ᠬᠥᠯᠥᠨ ᠪᠤᠢ᠌ᠷ᠎ᠤᠨ ᠲᠠᠯ᠎ᠠ ᠨᠤᠲᠤᠭ᠎ᠠᠴᠠ ᠠᠯᠠᠱᠠ᠎ᠶ᠋ᠢᠨ ᠭᠣᠪᠢ ᠴᠦᠯ ᠬᠦᠷᠲᠡᠯ᠎ᠡ ᠂ ᠵᠡᠭᠡᠯᠢ ᠭᠤᠳᠤᠮᠵᠢ ᠨᠡᠢᠭᠡᠮ ᠲᠣᠭᠣᠷᠢᠭ᠎ᠠᠴᠠ ᠬᠥᠳᠡᠭᠡ ᠲᠣᠰᠭᠣᠨ ᠭᠠᠴᠠᠭ᠎ᠠ ᠬᠦᠷᠲᠡᠯ᠎ᠡ ᠂ ᠶᠡᠬᠡ ᠳᠤᠮᠳᠠᠳᠤ ᠰᠤᠷᠭᠠᠭᠤᠯᠢ᠎ᠠᠴᠠ ᠠᠵᠤ ᠠᠬᠤᠢᠯᠠᠯ ᠦᠢᠯᠡᠳᠪᠦᠷᠢ ᠬᠤᠳᠠᠯᠳᠤᠭ᠎ᠠ ᠬᠦᠷᠲᠡᠯ᠎ᠡ 《ᠵᠠᠯᠠᠭᠤᠴᠤᠳ᠎ᠤᠨ ᠰᠣᠨᠣᠰᠭᠠᠯ》 ᠢᠳᠡ ᠬᠦᠭ ᠲᠠᠢ ᠶᠠᠪᠤᠭᠳᠠᠵᠤ᠂ ᠪᠦᠬᠦ᠌ ᠣᠷᠣᠨ᠎ᠤ ᠡᠯ᠎ᠡ ᠭᠠᠵᠠᠷ᠎ᠤᠨ ᠡᠯ᠎ᠡ ᠬᠦᠷᠢᠶᠡᠨ᠎ᠦ ᠵᠠᠯᠠᠭᠤᠴᠤᠳ᠎ᠤᠨ ᠰᠡᠳᠬᠢᠯ᠎ᠢ ᠳᠤᠯᠠᠭᠠᠴᠠᠭᠤᠯᠤᠨ᠎ᠠ᠃
ᠡᠨᠡ ᠵᠢᠯ᠎ᠦᠨ 3 ᠰᠠᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠬᠣᠷᠢᠢ᠎ᠠ 《ᠵᠠᠯᠠᠭᠤᠴᠤᠳ᠎ᠤᠨ ᠰᠣᠨᠣᠰᠭᠠᠯ》 ᠢ᠋ ᠨᠢᠭᠡᠳᠦᠯᠲᠡᠢ ᠵᠢᠯᠣᠭᠣᠳᠭᠤ ᠴᠢᠨᠠᠷᠲᠠᠢ᠂ ᠰᠠᠭᠤᠷᠢ ᠴᠢᠨᠠᠷᠲᠠᠢ ᠠᠵᠢᠯ ᠪᠤᠯᠭᠠᠨ ᠪᠦᠬᠦ᠌ ᠣᠷᠣᠨ᠎ᠳᠤ ᠵᠣᠬᠢᠶᠠᠨ ᠪᠠᠢᠭᠤᠯᠤᠨ ᠬᠡᠷᠡᠭ᠌ᠵᠢᠭᠦᠯᠵᠦ᠍᠂ ᠵᠠᠯᠠᠭᠤᠴᠤᠳ᠎ᠢ ᠬᠠᠯᠠᠮᠵᠢᠯᠠᠬᠤ᠂ ᠵᠠᠯᠠᠭᠤᠴᠤᠳ᠎ᠢ ᠨᠢᠭ᠍ᠲᠠᠷᠠᠭᠤᠯᠬᠤ᠂ ᠵᠠᠯᠠᠭᠤᠴᠤᠳ᠎ᠲᠤ ᠦᠢᠯᠡᠴᠢᠯᠡᠬᠦ᠌ ᠠᠴᠢᠶᠠᠯᠠᠪᠤᠷᠢ ᠪᠠ ᠲᠠᠪᠴᠠᠩ᠎ᠢ ᠪᠠᠢᠭᠤᠯᠪᠠ᠃ ᠪᠦᠬᠦ᠌ ᠣᠷᠣᠨ᠎ᠤ ᠥᠷᠭᠡᠨ ᠤᠯᠠᠨ ᠡᠪᠯᠡᠯ᠎ᠦᠨ ᠺᠠᠳ᠋ᠷ ᠶᠡᠷᠦᠩᠬᠡᠢ ᠱᠦᠵᠢ ᠰᠢ ᠵᠢᠨ ᠫᠢᠩ᠎ᠦᠨ ᠴᠢᠩ ᠰᠡᠳᠭᠢᠯ᠎ᠦᠨ ᠬᠦᠰᠡᠯ ᠨᠠᠢᠳᠠᠯᠭ᠎ᠠ᠎ᠶ᠋ᠢ ᠢᠮᠠᠭ᠍ᠲᠠ ᠪᠠᠲᠤ ᠴᠡᠭᠡᠵᠢᠯᠡᠵᠦ᠍ ᠂ ᠪᠤᠳᠠᠳᠠᠢ ᠵᠢ ᠡᠷᠬᠢᠮᠯᠡᠨ ᠂ ᠡᠯ᠎ᠡ ᠲᠠᠯ᠎ᠠ᠎ᠶ᠋ᠢᠨ ᠡᠬᠢ ᠪᠠᠶᠠᠯᠢᠭ᠎ᠢ ᠨᠡᠢᠳᠭᠡᠵᠦ᠍ ᠵᠠᠯᠠᠭᠤᠴᠤᠳ᠎ᠤᠨ ᠪᠠᠴᠢᠮᠳᠠᠵᠤ ᠬᠦᠴᠢᠷᠳᠡᠵᠦ ᠵᠣᠪᠠᠨᠢᠵᠤ ᠬᠦᠰᠡᠵᠦ ᠪᠠᠢᠭ᠎ᠠ ᠠᠰᠠᠭᠤᠳᠠᠯ᠎ᠢ ᠱᠢᠢᠳᠪᠦᠷᠢᠯᠡᠵᠦ ᠦᠭᠪᠡ᠃
《ᠵᠠᠯᠠᠭᠤᠴᠤᠳ᠎ᠤᠨ ᠰᠣᠨᠣᠰᠭᠠᠯ》 ᠪᠣᠯ ᠵᠠᠯᠠᠭᠤᠴᠤᠳ᠎ᠲᠠᠶ ᠨᠢᠭ᠍ᠲᠠ ᠬᠠᠷᠢᠯᠴᠠᠬᠤ ᠤᠯᠠᠨ ᠲᠦᠮᠡᠨᠴᠢ ᠴᠢᠨᠠᠷᠲᠠᠢ ᠠᠵᠢᠯ ᠪᠣᠯᠤᠨ᠎ᠠ᠂ ᠨᠢᠭᠡᠨᠢᠭᠡ ᠪᠡᠷ ᠬᠠᠷᠢᠭᠤᠯᠲᠠ ᠥᠭ᠌ᠴᠦ ᠂ ᠵᠠᠯᠠᠭᠤᠴᠤᠳ᠎ᠤᠨ ᠪᠤᠳᠤᠵᠤ ᠰᠠᠨᠠᠭ᠍ᠰᠠᠨ ᠵᠦᠢᠯ᠎ᠢ ᠨᠢ ᠰᠣᠨᠣᠰᠴᠤ᠌᠂ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠠᠵᠢᠯ ᠶᠠᠪᠤᠳᠠᠯ ᠬᠢᠬᠦ᠌᠎ᠳᠡᠭᠡᠨ ᠬᠣᠢᠷᠭᠣᠱᠢᠬᠤ ᠦᠭᠡᠢ ᠂ ᠶᠣᠰᠣ ᠲᠦᠷᠢᠮ᠎ᠲᠡᠶ ᠪᠠᠢᠬᠤ ᠲᠦᠷᠢ ᠲᠥᠷᠬᠦ᠌᠎ᠶ᠋ᠢ ᠨᠡᠩ ᠰᠠᠢᠨ ᠱᠤᠭᠤᠵᠤ ᠂ ᠡᠯ᠎ᠡ ᠲᠠᠯ᠎ᠠ᠎ᠶ᠋ᠢᠨ ᠬᠦᠴᠦᠨ᠎ᠢ ᠵᠣᠬᠢᠴᠠᠭᠤᠯᠵᠤ ᠵᠠᠯᠠᠭᠤᠴᠤᠳ᠎ᠲᠤ ᠪᠣᠳᠠᠳᠤ ᠶᠠᠪᠤᠳᠠᠯ ᠬᠢᠵᠦ᠍ ᠦᠭᠴᠦ ᠂ ᠵᠠᠯᠠᠭᠤᠴᠤᠳ᠎ᠤᠨ ᠲᠤᠰᠭᠠᠬ᠍ᠰᠠᠨ ᠬᠡᠷᠡᠭ ᠶᠠᠪᠤᠳᠠᠯ᠎ᠳᠤ ᠬᠠᠷᠢᠭᠤ ᠲᠤᠰᠭᠠᠯ ᠥᠭ᠌ᠴᠦ᠂ ᠡᠪ ᠬᠠᠮᠲᠤ ᠵᠠᠯᠠᠭᠤᠴᠤᠳ᠎ᠤᠨ ᠬᠦᠷᠢᠶᠡᠯᠡᠯ᠎ᠢ ᠤᠯᠤᠨ᠎ᠠ ᠃
ᠦᠨᠳᠦᠰᠦᠨ ᠱᠠᠳᠤᠨ᠎ᠤ ᠵᠠᠰᠠᠯᠳᠠ ᠳ᠋ᠤ ᠬᠦᠴᠦᠨ ᠨᠡᠮᠡᠷᠢᠯᠡᠵᠦ ᠬᠠᠮᠳᠤ ᠪᠡᠷ ᠪᠠᠢᠭᠤᠯᠵᠤ ᠬᠠᠮᠳᠤ ᠪᠡᠷ ᠵᠠᠰᠠᠵᠤ ᠬᠠᠮᠳᠤ ᠪᠡᠷ ᠡᠳ᠋ᠯᠡᠬᠦ ᠵᠢ ᠪᠡᠶᠡᠯᠡᠬᠦᠯᠦᠨ᠎ᠡ
ᠨᠡᠢᠭᠡᠮ ᠲᠣᠭᠣᠷᠢᠭ ᠪᠣᠯ ᠬᠤᠳᠠ᠎ᠶ᠋ᠢᠨ ᠵᠠᠰᠠᠯᠲᠠ᠎ᠶ᠋ᠢᠨ 《ᠰᠠᠭᠤᠷᠢ》 ᠮᠥᠨ᠂ ᠪᠠᠰᠠ ᠴᠤ᠌ ᠵᠠᠯᠠᠭᠤᠴᠤᠳ᠎ᠲᠠᠶ ᠬᠠᠷᠢᠯᠴᠠᠵᠤ ᠵᠠᠯᠠᠭᠤᠴᠤᠳ᠎ᠲᠤ ᠦᠢᠯᠡᠴᠢᠯᠡᠬᠦ᠌ 《ᠡᠴᠦᠰ᠎ᠦᠨ ᠨᠢᠭᠡ ᠺᠢᠯᠤᠮᠸᠲᠷ》 ᠮᠥᠨ᠃ ᠡᠪ ᠬᠠᠮᠲᠤ ᠵᠠᠯᠠᠭᠤᠴᠤᠳ᠎ᠤᠨ ᠡᠪᠯᠡᠯ 《ᠵᠠᠯᠠᠭᠤᠴᠤᠳ᠎ᠤᠨ ᠰᠣᠨᠣᠰᠭᠠᠯ》 ᠢ᠋ 《ᠲᠤᠨᠭᠬᠠᠭ ᠨᠡᠢᠲᠡᠯᠡᠵᠦ ᠲᠦᠷᠦᠭᠦᠯᠡᠨ ᠬᠢᠬᠦ 》 ᠲᠦᠷᠦᠯ ᠵᠦᠢᠯ᠎ᠢ ᠪᠡᠶᠡᠯᠡᠭᠦᠯᠬᠦ᠌ ᠵᠠᠩᠭᠢᠯᠠᠭ᠎ᠠ᠎ᠶ᠋ᠢᠨ ᠠᠷᠭ᠎ᠠ ᠪᠣᠯᠭᠠᠵᠤ᠂ ᠬᠥᠮᠦᠨ ᠨᠢ ᠦᠨᠳᠦᠰᠦᠨ ᠱᠠᠳᠤᠨ ᠳ᠋ᠤ ᠬᠦᠨᠵᠡᠭᠡᠢᠷᠡᠬᠦ᠂ ᠤᠴᠢᠷ ᠶᠠᠪᠤᠳᠠᠯ᠎ᠢ ᠦᠨᠳᠦᠰᠦᠨ ᠱᠠᠲᠤᠨ᠎ᠳᠤ ᠱᠢᠢᠳᠪᠦᠷᠢᠯᠡᠬᠦ᠌᠂ ᠦᠢᠯᠡᠴᠢᠯᠡᠭᠡ᠎ᠪᠡᠨ ᠦᠨᠳᠦᠰᠦᠨ ᠱᠠᠳᠤ ᠲᠡᠢᠰᠢ ᠬᠡᠯᠪᠡᠢᠯᠭᠡᠬᠦ᠌᠎ᠶ᠋ᠢ ᠪᠠᠷᠢᠮᠲᠠᠯᠠᠵᠤ᠂ ᠮᠡᠳᠡᠭᠡ ᠵᠠᠩᠭᠢ᠎ᠶ᠋ᠢ ᠴᠤᠭ᠍ᠯᠠᠭᠤᠯᠬᠤ᠂ ᠠᠰᠠᠭᠤᠳᠠᠯ᠎ᠢ ᠢᠯᠡᠷᠡᠭᠦᠯᠬᠦ᠌᠂ ᠡᠭᠦᠷᠭᠡ᠎ᠶ᠋ᠢ ᠬᠤᠪᠢᠶᠠᠨ ᠱᠢᠢᠳᠪᠦᠷᠢᠯᠡᠬᠦ᠌᠂ ᠬᠠᠮᠵᠢᠯᠴᠠᠨ ᠱᠢᠢᠳᠪᠦᠷᠢᠯᠡᠬᠦ᠌᠂ ᠦᠷ᠎ᠡ ᠳ᠋ᠦᠩ᠎ᠢ ᠬᠠᠷᠢᠭᠤ ᠲᠤᠰᠭᠠᠬᠤ ᠠᠵᠢᠯ᠎ᠤᠨ ᠲᠣᠭ᠍ᠲᠠᠴᠠ᠎ᠶ᠋ᠢ ᠪᠠᠢᠭᠤᠯᠤᠨ ᠪᠦᠷᠢᠨᠱᠢᠬᠦᠯᠵᠤ᠂ ᠡᠪ ᠬᠠᠮᠲᠤ ᠵᠠᠯᠠᠭᠤᠴᠤᠳ᠎ᠤᠨ ᠡᠪᠯᠡᠯ᠎ᠢ ᠨᠡᠢᠭᠡᠮ ᠲᠣᠭᠣᠷᠢᠭ᠎ᠤᠨ ᠨᠠᠮ᠎ᠤᠨ ᠬᠣᠷᠢᠶᠠᠨ᠎ᠤ ᠠᠵᠢᠯ᠎ᠤᠨ ᠬᠦᠴᠦᠲᠡᠢ ᠲᠤᠯᠭᠠᠭᠤᠷᠢᠯᠠᠯ ᠪᠣᠯᠭᠠᠵᠤ᠂ ᠨᠡᠢᠭᠡᠮ ᠲᠣᠭᠣᠷᠢᠭ᠎ᠢ ᠵᠠᠯᠠᠭᠤᠴᠤᠳ᠎ᠤᠨ ᠬᠠᠮᠤᠭ᠎ᠤᠨ ᠰᠠᠨᠠᠭ᠎ᠠ ᠠᠮᠤᠷ᠂ ᠰᠡᠳᠭᠢᠯ ᠠᠮᠤᠷ ᠭᠠᠷᠠᠮ ᠪᠣᠯᠭᠠᠨ᠎ᠠ᠃
ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌᠎ᠳᠦ ᠵᠠᠯᠠᠭᠤ ᠰᠠᠢ᠌ᠨ ᠲᠤᠷᠠᠴᠤᠳ ᠱᠠᠭᠠᠷᠳᠠᠭᠳᠠᠨ᠎ᠠ᠃ ᠬᠥᠬᠡᠬᠣᠲᠠ᠂ ᠮᠠᠨᠵᠤᠤᠷ᠂ ᠡᠷᠢᠶᠡᠨ ᠬᠣᠲᠠ ᠁ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠵᠣᠬᠢᠶᠠᠨ ᠪᠠᠢᠭᠤᠯᠤᠯᠲᠠ᠎ᠶ᠋ᠢᠨ ᠤᠷᠢᠶᠠᠯᠠᠭ᠎ᠠ ᠳᠤᠤᠷ᠎ᠠ᠂ ᠪᠥᠬᠥ᠌ ᠣᠷᠣᠨ᠎ᠤ ᠡᠯ᠎ᠡ ᠭᠠᠵᠠᠷ᠎ᠤᠨ ᠡᠯ᠎ᠡ ᠱᠠᠲᠤᠨ᠎ᠤ ᠡᠪᠯᠡᠯ᠎ᠦᠨ ᠺᠠᠳ᠋ᠷᠴᠤᠳ 5.7 ᠲᠦᠮᠡᠨ ᠰᠠᠢᠨ ᠳᠤᠷᠠᠴᠤᠳ ᠨᠡᠢᠭᠡᠮ ᠲᠣᠭᠣᠷᠢᠭ᠎ᠲᠤ ᠬᠦᠨᠵᠡᠭᠡᠢᠷᠡᠵᠦ᠂ 82 ᠲᠦᠮᠡᠨ ᠲᠥᠭᠥᠷᠢᠭ᠎ᠦᠨ ᠬᠢᠵᠢᠭ᠎ᠢ ᠰᠡᠷᠭᠡᠢᠯᠡᠬᠦ᠌ ᠡᠳ᠋ ᠪᠣᠳᠠᠰ ᠂ 35 ᠲᠣᠨ ᠠᠮᠢᠳᠤᠷᠠᠯ᠎ᠤᠨ ᠡᠳ᠋ ᠪᠣᠳᠠᠰ᠎ᠢ ᠨᠡᠢᠭᠡᠮ ᠲᠣᠭᠣᠷᠢᠭ᠎ᠲᠤ ᠱᠢᠯᠵᠢᠭᠦᠯᠦᠨ ᠬᠦᠷᠭᠡᠵᠦ᠂ ᠬᠢᠵᠢᠭ᠎ᠢ ᠰᠡᠷᠭᠡᠢᠯᠡᠨ ᠬᠢᠵᠢᠭ᠎ᠲᠡᠶ ᠲᠡᠮᠡᠴᠡᠬᠦ᠌ ᠪᠠ ᠠᠵᠢᠯ ᠦᠶ᠋ᠯᠡᠳᠪᠦᠷᠢᠯᠡᠯ᠎ᠢᠶᠡᠨ ᠰᠡᠷᠭᠦᠭᠡᠬᠦ᠌᠎ᠳᠦ ᠵᠠᠯᠠᠭᠤ ᠨᠠᠰᠤᠨ᠎ᠤ ᠬᠦᠴᠦᠨ ᠨᠡᠮᠡᠷᠢᠯᠡᠪᠡ᠃ ᠬᠡᠷᠬᠢᠨ ᠨᠡᠩ ᠤᠯᠠᠨ ᠵᠠᠯᠠᠭᠤᠴᠤᠳ᠎ᠤᠨ ᠨᠡᠢᠭᠡᠮ ᠲᠣᠭᠣᠷᠢᠭ᠎ᠤᠨ ᠵᠠᠰᠠᠯᠲᠠ᠎ᠳᠤ ᠣᠷᠣᠯᠴᠠᠬᠤ᠎ᠶ᠋ᠢ ᠠᠬᠢᠭᠤᠯᠬᠤ ᠨᠢ ᠵᠠᠩᠭᠢᠯᠠᠭ᠎ᠠ᠎ᠶ᠋ᠢᠨ ᠴᠡᠭ ᠪᠣᠯᠬᠤ ᠪᠥᠭᠡᠳ ᠪᠠᠰᠠ ᠬᠦᠴᠢᠷ ᠠᠰᠠᠭᠤᠳᠠᠯ ᠪᠣᠯᠤᠨ᠎ᠠ᠃《ᠵᠠᠯᠠᠭᠤᠴᠤᠳ᠎ᠤᠨ ᠰᠣᠨᠣᠰᠭᠠᠯ》 ᠨᠢ ᠨᠡᠢᠭᠡᠮ ᠲᠣᠭᠣᠷᠢᠭ᠎ᠤᠨ ᠵᠠᠯᠠᠭᠤᠴᠤᠳ᠎ᠤᠨ ᠬᠦᠷᠢᠶᠡᠯᠡᠯ᠎ᠢ ᠣᠯᠤᠭ᠍ᠰᠠᠨ᠎ᠢᠶᠠᠷ ᠪᠠᠷᠠᠬᠤ ᠦᠭᠡᠢ ᠪᠠᠰᠠ ᠮᠠᠯᠵᠢᠬᠤ ᠲᠠᠷᠢᠶᠠᠯᠠᠬᠤ ᠣᠷᠣᠨ᠎ᠤ ᠵᠠᠯᠠᠭᠤᠴᠤᠳ᠎ᠲᠤ ᠬᠠᠯᠠᠭᠤᠨ ᠳᠤᠯᠠᠭᠠᠨ ᠢ ᠬᠦᠷᠳᠡᠭᠡᠨ᠎ᠡ᠃ ᠱᠢᠯᠢ᠎ᠶ᠋ᠢᠨ ᠭᠤᠤᠯ ᠠᠢᠮᠠᠭ᠎ᠤᠨ ᠪᠠᠷᠠᠭᠤᠨ ᠦᠵᠦᠮᠦᠴᠢᠨ ᠬᠣᠱᠢᠭᠤᠨ᠎ᠤ ᠡᠪᠯᠡᠯ᠎ᠦᠨ ᠬᠣᠷᠢᠶ᠎ᠠ 《ᠵᠠᠯᠠᠭᠤᠴᠤᠳ᠎ᠤᠨ ᠰᠣᠨᠣᠰᠭᠠᠯ 》 ᠡᠴᠠ ᠬᠤᠷᠢᠶᠠᠭᠰᠠᠨ ᠰᠠᠨᠠᠯ ᠰᠠᠨᠠᠭᠤᠯᠭ᠎ᠠ ᠪᠠᠨ ᠴᠠᠭ ᠲᠤᠬᠠᠶ᠎ᠳᠤᠨᠢ ᠬᠣᠱᠢᠭᠤᠨ᠎ᠤ ᠨᠠᠮ᠎ᠤᠨ ᠬᠣᠷᠢᠶ᠎ᠠ ᠂ ᠵᠠᠰᠠᠭ᠎ᠤᠨ ᠣᠷᠳᠣᠨ᠎ᠳᠤ ᠲᠤᠰᠭᠠᠵᠤ ᠦᠭᠪᠡ᠃ ᠮᠠᠯᠵᠢᠬᠤ ᠣᠷᠣᠨ᠎ᠤ ᠵᠠᠯᠠᠭᠤᠴᠤᠳ᠎ᠤᠨ ᠦᠶ᠋ᠯᠡᠰ ᠪᠤᠰᠬᠠᠬᠤ ᠬᠠᠷᠠᠭᠠᠯᠵᠠᠯ᠎ᠤᠨ ᠲᠥᠷᠥ᠎ᠶ᠋ᠢᠨ ᠪᠣᠳᠣᠯᠭ᠎ᠠ ᠪᠠ ᠵᠣᠷᠢᠭ᠍ᠵᠢᠭᠤᠯᠤᠯ᠎ᠤᠨ ᠠᠷᠭ᠎ᠠ ᠬᠡᠮᠵᠢᠶ᠎ᠡ᠎ᠵᠢ ᠤᠢᠯᠠᠭᠠᠬᠤ ᠰᠠᠨᠠᠭ᠎ᠠ ᠪᠤᠳᠤᠯ ᠲᠠᠢ ᠬᠦᠮᠦᠰ ᠲᠸ᠋ ᠴᠢᠭᠯᠡᠬᠦᠯᠦᠨ《 ᠵᠠᠯᠠᠭᠤᠴᠤᠳ᠎ᠤᠨ ᠰᠣᠨᠣᠰᠭᠠᠯ》 ᠲᠥᠷᠥ᠎ᠶ᠋ᠢᠨ ᠪᠣᠳᠣᠯᠭ᠎ᠠ᠎ᠶ᠋ᠢᠨ ᠲᠠᠢᠯᠤᠮᠵᠢ᠎ᠶ᠋ᠢ ᠵᠠᠯᠭᠠᠭ᠎ᠠ᠎ᠪᠠᠷ 7 ᠬᠤᠭᠤᠴᠠᠭ᠎ᠠ ᠡᠷᠭᠢᠯᠡᠵᠦ᠍ ᠂ ᠨᠡᠢᠲᠡ 1 ᠲᠦᠮᠡ ᠭᠠᠷᠤᠶ ᠬᠥᠮᠦᠨ ᠭᠥᠯᠢᠶᠡᠨ ᠠᠪᠴᠤ᠌ ᠰᠣᠨᠣᠰᠪᠠ᠃ ᠪᠠᠰᠠ ᠵᠠᠯᠠᠭᠤᠴᠤᠳ᠎ᠢ ᠵᠢᠯᠣᠭᠣᠳᠤᠨ ᠲᠠᠯ᠎ᠠ ᠨᠤᠲᠤᠭ᠎ᠤᠨ ᠪᠦᠬᠦ᠌ ᠣᠷᠣᠨ ᠪᠦᠰᠡ᠎ᠶ᠋ᠢᠨ ᠵᠢᠭᠤᠯᠴᠢᠯᠠᠯ᠎ᠢ ᠳᠡᠯᠭᠡᠷᠡᠭᠦᠯᠬᠦ᠌᠎ᠳᠦ ᠣᠷᠣᠯᠴᠠᠭᠤᠯᠵᠤ ᠂ ᠭᠠᠴᠠᠭᠠᠨ᠎ᠤ ᠮᠠᠯᠴᠢᠳ᠎ᠢ ᠳᠠᠭᠠᠭᠤᠯᠤᠨ ᠣᠷᠣᠯᠭ᠎ᠠ᠎ᠶ᠋ᠢ ᠨᠢ ᠨᠡᠮᠡᠭ᠌ᠳᠡᠭᠦᠯᠦᠨ ᠪᠠᠶᠠᠵᠢᠭᠤᠯᠵᠤ ᠂ ᠬᠥᠳᠡᠭᠡ ᠲᠣᠰᠭᠣᠨ᠎ᠤ ᠠᠵᠤ ᠦᠢᠯᠡᠰ᠎ᠢ ᠬᠥᠭ᠌ᠵᠢᠭᠦᠯᠦᠨ ᠮᠠᠨᠳᠤᠭᠤᠯᠬᠤ᠎ᠳᠤ ᠬᠦᠴᠦᠨ ᠨᠡᠮᠡᠷᠢᠯᠡᠵᠡᠢ᠃
ᠠᠵᠢᠯ᠎ᠤᠨ ᠠᠷᠭ᠎ᠠ ᠬᠡᠯᠪᠡᠷᠢ᠎ᠶ᠋ᠢᠨ ᠱᠢᠨ᠎ᠡ᠎ᠶ᠋ᠢ ᠡᠭᠦᠳᠴᠦ᠍ ᠱᠢᠨ᠎ᠡ ᠬᠦᠷᠢᠶ᠎ᠡ ᠴᠠᠷᠠᠭ᠎ᠠ ᠱᠢᠨ᠎ᠡ ᠪᠦᠯᠬᠦᠮ ᠴᠤᠭᠴᠠ ᠳ᠋ᠤ ᠦᠶ᠋ᠯᠡᠴᠢᠯᠡᠨ᠎ᠡ
ᠬᠤᠳᠠ᠎ᠶ᠋ᠢᠨ ᠱᠢᠨ᠎ᠡ ᠡᠵᠡᠩᠨᠡᠯᠲᠡ᠎ᠶ᠋ᠢᠨ ᠬᠡᠯᠪᠡᠷᠢ ᠱᠢᠨ᠎ᠡ ᠠᠵᠢᠯ ᠣᠯᠭᠣᠬᠰᠠᠳᠤ᠋ᠨ ᠶᠡᠬᠡ ᠬᠡᠮᠵᠢᠶ᠎ᠡ ᠪᠡᠷ ᠴᠣᠯᠭᠣᠷᠠᠨ ᠭᠠᠷᠬᠤ᠎ᠶ᠋ᠢ ᠳᠠᠭᠠᠯᠳᠤᠨ᠂ ᠡᠯ᠎ᠡ ᠭᠠᠵᠠᠷ᠎ᠤᠨ ᠬᠢᠨ《ᠵᠠᠯᠠᠭᠤᠴᠤᠳ᠎ᠤᠨ ᠰᠤᠨᠤᠰᠬᠠᠯ》 ᠠᠵᠢᠯ ᠤᠨ ᠣᠢᠯᠠᠭᠠᠭ᠍ᠳᠠᠬᠤᠨ᠂ ᠰᠡᠳᠭᠢᠴᠡ ᠪᠠ ᠠᠷᠭ᠎ᠠ ᠬᠡᠯᠪᠡᠷᠢ᠎ᠪᠡᠨ ᠲᠠᠰᠤᠷᠠᠯᠲᠠ ᠦᠭᠡᠢ ᠱᠢᠨᠡᠴᠢᠯᠡᠵᠦ᠍᠂ ᠵᠠᠯᠠᠭᠤᠴᠤᠳ ᠤᠨ ᠦᠵᠡᠯ ᠰᠠᠨᠠᠭ᠎ᠠ ᠬᠦᠰᠡᠯ ᠡᠷᠡᠮᠡᠯᠵᠡᠯ᠎ᠢ ᠦᠨᠡᠨ ᠬᠦ᠌ ᠣᠢᠯᠠᠭᠠᠵᠤ᠂ ᠵᠠᠯᠠᠭᠤᠴᠤᠳ᠎ᠤᠨ ᠬᠠᠮᠤᠭ᠎ᠤᠨ ᠦᠨᠡᠨ ᠪᠣᠳᠠᠲᠠᠢ ᠰᠡᠳᠭᠢᠯ ᠦᠨ ᠳᠠᠭᠤᠨ ᠢ ᠦᠨᠡᠨ ᠬᠦ᠌ ᠰᠣᠨᠣᠰᠴᠤ᠌᠂ 《ᠵᠠᠯᠠᠭᠤᠴᠤᠳ᠎ᠤᠨ ᠰᠤᠨᠤᠰᠬᠠᠯ》 ᠢ᠋ ᠵᠠᠯᠠᠭᠤᠴᠤᠳ᠎ᠲᠠᠶ ᠨᠠᠢᠵᠠᠯᠠᠬᠤ᠂ ᠵᠠᠯᠠᠭᠤᠴᠤᠳ ᠤᠨ ᠬᠦᠴᠢᠷᠳᠡᠯ ᠢ ᠱᠢᠢᠳᠪᠦᠷᠢᠯᠡᠬᠦ᠌᠂ ᠡᠪᠯᠡᠯ ᠦᠨ ᠺᠠᠳ᠋ᠷ ᠤᠨ ᠡᠬᠦᠷᠭᠡᠯᠡᠯ ᠡᠭᠦᠷᠭᠡᠯᠡᠨ ᠵᠢᠳᠬᠦᠯ ᠴᠢᠷᠮᠠᠢᠯᠭ᠎ᠠ ᠭᠠᠷᠭᠠᠬᠤ ᠠᠵᠢᠯ᠎ᠤᠨ ᠠᠴᠢᠶᠠᠯᠠᠪᠤᠷᠢ ᠪᠠ ᠠᠮᠢᠳᠤᠯᠢᠭ ᠦᠢᠯᠡᠳᠦᠯᠭᠡ ᠪᠣᠯᠭᠠᠪᠠ᠃
ᠲᠦᠷᠭᠡᠨ ᠬᠦᠷᠭᠡᠭ᠌ᠴᠢ᠂ ᠵᠠᠬᠢᠶᠠᠯᠠᠭ᠎ᠠ᠎ᠶ᠋ᠢᠨ ᠬᠣᠭᠣᠯᠠ ᠬᠦᠷᠭᠡᠭ᠌ᠴᠢ᠂ ᠠᠴᠢᠶᠠᠨ᠎ᠤ ᠮᠠᠱᠢᠨ᠎ᠤ ᠵᠢᠯᠣᠭᠣᠴᠢ᠂ ᠰᠦᠯᠵᠢᠶ᠎ᠡ᠎ᠪᠡᠷ ᠪᠣᠯᠵᠣᠬᠤ ᠮᠠᠱᠢᠨ᠎ᠤ ᠵᠢᠯᠣᠭᠣᠴᠢ ᠵᠡᠷᠭᠡ ᠠᠵᠢᠯ ᠬᠢᠵᠦ᠍ ᠪᠠᠢᠭ᠎ᠠ ᠵᠠᠯᠠᠭᠤᠴᠤᠳ 《ᠤᠮᠳᠠᠭᠠᠰᠪᠠᠯ ᠤᠤᠭᠤᠬᠤ ᠤᠰᠤᠲᠠᠶ᠂ ᠬᠠᠯᠠᠭᠤᠳᠠᠪᠠᠯ ᠰᠡᠷᠢᠭᠦᠴᠡᠵᠦ᠍ ᠲᠡᠢᠯᠬᠦ᠂ ᠶᠠᠳᠠᠷᠠᠪᠠᠯ ᠠᠮᠠᠷᠠᠵᠤ ᠳᠡᠢᠯᠬᠦ᠌᠂ ᠬᠦᠴᠢᠷᠳᠡᠪᠡᠯ ᠵᠣᠬᠢᠴᠠᠭᠤᠯᠵᠤ ᠳᠡᠢᠯᠬᠦ᠌》 ᠪᠣᠯ ᠲᠡᠳᠡᠨ᠎ᠦ ᠬᠠᠮᠤᠭ᠎ᠤᠨ ᠲᠦᠭᠡᠮᠡᠯ ᠬᠦᠰᠡᠯ ᠱᠠᠭᠠᠷᠳᠠᠯᠭ᠎ᠠ ᠪᠣᠯᠤᠨ᠎ᠠ᠃ ᠲᠦᠩᠯᠢᠶᠣᠤ ᠬᠣᠲᠠ᠎ᠶ᠋ᠢᠨ ᠡᠪᠯᠡᠯ᠎ᠦᠨ ᠬᠣᠷᠢᠶ᠎ᠠ ᠨᠠᠮ ᠪᠠ ᠣᠯᠠᠨ ᠲᠦᠮᠡᠨ᠎ᠦ ᠦᠶ᠋ᠯᠡᠴᠢᠯᠡᠭᠡᠨ᠎ᠦ ᠲᠥᠪ᠎ᠲᠦ ᠲᠦᠱᠢᠭ᠌ᠯᠡᠨ᠂ ᠲᠦᠷᠦᠭᠦᠦ ᠪᠦᠯᠦᠭ᠎ᠦᠨ 10 《ᠨᠠᠮ ᠡᠪᠯᠡᠯ᠎ᠦᠨ ᠦᠶ᠋ᠯᠡᠴᠢᠯᠡᠭᠡᠨ ᠦ ᠥᠷᠲᠡᠭᠡ》 ᠶ᠋ᠢ ᠪᠠᠷᠢᠮᠵᠢᠶᠠᠵᠢᠭᠤᠯᠤᠨ ᠪᠥᠲᠥᠭᠡᠨ ᠪᠠᠢᠭᠤᠯᠵᠤ᠂ ᠲᠡᠳᠡᠨ ᠳᠦ ᠬᠡᠷ ᠪᠦᠯᠢ᠎ᠶ᠋ᠢᠨ ᠬᠠᠯᠠᠭᠤᠨ ᠳᠤᠯᠠᠭᠠᠨ᠎ᠢ ᠮᠡᠳᠡᠷᠡᠭᠦᠯᠪᠡ᠃ ᠠᠯᠠᠱᠠ ᠠᠢᠮᠠᠭ᠎ᠤᠨ ᠡᠪᠯᠡᠯ᠎ᠤᠨ ᠬᠣᠷᠢᠶ᠎ᠠ ᠲᠦᠷᠭᠡᠨ ᠬᠦᠷᠭᠡᠭ᠌ᠴᠢ᠎ᠳᠦ ᠬᠠᠨᠳᠤᠭᠤᠯᠤᠨ 《ᠬᠠᠢᠷ᠎ᠠ ᠬᠠᠯᠠᠮᠵᠢ ᠬᠦᠷᠳᠡᠭᠡᠬᠦ ᠠᠵᠢᠯᠯᠠᠭ᠎ᠠ》 ᠶ᠋ᠢ 7 ᠲᠠᠯᠠᠪᠤᠷ ᠤᠳᠠᠭ᠎ᠠ ᠥᠷᠨᠢᠭᠦᠯᠵᠦ᠍᠂ 300 ᠭᠠᠷᠤᠢ ᠲᠦᠷᠭᠡᠨ ᠬᠦᠷᠭᠡᠭ᠌ᠴᠢ᠎ᠶ᠋ᠢ ᠬᠠᠯᠠᠮᠵᠢᠯᠠᠨ ᠲᠡᠳᠬᠦᠪᠡ᠃ ᠱᠢᠯᠢ ᠶ᠋ᠢᠨ ᠭᠤᠤᠯ ᠠᠢᠮᠠᠭ ᠤᠨ ᠡᠪᠯᠡᠯ ᠦᠨ ᠬᠣᠷᠢᠶ᠎ᠠ ᠪᠡᠶ᠎ᠡ ᠪᠠᠢᠴᠠᠭᠠᠬᠤ ᠲᠥᠪ ᠲᠠᠢ ᠬᠤᠯᠪᠤᠭᠠᠯᠠᠨ ᠲᠦᠷᠭᠡᠨ ᠬᠦᠷᠭᠡᠯᠲᠡ᠎ᠶ᠋ᠢᠨ ᠠᠵᠢᠯ ᠡᠷᠭᠢᠯᠡᠵᠦ᠍ ᠪᠠᠢᠭ᠎ᠠ ᠵᠠᠯᠠᠭᠤᠴᠤᠳ᠎ᠲᠤ ᠪᠡᠶ᠎ᠡ᠎ᠶ᠋ᠢᠨ ᠪᠠᠢᠴᠠᠭᠠᠯᠲᠠ ᠶ᠋ᠢᠨ ᠬᠠᠷᠠᠭᠠᠯᠵᠠᠯ ᠦᠵᠡᠭᠦᠯᠬᠦ᠌ ᠦᠶ᠋ᠯᠡᠴᠢᠯᠡᠭᠡ ᠬᠠᠩᠭᠠᠪᠠ᠃ ᠪᠤᠭᠤᠲᠤ ᠬᠣᠲᠠ᠎ᠶ᠋ᠢᠨ ᠬᠥᠨᠳᠡᠯᠡᠨ ᠲᠣᠭᠣᠷᠢᠭ᠎ᠤᠨ ᠡᠪᠯᠡᠯ᠎ᠦᠨ ᠬᠣᠷᠢᠶ᠎ᠠ 《ᠡᠴᠢᠭᠡᠴᠦᠦᠯᠤᠨ ᠪᠠᠶᠠᠷ》 ᠤ᠋ᠨ ᠡᠳᠦᠷ ᠺᠢᠨᠣ᠋ ᠦᠵᠡᠬᠦ᠌ ᠲᠤᠰᠭᠠᠶ ᠠᠵᠢᠯᠯᠠᠭ᠎ᠠ ᠦᠷᠨᠢᠭᠦᠯᠪᠡ᠃
ᠬᠥᠬᠡᠬᠣᠲᠠ᠎ᠶ᠋ᠢᠨ ᠡᠪᠯᠡᠯ᠎ᠦᠨ ᠬᠣᠷᠢᠶ᠎ᠠ 《ᠵᠠᠯᠠᠭᠤᠴᠤᠳ ᠤᠨ ᠰᠤᠨᠤᠰᠬᠠᠯ》 ᠪᠣᠳᠠᠲᠤ ᠴᠣᠭ᠍ᠴᠠ ᠶ᠋ᠢᠨ ᠵᠢᠭ᠍ᠰᠠᠭᠠᠯ᠎ᠤᠨ ᠭᠠᠵᠠᠷ᠎ᠢ ᠪᠠᠢᠭᠤᠯᠵᠤ᠂ ᠬᠤᠳᠠᠯᠳᠤᠭᠠᠨ ᠤ ᠲᠣᠭᠣᠷᠢᠭ ᠤᠨ ᠵᠠᠯᠠᠭᠤᠴᠤᠳ ᠲᠥᠪᠯᠡᠷᠡᠭ᠌ᠰᠡᠨ ᠭᠠᠵᠠᠷ᠎ᠲᠤ ᠤᠯᠤᠰ ᠲᠦᠷᠦ᠍᠎ᠶ᠋ᠢᠨ ᠵᠥᠪᠯᠡᠯᠭᠡᠨ᠎ᠦ ᠡᠪ ᠬᠠᠮᠲᠤ ᠵᠠᠯᠠᠭᠤᠴᠤᠳ᠎ᠤᠨ ᠡᠪᠯᠡᠯ ( ᠵᠠᠯᠠᠭᠤᠴᠤᠳ᠎ᠤᠨ ᠬᠣᠯᠪᠣᠭ᠎ᠠ)᠎ᠤ᠋ᠨ ᠡᠲᠡᠭᠡᠳ᠎ᠦᠨ ᠢᠯᠭᠠᠯ᠎ᠤᠨ ᠭᠡᠱᠢᠭᠦᠨ᠎ᠦ ᠠᠵᠢᠯᠯᠠᠬᠤ ᠲᠠᠰᠤᠭ᠎ᠢ ᠪᠠᠢᠭᠤᠯᠵᠤ᠂ ᠵᠠᠯᠠᠭᠤᠴᠤᠳ᠎ᠲᠠᠶ ᠬᠠᠷᠢᠯᠴᠠᠵᠤ᠂ ᠠᠷᠠᠳ᠎ᠤᠨ ᠰᠠᠨᠠᠭ᠎ᠠ᠎ᠶ᠋ᠢ ᠲᠤᠰᠭᠠᠵᠤ᠂ ᠠᠷᠠᠳ᠎ᠤᠨ ᠠᠮᠢᠳᠤᠷᠠᠯ᠎ᠳᠤ ᠦᠢᠯᠡᠴᠢᠯᠡᠪᠡ᠃ ᠵᠠᠯᠠᠭᠤᠴᠤᠳ 《ᠵᠠᠯᠠᠭᠤᠴᠤᠳ᠎ᠤᠨ ᠰᠤᠨᠤᠰᠬᠠᠯ》 ᠵᠢᠡᠷ ᠳᠠᠮᠵᠢᠭᠤᠯᠤᠨ ᠵᠠᠯᠠᠭᠤᠴᠤᠳ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠠᠵᠢᠯᠯᠠᠭ᠎ᠠ᠎ᠳᠤ ᠣᠷᠣᠯᠴᠠᠬᠤ ᠬᠦᠰᠡᠯ ᠰᠠᠨᠠᠭ᠎ᠠ ᠪᠠᠨ ᠢᠯᠡᠳᠭᠡᠵᠦ᠍᠂ ᠵᠠᠯᠠᠭᠤ ᠨᠠᠰᠤᠨ᠎ᠤ ᠬᠦᠴᠦᠨ ᠴᠢᠳᠠᠯ ᠵᠢᠡᠨ ᠨᠡᠢᠭᠡᠮ᠎ᠳᠦ ᠵᠣᠷᠢᠭᠤᠯᠤᠨ᠎ᠠ᠃ ᠪᠥᠬᠥ᠌ ᠣᠷᠣᠨ᠎ᠤ ᠣᠯᠠᠨ ᠠᠢᠮᠠᠭ ᠬᠣᠲᠠ᠂ ᠬᠣᠱᠢᠭᠤ ᠱᠢᠶᠠᠨ ᠲᠣᠭᠣᠷᠢᠭ᠎ᠤᠨ ᠡᠪᠯᠡᠯ᠎ᠦᠨ ᠬᠣᠷᠢᠶ᠎ᠠ ᠡᠪᠯᠡᠯ᠎ᠦᠨ ᠭᠡᠱᠢᠭᠦᠨ᠎ᠢᠶᠡᠷ ᠭᠤᠤᠯᠯᠠᠭ᠍ᠴᠢ ᠪᠣᠯᠭᠠᠵᠤ ᠵᠠᠬᠢᠶᠠᠯᠠᠭ᠎ᠠ ᠶ᠋ᠢᠨ ᠬᠣᠭᠣᠯᠠ ᠬᠦᠷᠭᠡᠬᠦ᠌᠂ ᠲᠦᠷᠭᠡᠨ ᠬᠦᠷᠭᠡᠯᠲᠡ᠂ ᠰᠦᠯᠵᠢᠶ᠎ᠡ ᠪᠡᠷ ᠲᠡᠷᠭᠡ ᠪᠣᠯᠵᠣᠬᠤ᠂ ᠬᠡᠲᠦ ᠳᠡᠯᠭᠡᠭᠦᠷ᠎ᠦᠨ ᠮᠡᠳᠡᠭᠡ ᠵᠠᠩᠭᠢᠴᠢ᠂ ᠣᠷᠣᠯᠠᠨ ᠵᠢᠯᠣᠭᠣᠳᠭᠤ ᠵᠡᠷᠭᠡ ᠱᠢᠨ᠎ᠡ᠎ᠪᠡᠷ ᠮᠠᠨᠳᠤᠭ᠍ᠰᠠᠨ ᠬᠦᠷᠢᠶ᠎ᠡ ᠴᠠᠷᠠᠭᠠᠨ᠎ᠦ ᠵᠠᠯᠠᠭᠤᠴᠤᠳ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠠᠩᠭᠢ ᠶ᠋ᠢ ᠵᠣᠬᠢᠶᠠᠨ ᠪᠠᠢᠭᠤᠯᠵᠤ᠂ ᠬᠡᠪ ᠦᠨ ᠪᠤᠰᠤ ᠪᠠᠢᠳᠠᠯ ᠢ ᠤᠷᠢᠳᠴᠢᠯᠠᠨ ᠰᠡᠷᠡᠮᠵᠢᠯᠡᠭᠦᠯᠬᠦ᠌᠂ ᠭᠡᠨᠡᠳᠲᠡ᠎ᠶ᠋ᠢᠨ ᠬᠡᠷᠡᠭ᠎ᠢ ᠱᠢᠭᠤᠳ ᠮᠡᠳᠡᠭᠦᠯᠬᠦ᠌᠂ ᠪᠢᠲᠡᠭᠦᠮᠵᠢᠯᠡᠨ ᠡᠵᠡᠮᠳᠡᠬᠦ᠌ ᠣᠷᠣᠨ᠎ᠤ ᠡᠳ᠋ ᠪᠣᠳᠠᠰ᠎ᠢ ᠲᠣᠬᠢᠷᠠᠭᠤᠯᠤᠨ ᠬᠦᠷᠭᠡᠬᠦ᠌ ᠵᠡᠷᠭᠡ ᠠᠵᠢᠯ᠎ᠢ ᠰᠠᠢᠲᠤᠷ ᠬᠢᠬᠦ᠌᠎ᠳᠦ ᠣᠷᠣᠯᠴᠠᠭ᠍ᠰᠠᠨ ᠪᠥᠭᠡᠳ ᠡᠯ᠎ᠡ ᠱᠢᠨ᠎ᠡ ᠪᠡᠷ ᠮᠠᠨᠳᠤᠭ᠍ᠰᠠᠨ ᠬᠦᠷᠢᠶ᠎ᠡ ᠴᠠᠷᠠᠭᠠᠨ᠎ᠦ ᠵᠠᠯᠠᠭᠤᠴᠤᠳ᠎ᠠᠴᠠ ᠵᠠᠯᠠᠭᠤᠴᠤᠳ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠥᠷᠲᠡᠭᠡ᠎ᠶ᠋ᠢ ᠲᠠᠰ ᠳᠡᠪᠱᠢᠭᠦᠯᠦᠨ ᠱᠢᠯᠢᠳᠡᠭ᠌ᠵᠢᠭᠦᠯᠬᠦ᠌ ᠲᠤᠬᠠᠢ ᠰᠠᠨᠠᠯ ᠰᠠᠨᠠᠭᠤᠯᠭ᠎ᠠ ᠴᠤᠭ᠍ᠯᠠᠭᠤᠯᠵᠤ᠂ ᠱᠢᠨ᠎ᠡ᠎ᠪᠡᠷ ᠮᠠᠨᠳᠤᠭ᠍ᠰᠠᠨ ᠬᠦᠷᠢᠶ᠎ᠡ ᠴᠠᠷᠠᠭᠠᠨ᠎ᠦ ᠵᠠᠯᠠᠭᠤᠴᠤᠳ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡ᠎ᠶ᠋ᠢ ᠬᠡᠷᠬᠢᠨ ᠨᠠᠩ ᠰᠠᠢᠲᠤᠷ ᠬᠥᠭ᠌ᠵᠢᠭᠦᠯᠬᠦ᠌ ᠲᠤᠬᠠᠶ ᠰᠠᠨᠠᠯ ᠰᠠᠨᠠᠭᠤᠯᠭ᠎ᠠ ᠳᠤᠷᠠᠳᠭᠤ᠎ᠶ᠋ᠢ ᠵᠣᠷᠢᠭ᠍ᠵᠢᠭᠤᠯᠪᠠ᠃
ᠵᠠᠯᠠᠭᠤᠴᠤᠳ ᠲᠸ᠋ ᠪᠣᠳᠠᠲᠠᠢ ᠠᠵᠢᠯ ᠬᠢᠵᠦ᠍ ᠦᠭᠴᠦ ᠨᠠᠮ᠎ᠤᠨ ᠬᠠᠢᠷ᠎ᠠ ᠬᠠᠯᠠᠮᠵᠢ᠎ᠶ᠋ᠢ ᠭᠦᠢᠴᠡᠳ ᠳᠠᠮᠵᠢᠭᠤᠯᠤᠨ᠎ᠠ
ᠪᠥᠬᠥ᠌ ᠣᠷᠣᠨ᠎ᠤ ᠡᠯ᠎ᠡ ᠭᠠᠵᠠᠷ᠎ᠤᠨ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠬᠢᠨ 《ᠵᠠᠯᠠᠭᠤᠴᠤᠳ᠎ᠤᠨ ᠰᠤᠨᠤᠰᠬᠠᠯ》 ᠢ᠋ ᠠᠵᠢᠯ᠎ᠤᠨ ᠰᠤᠷᠲᠠᠯ᠎ᠢ ᠴᠢᠩᠭᠠᠳᠭᠠᠨ ᠰᠠᠢᠵᠢᠷᠠᠭᠤᠯᠬᠤ ᠬᠦᠴᠦᠲᠡᠶ ᠠᠷᠭ᠎ᠠ ᠬᠡᠮᠵᠢᠶ᠎ᠡ ᠪᠣᠯᠭᠠᠵᠤ᠂ ᠭᠣᠸ᠋ᠯᠳᠠᠯᠭᠠᠶ᠋ᠢᠨ ᠲᠣᠭᠣᠷᠢᠨ᠎ᠳᠤ ᠶᠡᠬᠡ ᠲᠠᠯ᠎ᠠ᠎ᠳᠤ ᠦᠶ᠋ᠯᠡᠴᠢᠯᠡᠬᠦ ᠵᠢ ᠴᠢᠩᠭᠠᠳᠬᠠᠨ᠂《ᠥᠩᠭᠡᠪᠴᠢ》᠂《ᠭᠦᠢᠭᠡᠨ》 ᠠᠯᠪᠠ ᠬᠠᠰᠢᠬᠤ ᠠᠵᠢᠯᠯᠠᠭ᠎ᠠ ᠶ᠋ᠢ ᠴᠢᠩᠭ᠎ᠠ ᠴᠠᠭᠠᠵᠠᠯᠠᠵᠤ᠂ ᠵᠠᠯᠠᠭᠤᠴᠤᠳ᠎ᠤᠨ ᠬᠡᠷᠡᠭ᠌ᠴᠡᠭᠡ ᠱᠠᠭᠠᠷᠳᠠᠯᠭ᠎ᠠ᠎ᠶ᠋ᠢ ᠥᠯᠥ᠍ ᠪᠤᠳᠤᠯᠬᠢᠯᠠᠬᠰᠠᠨ᠂ ᠶᠣᠰᠣ᠎ᠶ᠋ᠢᠨ ᠲᠡᠳᠦᠶ ᠶᠤᠤᠯᠠᠵᠤ ᠶᠠᠩᠵᠤ ᠵᠢᠨ ᠲᠡᠳᠦᠢ ᠠᠵᠢᠯᠯᠠᠭ᠎ᠠ ᠥᠷᠨᠢᠭᠦᠯᠬᠦ᠌᠎ᠶ᠋ᠢ ᠲᠠᠰᠤ ᠬᠣᠷᠢᠭ᠍ᠯᠠᠵᠤ᠂ 《ᠵᠠᠯᠠᠭᠤᠴᠤᠳ᠎ᠤᠨ ᠰᠤᠨᠤᠰᠬᠠᠯ》 ᠢ᠋ ᠵᠠᠯᠠᠭᠤᠴᠤᠳ᠎ᠤᠨ ᠲᠤᠮᠳᠠ ᠦᠨᠡᠨ ᠬᠦ᠌ ᠬᠦᠨᠵᠡᠭᠡᠢᠷᠡᠬᠦ ᠦᠨᠡᠨ ᠪᠤᠳᠠᠳᠠᠢ ᠠᠵᠢᠯᠯᠠᠭ᠎ᠠ ᠪᠤᠯᠭᠠᠨ ᠵᠠᠯᠠᠭᠤᠴᠤᠳ᠎ᠤᠨ ᠪᠠᠢᠳᠠᠯ᠎ᠢ ᠦᠨᠡᠨ ᠪᠤᠳᠠᠳᠠᠢ ᠤᠢᠯᠠᠭᠠᠵᠤ᠂ ᠵᠠᠯᠠᠭᠤᠴᠤᠳ᠎ᠤᠨ ᠨᠡᠢᠳᠡᠮ᠎ᠦᠨ ᠬᠦᠰᠡᠯ ᠱᠠᠭᠠᠷᠳᠠᠯᠭ᠎ᠠ᠎ᠳᠤ ᠴᠢᠭ᠌ᠯᠡᠭᠦᠯᠦᠨ᠂ ᠲᠦᠷᠦ᠍᠎ᠶ᠋ᠢᠨ ᠪᠤᠳᠤᠯᠭ᠎ᠠ᠎ᠪᠠᠷ ᠬᠦᠳᠦᠯᠦᠨ ᠵᠢᠯᠣᠭᠣᠳᠭᠤ ᠪᠠ ᠨᠡᠢᠭᠡᠮ᠎ᠦᠨ ᠰᠠᠨᠠᠭᠠᠴᠢᠯᠠᠭ᠎ᠠ᠎ᠶ᠋ᠢ ᠴᠢᠩᠭᠠᠳᠭᠠᠵᠤ᠂ ᠵᠠᠯᠠᠭᠤᠴᠤᠳ᠎ᠢ ᠨᠡᠩ ᠤᠯᠠᠨ ᠬᠦᠷᠲᠡᠮᠵᠢ᠎ᠶ᠋ᠢᠨ ᠲᠦᠷᠦᠭ᠌ᠳᠡᠯ᠂ ᠵᠣᠯ ᠵᠢᠷᠭᠠᠯᠲᠤ ᠲᠦᠷᠦᠭ᠌ᠳᠡᠯ᠎ᠲᠡᠶ ᠪᠣᠯᠭᠠᠵᠤ᠂ ᠨᠠᠮ᠎ᠤᠨ ᠬᠠᠢᠷ᠎ᠠ ᠬᠠᠯᠠᠮᠵᠢ᠎ᠶ᠋ᠢ ᠵᠠᠯᠠᠭᠤᠴᠤᠳ᠎ᠲᠤ ᠭᠦᠢᠴᠡᠳ ᠳᠠᠮᠵᠢᠭᠤᠯᠪᠠ᠃
256 ᠵᠢᠵᠢᠭ ᠪᠢᠴᠢᠯ ᠠᠵᠤ ᠠᠬᠤᠢᠯᠠᠯ᠎ᠲᠠᠶ ᠵᠣᠯᠭᠠᠭᠤᠯᠵᠤ᠂ 3062 ᠦᠢᠯᠡᠰ ᠪᠤᠰᠭᠠᠬᠤ ᠵᠠᠯᠠᠭᠤᠴᠤᠳ᠎ᠲᠤ 4095 ᠲᠦᠮᠡᠨ ᠲᠥᠭᠥᠷᠢᠭ᠎ᠦᠨ ᠳᠣᠣᠷ᠎ᠠ ᠬᠦᠦ᠍᠎ᠲᠡᠶ ᠵᠢᠭᠡᠯᠡᠯᠭᠡ ᠬᠠᠩᠭᠠᠵᠤ᠂ 266 ᠤᠳᠠᠭ᠎ᠠ᠎ᠶ᠋ᠢᠨ ᠰᠦᠯᠵᠢᠶᠡᠨ ᠳᠡᠭᠡᠷᠡᠬᠢ ᠪᠠ ᠪᠤᠳᠠᠳᠤ ᠴᠤᠬᠴᠠ ᠵᠢᠨ ᠠᠵᠢᠯᠲᠠᠨ ᠡᠯᠰᠡᠬᠦ᠌ ᠴᠤᠭ᠍ᠯᠠᠭᠠᠨ᠎ᠢ ᠡᠷᠬᠢᠯᠡᠵᠦ᠍᠂ ᠠᠵᠢᠯ ᠡᠷᠢᠬᠦ᠌ ᠵᠠᠯᠠᠭᠤᠴᠤᠳ᠎ᠲᠤ 32.17 ᠲᠦᠮᠡᠨ ᠬᠥᠮᠦᠨ ᠤᠳᠠᠭ᠎ᠠ ᠦᠢᠯᠡᠴᠢᠯᠡᠵᠦ᠍᠂ 73690 ᠭᠠᠷᠤᠢ ᠵᠠᠯᠠᠭᠤᠴᠤᠳᠲᠸ᠋ ᠠᠵᠢᠯ᠎ᠤᠨ ᠪᠠᠢᠷᠢ ᠬᠠᠩᠭᠠᠵᠤ᠂ 15487 ᠵᠠᠯᠠᠭᠤᠴᠤᠳ᠎ᠢ ᠬᠠᠪᠰᠤᠷᠤᠨ ᠠᠵᠢᠯ ᠣᠯᠭᠣᠪᠠ ᠁ ᠠᠯᠢ ᠤᠯᠠᠨ ᠲᠣᠭ᠎ᠠ ᠪᠠᠷᠢᠮᠲᠠ᠎ᠨᠢ 《ᠵᠠᠯᠠᠭᠤᠴᠤᠳ᠎ᠤᠨ ᠰᠤᠨᠤᠰᠬᠠᠯ》 ᠤ᠋ᠨ ᠡᠪᠯᠡᠯ᠎ᠤᠨ ᠺᠠᠳ᠋ᠷᠴᠤᠳ᠎ᠤᠨ ᠣᠷᠭᠢᠯᠤᠮ᠎ᠠ ᠬᠠᠯᠠᠭᠤᠨ ᠵᠢᠳᠬᠦᠯ ᠴᠢᠷᠮᠠᠢᠯᠭ᠎ᠠ ᠵᠢ ᠠᠭᠤᠯᠵᠤ ᠪᠠᠢᠳᠠᠭ ᠃
7 ᠰᠠᠷ᠎ᠠ᠎ᠶ᠋ᠢᠨ 12 ᠤ᠋ᠨ ᠡᠳᠦᠷ ᠪᠣᠯᠲᠠᠯ᠎ᠠ᠂ ᠪᠥᠬᠥ᠌ ᠣᠷᠣᠨ᠎ᠤ ᠡᠯ᠎ᠡ ᠭᠠᠵᠠᠷ᠎ᠤᠨ ᠡᠪ ᠬᠠᠮᠲᠤ ᠵᠠᠯᠠᠭᠤᠴᠤᠳ᠎ᠤᠨ ᠡᠪᠯᠡᠯ 356 ᠲᠠᠯᠠᠪᠠᠢ《ᠵᠠᠯᠠᠭᠤᠴᠤᠳ᠎ᠤᠨ ᠰᠤᠨᠤᠰᠬᠠᠯ》ᠠᠵᠢᠯᠯᠠᠭ᠎ᠠ ᠥᠷᠨᠢᠭᠦᠯᠵᠦ᠍᠂ 3.5 ᠲᠦᠮᠡ ᠱᠢᠬᠠᠮ ᠵᠠᠯᠠᠭᠤᠴᠤᠳ ᠪᠠᠭᠠᠴᠤᠳ᠎ᠲᠠᠶ ᠨᠢᠭᠤᠷᠳᠠᠨ ᠬᠠᠷᠢᠯᠴᠠᠵᠤ᠂ ᠠᠵᠢᠯᠯᠠᠭ᠎ᠠ ᠨᠢ 30 ᠲᠦᠮᠡ ᠱᠢᠬᠠᠮ ᠵᠠᠯᠠᠭᠤᠴᠤᠳ᠎ᠢ ᠪᠦᠳᠦᠮᠵᠢᠳᠡᠢ ᠬᠠᠮᠤᠷᠴᠠᠢ᠃ 《ᠵᠠᠯᠠᠭᠤᠴᠤᠳ᠎ᠤᠨ ᠰᠤᠨᠤᠰᠬᠠᠯ》 ᠨᠢ ᠨᠢᠭᠡᠨᠲᠡ ᠵᠠᠯᠠᠭᠤᠴᠤᠳ᠎ᠤᠨ ᠬᠦᠴᠢᠷᠳᠡᠯ᠎ᠢ ᠱᠢᠶ᠋ᠳᠪᠦᠷᠢᠯᠡᠵᠦ᠍ ᠥᠭ᠌ᠬᠦ᠂ ᠨᠠᠮ ᠵᠠᠰᠠᠭ᠎ᠲᠤ ᠮᠡᠳᠡᠭᠡ ᠵᠠᠩᠭᠢ ᠳᠠᠮᠵᠢᠭᠤᠯᠬᠤ᠂ ᠨᠡᠢᠭᠡᠮ᠎ᠦᠨ ᠡᠶ᠎ᠡ ᠵᠤᠬᠢᠴᠠᠩᠭᠤᠢ ᠵᠢ ᠠᠬᠢᠭᠤᠯᠬᠤ ᠰᠠᠢᠨ ᠰᠠᠢᠬᠠᠨ ᠪᠠᠢᠳᠠᠯ᠎ᠢ ᠪᠤᠢ ᠪᠤᠯᠭᠠᠨ᠎ᠠ᠃
ᠥᠪᠡᠷᠲᠡᠭᠡᠨ ᠵᠠᠰᠠᠬᠤ ᠣᠷᠣᠨ᠎ᠤ ᠡᠪᠯᠡᠯ᠎ᠦᠨ ᠬᠣᠷᠢᠶ᠎ᠠ᠂ ᠡᠯ᠎ᠡ ᠱᠠᠲᠤᠨ᠎ᠤ ᠡᠪᠯᠡᠯ᠎ᠦᠨ ᠵᠣᠬᠢᠶᠠᠨ ᠪᠠᠢᠭᠤᠯᠤᠯᠲᠠ ᠪᠠ ᠡᠪᠯᠡᠯ᠎ᠦᠨ ᠺᠠᠳ᠋ᠷᠴᠤᠳ᠎ᠢ ᠨᠠᠮ᠎ᠤᠨ ᠲᠥᠯᠥᠭᠡ ᠵᠠᠯᠠᠭᠤᠴᠤᠳ᠎ᠤᠨ ᠰᠠᠭᠤᠷᠢ᠎ᠶ᠋ᠢ ᠪᠡᠬᠢᠵᠢᠭᠦᠯᠤᠨ ᠥᠷᠭᠡᠳᠭᠡᠬᠦ᠌ ᠤᠯᠤᠰ ᠲᠥᠷᠥ᠎ᠶ᠋ᠢᠨ ᠬᠠᠷᠢᠭᠤᠴᠠᠯᠭ᠎ᠠ᠎ᠪᠠᠨ ᠰᠠᠢᠲᠤᠷ ᠭᠦᠢᠴᠡᠳᠭᠡᠵᠦ᠂ ᠣᠯᠠᠨ ᠲᠦᠮᠡᠨᠴᠢ ᠱᠤᠭᠤᠮ᠎ᠢ ᠤᠬᠠᠮᠰᠠᠷ᠎ᠠᠴᠠ᠎ᠪᠠᠨ ᠦᠢᠯᠡᠳᠦᠯᠭᠡᠵᠢᠭᠦᠯᠵᠦ᠍᠂ ᠵᠠᠯᠠᠭᠤᠴᠤᠳ᠎ᠤᠨ ᠳᠤᠮᠳᠠ ᠦᠨᠳᠦᠰᠦᠯᠡᠵᠦ᠍ ᠬᠠᠷᠢᠭᠤᠴᠠᠯᠭ᠎ᠠ ᠡᠭᠦᠷᠭᠡᠯᠡᠵᠦ᠍ ᠪᠣᠳᠠᠲᠠᠢ ᠠᠵᠢᠯᠯᠠᠬᠤ ᠠᠵᠢᠯ᠎ᠤᠨ ᠰᠤᠷᠲᠠᠯ ᠵᠢᠡᠨ ᠳᠠᠪᠲᠠᠨ ᠪᠣᠯᠪᠠᠰᠤᠷᠠᠭᠤᠯᠵᠤ᠂ ᠵᠠᠯᠠᠭᠤᠴᠤᠳ᠎ᠠᠴᠠ ᠨᠡᠩ ᠤᠢᠷ᠎ᠠ ᠪᠠᠢᠵᠤ᠂ ᠵᠠᠯᠠᠭᠤᠴᠤᠳ᠎ᠤᠨ ᠬᠥᠭ᠌ᠵᠢᠯᠲᠡ᠎ᠳᠦ ᠰᠠᠭᠤᠷᠢ ᠲᠠᠯᠪᠢᠬᠤ᠂ ᠠᠯᠤᠰ ᠬᠡᠳᠤ᠎ᠳᠦ ᠠᠱᠢᠭ᠍ᠲᠠᠢ ᠰᠠᠢ᠌ᠨ ᠶᠠᠪᠤᠳᠠᠯ᠎ᠢ ᠰᠠᠢᠲᠤᠷ ᠬᠢᠵᠦ᠍᠂ ᠪᠣᠳᠠᠲᠤ ᠠᠵᠢᠯᠯᠠᠭ᠎ᠠ᠎ᠪᠠᠷ᠎ᠢᠶᠠᠨ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠢᠯᠠᠯᠳᠠ᠎ᠲᠠᠶ ᠬᠤᠷᠠᠯᠳᠤᠬᠤ᠎ᠶ᠋ᠢ ᠤᠭ᠍ᠳᠤᠬᠤ ᠵᠢ ᠤᠷᠢᠶᠠᠯᠠᠵᠤ ᠪᠤᠢ!
(ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠪᠯᠡᠯ᠎ᠦᠨ ᠬᠣᠷᠢᠶ᠎ᠠ ᠡᠬᠡ ᠪᠢᠴᠢᠭ ᠬᠠᠩᠭᠠᠪᠠ)