ᠤᠷᠠᠳ᠎ᠤᠨ ᠬᠤᠢᠲᠤ ᠬᠤᠱᠢᠭᠤ ᠠᠮᠢ ᠠᠬᠤᠶ᠎ᠶ᠋ᠢ ᠬᠠᠮᠠᠭᠠᠯᠠᠬᠤ ᠪᠠ ᠵᠠᠰᠠᠨ ᠰᠡᠷᠭᠦᠭᠡᠬᠦ᠌ ᠶ᠋ᠢ ᠲᠡᠷᠢᠭᠦᠨ᠎ᠳᠤ ᠲᠠᠯᠪᠢᠵᠤ᠂ ᠠᠮᠢ ᠠᠬᠤᠶ᠎ᠶ᠋ᠢᠨ ᠬᠤᠷᠢᠭ᠎ᠠ ᠱᠤᠭᠤᠮ᠎ᠢ ᠰᠠᠬᠢᠵᠤ᠂ ᠣᠯᠠᠨ ᠵᠦᠢᠯ᠎ᠤᠨ ᠠᠷᠭ᠎ᠠ ᠪᠠᠷ ᠡᠯᠡᠰᠦ᠎ᠶ᠋ᠢ ᠵᠠᠰᠠᠵᠤ ᠣᠢᠵᠢᠭᠤᠯᠤᠨ᠂ ᠡᠬᠡ ᠤᠯᠤᠰ ᠤᠨ ᠤᠮᠠᠷᠠᠲᠤ᠎ᠶ᠋ᠢᠨ ᠪᠣᠬᠢᠷᠲᠤᠯ ᠥᠬᠡᠶ ᠠᠮᠢ ᠠᠬᠤᠶ᠎ᠶ᠋ᠢᠨ ᠬᠠᠯᠬᠠᠪᠴᠢ᠎ᠶ᠋ᠢ ᠴᠤᠬᠴᠠᠯᠠᠵᠤ ᠪᠤᠢ᠃
ᠤᠷᠠᠳ᠎ᠤᠨ ᠬᠤᠢᠲᠤ ᠬᠤᠱᠢᠭᠤᠨ ᠤ ᠣᠶ ᠱᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ᠎ᠶ᠋ᠢᠨ ᠳᠠᠷᠤᠭ᠎ᠠ ᠰᠤ᠌ ᠵᠢᠶᠦ᠋ᠨ᠄ 《ᠤᠷᠠᠳ᠎ᠤᠨ ᠬᠤᠢᠲᠤ ᠬᠤᠱᠢᠭᠤᠨ᠎ᠤ 2022 ᠣᠨ᠎ᠤ ᠨᠢᠰᠭᠡᠯ᠎ᠢᠶᠠᠷ ᠳᠠᠷᠢᠬᠤ ᠡᠭᠦᠷᠭᠡ ᠨᠢ 3 ᠬᠡᠰᠡᠭ ᠣᠷᠣᠨ ᠢᠶᠠᠷ ᠪᠦᠷᠢᠯᠳᠦᠵᠦ᠍᠂ ᠵᠢᠱ᠌ᠢᠯᠲᠡ᠎ᠪᠠᠷ 72 ᠤᠳᠠᠭ᠎ᠠ ᠨᠢᠰᠴᠦ᠍᠂ 224 ᠵᠤᠷᠪᠤᠰ ᠳᠠᠷᠢᠬᠤ ᠪᠦᠰᠡ ᠳᠤ ᠦᠷ᠎ᠠ ᠰᠠᠴᠤᠵᠤ᠂ 7 ᠰᠠᠷ᠎ᠠ ᠶ᠋ᠢᠨ ᠰᠡᠬᠦᠯᠴᠢ ᠪᠠᠷ ᠨᠢᠰᠭᠡᠯ᠎ᠢᠶᠠᠷ ᠳᠠᠷᠢᠵᠤ ᠣᠢᠵᠢᠭᠤᠯᠬᠤ ᠡᠭᠦᠷᠭᠡ᠎ᠶ᠋ᠢ ᠪᠡᠶᠡᠯᠡᠭᠦᠯᠤᠨ᠎ᠠ᠂ ᠨᠢᠰᠭᠡᠯ ᠢᠶᠠᠷ ᠲᠠᠷᠢᠵᠤ ᠣᠢᠵᠢᠭᠤᠯᠬᠤ ᠲᠦᠷᠦᠯ ᠵᠦᠢᠯ ᠢ ᠬᠡᠷᠡᠭ᠌ᠵᠢᠭᠦᠯᠦᠭ᠌ᠰᠡᠨ᠎ᠨᠢ ᠠᠮᠢ ᠠᠬᠤᠢ ᠶ᠋ᠢᠨ ᠣᠷᠴᠢᠨ ᠲᠣᠭᠤᠷᠢᠨ ᠤ ᠶᠠᠰᠤ ᠴᠢᠨᠠᠷ ᠢ ᠳᠡᠭᠡᠭ᠌ᠰᠢᠯᠡᠭᠦᠯᠦᠭ᠌ᠰᠡᠨ᠎ᠢᠶᠠᠷ ᠪᠠᠷᠠᠬᠤ ᠦᠭᠡᠢ ᠪᠠᠰᠠ ᠠᠭᠤᠷ ᠠᠮᠢᠰᠭᠤᠯ᠎ᠤᠨ ᠨᠥᠬᠦᠴᠡᠯ᠎ᠢ ᠪᠦᠲᠦᠮᠵᠢᠲᠡᠢ ᠰᠠᠢᠵᠢᠷᠠᠭᠤᠯᠵᠤ᠂ ᠤᠷᠭᠤᠮᠠᠯ ᠤᠨ ᠬᠤᠴᠢᠯᠭ᠎ᠠ᠎ᠶ᠋ᠢᠨ ᠪᠦᠷᠬᠦᠴᠡ᠎ᠶ᠋ᠢ ᠳᠡᠭᠡᠭ᠌ᠰᠢᠯᠡᠭᠦᠯᠵᠦ᠍ ᠴᠢᠳᠠᠨ᠎ᠠ》 ᠭᠡᠵᠡᠶ᠃
ᠡᠨᠡ ᠵᠢᠯ ᠲᠤᠰ ᠬᠤᠱᠢᠭᠤᠨ ᠤ ᠬᠢᠨ ᠠᠮᠢ ᠠᠬᠤᠶ᠎ᠶ᠋ᠢ ᠰᠠᠢᠵᠢᠷᠠᠭᠤᠯᠬᠤ᠂ ᠠᠵᠤ ᠦᠢᠯᠡᠰ᠎ᠢ ᠬᠥᠭ᠌ᠵᠢᠭᠦᠯᠬᠦ᠂ ᠮᠠᠯᠴᠢᠳ᠎ᠢ ᠪᠠᠶᠠᠵᠢᠭᠤᠯᠬᠤ ᠪᠠᠷ ᠬᠠᠷᠠᠯᠲᠠ᠎ᠪᠠᠨ ᠪᠣᠯᠭᠠᠵᠤ᠂ 3530 ᠲᠦᠮᠡᠨ ᠲᠥᠭᠦᠷᠢᠭ ᠪᠡᠯᠨ ᠤᠷᠤᠭᠤᠯᠵᠤ᠂ ᠪᠠᠶᠠᠨᠴᠢᠨᠳᠠᠮᠤᠨᠢ ᠰᠤᠮᠤ ᠶ᠋ᠢᠨ ᠪᠠᠶᠠᠨᠴᠠᠭᠠᠨ ᠭᠠᠴᠠᠭ᠎ᠠ᠂ ᠴᠤᠬᠠᠦ᠋ᠨᠳᠤᠷ ᠪᠠᠯᠭᠠᠰᠤ ᠶ᠋ᠢᠨ ᠪᠠᠶᠠᠨᠨᠠᠭᠤᠷ ᠭᠠᠴᠠᠭ᠎ᠠ᠂ ᠬᠦᠬᠡᠴᠤ᠌ ᠰᠤᠮᠤ᠎ᠶ᠋ᠢᠨ ᠮᠠᠨᠳᠤᠯ᠎ᠠ ᠭᠠᠴᠠᠭ᠎ᠠ᠂ ᠴᠢᠨᠳᠠᠮᠤᠨᠢ ᠭᠠᠴᠠᠭ᠎ᠠ ᠵᠡᠷᠭᠡ ᠲᠦᠷᠪᠡᠨ ᠭᠠᠵᠠᠷ᠎ᠲᠤ ᠲᠣᠰᠪᠣᠷᠢ ᠲᠦᠮᠡᠨ ᠮᠦ᠍ ᠴᠠᠭᠠᠨ ᠭᠤᠶᠣᠣ ᠲᠠᠷᠢᠬᠤ ᠰᠠᠭᠤᠷᠢᠨ ᠪᠠᠢᠭᠤᠯᠵᠤ᠂ ᠲᠦᠷᠦᠯ ᠵᠦᠢᠯ᠎ᠢ ᠬᠡᠷᠡᠭ᠌ᠵᠢᠭᠦᠯᠦᠭ᠌ᠰᠡᠨ ᠶᠡᠷᠦᠩᠬᠡᠢ ᠲᠠᠯᠠᠪᠠᠢ᠎ᠨᠢ 45400 ᠮᠦ᠍ ᠪᠠᠢᠵᠤ᠂ ᠡᠯᠡᠰᠦᠨ ᠴᠦᠯ᠎ᠢ ᠨᠣᠭᠤᠭᠠᠷᠠᠭᠤᠯᠬᠤ᠂ ᠠᠷᠠᠳ ᠤᠯᠠᠨ᠎ᠳᠤ ᠪᠤᠶᠠᠨ ᠦᠢᠯᠡᠳᠬᠦ᠌ ᠪᠣᠬᠢᠷᠲᠤᠯ ᠦᠭᠡᠢ ᠬᠥᠭ᠌ᠵᠢᠯᠲᠡ᠎ᠶ᠋ᠢᠨ ᠱᠢᠨ᠎ᠡ ᠵᠠᠮ᠎ᠢ ᠬᠠᠢᠨ ᠰᠦᠪᠡᠭ᠌ᠴᠢᠯᠡᠵᠦ᠍᠂ ᠡᠯᠡᠰᠦ᠎ᠶ᠋ᠢ ᠵᠠᠰᠠᠬᠤ᠂ ᠪᠠᠶᠠᠵᠢᠭᠤᠯᠬᠤ ᠬᠤᠶᠠᠷ᠎ᠢ ᠰᠠᠭᠠᠲᠠᠭᠠᠬᠤ ᠦᠭᠡᠢ ᠪᠠᠢᠬᠤ᠎ᠶ᠋ᠢ ᠪᠡᠶᠡᠯᠡᠭᠦᠯᠵᠡᠢ᠃
ᠲᠤᠰ ᠬᠤᠰᠢᠭᠤ ᠨᠢᠰᠭᠡᠯ᠎ᠢᠶᠠᠷ ᠲᠠᠷᠢᠬᠤ᠂ ᠪᠢᠳᠡᠬᠦᠮᠵᠢᠯᠠᠨ ᠲᠤᠤᠷᠯᠠᠬᠤ᠂ ᠲᠠᠷᠢᠵᠤ ᠦᠢᠵᠢᠭᠤᠯᠬᠤ᠎ᠶ᠋ᠢ ᠤᠶᠠᠯᠳᠤᠭᠤᠯᠬᠤ᠂ ᠪᠠᠲᠤᠯᠠᠬᠤ ᠴᠠᠭᠠᠵᠠᠯᠠᠬᠤ ᠬᠠᠮᠠᠭᠠᠯᠠᠬᠤ᠎ᠶ᠋ᠢ ᠵᠡᠷᠭᠡ ᠪᠡᠷ ᠠᠳᠭᠤᠨ ᠬᠡᠷᠡᠭ᠌ᠵᠢᠭᠦᠯᠵᠦ᠍ ᠪᠠᠢᠭᠠᠳ ᠠᠮᠢ ᠠᠬᠤᠢ ᠶ᠋ᠢᠨ ᠱᠢᠰᠲ᠋ᠧᠮ ᠢ ᠰᠡᠷᠭᠦᠭᠡᠬᠦ᠌ ᠪᠠ ᠶᠡᠷᠦᠩᠬᠡᠢᠯᠡᠨ ᠵᠠᠰᠠᠬᠤ᠎ᠶ᠋ᠢ ᠪᠠᠷᠢᠮᠲᠠᠯᠠᠵᠤ᠂ 2020 ᠣᠨᠡᠴᠨ ᠤᠳᠤ ᠪᠣᠯᠲᠠᠯ᠎ᠠ᠂ ᠠᠮᠢ ᠠᠬᠤᠢ᠎ᠶ᠋ᠢ ᠵᠠᠰᠠᠨ ᠰᠡᠷᠭᠦᠭᠡᠬᠦ᠌ ᠲᠠᠯᠠᠪᠠᠢ᠎ᠶ᠋ᠢ ᠨᠡᠢᠳᠡ 70 ᠭᠠᠷᠤᠢ ᠲᠦᠮᠡᠨ ᠮᠦ᠍᠎ᠳᠤ ᠬᠦᠷᠭᠡᠪᠡ᠃
ᠤᠢᠯᠠᠭᠠᠭᠰᠠᠨ ᠵᠢᠠᠷ᠂ 2025 ᠣᠨ ᠪᠣᠯᠬᠤ ᠳᠤ ᠱᠢᠨ᠎ᠠ᠎ᠪᠠᠷ ᠨᠡᠮᠡᠭ᠌ᠳᠡᠭ᠌ᠰᠠᠨ ᠬᠠᠱᠢᠶᠠᠯᠠᠨ ᠪᠢᠳᠡᠬᠦᠮᠵᠢᠯᠠᠵᠤ ᠪᠤᠢᠵᠢᠭᠤᠯᠤᠬ᠍ᠰᠠᠨ ᠲᠠᠯᠠᠪᠠᠢ᠎ᠶ᠋ᠢ 30 ᠲᠦᠮᠡᠨ ᠮᠤ᠌᠎ᠳᠤ ᠬᠦᠷᠬᠡᠬᠦ᠌᠎ᠪᠠᠷ ᠪᠤᠢ᠃ ᠮᠤᠨᠢ ᠠᠭᠤᠯᠠ᠎ᠶ᠋ᠢᠨ ᠠᠷᠤ ᠬᠤᠷᠮᠣᠶ ᠳᠤ ᠨᠢᠰᠭᠡᠯ ᠢᠶᠠᠷ ᠳᠠᠷᠢᠵᠤ ᠣᠢᠵᠢᠭᠤᠯᠬᠤ᠂ ᠬᠥᠮᠦᠨ᠎ᠤ ᠬᠦᠴᠦ᠍᠎ᠪᠠᠷ ᠣᠢᠵᠢᠭᠤᠯᠬᠤ᠂ ᠡᠯᠡᠰᠦ᠎ᠶ᠋ᠢ ᠪᠢᠲᠡᠭᠦᠮᠵᠢᠯᠡᠨ ᠣᠢᠵᠢᠭᠤᠯᠬᠤ᠂ ᠨᠤᠲᠤᠭ ᠪᠡᠯᠴᠢᠭᠡᠷ᠎ᠢ ᠰᠡᠯᠪᠢᠨ ᠰᠡᠷᠭᠦᠭᠡᠬᠦ᠂ ᠪᠢᠲᠡᠭᠦᠮᠵᠢᠯᠡᠨ ᠴᠠᠭᠠᠵᠠᠯᠠᠵᠤ ᠬᠠᠮᠠᠭᠠᠯᠠᠬᠤ ᠵᠡᠷᠭᠡ᠎ᠶ᠋ᠢ ᠭᠤᠤᠯᠳᠠᠯᠭ᠎ᠠ᠎ᠲᠠᠢ ᠥᠷᠨᠢᠭᠦᠯᠵᠦ᠍᠂ ᠨᠢᠰᠭᠡᠯ᠎ᠢᠶᠠᠷ ᠳᠠᠷᠢᠵᠤ ᠣᠢᠵᠢᠭᠤᠯᠬᠤ᠂ ᠬᠥᠮᠦᠨ᠎ᠤ ᠬᠦᠴᠦ᠍᠎ᠪᠠᠷ ᠪᠣᠳᠠ ᠮᠣᠳᠣ ᠳᠠᠷᠢᠵᠤ ᠣᠢᠵᠢᠭᠤᠯᠬᠤ᠂ ᠡᠯᠡᠰᠦ᠎ᠶ᠋ᠢ ᠪᠢᠲᠡᠭᠦᠮᠵᠢᠯᠡᠨ ᠣᠢᠵᠢᠭᠤᠯᠬᠤ ᠵᠡᠷᠭᠡ ᠡᠯᠡᠰᠦ᠎ᠶ᠋ᠢ ᠵᠠᠰᠠᠬᠤ ᠠᠷᠭ᠎ᠠ ᠪᠠᠷ ᠳᠡᠮᠵᠢᠨ᠂ ᠡᠯᠡᠰᠦ ᠵᠢ ᠵᠠᠰᠠᠬᠤ ᠲᠠᠯᠠᠪᠠᠶ᠎ᠶ᠋ᠢ 92 ᠲᠦᠮᠡᠨ ᠮᠥ᠍ ᠱᠢᠨ᠎ᠡ᠎ᠪᠠᠷ ᠨᠡᠮᠡᠭ᠌ᠳᠡᠭᠦᠯᠵᠦ᠍᠂ ᠡᠯᠡᠰᠦ ᠮᠠᠩᠬᠠᠨ᠎ᠤ ᠱᠢᠯᠵᠢᠯᠲᠡ᠎ᠶ᠋ᠢ ᠪᠦᠲᠦᠮᠵᠢᠲᠡᠶ ᠬᠢᠵᠠᠭᠠᠷᠯᠠᠵᠤ᠂ ᠡᠯᠡᠰᠦᠷᠬᠡᠭ ᠣᠷᠣᠨ᠎ᠤ ᠤᠷᠭᠤᠮᠠᠯ᠎ᠤᠨ ᠬᠤᠴᠢᠯᠭ᠎ᠠ ᠶ᠋ᠢ ᠢᠳᠡᠭ ᠢᠳᠡᠭ ᠢᠶᠠᠷ ᠰᠡᠷᠭᠦᠭᠡᠬᠦ᠌᠎ᠪᠠᠷ ᠪᠤᠢ᠃