ᠠᠨᠭᠬᠠᠳᠤᠭᠠᠷ ᠲᠠᠯᠠᠪᠠᠢ ᠭᠡᠱᠢᠭᠦᠳ᠎ᠦᠨ ᠰᠤᠷᠪᠤᠯᠵᠢᠯᠠᠭ᠎ᠠ ᠬᠦᠯᠢᠶᠡᠬᠦ᠌ ᠵᠠᠮ ᠲᠡᠭᠡᠷ᠎ᠠ ᠱᠢᠨ᠎ᠡ ᠬᠠᠭᠤᠴᠢᠨ ᠭᠡᠱᠢᠭᠦᠤᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠥ ᠲᠤᠬᠠᠶ ᠰᠡᠳᠬᠢᠭᠳᠡᠯ ᠵᠢᠡᠨ ᠠᠭᠤᠵᠢᠷᠠᠲᠠᠯ᠎ᠠ ᠶᠠᠷᠢᠯ᠎ᠠ
2023-01-12 21:20:10
ᠵᠣᠬᠢᠶᠠᠭ᠍ᠴᠢ᠄
ᠱᠢᠤᠢ ᠶᠤᠸᠠᠢ ᠎ᠶ᠋ᠢᠨ ᠴᠢᠤᠸᠠᠨ
ᠣᠩᠱᠢᠭ᠍ᠰᠠᠨ ᠣᠳᠠᠭ᠎ᠠ᠄
★★★☆☆

1 ᠰᠠᠷ᠎ᠠ᠎ᠶ᠋ᠢᠨ 11 ᠤ᠋ ᠦᠳᠡ᠎ᠶ᠋ᠢᠨ ᠡᠮᠦᠨᠡᠬᠢ 8 ᠴᠠᠭ᠎ᠲᠤ᠂ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠭᠤᠷᠪᠠᠳᠤᠭᠠᠷ ᠬᠤᠭᠤᠴᠠᠭᠠᠨ᠎ᠤ ᠬᠣᠷᠢᠶᠠᠨ᠎ᠤ ᠠᠩᠬᠠᠳᠤᠭᠠᠷ ᠬᠤᠷᠠᠯ ᠡᠬᠢᠯᠡᠬᠦ᠌᠎ᠡᠴᠡ ᠡᠮᠦᠨ᠎ᠡ ᠂ ᠠᠩᠬᠠᠳᠤᠭᠠᠷ ᠲᠠᠯᠠᠪᠠᠢ 《 ᠭᠡᠱᠢᠭᠦᠳ᠎ᠦᠨ ᠰᠤᠷᠪᠤᠯᠵᠢᠯᠠᠭ᠎ᠠ ᠬᠦᠯᠢᠶᠠᠬᠦ ᠵᠠᠮ》ᠢ᠋ ᠨᠡᠪᠲᠡᠷᠡᠬᠦᠯᠪᠠ᠃ ᠭᠡᠷᠡᠯᠲᠦᠭᠦᠯᠭᠡ᠎ᠶ᠋ᠢᠨ ᠳ᠋ᠧᠩ᠎ᠦᠨ ᠳᠤᠤᠷ᠎ᠠ᠂ ᠸᠠᠩ ᠯᠢ ᠧᠨ᠂ ᠹᠦ᠋ ᠢᠦᠶ ᠂ ᠴᠢᠨ ᠯᠢ ᠮᠧᠶ ᠂ ᠵᠣᠣ ᠶᠦᠩ ᠬᠤᠸᠠ ᠵᠡᠷᠭᠡ 4 ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠨ ᠤᠮᠤᠭ ᠵᠤᠷᠢᠭ ᠪᠠᠳᠠᠷᠠᠨᠭᠭᠤᠢ ᠪᠡᠷ ᠰᠤᠷᠪᠤᠯᠵᠢᠯᠠᠭ᠎ᠠ ᠬᠦᠯᠢᠶᠠᠬᠦ ᠵᠠᠮ ᠲᠡᠭᠡᠷ᠎ᠠ ᠰᠤᠷᠪᠤᠯᠵᠢᠯᠠᠭ᠎ᠠ ᠬᠦᠯᠢᠶᠠᠵᠤ ᠂ ᠲᠤᠱᠢᠶᠠᠯ ᠬᠠᠷᠢᠭᠤᠴᠠᠯᠭ᠎ᠠ᠎ᠪᠠᠨ ᠭᠦᠶ᠋ᠴᠡᠳᠭᠡᠬᠦ᠌ ᠬᠡᠯᠪᠡᠷᠢ᠎ᠶ᠋ᠢᠨ ᠱᠢᠨ᠎ᠡ᠎ᠶ᠋ᠢ ᠡᠭᠦᠳᠬᠦ᠌ ᠂ ᠦᠨᠳᠦᠰᠦᠨ ᠱᠠᠲᠤᠨ᠎ᠤ ᠵᠠᠰᠠᠯᠲᠠ ᠂ ᠣᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠂ ᠠᠮᠢ ᠠᠬᠤᠶ ᠣᠷᠴᠢᠨ ᠲᠣᠭᠣᠷᠢᠨ᠎ᠤ ᠬᠠᠮᠠᠭᠠᠯᠠᠯᠲᠠ ᠵᠡᠷᠭᠡ ᠬᠠᠯᠠᠮᠱᠢᠯ ᠠᠰᠠᠭᠤᠳᠠᠯ᠎ᠤᠨ ᠲᠣᠭᠣᠷᠢᠨ᠎ᠳᠤ ᠨᠡᠢᠭᠡᠮ᠎ᠦᠨ ᠠᠩᠬᠠᠷᠤᠯ᠎ᠳᠦ ᠬᠠᠷᠢᠭᠤᠯᠳᠠ ᠦᠭᠪᠠ᠃

ᠱᠢᠨ᠎ᠡ ᠨᠢᠭᠡ ᠬᠤᠭᠤᠴᠠᠭᠠᠨ᠎ᠤ ᠥᠪᠡᠷᠲᠡᠭᠡᠨ ᠵᠠᠰᠠᠬᠤ ᠣᠷᠣᠨ᠎ᠤ ᠤᠯᠤᠰ ᠲᠦᠷᠦ᠍᠎ᠶ᠋ᠢᠨ ᠵᠥᠪᠯᠡᠯᠭᠡᠨ᠎ᠦ ᠭᠡᠱᠢᠭᠦᠳ᠎ᠦᠨ ᠳᠣᠲᠣᠷ᠎ᠠ᠂ ᠰᠢᠨ᠎ᠠ ᠪᠡᠷ ᠰᠤᠡᠭᠭᠤᠬᠳᠠᠬᠰᠠᠨ ᠭᠡᠰᠢᠬᠦᠨ ᠪᠠᠢᠬᠤ  ᠪᠦᠭᠡᠳ ᠤᠯᠠᠨ ᠵᠢᠯ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠭ᠌ᠰᠡᠨ ᠬᠠᠭᠤᠴᠢᠨ ᠭᠡᠰᠢᠬᠦᠨ ᠴᠤ᠌ ᠪᠤᠢ ᠃ ᠡᠩ ᠲᠡᠷᠢᠭᠦᠨ᠎ᠳᠦ ᠰᠤᠷᠪᠤᠯᠵᠢᠯᠠᠭ᠎ᠠ ᠬᠦᠯᠢᠶᠠᠬᠦ ᠵᠠᠮ ᠳ᠋ᠤ  ᠰᠤᠷᠪᠤᠯᠵᠢᠯᠠᠭ᠎ᠠ ᠬᠦᠯᠢᠶᠡᠭᠰᠡᠨ ᠬᠣᠶᠠᠷ ᠭᠡᠱᠢᠭᠦᠨ ᠪᠣᠯ ᠳᠠᠷᠤᠢ ᠲᠤᠰ ᠬᠤᠭᠤᠴᠠᠭᠠᠨ᠎ᠤ ᠤᠯᠤᠰ ᠲᠦᠷᠦ᠍᠎ᠶ᠋ᠢᠨ ᠵᠥᠪᠯᠡᠯᠭᠡᠨ᠎ᠦ 《 ᠱᠢᠨ᠎ᠡ ᠭᠡᠱᠢᠭᠦᠨ》 ᠪᠤᠯᠤᠨ᠎ᠠ᠃

《ᠰᠤᠷᠪᠤᠯᠵᠢᠯᠠᠭ᠍ᠴᠢ᠎ᠶ᠋ᠢᠨ ᠠᠰᠠᠭᠤᠯᠲᠠ᠎ᠳᠤ ᠲᠠᠯᠠᠷᠬᠠᠵᠤ ᠪᠠᠢᠨ᠎ᠠ》᠃ ᠰᠤᠷᠪᠤᠯᠵᠢᠯᠠᠭ᠍ᠴᠢ᠎ᠶ᠋ᠢᠨ ᠤᠯᠠᠭᠠᠨᠬᠠᠳᠠ ᠬᠣᠲᠠ᠎ᠶ᠋ᠢᠨ ᠤᠯᠤᠰ ᠲᠥᠷᠥ᠎ᠶ᠋ᠢᠨ ᠵᠥᠪᠯᠡᠯᠭᠡᠨ᠎ᠦ 《ᠴᠢᠩ ᠦᠨᠡᠨᠴᠢ᠎ᠪᠡᠷ ᠵᠥᠪᠯᠡᠬᠦ᠌》 ᠲᠠᠪᠴᠠᠩ ᠪᠠᠢᠭᠤᠯᠤᠬᠰᠠᠨ ᠲᠤᠬᠠᠶ ᠠᠰᠠᠭᠤᠯᠲᠠ᠎ᠳᠤ ᠴᠢᠭ᠌ᠯᠡᠭᠦᠯᠦᠨ᠂ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠨ ᠂ ᠤᠯᠠᠭᠠᠨᠬᠠᠳᠠ ᠬᠣᠲᠠ᠎ᠶ᠋ᠢᠨ ᠤᠯᠤᠰ ᠲᠥᠷᠥ᠎ᠶ᠋ᠢᠨ ᠵᠥᠪᠯᠡᠯᠭᠡᠨ᠎ᠦ ᠳᠡᠳ᠋ ᠲᠡᠷᠢᠭᠦᠯᠡᠭ᠌ᠴᠢ ᠸᠠᠩ ᠯᠢ ᠧᠨ《ᠴᠢᠩ ᠦᠨᠡᠨᠴᠢ᠎ᠪᠡᠷ ᠵᠥᠪᠯᠡᠬᠦ᠌》ᠲᠠᠪᠴᠠᠩ᠎ᠤᠨ ᠢᠷᠡᠯᠲᠡ ᠪᠠ ᠠᠵᠢᠯᠯᠠᠭᠠᠨ᠎ᠤ ᠵᠠᠭ᠍ᠪᠤᠷ᠎ᠢ ᠨᠠᠷᠢᠨ ᠲᠠᠨᠢᠯᠴᠠᠭᠤᠯᠤᠭ᠍ᠰᠠᠨ ᠪᠥᠭᠡᠳ ᠣᠯᠠᠨ᠎ᠳᠤ 《ᠴᠢᠩ ᠦᠨᠡᠨᠴᠢ᠎ᠪᠡᠷ ᠵᠥᠪᠯᠡᠬᠦ᠌》 ᠶ᠋ᠢ ᠨᠢᠭᠡ ᠵᠢᠯ᠎ᠦᠨ ᠲᠤᠷᠰᠢ ᠨᠢᠭᠡᠨᠲᠡ 120 ᠭᠠᠷᠤᠶ ᠲᠠᠯᠠᠪᠠᠶ (ᠤᠳᠠᠭ᠎ᠠ)ᠥᠷᠨᠢᠭᠦᠯᠵᠦ᠍ ᠂ ᠤᠯᠠᠭᠠᠨᠬᠠᠳᠠ ᠬᠣᠲᠠ᠎ᠶ᠋ᠢᠨ ᠤᠯᠤᠰ ᠲᠥᠷᠥ᠎ᠶ᠋ᠢᠨ ᠵᠥᠪᠯᠡᠯᠭᠡᠨ ᠶᠠᠭ ᠬᠠᠯᠠᠭᠤᠨ ᠳᠤᠯᠠᠭᠠᠨ ᠦᠨᠡᠨ ᠪᠤᠳᠠᠳᠠᠢ ᠤᠯᠤᠰ ᠲᠥᠷᠥ᠎ᠶ᠋ᠢᠨ ᠵᠥᠪᠯᠡᠯᠭᠡᠨ᠎ᠦ ᠵᠥᠪᠯᠡᠬᠦ᠌ ᠨᠠᠷᠠᠲᠤ ᠲᠡᠮᠳᠡᠭ᠌ᠲᠦ᠍᠎ᠶ᠋ᠢ ᠴᠢᠷᠮᠠᠢᠨ ᠡᠭᠦᠳᠴᠦ᠍ ᠪᠠᠢᠨ᠎ᠠ ᠭᠡᠵᠦ᠍ ᠬᠡᠯᠡᠪᠡ᠃

《ᠮᠢᠨᠦ᠍ ᠠᠵᠢᠯ ᠮᠡᠷᠭᠡᠵᠢᠯ ᠪᠣᠯ ᠨᠡᠢᠭᠡᠮ᠎ᠦᠨ ᠠᠵᠢᠯᠲᠠᠨ ᠪᠣᠯᠬᠤ ᠪᠥᠭᠡᠳ ᠪᠠᠴᠢᠮ ᠪᠠᠢᠳᠠᠯ᠎ᠢ ᠠᠷᠭᠠᠴᠠᠭᠠᠵᠤ ᠠᠪᠤᠷᠠᠨ ᠲᠤᠰᠠᠯᠠᠬᠤ ᠰᠠᠢᠨ ᠳᠤᠷᠠᠴᠤᠳ ᠪᠣᠯᠤᠨ᠎ᠠ》᠃ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠨ᠂ ᠪᠤᠭᠤᠲᠤ ᠬᠣᠲᠠ᠎ᠶ᠋ᠢᠨ ᠨᠡᠢᠭᠡᠮ᠎ᠦᠨ ᠠᠵᠢᠯ᠎ᠤᠨ ᠬᠥᠭ᠌ᠵᠢᠯᠲᠡ ᠵᠢᠨ ᠲᠦᠪ ᠤ᠋ᠨ ᠬᠡᠷᠡᠭ ᠡᠷᠬᠢᠯᠡᠭ᠌ᠴᠢᠳ᠎ᠦᠨ ᠳᠠᠷᠤᠭ᠎ᠠ ᠹᠦ᠋ ᠢᠦᠶ ᠣᠯᠠᠨ᠎ᠳᠤ ᠥᠪᠡᠷ᠎ᠢ᠎ᠪᠡᠨ ᠲᠠᠨᠢᠯᠴᠠᠭᠤᠯᠪᠠ᠃ ᠲᠡᠷᠡ᠄ 《ᠡᠨᠡ ᠤᠳᠠᠭ᠎ᠠ ᠪᠢ ᠦᠨᠳᠦᠰᠦᠨ ᠱᠠᠲᠤᠨ᠎ᠤ ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶ᠋ᠢᠨ ᠴᠢᠳᠠᠪᠤᠷᠢ᠎ᠶ᠋ᠢᠨ ᠪᠠᠢᠭᠤᠯᠤᠯᠲᠠ᠎ᠶ᠋ᠢ ᠴᠢᠩᠭᠠᠳᠭᠠᠬᠤ ᠲᠠᠯ᠎ᠠ᠎ᠪᠠᠷ ᠬᠢ ᠰᠠᠨᠠᠯ ᠲᠤᠷᠠᠳᠤᠯᠭ᠎ᠠ ᠠᠪᠴᠤ  ᠢᠷᠠᠯ᠎ᠠ᠂ ᠬᠣᠢᠱᠢᠳᠠ ᠪᠢ ᠨᠡᠢᠭᠡᠮ᠎ᠦᠨ ᠠᠵᠢᠯ ᠪᠣᠯᠤᠨ ᠰᠠᠢ᠌ᠨ ᠳᠤᠷ᠎ᠠ᠎ᠶ᠋ᠢᠨ ᠦᠢᠯᠡᠴᠢᠯᠡᠭᠡ᠎ᠶ᠋ᠢ ᠦᠪᠡᠷ ᠤ᠋ᠨ ᠵᠢᠡᠨ ᠠᠩᠬᠠᠷᠤᠯ᠎ᠤᠨ ᠭᠣᠣᠯᠳᠠᠯᠭ᠎ᠠ᠎ᠪᠠᠨ ᠪᠣᠯᠭᠠᠵᠤ ᠂ ᠢᠳᠡᠪᠬᠢᠲᠡᠢ᠎ᠪᠡᠷ ᠰᠠᠨᠠᠯ ᠰᠠᠨᠠᠭᠤᠯᠭ᠎ᠠ ᠳᠤᠷᠠᠳᠤᠨ ᠠᠷᠭ᠎ᠠ ᠤᠬᠠᠭᠠᠨ ᠭᠠᠷᠭᠠᠵᠤ ᠂ ᠮᠠᠨ᠎ᠤ ᠠᠮᠢᠳᠤᠷᠠᠯ᠎ᠢᠶᠠᠨ ᠨᠡᠩ ᠰᠠᠢ᠌ᠨ ᠰᠠᠢᠬᠠᠨ ᠪᠣᠯᠭᠠᠨ᠎ᠠ》 ᠭᠡᠵᠤ ᠬᠡᠯᠡᠪᠡ᠃

ᠲᠠᠷᠠᠭ᠎ᠠ ᠨᠢ ᠲᠠᠯᠠᠪᠠᠢ᠎ᠳᠤ ᠭᠠᠷᠤᠭ᠍ᠰᠠᠨ ᠬᠣᠶᠠᠷ 《ᠬᠠᠭᠤᠴᠢᠨ ᠭᠡᠱᠢᠭᠦᠨ》 ᠤᠯᠠᠨ ᠵᠢᠯ᠎ᠦᠨ ᠲᠤᠷᠱᠢᠬᠢ ᠲᠤᠱᠢᠶᠠᠯ᠎ᠢᠶᠠᠨ ᠭᠦᠢᠴᠡᠳᠭᠡᠭ᠌ᠰᠡᠨ ᠥᠩᠭᠡᠷᠡᠯᠲᠡ ᠪᠠ ᠣᠯᠤᠯᠲᠠ ᠲᠦᠷᠦᠭ᠌ᠳᠡᠯ᠎ᠢᠶᠡᠨ ᠠᠭᠤᠵᠢᠷᠠᠲᠠᠯ᠎ᠠ ᠶᠠᠷᠢᠪᠠ᠃ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠨ ᠂ ᠥᠪᠥᠷ ᠮᠣᠩᠭᠣᠯ᠎ᠤᠨ ᠪᠠᠶ ᠼᠤᠤ ᠲᠠᠩ᠎ᠴᠢᠨ ᠣᠪᠣᠭ᠍ᠲᠤ᠎ᠶ᠋ᠢᠨ ᠬᠢᠲᠠᠳ ᠮᠣᠩᠭᠣᠯ ᠡᠮᠨᠡᠯᠭᠡ᠎ᠶ᠋ᠢᠨ ᠬᠣᠷᠢᠶᠠᠨ᠎ᠤ ᠳᠠᠷᠤᠭ᠎ᠠ ᠴᠢᠨ ᠯᠢ ᠮᠧᠶ ᠬᠥᠬᠡᠨᠠᠭᠤᠷ᠎ᠤᠨ ᠢᠦᠶ ᠱᠣ᠌᠂ ᠬᠥᠬᠡᠱᠢᠯᠢ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠣᠷᠣᠨ ᠪᠣᠯᠤᠨ ᠬᠥᠬᠡᠬᠣᠲᠠ᠎ᠶ᠋ᠢᠨ ᠴᠢᠩ ᠱᠦᠶ ᠾᠧ ᠱᠢᠶᠠᠨ᠎ᠳᠤ ᠡᠮᠴᠢᠯᠡᠭᠡᠨ ᠤ᠋ ᠠᠪᠤᠷᠠᠨ ᠲᠤᠰᠠᠯᠠᠯᠲᠠ ᠬᠠᠩᠭᠠᠭ᠍ᠰᠠᠨ ᠥᠯᠢᠭᠡᠷ᠎ᠢᠶᠡᠨ ᠶᠠᠷᠢᠪᠠ᠂ ᠲᠡᠷᠡ᠄ 《ᠨᠠᠳᠠ᠎ᠳᠤ ᠠᠪᠴᠤ᠌ ᠬᠡᠯᠡᠪᠡᠯ᠂ ᠬᠢᠲᠠᠳ ᠡᠮ ᠡᠮᠨᠡᠯᠭᠡ᠎ᠶ᠋ᠢᠨ ᠰᠣᠶᠣᠯ᠎ᠢ ᠤᠯᠠᠮᠵᠢᠯᠠᠨ ᠵᠠᠯᠭᠠᠮᠵᠢᠯᠠᠵᠤ ᠂ ᠡᠮᠴᠢ᠎ᠬᠦᠮᠦᠨ ᠤ᠋ ᠶᠡᠬᠡ ᠬᠠᠢᠷ᠎ᠠ᠎ᠶ᠋ᠢ ᠦᠶ᠋ᠯᠡᠳᠦᠯᠭᠡᠵᠢᠭᠦᠯᠬᠦ᠌ ᠪᠣᠯ ᠨᠢᠭᠡ ᠵᠦᠶ᠋ᠯ᠎ᠦᠨ ᠬᠠᠢᠷ᠎ᠠ ᠰᠡᠳᠭᠢᠯᠭᠡ ᠪᠤᠯᠬᠤ ᠪᠦᠭᠡᠳ ᠪᠠᠰᠠ ᠴᠤ᠌ ᠨᠢᠭᠡ ᠨᠠᠰᠤᠨ᠎ᠤ ᠬᠥᠭᠡᠭᠡᠴᠡᠯᠳᠦᠯ᠎ᠦᠨ ᠦᠶ᠋ᠯᠡᠰ ᠮᠥᠨ》 ᠭᠡᠵᠤ ᠬᠡᠯᠡᠪᠡ᠃

ᠥᠪᠥᠷ ᠮᠣᠩᠭᠣᠯ ᠨᠡᠭᠦᠷᠡᠰᠦᠨ᠎ᠦ ᠲᠣᠮᠣ ᠣᠷᠣᠨ ᠪᠣᠯᠤᠭ᠍ᠰᠠᠨ᠎ᠤ ᠬᠤᠪᠢ᠎ᠳᠤ᠂ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠬᠡᠮᠵᠢᠶ᠎ᠡ᠎ᠶ᠋ᠢ ᠪᠠᠭᠠᠰᠭᠠᠬᠤ᠎ᠶ᠋ᠢ ᠨᠠᠢᠳᠠᠪᠤᠷᠢᠵᠢᠭᠤᠯᠤᠭ᠍ᠰᠠᠨ ᠪᠠᠢᠳᠠᠯ ᠳᠤᠤᠷ᠎ᠠ ᠲᠠᠷᠢᠶᠠᠯᠠᠩ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠬᠡᠷᠬᠢᠨ ᠠᠬᠢᠭᠤᠯᠬᠤ ᠪᠣᠶ? ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠨ᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠣᠰᠭᠣᠨ ᠮᠠᠯᠵᠢᠬᠤ ᠣᠷᠣᠨ᠎ᠤ ᠲᠢᠩᠬᠢᠮ᠎ᠦᠨ ᠳᠡᠳ᠋ ᠳᠠᠷᠤᠭ᠎ᠠ ᠵᠣᠣ ᠶᠦᠩ ᠬᠤᠸᠠ ᠵᠢᠨ ᠦᠵᠡᠬᠦ ᠪᠡᠷ ᠂ ᠨᠡᠭᠦᠷᠡᠰᠦᠲᠥ᠋ᠷᠥᠭ᠌ᠴᠢ᠎ᠶ᠋ᠢᠨ ᠳᠠᠪᠬᠤᠷ ᠢᠰᠦᠯ᠎ᠢ ᠬᠤᠷᠢᠶᠠᠵᠤ ᠴᠤᠭ᠍ᠯᠠᠭᠤᠯᠬᠤ ᠪᠠ ᠲᠠᠷᠢᠶᠠᠯᠠᠩ ᠤᠢᠯᠡᠳᠪᠤᠷᠢᠯᠡᠯ ᠎ᠳᠤ ᠠᠱᠢᠭ᠍ᠯᠠᠬᠤ᠎ᠶ᠋ᠢ ᠠᠬᠢᠭᠤᠯᠬᠤ᠎ᠨᠢ ᠮᠠᠨ᠎ᠤ ᠣᠷᠣᠨ᠎ᠤ 《 ᠬᠤᠤᠰ ᠨᠡᠭᠦᠷᠡᠰᠦᠲᠥ᠋ᠷᠥᠭ᠌ᠴᠢ 》 ᠶ᠋ᠢᠨ ᠬᠠᠷᠠᠯᠲᠠ ᠪᠠ 《ᠬᠣᠯᠢᠱᠢᠨ ᠢᠳᠡᠭᠡᠨ》 ᠤ᠋ ᠬᠠᠩᠭᠠᠯᠭ᠎ᠠ᠎ᠶ᠋ᠢ ᠪᠠᠲᠤᠯᠠᠬᠤ᠎ᠳᠤ ᠴᠢᠬᠤᠯᠠ ᠶᠡᠬᠡ ᠠᠴᠢ ᠬᠣᠯᠪᠣᠭ᠍ᠳᠠᠯ᠎ᠲᠠᠶ ᠶᠤᠮ ᠂ ᠲᠡᠳᠬᠦᠨ ᠳᠡᠮᠵᠢᠬᠦ᠌ ᠡᠷᠴᠢᠮ᠎ᠢᠶᠡᠨ ᠴᠢᠩᠭᠠᠷᠠᠭᠤᠯᠬᠤ᠎ᠶ᠋ᠢ ᠰᠠᠨᠠᠭᠤᠯᠵᠤ ᠪᠠᠢᠨ᠎ᠠ ᠭᠡᠪᠡ᠃

ᠠᠷᠠᠳ᠎ᠤᠨ ᠰᠡᠳᠭᠢᠯ᠎ᠢ ᠨᠡᠪᠲᠡᠷᠡᠭᠦᠯᠵᠤ ᠂ ᠠᠷᠠᠳ᠎ᠤᠨ ᠰᠠᠨᠠᠭ᠎ᠠ᠎ᠶ᠋ᠢ ᠶᠠᠷᠢᠨ᠎ᠠ᠂《ᠭᠡᠱᠢᠭᠦᠳ᠎ᠦᠨ ᠰᠤᠷᠪᠤᠯᠵᠢᠯᠠᠭ᠎ᠠ ᠬᠦᠯᠢᠶᠠᠬᠦ ᠵᠠᠮ》ᠳᠡᠭᠡᠷ᠎ᠡ ᠠᠳᠠᠯᠢ ᠪᠤᠰᠤ ᠡᠲᠡᠭᠡᠳ ᠢᠯᠭᠠᠯ᠎ᠤᠨ ᠱᠢᠨ᠎ᠡ ᠬᠠᠭᠤᠴᠢᠨ ᠭᠡᠱᠢᠭᠦᠳ ᠪᠣᠷᠣᠭ᠍ᠵᠢᠭᠤᠨ ᠥᠢᠯᠠᠭᠠᠮᠵᠢᠳᠠᠢ ᠬᠡᠯᠡ ᠬᠡᠯᠡᠯᠭᠡ ᠪᠡᠷ ᠰᠤᠷᠪᠤᠯᠵᠢᠯᠠᠭ᠍ᠴᠢ᠎ᠶ᠋ᠢᠨ ᠠᠰᠠᠭᠤᠯᠲᠠ᠎ᠶ᠋ᠢ ᠨᠢᠭᠡᠳ ᠨᠢᠭᠡ᠎ᠪᠡᠷ ᠬᠠᠷᠢᠭᠤᠯᠵᠤ ᠂ ᠬᠠᠯᠠᠭᠤᠨ ᠳᠤᠯᠠᠭᠠᠨ᠂ ᠢᠲᠡᠭᠡᠯ ᠵᠣᠷᠢᠭ ᠪᠠ ᠬᠦᠰᠡᠯ ᠡᠷᠡᠮᠡᠯᠵᠡᠯ᠎ᠢ ᠳᠠᠮᠵᠢᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号