᠢᠯᠡᠬᠦ ᠦᠭᠡᠢ ᠬᠡᠵᠦ ᠰᠠᠨᠠᠭᠤᠯᠤᠭᠰᠠᠨ
ᠪᠠᠢᠨ᠎ᠠ᠃