ᠤᠯᠤᠰ ᠢ᠋ ᠬᠦᠴᠦᠷᠬᠡᠭ᠌ᠵᠢᠭᠦᠯᠬᠦ ᠳ᠋ᠤ ᠤᠷᠢᠳ᠎ᠢᠶᠠᠷ ᠡᠷᠬᠡᠪᠰᠢ ᠬᠦᠳᠡᠭᠡ ᠠᠵᠤ ᠠᠬᠤᠢ ᠵᠢ ᠬᠦᠴᠦᠷᠬᠡᠭ᠌ᠵᠢᠭᠦᠯᠵᠦ᠍᠂ ᠬᠦᠳᠡᠭᠡ ᠠᠵᠤ ᠠᠬᠤᠢ ᠬᠦᠴᠦᠷᠬᠡᠭ᠌ᠵᠢᠪᠡᠯ ᠤᠯᠤᠰ ᠰᠠᠶᠢ ᠬᠦᠴᠦᠷᠬᠡᠭ᠌ᠵᠢᠨᠠ᠃ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠢᠯᠡᠳᠭᠡᠯ᠎ᠳᠦ 《ᠬᠦᠳᠡᠭᠡ ᠠᠵᠤ ᠠᠬᠤᠢ ᠵᠢᠨ ᠬᠦᠴᠦᠷᠬᠡᠭ ᠤᠯᠤᠰ᠎ᠢ ᠲᠦᠷᠭᠡᠳᠭᠡᠨ ᠪᠠᠢᠭᠤᠯᠤᠨ᠎ᠠ》 ᠭᠡᠵᠦ᠍ ᠳᠤᠷᠠᠳᠪᠠ᠃ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠪᠦᠬᠦ᠌ ᠲᠠᠯ᠎ᠠ᠎ᠪᠠᠷ ᠲᠤᠭᠤᠱᠢᠯᠠᠭᠤᠯᠤᠨ ᠨᠠᠢᠳᠠᠪᠤᠷᠢᠵᠢᠭᠤᠯᠬᠤ ᠡᠬᠢᠯᠡᠯᠲᠡ᠎ᠶ᠋ᠢᠨ ᠵᠢᠯ᠎ᠳᠦ ᠂ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠦ ᠮᠠᠯ᠎ᠤᠨ ᠠᠱᠢᠭ ᠱᠢᠮ᠎ᠡ᠎ᠲᠠᠷᠢᠶᠠᠯᠠᠩ᠎ᠤᠨ ᠪᠦᠲᠦᠭᠡᠭ᠌ᠳᠡᠬᠦᠨ᠎ᠤ ᠭᠠᠷᠤᠯᠲᠠ᠎ᠶ᠋ᠢᠨ ᠲᠤᠮᠤ ᠣᠷᠣᠨ᠎ᠡᠴᠡ ᠮᠠᠯ ᠠᠵᠤ ᠠᠬᠤᠢ ᠲᠠᠷᠢᠶᠠᠯᠠᠩ᠎ᠤᠨ ᠠᠵᠤ ᠦᠢᠯᠡᠰ ᠤ᠋ᠨ ᠬᠦᠴᠦᠷᠬᠡᠭ ᠣᠷᠣᠨ ᠲᠡᠢᠰᠢ ᠰᠢᠯᠵᠢᠬᠥ ᠬᠠᠷᠠᠯᠲᠠ᠎ᠶ᠋ᠢ ᠲᠣᠳᠣᠷᠬᠠᠢ ᠳᠤᠷᠠᠳᠴᠤ᠌ ᠂ ᠬᠥᠳᠡᠭᠡ ᠠᠵᠤ ᠠᠬᠤᠢ᠎ᠶ᠋ᠢ ᠴᠢᠬᠤᠯᠠᠴᠢᠯᠠᠬᠤ ᠤᠳᠤᠷᠢᠳᠤᠮᠵᠢ᠎ᠶ᠋ᠢ ᠢᠮᠠᠭ᠍ᠲᠠ ᠲᠤᠭᠤᠱᠢᠯᠠᠭᠤᠯᠵᠤ᠂ ᠬᠥᠳᠡᠭᠡ ᠠᠵᠤ ᠠᠬᠤᠢ᠎ᠶ᠋ᠢ ᠬᠦᠴᠦᠷᠬᠡᠭ᠌ᠵᠢᠭᠦᠯᠬᠦ᠌ ᠵᠠᠮ ᠤᠯᠠᠮ ᠲᠣᠳᠣᠷᠬᠠᠢ ᠪᠤᠯᠵᠤ᠂ ᠮᠠᠯ ᠠᠵᠤ ᠠᠬᠤᠢ ᠲᠠᠷᠢᠶᠠᠯᠠᠩ᠂ ᠮᠠᠯᠵᠢᠬᠤ ᠲᠠᠷᠢᠶᠠᠯᠠᠬᠤ ᠤᠷᠤᠨ ᠂ ᠮᠠᠯᠴᠢᠨ ᠲᠠᠷᠢᠶᠠᠴᠢᠨ ᠤ᠋ ᠠᠯᠤᠰ ᠢᠷᠡᠭᠡᠳᠦᠢ ᠤᠯᠠᠮ ᠭᠡᠭᠡᠨ ᠰᠠᠷᠠᠭᠤᠯ ᠪᠣᠯᠪᠠ᠃
ᠲᠠᠪᠤᠨ ᠵᠢᠯ᠎ᠦᠨ ᠲᠤᠷᠰᠢ᠂ ᠮᠠᠨ᠎ᠤ ᠣᠷᠣᠨ᠎ᠤ ᠮᠠᠯ ᠠᠵᠤ ᠠᠬᠤᠶ ᠲᠠᠷᠢᠶᠠᠯᠠᠩ᠎ᠤᠨ ᠬᠥᠭ᠌ᠵᠢᠯᠲᠡ ᠲᠦᠷᠭᠡᠨ ᠳᠠᠪᠱᠢᠯᠲᠠ᠎ᠲᠠᠶ ᠪᠣᠯᠵᠣ ᠂ ᠠᠮᠤ ᠪᠤᠳᠠᠭᠠᠨ᠎ᠤ ᠶᠡᠷᠦᠩᠬᠡᠶ ᠤᠨᠠᠯᠲᠠ ᠪᠥᠬᠥ᠌ ᠤᠯᠤᠰ᠎ᠲᠤ ᠠᠷᠪᠠᠳᠤᠭᠠᠷ᠎ᠲᠤ ᠣᠷᠣᠵᠤ ᠪᠠᠢᠭ᠍ᠰᠠᠨ᠎ᠡᠴᠡ᠎ᠪᠠᠨ ᠪᠥᠬᠥ᠌ ᠤᠯᠤᠰ᠎ᠲᠤ ᠵᠢᠷᠭᠤᠳᠤᠭᠠᠷ᠎ᠲᠤ ᠣᠷᠣᠵᠤ ᠂ ᠦᠨᠢᠶᠡᠨ ᠰᠦ ᠂ ᠬᠣᠨᠢᠨ ᠮᠢᠬ᠎ᠠ ᠂ ᠦᠬᠡᠷ᠎ᠦᠨ ᠮᠢᠬ᠎ᠠ ᠪᠠ ᠢᠮᠠᠭᠠᠨ ᠨᠤᠤᠯᠤᠭᠤᠷ ᠂ ᠲᠡᠵᠢᠭᠡᠯ ᠡᠪᠡᠰᠦ᠎ᠶ᠋ᠢᠨ ᠭᠠᠷᠤᠯᠲᠠ ᠪᠥᠬᠥ᠌ ᠤᠯᠤᠰ᠎ᠲᠤ ᠲᠥᠷᠤᠬᠥᠯᠡᠵᠤ ᠂ ᠤᠯᠤᠰ᠎ᠤᠨ《ᠠᠮᠤ ᠵᠢᠨ ᠰᠠᠩ》《ᠮᠢᠬᠠᠨ ᠤ᠋ ᠬᠥᠮᠥᠷᠭᠡ》᠂ 《ᠰᠦᠨ᠎ᠤ ᠬᠦᠨᠦᠭ》 ᠪᠠ 《ᠨᠤᠤᠯᠤᠭᠤᠷ᠎ᠤᠨ ᠤᠷᠤᠨ》 ᠪᠣᠯᠵᠣ ᠂ ᠮᠠᠯ ᠠᠵᠤ ᠠᠬᠤᠶ ᠲᠠᠷᠢᠶᠠᠯᠠᠩ᠎ᠤᠨ ᠠᠵᠤ ᠦᠶ᠋ᠯᠡᠰ᠎ᠦᠨ ᠬᠦᠴᠦᠷᠬᠡᠭ ᠣᠷᠣᠨ᠎ᠢ ᠪᠥᠲᠥᠭᠡᠨ ᠪᠠᠢᠭᠤᠯᠬᠤ ᠠᠵᠠ ᠳᠤᠬᠢᠶᠠᠯ ᠢᠷᠡᠵᠤ᠂ ᠬᠠᠨᠳᠤᠰᠢᠮᠠᠰᠢ ᠰᠠᠢᠨ ᠪᠤᠯᠵᠤ ᠂ ᠬᠦᠴᠦᠨ ᠴᠢᠳᠠᠯ ᠢ᠋ ᠲᠥᠪᠯᠡᠷᠡᠭᠦᠯᠵᠦ᠍ ᠪᠠᠢᠨ᠎ᠠ᠃
ᠴᠢᠭᠯᠡᠯ ᠨᠢᠭᠡᠨᠲᠡ ᠲᠣᠳᠣᠷᠬᠠᠶ ᠪᠣᠯᠵᠣ ᠂ ᠪᠦᠷᠢᠶ᠎ᠡ ᠨᠢᠭᠡᠨᠲᠡ ᠬᠠᠩᠭᠢᠨᠠᠪᠠ ᠂ ᠵᠠᠯᠭᠠᠭᠠᠳ ᠵᠣᠷᠢᠭ᠍ᠲᠠᠶ᠎ᠪᠠᠷ ᠲᠦᠷᠦᠭᠦᠯᠡᠨ ᠬᠢᠵᠤ ᠂ ᠬᠥᠭᠡᠭᠡᠵᠦ᠍ ᠭᠦᠶ᠋ᠴᠡᠨ ᠳᠠᠪᠠᠨ ᠭᠠᠷᠴᠤ ᠂ ᠶᠡᠬᠡᠪᠡᠷ ᠠᠵᠢᠯᠯᠠᠨ ᠲᠦᠷᠭᠡᠨ ᠳᠡᠪᠱᠢᠵᠦ᠍ ᠂ ᠥᠷᠯᠥᠭᠡ ᠦᠳᠡᠰᠢ᠎ᠶ᠋ᠢ ᠲᠡᠮᠡᠴᠡᠨ ᠂ 《 ᠵᠢᠷᠭᠤᠭᠠᠨ ᠬᠤᠪᠢᠷᠠᠭᠤᠯᠤᠯᠳᠠ》 ᠡᠴᠡ ᠭᠠᠷᠳᠠᠵᠤ ᠂ ᠮᠠᠯ ᠠᠵᠤ ᠠᠬᠤᠶ ᠲᠠᠷᠢᠶᠠᠯᠠᠩ᠎ᠤᠨ ᠠᠵᠤ ᠦᠶ᠋ᠯᠡᠰ᠎ᠦᠨ ᠬᠦᠴᠦᠷᠬᠡᠭ ᠣᠷᠣᠨ᠎ᠤ ᠪᠥᠲᠥᠭᠡᠨ ᠪᠠᠢᠭᠤᠯᠤᠯᠲᠠ᠎ᠶ᠋ᠢ ᠲᠦᠷᠭᠡᠳᠭᠡᠨ ᠠᠬᠢᠭᠤᠯᠬᠤ ᠬᠡᠷᠡᠭ᠌ᠲᠡᠶ᠃
ᠨᠢᠭᠡ᠎ᠳᠦ ᠲᠠᠷᠢᠶᠠᠨ ᠭᠠᠵᠠᠷ ᠤ᠋ᠨ ᠲᠠᠯᠠᠪᠠᠢ ᠪᠡᠷ ᠭᠤᠤᠯᠯᠠᠵᠤ ᠪᠠᠢᠭᠰᠠᠨ ᠡᠴᠡ ᠶᠠᠰᠤ ᠴᠢᠨᠠᠷ ᠵᠢᠡᠷ ᠭᠤᠤᠯᠯᠠᠬᠤ ᠲᠡᠢᠰᠢ ᠬᠤᠪᠢᠷᠠᠭᠤᠯᠤᠨ᠎ᠠ᠃ ᠲᠠᠷᠢᠶᠠᠨ ᠭᠠᠵᠠᠷ ᠪᠣᠯ ᠠᠮᠤ ᠪᠤᠳᠠᠭᠠᠨ᠎ᠤ ᠦᠢᠯᠡᠳᠪᠦᠷᠢᠯᠡᠯ᠎ᠦᠨ ᠠᠮᠢᠨ ᠰᠤᠳᠠᠰᠤ ᠮᠥᠨ᠂ ᠮᠠᠨ᠎ᠤ ᠣᠷᠣᠨ᠎ᠤ ᠲᠠᠷᠢᠶᠠᠨ ᠭᠠᠵᠠᠷ᠎ᠤᠨ ᠲᠠᠯᠠᠪᠠᠢ ᠪᠦᠬᠦ᠌ ᠤᠯᠤᠰ᠎ᠲᠤ ᠬᠣᠶᠠᠳᠤᠭᠠᠷ᠎ᠲᠤ ᠣᠷᠣᠵᠤ᠂ ᠬᠥᠮᠦᠨ ᠳᠤᠮᠳᠠᠴᠢ ᠲᠠᠷᠢᠶᠠᠨ ᠭᠠᠵᠠᠷ᠎ᠤᠨ ᠲᠠᠯᠠᠪᠠᠢ ᠪᠦᠬᠦ᠌ ᠤᠯᠤᠰ᠎ᠲᠤ ᠨᠢᠭᠡᠳᠦᠭᠡᠷ᠎ᠲᠦ ᠣᠷᠣᠨ᠎ᠠ᠃ ᠭᠡᠪᠡᠴᠦ᠍ ᠭᠠᠵᠠᠷ᠎ᠤᠨ ᠦᠩ ᠱᠢᠮ᠎ᠡ ᠮᠠᠭᠤᠳᠠᠵᠤ᠂ ᠮᠦ᠍ ᠪᠦᠷᠢ᠎ᠶ᠋ᠢᠨ ᠤᠨᠠᠯᠲᠠ ᠨᠡᠯᠢᠶᠡᠳ ᠳᠣᠣᠷ᠎ᠠ ᠪᠠᠢᠬᠤ ᠠᠰᠠᠭᠤᠳᠠᠯ ᠲᠤᠪᠤᠢ᠌ᠮ᠎ᠠ ᠪᠠᠢᠨ᠎ᠠ᠃ ᠮᠠᠯ ᠠᠵᠤ ᠠᠬᠤᠶ ᠲᠠᠷᠢᠶᠠᠯᠠᠩ᠎ᠤᠨ ᠠᠵᠤ ᠦᠶ᠋ᠯᠡᠰ᠎ᠦᠨ ᠬᠦᠴᠦᠷᠬᠡᠭ ᠣᠷᠣᠨ᠎ᠢ ᠪᠥᠲᠥᠭᠡᠨ ᠪᠠᠢᠭᠤᠯᠬᠤ᠎ᠳᠤ ᠮᠥ᠍ ᠪᠦᠷᠢ᠎ᠶ᠋ᠢᠨ ᠤᠨᠠᠯᠲᠠ᠎ᠶ᠋ᠢ ᠬᠦᠴᠦᠯᠡᠨ ᠳᠡᠭᠡᠭ᠌ᠰᠢᠯᠡᠭᠦᠯᠵᠦ᠍ ᠂ ᠦᠷ᠎ᠡ ᠠᠱᠢᠭ᠎ᠢ ᠳᠡᠭᠡᠭ᠌ᠰᠢᠯᠡᠭᠦᠯᠦᠨ᠎ᠠ᠃ ᠡᠨᠡ ᠵᠢᠯ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢ 395 ᠲᠦᠮᠡᠨ ᠮᠥ᠍ ᠱᠢᠨ᠎ᠡ᠎ᠪᠡᠷ ᠪᠠᠢᠭᠤᠯᠬᠤ᠎ᠶ᠋ᠢᠨ ᠬᠠᠮᠲᠤ ᠠᠯᠬᠤᠮ ᠠᠯᠬᠤᠮ ᠵᠢᠡᠷ ᠡᠭᠦᠷᠢᠳᠡ᠎ᠶ᠋ᠢᠨ ᠦᠨᠳᠦᠰᠦᠨ ᠲᠠᠷᠢᠶᠠᠨ ᠭᠠᠵᠠᠷ᠎ᠢ ᠪᠦᠬᠦᠨ᠎ᠢ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠪᠣᠯᠭᠠᠨ ᠪᠥᠲᠥᠭᠡᠨ ᠪᠠᠢᠭᠤᠯᠵᠤ ᠂ ᠬᠤᠵᠢᠷᠯᠢᠭ ᠭᠠᠵᠠᠷ᠎ᠢ ᠰᠠᠢᠵᠢᠷᠠᠭᠤᠯᠬᠤ᠂ ᠲᠠᠷᠢᠶᠠᠨ ᠭᠠᠵᠠᠷ᠎ᠤᠨ ᠶᠠᠰᠤ ᠴᠢᠨᠠᠷ᠎ᠢ ᠬᠠᠮᠠᠭᠠᠯᠠᠨ ᠳᠡᠭᠡᠭ᠌ᠰᠢᠯᠡᠭᠦᠯᠬᠦ᠌ ᠂ ᠬᠠᠷ᠎ᠠ ᠬᠥᠷᠥᠰᠥ᠍ ᠱᠢᠷᠣᠶ᠎ᠶ᠋ᠢ ᠬᠠᠮᠠᠭᠠᠯᠠᠬᠤ ᠴᠢᠨᠠᠷᠲᠠᠶ ᠲᠠᠷᠢᠶᠠᠯᠠᠬᠤ ᠂ ᠲᠠᠷᠢᠶᠠᠯᠠᠩ᠎ᠤᠨ ᠣᠯᠠᠨ ᠡᠬᠢᠲᠦ ᠪᠣᠬᠢᠷᠲᠤᠯ᠎ᠢ ᠵᠠᠰᠠᠬᠤ ᠵᠡᠷᠭᠡ ᠠᠵᠢᠯᠯᠠᠭ᠎ᠠ᠎ᠶ᠋ᠢ ᠦᠷᠭᠦᠯᠵᠢᠯᠡᠨ ᠥᠷᠨᠢᠭᠦᠯᠵᠦ᠍᠂ ᠦᠶ᠋ᠯᠡᠳᠪᠦᠷᠢᠯᠡᠯ᠎ᠦᠨ ᠴᠢᠳᠠᠪᠤᠷᠢ ᠵᠢ ᠲᠠᠰᠤᠷᠠᠯᠲᠠ ᠥᠬᠡᠶ ᠳᠡᠭᠡᠭ᠌ᠰᠢᠯᠡᠭᠦᠯᠦᠨ᠂ ᠠᠮᠤ ᠪᠤᠳᠠᠭᠠᠨ᠎ᠤ ᠠᠮᠤᠷ ᠲᠦᠪᠱᠢᠨ᠎ᠦ ᠰᠠᠭᠤᠷᠢ᠎ᠶ᠋ᠢ ᠪᠡᠬᠢᠵᠢᠭᠦᠯᠦᠨ᠎ᠠ᠃
ᠬᠣᠶᠠᠷ᠎ᠲᠤ ᠬᠠᠩᠭᠠᠯᠭ᠎ᠠ᠎ᠶ᠋ᠢ ᠦᠨᠳᠦᠰᠦᠨ᠎ᠳᠡᠭᠡᠨ ᠪᠠᠲᠤᠯᠠᠵᠤ ᠪᠠᠢᠭ᠍ᠰᠠᠨ᠎ᠡᠴᠡ ᠣᠯᠠᠨ ᠡᠱᠢᠲᠦ ᠬᠠᠩᠭᠠᠯᠭ᠎ᠠ ᠲᠡᠢᠰᠢ ᠬᠤᠪᠢᠷᠠᠭᠤᠯᠤᠨ᠎ᠠ᠃ ᠬᠣᠭᠣᠯᠠᠨ ᠤ᠋ ᠠᠰᠠᠭᠤᠳᠠᠯ᠎ᠢ ᠱᠢᠢᠳᠪᠦᠷᠢᠯᠡᠬᠦ᠌᠎ᠳᠦ ᠬᠢᠵᠠᠭᠠᠷ᠎ᠲᠠᠶ ᠲᠠᠷᠢᠶᠠᠨ ᠭᠠᠵᠠᠷ᠎ᠢ ᠯᠠ ᠬᠠᠷᠠᠭᠠᠳ ᠪᠠᠢᠵᠤ ᠪᠣᠯᠬᠤ ᠦᠭᠡᠢ᠂ ᠬᠠᠮ ᠢᠳᠡᠭᠡᠨ᠎ᠤ ᠦᠵᠡᠯᠲᠡ᠎ᠶ᠋ᠢ ᠪᠤᠢ ᠪᠣᠯᠭᠠᠵᠤ᠂ ᠡᠨᠡ ᠵᠢᠯ᠎ᠦᠨ ᠠᠮᠤ ᠪᠤᠳᠠᠭᠠᠨ᠎ᠤ ᠤᠨᠠᠯᠲᠠ᠎ᠶ᠋ᠢ 780 ᠳ᠋ᠦᠩᠱᠢᠭᠤᠷ ᠵᠢᠩ ᠣᠷᠴᠢᠮ᠎ᠳᠤ ᠲᠣᠭ᠍ᠲᠠᠪᠤᠷᠢᠵᠢᠭᠤᠯᠬᠤ᠎ᠶ᠋ᠢ ᠪᠠᠲᠤᠯᠠᠭ᠍ᠰᠠᠨ ᠰᠠᠭᠤᠷᠢᠨ ᠳᠡᠭᠡᠷ᠎ᠡ ᠂ ᠥᠷᠭᠡᠨ ᠠᠭᠤᠳᠠᠮ ᠲᠠᠯ᠎ᠠ ᠨᠤᠲᠤᠭ᠂ ᠪᠣᠬᠢᠷᠲᠤᠯ ᠦᠭᠡᠢ ᠤᠢ ᠱᠢᠭᠤᠢ᠎ᠡᠴᠡ ᠢᠳᠡᠭᠡᠨ ᠤᠯᠵᠤ᠂ ᠦᠨᠢᠶᠡᠨ ᠰᠦ᠎ᠶ᠋ᠢᠨ ᠭᠠᠷᠤᠯᠲᠠ᠎ᠶ᠋ᠢ 785 ᠲᠦᠮᠡᠨ ᠲᠣᠨ᠎ᠳᠤ ᠬᠦᠷᠲᠡᠯ᠎ᠡ ᠳᠡᠭᠡᠭ᠌ᠰᠢᠯᠡᠭᠦᠯᠵᠦ᠍ ᠂ ᠮᠢᠬᠠᠨ᠎ᠤ ᠵᠦᠢᠯ᠎ᠦᠨ ᠭᠠᠷᠤᠯᠲᠠ᠎ᠶ᠋ᠢ 300 ᠲᠦᠮᠡᠨ ᠲᠣᠨ᠎ᠳᠤ ᠬᠦᠷᠲᠡᠯ᠎ᠡ ᠨᠡᠮᠡᠭ᠌ᠳᠡᠭᠦᠯᠵᠦ᠍ ᠂ ᠵᠢᠮᠢᠰ ᠂ ᠴᠡᠴᠡᠭ᠂ ᠨᠣᠭᠣᠭ᠎ᠠ ᠂ ᠮᠦᠭᠦ᠂ ᠡᠮ ᠵᠡᠷᠭᠡ ᠠᠵᠤ ᠦᠢᠯᠡᠰ ᠢ᠋ ᠬᠥᠭ᠌ᠵᠢᠭᠦᠯᠵᠦ᠍᠂ 《 ᠳᠤᠮᠳᠠᠳᠤ ᠤᠯᠤᠰ᠎ᠤᠨ ᠠᠶᠠᠭ᠎ᠠ 》 ᠳ᠋ᠤ ᠠᠮᠤ ᠪᠤᠳᠠᠭ᠎ᠠ ᠢᠯᠡᠭᠦᠬᠡᠨ ᠰᠠᠪᠠᠯᠠᠵᠤ᠂ ᠰᠠᠢ᠌ᠨ ᠠᠮᠤ ᠪᠤᠳᠠᠭ᠎ᠠ ᠰᠠᠪᠠᠯᠠᠵᠤ ᠂ ᠰᠠᠢ᠌ᠨ ᠰᠦ ᠰᠠᠪᠠᠯᠠᠵᠤ ᠂ ᠰᠠᠢ᠌ᠨ ᠮᠢᠬ᠎ᠠ ᠰᠠᠪᠠᠯᠠᠵᠤ ᠂ ᠠᠷᠠᠳ ᠤᠯᠠᠨ᠎ᠤ 《ᠵᠢᠮᠢᠰ᠎ᠦᠨ ᠰᠠᠭ᠍ᠰᠤ 》᠂ 《ᠨᠤᠭᠤᠭ᠎ᠠ ᠵᠢᠨ ᠰᠠᠭᠰᠤ》 ᠵᠢ ᠪᠠᠶᠠᠯᠢᠭᠵᠢᠭᠤᠯᠤᠨ᠎ᠠ᠃
ᠭᠤᠷᠪᠠ᠎ᠳᠤ ᠲᠠᠩ ᠭᠠᠭ᠍ᠴᠠ ᠭᠤᠭᠴᠤᠭ᠎ᠠ ᠪᠠᠢᠬᠰᠠᠨ ᠡᠴᠡ ᠪᠦᠷᠢᠨ ᠪᠦᠲᠦᠨ ᠬᠡᠯᠬᠢᠶ᠎ᠡ ᠲᠡᠢᠰᠢ ᠬᠤᠪᠢᠷᠠᠭᠤᠯᠤᠨ᠎ᠠ᠃ ᠮᠠᠨ᠎ᠤ ᠣᠷᠣᠨ᠎ᠤ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠤ ᠣᠯᠠᠩᠬᠢ ᠨᠢ ᠳᠦᠭᠦᠮ ᠳᠦᠳᠡ ᠡᠳ᠋ᠰᠢᠭᠦᠯᠬᠦ ᠪᠡᠷ ᠭᠣᠣᠯ ᠪᠣᠯᠭᠠᠵᠤ ᠂ ᠨᠠᠷᠢᠯᠢᠭ ᠭᠦᠨᠵᠡᠭᠡᠶ ᠡᠳ᠋ᠱᠢᠭᠦᠯᠬᠦ᠌ ᠶᠠᠪᠤᠳᠠᠯ᠎ᠢ ᠶᠡᠷᠦ᠍᠎ᠡᠴᠡ ᠪᠤᠵᠠᠭᠠᠢᠷᠠᠭᠤᠯᠤᠨ ᠬᠦᠴᠦᠷᠬᠡᠭ᠌ᠵᠢᠭᠦᠯᠵᠦ᠍ ᠴᠢᠳᠠᠭᠠᠳᠤᠶ ᠪᠠᠢᠵᠤ ᠂ ᠠᠵᠤ ᠦᠢᠯᠡᠰ᠎ᠦᠨ ᠬᠡᠯᠬᠢᠶ᠎ᠡ ᠪᠣᠯᠤᠨ ᠥᠷᠲᠡᠭ᠎ᠦᠨ ᠬᠡᠯᠬᠢᠶ᠎ᠡ᠎ᠶ᠋ᠢᠨ ᠳᠣᠣᠷ᠎ᠠ ᠳᠠᠪᠬᠤᠷᠭ᠎ᠠ ᠳ᠋ᠤ ᠣᠷᠣᠱᠢᠭ᠍ᠰᠠᠭᠠᠷ ᠢᠷᠡᠪᠡ᠃ ᠬᠡᠯᠬᠢᠶᠡᠵᠢᠯ ᠤ᠋ᠨ ᠰᠡᠳᠭᠢᠬᠦᠶ᠎ᠪᠡᠷ ᠮᠠᠯ ᠠᠵᠤ ᠠᠬᠤᠶ ᠲᠠᠷᠢᠶᠠᠯᠠᠩ᠎ᠤᠨ ᠠᠵᠤ ᠦᠶ᠋ᠯᠡᠰ ᠤ᠋ᠨ ᠬᠦᠴᠦᠷᠬᠡᠭ ᠤᠷᠤᠨ ᠤ᠋ ᠪᠥᠲᠥᠭᠡᠨ ᠪᠠᠢᠭᠤᠯᠤᠯᠲᠠ᠎ᠶ᠋ᠢ ᠠᠳᠭᠤᠬᠤ᠎ᠶ᠋ᠢ ᠪᠠᠷᠢᠮᠲᠠᠯᠠᠵᠤ᠂ ᠰᠦ ᠵᠢᠨ ᠦᠶ᠋ᠯᠡᠰ᠂ ᠮᠢᠬᠠᠨ ᠤ᠋ ᠦᠬᠡᠷ ᠂ ᠮᠢᠬᠠᠨ ᠤ᠋ ᠬᠣᠨᠢ᠂ ᠣᠶ ᠱᠢᠭᠤᠶ ᠡᠪᠡᠰᠦ ᠵᠡᠷᠭᠡ ᠰᠠᠭᠤᠷᠢ ᠳᠠᠪᠠᠭᠤᠯᠢᠭ ᠪᠠ ᠬᠥᠭ᠌ᠵᠢᠯᠲᠡ᠎ᠶ᠋ᠢᠨ ᠳᠠᠯᠳᠠ ᠬᠦᠴᠦᠨ᠎ᠲᠡᠶ ᠠᠵᠤ ᠦᠶ᠋ᠯᠡᠰ᠎ᠦᠨ ᠬᠡᠯᠬᠢᠶ᠎ᠡ᠎ᠶ᠋ᠢ ᠭᠤᠤᠯᠳᠠᠯᠭ᠎ᠠ᠎ᠲᠠᠶ ᠪᠣᠶ ᠪᠣᠯᠭᠠᠵᠤ ᠂ ᠮᠠᠯ ᠠᠵᠤ ᠠᠬᠤᠶ ᠲᠠᠷᠢᠶᠠᠯᠠᠩ᠎ᠤᠨ ᠳᠠᠷᠢᠵᠤ ᠲᠡᠵᠢᠭᠡᠬᠦ᠌ ᠭᠣᠭ᠍ᠴᠣᠭ᠎ᠠ᠎ᠡᠴᠡ ᠡᠳ᠋ᠱᠢᠭᠦᠯᠦᠨ ᠪᠣᠷᠣᠯᠠᠭᠤᠯᠬᠤ ᠵᠡᠷᠭᠡ ᠬᠣᠶᠠᠳᠤᠭᠠᠷ ᠂ ᠭᠤᠷᠪᠠᠳᠤᠭᠠᠷ ᠠᠵᠤ ᠦᠶ᠋ᠯᠡᠰ ᠲᠡᠢᠰᠢ ᠤᠷᠳᠤᠳᠬᠠᠵᠤ ᠂ ᠭᠤᠷᠪᠠᠳᠤᠭᠠᠷ ᠠᠵᠤ ᠦᠶ᠋ᠯᠡᠰ᠎ᠦᠨ ᠠᠭᠤᠰᠤᠯᠴᠠᠨ ᠬᠥᠭ᠌ᠵᠢᠬᠦ᠌ ᠵᠢ ᠠᠬᠢᠭᠤᠯᠵᠤ ᠂ ᠡᠬᠢ ᠪᠠᠶᠠᠯᠢᠭ᠎ᠤᠨ ᠳᠠᠪᠠᠭᠤᠯᠢᠭ᠎ᠢ ᠦᠶ᠋ᠯᠡᠳᠬᠦᠨ᠎ᠦ ᠳᠠᠪᠠᠭᠤᠯᠢᠭ᠂ ᠠᠵᠤ ᠦᠶ᠋ᠯᠡᠰ᠎ᠦᠨ ᠳᠠᠪᠠᠭᠤᠯᠢᠭ ᠪᠣᠯᠭᠠᠨ ᠬᠤᠪᠢᠷᠠᠭᠤᠯᠤᠨ᠎ᠠ᠃
ᠳᠥᠷᠪᠡ᠎ᠳᠦ ᠪᠦᠳᠦᠭᠦᠯᠢᠭ ᠪᠥᠭᠡᠳ ᠦᠷ᠎ᠡ ᠠᠱᠢᠭ ᠳᠤᠤᠷ᠎ᠠ ᠪᠠᠢᠭ᠍ᠰᠠᠨ᠎ᠡᠴᠡ ᠡᠷᠴᠢᠮᠯᠢᠭ ᠪᠥᠭᠡᠳ ᠥᠨᠳᠥᠷ ᠪᠦᠲᠦᠮᠵᠢᠲᠡᠶ ᠲᠡᠢᠰᠢ ᠬᠤᠪᠢᠷᠠᠭᠤᠯᠤᠨ᠎ᠠ᠃ ᠤᠷᠲᠤ ᠬᠤᠭᠤᠴᠠᠭᠠᠨ᠎ᠤ ᠲᠤᠷᠰᠢ᠂ ᠮᠠᠨ᠎ᠤ ᠣᠷᠣᠨ᠎ᠤ ᠮᠠᠯ ᠠᠵᠤ ᠠᠬᠤᠶ ᠲᠠᠷᠢᠶᠠᠯᠠᠩ ᠲᠩᠷᠢ᠎ᠶ᠋ᠢᠨ ᠴᠢᠷᠠᠶ᠎ᠶ᠋ᠢ ᠬᠠᠷᠠᠬᠤ᠂ ᠤᠯᠠᠨ ᠲᠠᠷᠢᠵᠤ ᠪᠠᠭ᠎ᠠ ᠬᠤᠷᠢᠶᠠᠬᠤ᠂ ᠬᠡᠪᠴᠢᠶ᠎ᠡ᠎ᠨᠢ ᠪᠠᠭ᠎ᠠ ᠪᠥᠭᠡᠳ ᠲᠠᠷᠠᠬᠠᠶ ᠪᠤᠲᠠᠷᠬᠠᠶ ᠂ ᠤᠰᠤ ᠵᠢ ᠪᠦᠷᠢᠯᠭᠡᠨ ᠰᠦᠶ᠋ᠳᠭᠡᠬᠦ ᠠᠰᠠᠭᠤᠳᠠᠯ ᠬᠦᠨᠳᠦ ᠨᠤᠴᠢᠳᠠᠢ ᠪᠠᠢᠵᠤ᠂ ᠨᠡᠢᠲᠡᠯᠢᠭ ᠴᠢᠨᠠᠷᠳᠠᠢ ᠪᠦᠳᠦᠭᠦᠯᠢᠭ ᠠᠵᠤ ᠠᠬᠤᠶ᠂《ᠬᠦᠴᠦ᠍ ᠬᠥᠯᠥᠰᠥᠨᠦ ᠠᠵᠤ ᠠᠬᠤᠶ》 ᠪᠤᠯᠤᠭᠰᠠᠭᠠᠷ ᠢᠷᠡᠵᠠᠢ᠃ ᠨᠢᠭᠡ ᠲᠠᠯ᠎ᠠ᠎ᠪᠠᠷ ᠵᠣᠬᠢᠰᠲᠠᠢ ᠬᠡᠪᠴᠢᠶ᠎ᠠ ᠪᠡᠷ ᠡᠵᠡᠩᠨᠡᠬᠦ᠎ᠶ᠋ᠢ ᠠᠬᠢᠭᠤᠯᠵᠤ᠂ ᠢᠯᠢ᠂ ᠮᠸᠩ ᠨᠢᠤ ᠮᠡᠲᠦ᠍᠎ᠶ᠋ᠢᠨ ᠲᠤᠮᠤ ᠠᠵᠤ ᠠᠬᠤᠢᠯᠠᠯ ᠪᠣᠯᠤᠨ ᠨᠡᠩ ᠤᠯᠠᠨ ᠳᠤᠮᠳᠠ ᠪᠠᠭ᠎ᠠ ᠠᠵᠤ ᠠᠬᠤᠢᠯᠠᠯ᠎ᠤᠨ ᠬᠦᠭᠵᠢᠬᠦ ᠵᠢ ᠳᠡᠮᠵᠢᠬᠦ᠌᠎ᠪᠡᠷ ᠪᠠᠷᠠᠬᠤ ᠦᠭᠡᠢ ᠪᠠᠰᠠ ᠬᠤᠷᠱᠢᠶ᠎ᠠ ᠂ ᠭᠡᠷ ᠪᠦᠯᠢ᠎ᠶ᠋ᠢᠨ ᠲᠠᠷᠢᠶᠠᠯᠠᠩ᠎ᠤᠨ ᠲᠠᠯᠠᠪᠠᠢ ᠵᠡᠷᠭᠡ ᠱᠢᠨ᠎ᠡ ᠬᠡᠯᠪᠡᠷᠢ᠎ᠶ᠋ᠢᠨ ᠡᠵᠡᠩᠨᠡᠯᠲᠡ᠎ᠶ᠋ᠢᠨ ᠭᠣᠣᠯ ᠴᠣᠭ᠍ᠴᠠ᠎ᠶ᠋ᠢᠨ ᠬᠡᠪᠴᠢᠶᠡᠲᠦ ᠡᠵᠡᠩᠨᠡᠯᠲᠡ᠎ᠳᠦ ᠣᠷᠣᠯᠴᠠᠬᠤ᠎ᠶ᠋ᠢ ᠬᠦᠳᠦᠯᠦᠨ ᠵᠢᠯᠣᠭᠣᠳᠴᠤ᠌ ᠲᠡᠳᠬᠦᠨ ᠳᠡᠮᠵᠢᠵᠦ᠍ ᠂ ᠮᠠᠯ ᠠᠵᠤ ᠠᠬᠤᠶ ᠲᠠᠷᠢᠶᠠᠯᠠᠩ᠎ᠤᠨ ᠪᠦᠬᠦ᠌ ᠡᠯᠧᠮᠧᠨ᠋ᠲ᠎ᠦᠨ ᠦᠢᠯᠡᠳᠪᠦᠷᠢᠯᠡᠯ᠎ᠦᠨ ᠨᠤᠷᠮ᠎ᠠ᠎ᠶ᠋ᠢᠨ ᠳᠡᠭᠡᠭ᠌ᠰᠢᠯᠡᠯᠲᠡ᠎ᠶ᠋ᠢ ᠳᠠᠢᠴᠢᠯᠠᠨ᠎ᠠ᠃ ᠨᠦᠬᠦᠭᠡ ᠲᠠᠯ᠎ᠠ᠎ᠪᠠᠷ ᠤᠰᠤᠨ᠎ᠤ ᠡᠬᠢ ᠪᠠᠶᠠᠯᠢᠭ᠎ᠤᠨ ᠬᠠᠲᠠᠭᠤ ᠬᠢᠵᠠᠭᠠᠷᠯᠠᠯ᠎ᠢ ᠴᠢᠩᠭᠠᠳᠭᠠᠵᠤ᠂ ᠤᠰᠤ ᠠᠷᠪᠢᠯᠠᠵᠤ ᠤᠰᠤ᠎ᠶ᠋ᠢ ᠬᠢᠵᠠᠭᠠᠷᠯᠠᠬᠤ ᠠᠵᠢᠯᠯᠠᠭ᠎ᠠ ᠥᠷᠨᠢᠭᠦᠯᠵᠦ᠍᠂ ᠲᠠᠷᠢᠶᠠᠯᠠᠩ᠎ᠤᠨ ᠤᠰᠤ ᠠᠷᠪᠢᠯᠠᠵᠤ ᠦᠷ᠎ᠡ ᠠᠱᠢᠭ᠎ᠢ ᠨᠡᠮᠡᠭ᠌ᠳᠡᠭᠦᠯᠬᠦ᠌᠎ᠶ᠋ᠢ ᠶᠡᠬᠡᠪᠡᠷ ᠠᠬᠢᠭᠤᠯᠵᠤ᠂ ᠤᠰᠤ᠎ᠶ᠋ᠢ ᠪᠦᠷᠢᠯᠭᠡᠨ ᠰᠦᠢᠳᠭᠡᠬᠦ᠌ ᠠᠰᠠᠭᠤᠳᠠᠯ᠎ᠢ ᠭᠣᠣᠯᠳᠠᠯᠭ᠎ᠠ᠎ᠲᠠᠶ ᠱᠢᠢᠳᠪᠦᠷᠢᠯᠡᠨ᠎ᠠ᠃
ᠲᠠᠪᠤ᠎ᠳᠤ ᠤᠯᠠᠮᠵᠢᠯᠠᠯᠲᠤ ᠵᠠᠭ᠍ᠪᠤᠷ᠎ᠡᠴᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠪᠡᠷ ᠬᠥᠳᠡᠯᠭᠡᠭᠦᠷ ᠪᠣᠯᠭᠠᠬᠤ ᠲᠡᠢᠰᠢ ᠬᠤᠪᠢᠷᠠᠭᠤᠯᠤᠨ᠎ᠠ᠃ ᠲᠠᠷᠢᠶᠠᠨ ᠭᠠᠵᠠᠷ ᠪᠣᠯᠤᠨ ᠤᠰᠤᠨ᠎ᠤ ᠡᠬᠢ ᠪᠠᠶᠠᠯᠢᠭ ᠬᠢᠵᠠᠭᠠᠷ᠎ᠲᠠᠶ ᠪᠠᠢᠬᠤ ᠪᠠᠢᠳᠠᠯ ᠳᠤᠤᠷ᠎ᠠ᠂ ᠮᠠᠯ ᠠᠵᠤ ᠠᠬᠤᠶ ᠲᠠᠷᠢᠶᠠᠯᠠᠩ᠎ᠤᠨ ᠤᠨᠠᠯᠲᠠ᠎ᠶ᠋ᠢ ᠲᠣᠭ᠍ᠲᠠᠪᠤᠷᠢᠵᠢᠭᠤᠯᠤᠨ ᠤᠨᠠᠯᠲᠠ ᠵᠢ ᠨᠡᠮᠡᠭ᠌ᠳᠡᠭᠦᠯᠬᠦ᠌᠎ᠳᠦ ᠦᠨᠳᠦᠰᠦᠨ᠎ᠳᠡᠭᠡᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠳᠦ ᠲᠦᠱᠢᠭ᠌ᠯᠡᠨᠠ᠃ ᠪᠣᠭᠣᠮᠲᠠ ᠱᠢᠪᠲᠤᠯᠬᠤ ᠠᠷᠭ᠎ᠠ ᠬᠡᠮᠵᠢᠶ᠎ᠡ᠎ᠪᠡᠷ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠶ᠋ᠢ ᠠᠬᠢᠭᠤᠯᠵᠤ᠂ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ᠎ᠦᠨ ᠣᠷᠣᠭᠤᠯᠤᠯᠲᠠ᠎ᠶ᠋ᠢ ᠳᠠᠬᠢᠨᠲᠠ ᠨᠡᠮᠡᠭ᠌ᠳᠡᠭᠦᠯᠵᠦ᠍᠂ ᠱᠢᠨ᠎ᠡ᠎ᠶ᠋ᠢ ᠡᠭᠦᠳᠬᠦ᠌ ᠲᠠᠪᠴᠠᠩ᠎ᠤᠨ ᠪᠠᠢᠭᠤᠯᠤᠯᠳᠠ᠎ᠶ᠋ᠢ ᠳᠠᠬᠢᠨᠲᠠ ᠴᠢᠩᠭᠠᠳᠭᠠᠵᠤ᠂ ᠰᠢᠨ᠎ᠠ ᠵᠢ ᠡᠭᠦᠳᠬᠦ ᠬᠡᠯᠬᠢᠶ᠎ᠠ ᠵᠢᠨ ᠪᠠᠢᠷᠢᠰᠢᠭᠤᠯᠤᠯᠳᠠ ᠵᠢ ᠳᠠᠬᠢᠨᠳᠠ ᠴᠢᠩᠭᠠᠳᠬᠠᠵᠤ᠂ ᠴᠢᠳᠠᠪᠤᠷᠢᠲᠠᠨ᠎ᠢ ᠣᠷᠣᠭᠤᠯᠤᠨ ᠠᠪᠴᠢᠷᠠᠬᠤ᠎ᠶ᠋ᠢ ᠳᠠᠬᠢᠨᠲᠠ ᠴᠢᠩᠭᠠᠳᠭᠠᠵᠤ᠂ ᠦᠷ᠎ᠡ᠎ᠶ᠋ᠢᠨ ᠦᠶ᠋ᠯᠡᠰ᠎ᠢ ᠬᠥᠭ᠌ᠵᠢᠭᠦᠯᠦᠨ ᠮᠠᠨᠳᠤᠭᠤᠯᠬᠤ ᠠᠵᠢᠯᠯᠠᠭ᠎ᠠ᠎ᠶ᠋ᠢ ᠭᠦᠨᠵᠡᠭᠡᠶ ᠬᠡᠷᠡᠭ᠌ᠵᠢᠭᠦᠯᠵᠦ᠍᠂ ᠮᠠᠯ ᠠᠵᠤ ᠠᠬᠤᠶ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠪᠣᠯᠤᠨ ᠲᠣᠨᠣᠭ᠍ᠯᠠᠯ᠎ᠤᠨ ᠲᠤᠯᠭᠠᠭᠤᠷᠢᠯᠠᠯ᠎ᠢ ᠴᠢᠩᠭᠠᠳᠭᠠᠵᠤ᠂ ᠤᠯᠤᠰ᠎ᠤᠨ ᠰᠦ ᠵᠢᠨ ᠦᠶ᠋ᠯᠡᠰ᠎ᠦᠨ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠪ᠂ ᠡᠪᠡᠰᠦᠨ(ᠦᠷ᠎ᠡ)᠎ᠤ᠋ ᠦᠶ᠋ᠯᠡᠰ᠎ᠦᠨ ᠤᠯᠤᠰ᠎ᠤᠨ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠪ ᠪᠣᠯᠤᠨ ᠪᠠᠶᠠᠨᠨᠠᠭᠤᠷ᠎ᠤᠨ ᠲᠠᠷᠢᠶᠠᠯᠠᠩ᠎ᠤᠨ ᠥᠨᠳᠥᠷ ᠪᠠᠷᠢᠮᠵᠢᠶ᠎ᠠ᠎ᠳᠤ ᠣᠷᠣᠨ ᠵᠡᠷᠭᠡ ᠲᠠᠪᠴᠠᠩ᠎ᠤᠨ ᠪᠥᠲᠥᠭᠡᠨ ᠪᠠᠢᠭᠤᠯᠤᠯᠲᠠ᠎ᠶ᠋ᠢ ᠯᠠᠪᠳᠠᠭᠤᠨ ᠪᠠᠲᠤᠲᠠᠶ ᠠᠬᠢᠭᠤᠯᠵᠤ ᠂ ᠮᠠᠯ ᠠᠵᠤ ᠠᠬᠤᠶ ᠲᠠᠷᠢᠶᠠᠯᠠᠩ᠎ᠤᠨ ᠠᠵᠤ ᠦᠶ᠋ᠯᠡᠰ᠎ᠦᠨ ᠬᠦᠴᠦᠷᠬᠡᠭ ᠣᠷᠣᠨ᠎ᠤ ᠪᠥᠲᠥᠭᠡᠨ ᠪᠠᠢᠭᠤᠯᠤᠯᠲᠠ᠎ᠳᠤ ᠱᠢᠨ᠎ᠡ ᠬᠥᠳᠡᠯᠭᠡᠬᠦ᠌ ᠴᠢᠳᠠᠪᠤᠷᠢ ᠬᠠᠩᠭᠠᠨ᠎ᠠ᠃
ᠵᠢᠷᠭᠤᠭ᠎ᠠ᠎ᠳᠤ ᠦᠶ᠋ᠯᠡᠳᠬᠦᠨ᠎ᠦ ᠡᠵᠡᠩᠨᠡᠯᠲᠡ᠎ᠡᠴᠡ ᠲᠦᠷᠦᠯ ᠲᠡᠮᠳᠡᠭ᠌ ᠤ᠋ᠨ ᠡᠵᠡᠩᠨᠡᠯᠲᠡ ᠳᠠᠢᠰᠢ ᠬᠤᠪᠢᠷᠠᠭᠤᠯᠤᠨ᠎ᠠ᠃ ᠮᠠᠨ᠎ᠤ ᠣᠷᠣᠨ᠎ᠤ ᠪᠥᠬᠥ᠌ ᠤᠯᠤᠰ᠎ᠤᠨ《ᠨᠠᠷᠠᠲᠤ ᠣᠨᠴᠠ ᠱᠢᠯᠢᠳᠡᠭ ᠱᠢᠨ᠎ᠡ》ᠲᠠᠷᠢᠶᠠᠯᠠᠩ᠎ᠤᠨ ᠪᠦᠲᠦᠭᠡᠭ᠌ᠳᠡᠬᠦᠨ᠎ᠦ ᠲᠣᠭ᠎ᠠ ᠬᠡᠮᠵᠢᠶ᠎ᠡ ᠪᠥᠬᠥ᠌ ᠤᠯᠤᠰ᠎ᠲᠤ ᠬᠣᠶᠠᠳᠤᠭᠠᠷ᠎ᠲᠤ ᠣᠷᠣᠵᠤ᠂《 ᠬᠣᠶᠠᠷ ᠪᠦᠲᠦᠭᠡᠭ᠌ᠳᠡᠬᠦᠨ ᠨᠢᠭᠡ ᠲᠡᠮᠳᠡᠭ》 ᠤ᠋ᠨ ᠲᠣᠭ᠎ᠠ ᠬᠡᠮᠵᠢᠶ᠎ᠡ ᠪᠥᠬᠥ᠌ ᠤᠯᠤᠰ᠎ᠤᠨ ᠡᠮᠦᠨ᠎ᠡ ᠡᠩᠨᠡᠭᠡᠨ᠎ᠳᠦ ᠣᠷᠣᠵᠤ ᠪᠠᠢᠨ᠎ᠠ᠃ ᠭᠡᠪᠡᠴᠦ᠍ ᠵᠢᠩᠬᠢᠨᠢ ᠳᠠᠶᠠᠭᠠᠷ᠎ᠢᠶᠠᠨ ᠮᠡᠳᠡᠵᠤ᠂ ᠪᠥᠬᠥ᠌ ᠤᠯᠤᠰ᠎ᠲᠤ ᠨᠡᠷ᠎ᠡ ᠠᠯᠳᠠᠷᠱᠢᠭ᠍ᠰᠠᠨ ᠲᠣᠮᠣ ᠲᠦᠷᠦᠯ ᠲᠡᠮᠳᠡᠭ ᠬᠠᠷᠢᠨ ᠲᠣᠩ ᠴᠥᠭᠡᠨ ᠪᠠᠢᠨ᠎ᠠ᠃ ᠲᠦᠷᠦᠯ ᠲᠡᠮᠳᠡᠭ᠎ᠢ ᠬᠦᠴᠦᠯᠡᠨ ᠪᠣᠢᠵᠢᠭᠤᠯᠵᠤ᠂《ᠥᠪᠥᠷ ᠮᠣᠩᠭᠣᠯ》ᠲᠦᠷᠦᠯ ᠲᠡᠮᠳᠡᠭ᠎ᠦᠨ ᠪᠠᠢᠭᠤᠯᠤᠯᠲᠠ᠎ᠶ᠋ᠢ ᠴᠢᠩᠭᠠᠳᠭᠠᠵᠤ᠂ 《ᠮᠢᠩᠭᠠᠨ ᠭᠠᠵᠠᠷ᠎ᠤᠨ ᠲᠠᠯ᠎ᠠ ᠨᠤᠲᠤᠭ᠂ ᠲᠦᠮᠡᠨ ᠭᠠᠵᠠᠷ ᠤ᠋ᠨ ᠮᠠᠯᠵᠢᠯ᠎ᠤᠨ ᠲᠠᠯᠠᠪᠠᠢ᠂ ᠠᠮᠢ ᠠᠬᠤᠢ᠎ᠶ᠋ᠢᠨ ᠥᠪᠥᠷ ᠮᠣᠩᠭᠣᠯ᠂ ᠪᠣᠬᠢᠷᠲᠤᠯ ᠦᠭᠡᠢ ᠰᠠᠢᠬᠠᠨ ᠦᠨᠦᠷ ᠠᠮᠲᠠ》 ᠵᠢ ᠤᠯᠠᠮ᠎ᠡᠴᠡ ᠤᠯᠠᠮ ᠠᠯᠳᠠᠷᠰᠢᠭᠤᠯᠤᠨ᠎ᠠ᠃
ᠬᠦᠴᠦᠷᠬᠡᠭ ᠣᠷᠣᠨ ᠢ᠋ ᠪᠦᠲᠦᠭᠡᠨ ᠪᠠᠢᠭᠤᠯᠬᠤ ᠪᠤᠯ ᠥᠪᠥᠷ ᠮᠣᠩᠭᠣᠯ᠎ᠤᠨ ᠴᠢᠨᠠᠷ ᠰᠠᠢᠲᠠᠢ ᠬᠥᠭ᠌ᠵᠢᠯᠲᠡ᠎ᠶ᠋ᠢᠨ ᠢᠯᠡ ᠲᠣᠳᠣ ᠭᠣᠣᠯ ᠰᠡᠳᠦᠪ ᠮᠥᠨ᠂ ᠪᠦᠬᠦ᠌ ᠣᠷᠣᠨ᠎ᠤ 2400 ᠭᠠᠷᠤᠢ ᠲᠦᠮᠡᠨ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠬᠠᠮᠲᠤ᠎ᠶ᠋ᠢᠨ ᠬᠦᠰᠡᠯ ᠡᠷᠡᠮᠡᠯᠵᠡᠯ ᠮᠥᠨ᠃ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠦ ᠲᠣᠭ᠍ᠲᠠᠭᠠᠭ᠍ᠰᠠᠨ ᠬᠠᠷᠠᠯᠲᠠ ᠵᠢᠨ ᠦᠨᠳᠦᠷᠴᠡ ᠪᠠ ᠬᠤᠷᠳᠤᠴᠠ ᠲᠡᠩᠴᠡᠭᠦᠷᠢᠳᠠᠢ ᠪᠠᠢᠵᠤ ᠂ ᠠᠷᠭ᠎ᠠ ᠵᠠᠮ᠎ᠤᠨ ᠨᠠᠷᠢᠪᠴᠢ ᠵᠢᠨ ᠬᠡᠮᠵᠢᠶ᠎ᠡ ᠪᠠ ᠪᠣᠳᠠᠲᠠᠶ ᠵᠢ ᠡᠷᠬᠢᠮᠯᠡᠬᠦ ᠬᠡᠮᠵᠢᠶ᠎ᠡ ᠬᠤᠤᠰᠯᠠᠵᠤ ᠂ ᠠᠷᠭ᠎ᠠ ᠪᠣᠳᠣᠯᠭ᠎ᠠ᠎ᠶ᠋ᠢᠨ ᠡᠷᠴᠢᠮ ᠪᠠ ᠣᠨᠣᠪᠴᠢ᠎ᠶ᠋ᠢᠨ ᠬᠡᠮᠵᠢᠶ᠎ᠡ᠎ᠶ᠋ᠢ ᠵᠡᠷᠭᠡ ᠪᠡᠷ ᠠᠳᠭᠤᠵᠤ ᠂ ᠮᠠᠯ ᠠᠵᠤ ᠠᠬᠤᠶ ᠲᠠᠷᠢᠶᠠᠯᠠᠩ᠎ᠤᠨ ᠠᠵᠤ ᠦᠶ᠋ᠯᠡᠰ᠎ᠤ᠋ᠨ ᠬᠦᠴᠦᠷᠬᠡᠭ ᠣᠷᠣᠨ ᠤ᠋ ᠪᠦᠲᠦᠭᠡᠨ ᠪᠠᠢᠭᠤᠯᠤᠯᠳᠠ ᠵᠢᠨ ᠬᠡᠲᠦ᠍᠎ᠶ᠋ᠢᠨ ᠲᠥᠯᠥᠪ ᠮᠠᠰᠢ ᠲᠦᠷᠭᠡᠨ ᠵᠢᠡᠷ ᠪᠣᠳᠠᠲᠤ ᠠᠬᠤᠶ ᠪᠣᠯᠤᠨ ᠬᠤᠪᠢᠷᠠᠵᠤ᠂ ᠬᠥᠮᠦᠰ ᠶᠡᠬᠡᠳᠡ ᠬᠦᠰᠡᠨ ᠡᠷᠡᠮᠡᠯᠵᠡᠵᠦ᠍ ᠪᠠᠢᠨ᠎ᠠ᠃
(ᠭᠠᠷᠳᠠᠨ ᠪᠢᠴᠢᠭᠴᠢ᠄ ᠶᠠᠩ ᠭᠤᠸᠠᠩ ᠢᠦᠢ)