ᠬᠦᠯ ᠪᠦᠮᠪᠦᠬᠡ ᠲᠠᠢ ᠬᠠᠨᠢᠰᠤᠬᠰᠠᠨ ᠬᠦᠭᠵᠢᠯ ᠲᠡᠢ ᠪᠠᠭ᠎ᠠ ᠨᠠᠰᠤ
2022-07-18 13:25:58
ᠵᠣᠬᠢᠶᠠᠭ᠍ᠴᠢ᠄
ᠠᠯᠳᠠᠨᠬᠦᠦ
ᠣᠩᠱᠢᠭ᠍ᠰᠠᠨ ᠣᠳᠠᠭ᠎ᠠ᠄
★★★☆☆

— ᠡᠪᠯᠡᠬᠦᠨ ᠲᠠᠮᠢᠷ᠎ᠤᠨ ᠲᠠᠯᠠᠪᠤᠷ ᠲᠸ᠋ ᠭᠠᠭᠴᠠᠭᠠᠷ᠎ᠢᠶᠡᠨ ᠬᠦᠯ ᠪᠦᠮᠪᠦᠬᠡ ᠢᠰᠬᠦᠯᠵᠤ ᠪᠠᠢᠨ᠎ᠠ᠂ ᠪᠢᠳᠡ ᠤᠴᠢᠵᠤ ᠬᠠᠮᠳᠤ ᠨᠠᠭᠠᠳᠤᠶ᠎ᠠ ᠬᠡᠳ ᠬᠡᠳᠦᠨ ᠨᠦᠬᠦᠳ ᠨᠢ ᠲᠠᠮᠢᠷ᠎ᠤᠨ ᠲᠠᠯᠠᠪᠤᠷ᠎ᠢ ᠴᠢᠭᠯᠡᠯ᠎ᠠ᠃

ᠡᠪᠯᠡᠬᠦᠨ ᠪᠤᠯ ᠤᠷᠳᠤᠰ ᠬᠤᠳᠠ᠎ᠵᠢᠨ᠎ᠳ᠋ᠦᠩᠱᠸᠩ ᠲᠤᠭᠤᠷᠢᠭ᠎ᠤᠨ ᠮᠤᠩᠭᠤᠯ ᠦᠨᠳᠦᠰᠦᠲᠡᠨ᠎ᠤ ᠰᠤᠷᠭᠠᠭᠤᠯᠢ᠎ᠵᠢᠨ 1.2 ᠠᠩᠬᠢ᠎ᠵᠢᠨ ᠰᠤᠷᠤᠭᠴᠢ᠃《ᠲᠤᠷ᠎ᠠ᠎ᠳᠤ ᠰᠢᠷ᠎ᠠ ᠦᠬᠡᠢ》ᠬᠡᠬᠴᠢ ᠪᠡᠷ᠂ ᠲᠡᠷᠡ ᠲᠠᠮᠢᠷ᠎ᠤᠨ ᠬᠢᠴᠢᠶᠡᠯ ᠲᠡᠭᠡᠷ᠎ᠠ ᠬᠦᠯ ᠪᠦᠮᠪᠦᠬᠡ ᠢᠰᠬᠦᠯᠬᠦ ᠮᠡᠷᠬᠡᠵᠢᠯ᠎ᠢ ᠠᠯᠳᠠᠯ ᠦᠬᠡᠢ ᠰᠤᠷᠬᠤ ᠪᠡᠷ ᠪᠠᠷᠠᠬᠤ ᠦᠬᠡᠢ ᠬᠢᠴᠢᠶᠡᠯ ᠲᠠᠷᠬᠠᠬᠰᠠᠨ᠎ᠴᠤ ᠬᠦᠯ ᠪᠦᠮᠪᠦᠬᠡ ᠪᠡᠨ ᠪᠤᠯᠪᠠᠰᠤᠷᠠᠵᠤ ᠯᠠ ᠪᠠᠢᠳᠠᠭ᠃ ᠵᠠᠷᠢᠮ᠎ᠳᠤ ᠪᠡᠨ ᠲᠡᠷᠡ ᠭᠠᠭᠴᠠᠭᠠᠷ᠎ᠵᠢᠡᠨ ᠲᠠᠮᠢᠷ᠎ᠤᠨ ᠲᠠᠯᠠᠪᠤᠷ᠎ᠲᠤ ᠬᠡᠳᠦᠨ ᠬᠦᠯ ᠪᠦᠮᠪᠦᠬᠡ᠂ ᠤᠮᠳᠠᠭᠠᠨ᠎ᠤ ᠯᠤᠩᠬᠤ᠎ᠵᠢ ᠨᠢᠬᠡ ᠮᠦᠷ᠎ᠢᠶᠡᠷ ᠮᠸᠲ᠋ᠷ ᠵᠠᠢᠳᠠᠢ ᠵᠡᠷᠭᠡᠯᠡᠨ ᠲᠠᠯᠪᠢᠭᠠᠳ ᠬᠦᠯ ᠪᠦᠮᠪᠦᠬᠡ ᠢᠰᠭᠦᠯᠬᠦ ᠦᠨᠳᠦᠰᠦᠨ ᠮᠡᠷᠭᠡᠵᠢᠯ᠎ᠢᠶᠡᠨ ᠪᠤᠯᠪᠠᠰᠤᠷᠠᠳᠠᠭ᠃

ᠲᠡᠬᠦᠨ᠎ᠤ ᠬᠦᠯ ᠪᠦᠮᠪᠦᠬᠡᠨ᠎ᠳᠤ ᠬᠤᠷᠤᠬᠠᠢ ᠲᠠᠢ ᠪᠤᠯᠤᠭᠰᠠᠨ ᠨᠢ ᠬᠡᠦᠬᠡᠳ᠎ᠤᠨ ᠴᠡᠴᠡᠷᠯᠢᠭ᠎ᠤᠨ ᠦᠶ᠎ᠠ᠎ᠵᠢᠨ ᠬᠢᠨᠢ ᠤᠴᠢᠷ ᠶᠤᠮ᠃ ᠡᠪᠯᠡᠬᠦᠨ 2018᠎ᠤᠨ᠎ᠳᠤ ᠬᠡᠦᠬᠡᠳ᠎ᠤᠨ ᠴᠡᠴᠡᠷᠯᠢᠭ᠎ᠲᠤ ᠤᠷᠤᠪᠠ᠃ ᠡᠨᠡ ᠬᠤᠭᠤᠴᠠᠭᠠᠨ᠎ᠳᠤ ᠲᠡᠷᠡ ᠲᠠᠮᠢᠷ᠎ᠤᠨ ᠪᠠᠭᠰᠢ᠎ᠵᠢᠨ᠎ᠵᠢᠡᠨ ᠲᠠᠭᠠᠭᠤᠯᠭ᠎ᠠ ᠲᠤᠤᠷ᠎ᠠ ᠬᠦᠯ ᠪᠦᠮᠪᠦᠭᠡ ᠳ᠋ᠤ ᠠᠷᠭ᠎ᠠ ᠦᠭᠡᠢ ᠪᠠᠬ᠎ᠠ ᠲᠠᠢ ᠪᠤᠯᠵᠤ᠂ ᠴᠡᠴᠡᠷᠯᠢᠭ ᠲᠸ᠋ ᠦᠷᠯᠦᠭᠡ ᠤᠷᠤᠢ ᠢᠯᠭᠠᠯ ᠦᠬᠡᠢ ᠪᠦᠮᠪᠦᠭᠡ ᠲᠡᠪᠡᠷᠢᠭᠡᠳ ᠬᠦᠶᠦᠳᠡᠭ ᠵᠢᠭᠠᠯ ᠨᠢᠭᠡ ᠨᠡᠮᠡᠭᠳᠡᠵᠡᠢ᠃

ᠬᠥᠯ ᠪᠥᠮᠪᠥᠭᠡ ᠢᠰᠭᠦᠯᠬᠦ ᠦᠨᠳᠦᠰᠦᠨ ᠮᠡᠷᠭᠡᠵᠢᠯ ᠮᠠᠰᠢ ᠣᠯᠠᠨ ᠪᠠᠶ᠋ᠢᠳᠠᠭ᠂ ᠵᠠᠷᠢᠮ ᠮᠡᠷᠭᠡᠵᠢᠯ᠎ᠢ ᠦᠵᠡᠬᠦ᠌᠎ᠳᠦ ᠠᠮᠠᠷᠬᠠᠨ ᠪᠣᠯᠪᠠᠴᠤ᠌ ᠬᠢᠬᠦ᠌᠎ᠳᠦ ᠮᠠᠰᠢ ᠬᠦᠴᠢᠷ᠂ ᠭᠡᠪᠡᠴᠦ ᠵᠢᠭᠠᠯ ᠡᠪᠯᠡᠭᠦᠨ ᠦᠴᠦᠬᠡᠨ ᠴᠸ᠋ ᠬᠠᠯᠠᠰᠢᠷᠠᠬᠤ ᠦᠭᠡᠢ᠃《ᠪᠢ ᠪᠠᠭ᠍ᠰᠢ᠎ᠶ᠋ᠢᠨ᠎ᠢᠶᠡᠨ ᠪᠦᠮᠪᠦᠭᠡ ᠢᠰᠬᠦᠯᠬᠦ ᠬᠥᠳᠡᠯᠭᠡᠭᠡᠨ᠎ᠢ ᠳᠠᠭᠤᠷᠢᠶᠠᠵᠤ ᠰᠤᠷᠳᠠᠭ᠃ ᠵᠢᠱ᠌ᠢᠶᠡᠯᠡᠪᠡᠯ ᠬᠤᠶᠠᠷ ᠬᠦᠯ᠎ᠢᠶᠡᠷ᠎ᠢᠶᠡᠨ ᠡᠭᠡᠯᠵᠢᠯᠡᠨ ᠪᠦᠮᠪᠦᠭᠡ ᠲᠤᠰᠬᠤ᠎ᠳᠤ ᠵᠠᠷᠢᠮ᠎ᠳᠤ ᠪᠠᠨ ᠲᠤᠰᠴᠤ ᠴᠢᠳᠠᠬᠤ ᠦᠭᠡᠢ ᠭᠠᠵᠠᠷ ᠤᠨᠠᠭᠠᠳᠠᠭ᠂ ᠪᠦᠮᠪᠦᠭᠡ ᠬᠤᠯᠠ ᠪᠦᠮᠪᠦᠷᠢᠭᠡᠳ ᠶᠠᠪᠤᠴᠢᠬᠠᠨ᠎ᠠ᠂ ᠲᠡᠭᠡᠪᠡᠯ ᠪᠢ ᠪᠥᠮᠪᠥᠭᠡ ᠪᠠᠨ ᠬᠦᠬᠡᠭᠡᠵᠦ᠂ ᠲᠡᠭᠦᠵᠦ᠂ ᠵᠠᠯᠭᠠᠭᠠᠳ ᠪᠤᠯᠪᠠᠰᠤᠷᠠᠨ᠎ᠠ᠃ ᠪᠢ ᠥᠷᠥᠭᠡᠰᠦᠨ ᠬᠥᠯ᠎ᠢᠶᠡᠷ ᠪᠥᠮᠪᠥᠭᠡ ᠢᠰᠬᠦᠯᠬᠦ ᠶ᠋ᠢ ᠮᠠᠰᠢ ᠤᠷᠳᠤ ᠬᠤᠭᠤᠴᠠᠭ᠎ᠠ ᠪᠣᠯᠪᠠᠰᠤᠷᠠᠭᠰᠠᠨ ᠰᠢᠦ》ᠬᠡᠵᠤ ᠵᠢᠭᠠᠯ ᠡᠪᠯᠡᠬᠦᠨ ᠲᠤᠮᠤᠭᠠᠳᠠᠢᠬᠠᠨ ᠡᠷᠬᠢᠴᠡᠬᠦᠯᠤᠨ᠎ᠠ᠃ ᠬᠦᠯ ᠪᠦᠮᠪᠦᠬᠡ ᠢᠰᠬᠦᠯᠬᠦ ᠵᠢ ᠰᠤᠷᠬᠤ᠎ᠳᠤ ᠬᠠᠲᠠᠭᠤᠵᠢᠯᠲᠠᠶ ᠪᠣᠯᠪᠠᠰᠤᠷᠠᠯ᠂ ᠲᠡᠰᠪᠤᠷᠢ ᠲᠡᠪᠴᠢᠶᠡᠷᠢ ᠵᠢᠴᠢ ᠠᠷᠭ᠎ᠠ ᠰᠠᠮᠪᠠᠭ᠎ᠠ ᠲᠤᠩ ᠴᠢᠬᠤᠯᠠ ᠪᠠᠢᠳᠠᠭ᠎ᠢ ᠡᠭᠦᠨ ᠡᠴᠡ ᠮᠡᠳᠡᠵᠦ ᠪᠤᠯᠤᠨ᠎ᠠ᠃

ᠲᠡᠷᠡ 2019 ᠤᠨ᠎ᠳᠤ᠂ ᠤᠷᠳᠤᠰ ᠬᠤᠳᠠ᠎ᠵᠢᠨ ᠲᠦᠷᠪᠡᠳᠦᠭᠡᠷ ᠬᠤᠭᠤᠴᠠᠭᠠᠨ᠎ᠤ 《ᠨᠠᠬᠢᠶ᠎ᠠ ᠬᠤᠨᠳᠠᠭᠠᠳᠤ》 ᠴᠡᠴᠡᠷᠯᠢᠭ᠎ᠤᠨ ᠬᠡᠦᠬᠡᠳ᠎ᠤᠨ ᠬᠦᠯ ᠪᠦᠮᠪᠦᠬᠡ᠎ᠵᠢᠨ ᠬᠤᠯᠪᠤᠭᠠᠳᠤ ᠤᠷᠤᠯᠳᠤᠭᠠᠨ᠎ᠳᠤ ᠤᠷᠤᠯᠴᠠᠭᠠᠳ ᠲᠡᠷᠢᠬᠦᠯᠡᠪᠡ᠃ ᠡᠨᠡ ᠨᠢ ᠲᠡᠬᠦᠨ᠎ᠤ ᠪᠠᠯᠴᠢᠷ ᠤᠶᠤᠨ ᠳ᠋ᠤ ᠬᠦᠯ ᠪᠦᠮᠪᠦᠬᠡ᠎ᠶᠢᠨ ᠷᠢᠳᠢ ᠰᠢᠳᠢ᠂  ᠢᠳᠡ ᠬᠦᠴᠦᠨ᠂ ᠦᠨᠦᠷ ᠠᠮᠳᠠ ᠵᠢ ᠮᠡᠳᠡᠷᠡᠬᠦᠯᠵᠦ ᠪᠢᠯᠡ᠃ ᠲᠡᠭᠡᠬᠦᠯᠡᠷ ᠲᠡᠷᠡ 《ᠪᠢ ᠬᠤᠵᠢᠮ ᠨᠡᠷᠡᠳᠦ ᠬᠦᠯ ᠪᠦᠮᠪᠦᠬᠡᠴᠢᠨ ᠪᠤᠯᠤᠨ᠎ᠠ》  ᠬᠡᠰᠡᠨ ᠬᠡᠬᠦᠳᠡᠭ ᠲᠦᠭᠦᠷᠡᠩ ᠬᠦᠰᠡᠯ ᠡᠪᠦᠷᠯᠡᠡ ᠤᠳᠤ ᠬᠦᠯ ᠪᠦᠮᠪᠦᠬᠡ᠎ᠵᠢᠨ ᠺᠠᠯᠦ᠋ᠪ᠎ᠲᠤ ᠭᠠᠷᠠᠭ᠎ᠲᠤ ᠲᠦᠷᠪᠡ ᠤᠳᠠᠭ᠎ᠠ ᠪᠤᠯᠪᠠᠰᠤᠷᠠᠵᠤ ᠪᠤᠢ᠃

ᠡᠬᠦᠨ ᠡᠴᠡ ᠭᠠᠳᠠᠨ᠎ᠠ ᠡᠪᠯᠡᠬᠦᠨ ᠪᠠᠰᠠ ᠬᠤᠯᠠ ᠬᠦᠶᠦᠬᠦ᠂ ᠪᠦᠬᠡ ᠪᠠᠷᠢᠯᠳᠤᠬᠤ᠂ ᠮᠤᠷᠢ ᠤᠨᠤᠬᠤ᠎ᠳᠤ ᠪᠡᠨ ᠪᠦᠷ ᠭᠠᠷᠮᠠᠭᠠᠢ ᠪᠠᠢᠳᠠᠭ᠃ 《ᠪᠢ ᠭᠤᠷᠪᠠ ᠤᠳᠠᠭ᠎ᠠ ᠬᠡᠦᠬᠡᠳ᠎ᠤᠨ ᠪᠦᠭᠡ᠎ᠵᠢᠨ ᠤᠷᠤᠯᠳᠤᠭᠠᠨ᠎ᠳᠤ ᠤᠷᠤᠯᠴᠠᠭᠠᠳ ᠪᠦᠷ ᠲᠡᠷᠢᠬᠦᠯᠡᠭᠰᠡᠨ ᠰᠢᠦ》 ᠬᠡᠵᠤ ᠪᠢᠴᠢᠬᠠᠨ ᠡᠪᠯᠡᠬᠦᠨ ᠪᠠᠶᠠᠷᠳᠠᠢᠬᠠᠨ ᠪᠠᠢᠯ᠎ᠠ᠃ ᠨᠢᠬᠡ ᠤᠳᠠᠭ᠎ᠠ ᠨᠢ ᠪᠦᠬᠦ ᠤᠷᠤᠨ᠎ᠤ ᠴᠡᠴᠡᠷᠯᠢᠭ᠎ᠤᠨ ᠬᠡᠦᠬᠡᠳ᠎ᠤᠨ ᠪᠦᠬᠡ᠎ᠵᠢᠨ ᠨᠠᠭᠠᠳᠤᠮ᠎ᠳᠤ ᠲᠡᠷᠢᠬᠦᠯᠡᠨ ᠬᠤᠨᠢ ᠪᠡᠷ ᠱᠠᠩᠨᠠᠭᠤᠯᠤᠭᠰᠠᠨ ᠭᠡᠨ᠎ᠡ᠃ ᠬᠤᠯᠠ ᠬᠦᠶᠦᠬᠦ᠎ᠳᠤ ᠪᠡᠨ᠎ᠴᠤ ᠰᠠᠢᠨ ᠲᠡᠷᠡ  ᠳ᠋ᠦᠩᠱᠸᠩ ᠲᠤᠭᠤᠷᠢᠭ᠎ᠤᠨ ᠮᠤᠩᠭᠤᠯ ᠦᠨᠳᠦᠰᠦᠲᠡᠨ᠎ᠤ ᠬᠡᠦᠬᠡᠳ᠎ᠤᠨ  ᠴᠡᠴᠡᠷᠯᠢᠭ᠎ᠤᠨ《 ᠵᠢᠬᠦᠷᠳᠦ ᠬᠦᠯᠦᠭ》 ᠶᠡᠭᠡᠰ ᠪᠠᠭᠠᠴᠤᠳ᠎ᠤᠨ ᠮᠠᠷᠠᠽᠤᠨ ᠤᠷᠤᠯᠳᠤᠭᠠᠨ᠎ᠳᠤ ᠭᠤᠷᠪᠠ ᠤᠳᠠᠭ᠎ᠠ ᠤᠷᠤᠯᠴᠠᠵᠤ ᠪᠡᠶ᠎ᠠ ᠮᠠᠬᠠᠪᠤᠳ᠎ᠵᠢᠡᠨ ᠲᠠᠪᠳᠠᠨ ᠪᠤᠯᠪᠠᠰᠤᠷᠠᠭᠤᠯᠵᠤ᠂ ᠡᠷᠴᠢ ᠬᠦᠴᠤ ᠪᠡᠨ ᠰᠢᠯᠭᠠᠵᠤ ᠪᠠᠢᠬᠰᠠᠨ ᠶᠤᠮ᠃

ᠵᠢᠭᠠᠯ ᠬᠦᠦ ᠡᠪᠯᠡᠬᠦᠨ ᠮᠠᠨᠢ ᠡᠢᠨ᠎ᠬᠦ ᠤᠯᠠᠨ᠎ᠤ ᠲᠤᠮᠳᠠ ᠪᠡᠨ ᠪᠢᠴᠢᠬᠠᠨ ᠬᠦᠯ ᠪᠦᠮᠪᠦᠬᠡᠴᠢᠨ ᠪᠤᠯᠵᠤ᠂ ᠪᠢᠴᠢᠬᠠᠨ ᠪᠦᠬᠡᠴᠢᠨ ᠪᠤᠯᠵᠤ᠂ ᠪᠢᠴᠢᠬᠠᠨ ᠲᠠᠮᠢᠷᠴᠢᠨ ᠪᠤᠯᠵᠤ ᠬᠦᠷ ᠬᠦᠭᠵᠢᠯ ᠲᠡᠢ ᠦᠰᠦᠨ ᠪᠤᠢᠵᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠹᠦ᠋ ᠭᠸᠨ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号