ᠦᠬᠡ ᠦᠯᠡᠳᠡᠬᠡᠬᠦ ᠵᠢᠵᠢᠭ ᠰᠠᠮᠪᠠᠷ᠎ᠠ ᠨᠢ ᠺᠠᠳ᠋ᠷ ᠤᠯᠠᠨ ᠲᠦᠮᠡᠨ᠎ᠦ ᠰᠡᠳᠬᠢᠯ ᠤ᠋ᠨ ᠬᠤᠯᠪᠤᠭᠠᠰᠤ ᠪᠤᠯᠪᠠ
2023-01-27 11:08:50
ᠵᠣᠬᠢᠶᠠᠭ᠍ᠴᠢ᠄
ᠯᠢ ᠢᠦᠢ ᠵᠦᠸᠸ
ᠣᠩᠱᠢᠭ᠍ᠰᠠᠨ ᠣᠳᠠᠭ᠎ᠠ᠄
★★★☆☆

ᠬᠢᠵᠢᠭ᠎ᠦᠨ ᠨᠥᠯᠥᠭᠡ᠎ᠡᠴᠡ ᠪᠣᠯᠵᠣ᠂ ᠣᠯᠠᠨ ᠵᠦᠶ᠋ᠯ᠎ᠦᠨ ᠱᠢᠯᠭᠠᠯᠲᠠ ᠴᠠᠭ ᠵᠢᠡᠨ ᠬᠣᠢᠱᠢᠯᠠᠭᠤᠯᠬᠤ ᠪᠤᠶᠤ ᠬᠤᠭᠤᠴᠠᠭ᠎ᠠ᠎ᠪᠠᠨ ᠬᠤᠪᠢᠷᠠᠭᠤᠯᠬᠤ ᠨᠢ ᠮᠠᠰᠢ ᠣᠯᠠᠨ ᠱᠢᠯᠭᠠᠭᠤᠯᠤᠭ᠍ᠴᠢ᠎ᠶ᠋ᠢ ᠰᠠᠨᠠᠭ᠎ᠠ ᠠᠮᠤᠷ ᠥᠬᠡᠶ ᠪᠣᠯᠭᠠᠪᠠ᠃ ᠱᠢᠯᠭᠠᠯᠲᠠ᠎ᠳᠤ ᠪᠡᠯᠡᠳᠭᠡᠵᠦ᠍ ᠪᠠᠢᠭ᠎ᠠ ᠡᠸᠡᠩᠬᠢ ᠦᠨᠳᠦᠰᠦᠲᠡᠨ᠎ᠦ ᠥᠪᠡᠷᠲᠡᠭᠡᠨ ᠵᠠᠰᠠᠬᠤ ᠬᠣᠱᠢᠭᠤᠨ᠎ᠤ ᠰᠦᠯᠵᠢᠶᠡᠨ ᠠᠨᠳᠠ ᠴᠧᠨ ᠷᠦᠢ ᠵᠧ ᠲᠦᠷᠦᠭᠦᠬᠡᠨ ᠠᠷᠠᠳ᠎ᠤᠨ ᠰᠦᠯᠵᠢᠶ᠎ᠡ᠎ᠶ᠋ᠢᠨ ᠣᠷᠣᠨ ᠨᠤᠲᠤᠭ᠎ᠤᠨ ᠤᠳᠤᠷᠢᠳᠤᠯᠭ᠎ᠠ᠎ᠳ᠋ᠤ ᠦᠭᠡ ᠦᠯᠡᠳᠡᠭᠡᠬᠦ᠌ ᠰᠠᠮᠪᠠᠷ᠎ᠠ ᠳᠡᠭᠡᠷ᠎ᠡ ᠦᠭᠡ ᠦᠯᠡᠳᠡᠭᠡᠵᠦ᠍᠂ ᠪᠠᠭ᠍ᠰᠢ ᠡᠯᠰᠡᠬᠦ᠌ ᠱᠢᠯᠭᠠᠯᠲᠠ᠎ᠶ᠋ᠢᠨ ᠬᠣᠯᠪᠣᠭ᠍ᠳᠠᠯ ᠪᠥᠬᠥᠶ ᠮᠡᠳᠡᠭᠡ ᠵᠠᠩᠭᠢ᠎ᠶ᠋ᠢ ᠠᠰᠠᠭᠤᠨ ᠯᠠᠪᠯᠠᠪᠠ᠃

ᠡᠸᠡᠩᠬᠢ ᠬᠣᠱᠢᠭᠤᠨ᠎ᠤ ᠰᠤᠷᠭᠠᠨ ᠬᠥᠮᠦᠵᠢᠯ᠎ᠦᠨ ᠲᠣᠪᠴᠢᠢ᠎ᠠ ᠲᠡᠷᠡ ᠳᠠᠷᠤᠢ᠎ᠳᠤᠨᠢ ᠰᠦᠯᠵᠢᠶᠡᠨ ᠠᠨᠳᠠ ᠲᠠᠢ ᠤᠲᠠᠰᠤ᠎ᠪᠠᠷ ᠶᠠᠷᠢᠯᠴᠠᠵᠤ᠂ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠳᠠᠷᠠᠭ᠎ᠠ᠂ ᠣᠷᠣᠨ ᠨᠤᠲᠤᠭ᠎ᠤᠨ ᠬᠢᠨ ᠰᠤᠷᠭᠠᠨ ᠬᠥᠮᠦᠵᠢᠯ᠎ᠦᠨ ᠥᠭᠡᠷᠡᠴᠢᠯᠡᠯᠲᠡ᠎ᠶ᠋ᠢ ᠲᠠᠰᠤᠷᠠᠯᠲᠠ ᠦᠭᠡᠢ ᠠᠬᠢᠭᠤᠯᠵᠤ᠂ ᠡᠬᠢ ᠪᠠᠶᠠᠯᠢᠭ᠎ᠤᠨ ᠲᠤᠬᠢᠷᠠᠭᠤᠯᠤᠯᠲᠠ ᠪᠠ ᠴᠢᠳᠠᠪᠤᠷᠢᠲᠠᠨ᠎ᠤ ᠲᠤᠬᠢᠷᠠᠭᠤᠯᠤᠯᠲᠠ᠎ᠶ᠋ᠢᠨ ᠬᠠᠷᠢᠴᠠᠯ᠎ᠢ ᠴᠢᠨᠠᠭ᠍ᠰᠢᠳᠠ ᠱᠢᠯᠢᠳᠡᠭ᠌ᠵᠢᠭᠦᠯᠬᠦ᠌ ᠵᠡᠷᠭᠡ ᠪᠠᠢᠳᠠᠯ᠎ᠢ ᠲᠠᠨᠢᠯᠴᠠᠭᠤᠯᠵᠤ᠂ ᠱᠢᠯᠭᠠᠯᠲᠠ᠎ᠶ᠋ᠢᠨ ᠮᠡᠳᠡᠭᠡ ᠵᠠᠩᠭᠢ ᠬᠠᠩᠭᠠᠵᠠᠢ᠃ ᠲᠠᠬᠢᠨ ᠰᠤᠷᠪᠤᠯᠵᠢᠯᠠᠬᠤ ᠦᠶ᠎ᠡ᠎ᠳᠦ ᠴᠧᠨ ᠷᠦᠢ ᠵᠧ ᠰᠤᠷᠭᠠᠨ ᠬᠥᠮᠦᠵᠢᠯ᠎ᠦᠨ ᠲᠣᠪᠴᠢᠶ᠎ᠠ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢᠨ ᠬᠠᠷᠢᠭᠤᠯᠲᠠ ᠮᠠᠰᠢ ᠪᠣᠳᠠᠲᠠᠶ ᠪᠠᠢᠵᠤ ᠂ ᠱᠢᠯᠭᠠᠯᠲᠠ᠎ᠳᠤ ᠨᠠᠩ ᠢᠲᠡᠭᠡᠯ᠎ᠲᠡᠶ ᠪᠣᠯᠵᠠᠢ ᠬᠡᠵᠤ ᠬᠡᠯᠡᠪᠡ᠃

ᠠᠷᠠᠳ᠎ᠤᠨ ᠰᠦᠯᠵᠢᠶ᠎ᠡ᠎ᠶ᠋ᠢᠨ ᠣᠷᠣᠨ ᠨᠤᠲᠤᠭ᠎ᠤᠨ ᠤᠳᠤᠷᠢᠳᠤᠯᠭ᠎ᠠ᠎ᠳ᠋ᠤ ᠦᠭᠡ ᠦᠯᠡᠳᠡᠭᠡᠬᠦ᠌ ᠰᠠᠮᠪᠠᠷ᠎ᠠ᠎ᠶ᠋ᠢ ᠨᠡᠭᠡᠭᠡᠭ᠌ᠰᠡᠨ᠎ᠡᠴᠡ ᠨᠠᠭᠠᠰᠢ᠂ ᠡᠸᠡᠩᠬᠢ ᠬᠣᠱᠢᠭᠤ ᠰᠦᠯᠵᠢᠶᠡᠨ᠎ᠦ ᠵᠠᠰᠠᠭ᠎ᠤᠨ ᠶᠠᠪᠤᠳᠠᠯ ᠠᠰᠠᠭᠤᠬᠤ ᠬᠣᠯᠪᠣᠭᠠᠰᠤ᠎ᠶ᠋ᠢᠨ ᠦᠶ᠋ᠯᠡᠳᠦᠯ᠎ᠢᠶᠡᠨ ᠭᠦᠶ᠋ᠴᠡᠳ ᠪᠠᠳᠠᠷᠠᠭᠤᠯᠵᠤ᠂ ᠣᠯᠠᠨ ᠲᠦᠮᠡᠨ᠎ᠦ ᠳᠡᠷᠭᠡᠳᠡᠬᠢ 《ᠲᠡᠷᠢᠭᠦᠨ ᠵᠡᠷᠭᠡ᠎ᠶ᠋ᠢᠨ ᠶᠡᠬᠡ ᠶᠠᠪᠤᠳᠠᠯ》᠂ 《 ᠵᠠᠩᠭᠢᠯᠠᠭ᠎ᠠ᠎ᠶ᠋ᠢᠨ ᠪᠠᠭ᠎ᠠ ᠶᠠᠪᠤᠳᠠᠯ 》 ᠎ᠢ᠋ ᠱᠢᠶ᠋ᠳᠪᠦᠷᠢᠯᠡᠵᠦ᠍᠂ ᠦᠭᠡ ᠦᠯᠡᠳᠡᠭᠡᠬᠦ᠌ ᠰᠠᠮᠪᠠᠷ᠎ᠠ ᠳᠡᠭᠡᠷᠡᠬᠢ 《ᠤᠴᠢᠷ ᠪᠣᠯᠭᠠᠨ᠎ᠢ ᠨᠠᠢᠳᠠᠪᠤᠷᠢᠵᠢᠭᠤᠯᠵᠤ᠂ ᠤᠴᠢᠷ ᠪᠣᠯᠭᠠᠨ ᠳ᠋ᠤ ᠬᠠᠷᠢᠭᠤ ᠥᠭ᠌ᠴᠠᠢ》᠃ ᠦᠭᠡ ᠦᠯᠡᠳᠡᠭᠡᠬᠦ᠌ ᠵᠢᠵᠢᠭ ᠰᠠᠮᠪᠠᠷ᠎ᠠ ᠨᠢ ᠨᠠᠮ ᠪᠠ ᠵᠠᠰᠠᠭ᠎ᠤᠨ ᠣᠷᠳᠣᠨ ᠪᠤᠯᠤᠨ ᠠᠷᠠᠳ ᠤᠯᠠᠨ᠎ᠤ ᠬᠣᠭᠣᠷᠣᠨᠳᠤᠬᠢ ᠨᠢᠭᠡ ᠰᠡᠳᠭᠢᠯ ᠨᠢᠭᠡ ᠵᠣᠷᠢᠭ᠂ ᠬᠠᠮᠲᠤ᠎ᠪᠠᠷ ᠡᠳ᠋ᠯᠡᠵᠦ᠍ ᠬᠠᠮᠲᠤ᠎ᠪᠠᠷ ᠵᠠᠰᠠᠬᠤ 《ᠰᠡᠳᠭᠢᠯ᠎ᠦᠨ ᠬᠥᠭᠥᠷᠭᠡ》 ᠪᠤᠯᠤᠭᠰᠠᠨ ᠪᠠᠢᠨ᠎ᠠ᠃

《ᠥᠩᠭᠡᠷᠡᠭ᠌ᠰᠡᠨ᠎ᠳᠦ ᠬᠡᠳᠦᠨ ᠲᠠᠪᠴᠠᠩ ᠡᠷᠢᠵᠦ᠍ ᠲᠤᠰᠭᠠᠭ᠍ᠰᠠᠨ ᠪᠣᠯᠪᠠᠴᠤ᠌ ᠱᠢᠶ᠋ᠳᠪᠦᠷᠢᠯᠡᠵᠦ᠍ ᠳᠡᠢᠯᠦᠭ᠌ᠰᠡᠨ ᠥᠬᠡᠶ᠂ ᠭᠡᠪᠡᠴᠦ᠍ ᠠᠷᠠᠳ᠎ᠤᠨ ᠰᠦᠯᠵᠢᠶ᠎ᠡ᠎ᠶ᠋ᠢᠨ ᠤᠳᠤᠷᠢᠳᠤᠯᠭ᠎ᠠ᠎ᠳ᠋ᠤ ᠦᠭᠡ ᠦᠯᠡᠳᠡᠭᠡᠬᠦ᠌ ᠰᠠᠮᠪᠠᠷ᠎ᠠ᠎ᠳ᠋ᠤ ᠦᠭᠡ ᠦᠯᠡᠳᠡᠭᠡᠭ᠌ᠰᠡᠨ᠎ᠦ ᠳᠠᠷᠠᠭ᠎ᠠ᠂ ᠠᠰᠠᠭᠤᠳᠠᠯ ᠨᠢᠭᠡᠨᠲᠡ ᠱᠢᠶ᠋ᠳᠪᠦᠷᠢᠯᠡᠭ᠌ᠳᠡᠵᠤ ᠂ ᠪᠢ ᠤᠴᠢᠷ ᠱᠢᠶ᠋ᠳᠪᠦᠷᠢᠯᠡᠬᠰᠡᠨ ᠣᠪᠣᠷ᠎ᠲᠤ ᠮᠠᠰᠢ ᠬᠠᠨᠤᠮᠵᠢᠲᠠᠶ ᠪᠠᠢᠨ᠎ᠠ᠂ ᠬᠣᠢᠱᠢᠳᠠ ᠡᠨᠡ ᠬᠦ᠌ ᠲᠠᠪᠴᠠᠩ᠎ᠨᠢ ᠠᠷᠠᠳ ᠣᠯᠠᠨ᠎ᠤ ᠰᠡᠳᠭᠢᠯ᠎ᠦᠨ ᠦᠭᠡ᠎ᠶ᠋ᠢ ᠢᠯᠡᠭᠦᠬᠡᠨ ᠰᠣᠨᠣᠰᠭᠤ᠎ᠶ᠋ᠢ ᠬᠦᠰᠡᠵᠦ᠍ ᠪᠠᠢᠨ᠎ᠠ》 ᠬᠡᠵᠤ ᠰᠠᠭᠤᠭᠠᠯᠢ ᠠᠷᠠᠳ ᠦ᠋ ᠬᠣᠩ ᠶᠠᠨ ᠲᠠᠯᠠᠷᠬᠠᠵᠤ ᠪᠠᠢᠬᠤ ᠰᠡᠳᠬᠢᠯ ᠵᠢᠨᠨ ᠢᠯᠡᠳᠭᠡᠪᠡ᠃

ᠡᠸ᠋ ᠬᠣᠩ ᠶᠠᠨ᠎ᠤ ᠭᠡᠷ᠎ᠦᠨ ᠣᠷᠴᠢᠮ᠎ᠤᠨ ᠬᠣᠲᠠ᠎ᠶ᠋ᠢᠨ ᠠᠷᠠᠳ᠎ᠤᠨ ᠴᠡᠴᠡᠷᠯᠢᠭ ᠲᠤ᠌ ᠬᠥᠮᠦᠨ᠎ᠦ ᠬᠦᠴᠦ᠍᠎ᠪᠡᠷ ᠴᠠᠰᠤ ᠤᠷᠤᠭᠤᠯᠤᠨ ᠵᠠᠮ ᠳᠡᠭᠡᠷ᠎ᠡ ᠮᠥᠰᠥ᠍ ᠬᠥᠯᠳᠡᠵᠦ᠍᠂ ᠠᠮᠤᠷ ᠲᠦᠪᠱᠢᠨ᠎ᠦ ᠳᠠᠯᠳᠠ ᠭᠡᠮ ᠣᠷᠣᠱᠢᠵᠤ ᠪᠠᠢᠪᠠ᠃ ᠲᠡᠷᠡ ᠠᠷᠠᠳ᠎ᠤᠨ ᠰᠦᠯᠵᠢᠶ᠎ᠡ ᠎ᠶ᠋ᠢᠨ 《ᠤᠳᠤᠷᠢᠳᠤᠯᠭ᠎ᠠ᠎ᠳ᠋ᠤ ᠦᠭᠡ ᠦᠯᠡᠳᠡᠭᠡᠬᠦ᠌ ᠰᠠᠮᠪᠠᠷ᠎ᠠ》 ᠳᠡᠭᠡᠷ᠎ᠡ ᠡᠨᠡ ᠠᠰᠠᠭᠤᠳᠠᠯ᠎ᠢ ᠲᠤᠰᠭᠠᠭ᠍ᠰᠠᠨ ᠪᠠᠢᠨ᠎ᠠ᠃

ᠡᠸᠡᠩᠬᠢ ᠬᠣᠱᠢᠭᠤᠨ᠎ᠤ ᠣᠷᠣᠨ ᠰᠠᠭᠤᠴᠠ ᠪᠠ ᠬᠣᠲᠠ ᠬᠥᠳᠡᠭᠡ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠲᠣᠪᠴᠢᠶ᠎ᠠ ᠵᠢᠨ ᠬᠢᠨ ᠬᠢᠨᠠᠨ ᠪᠠᠢᠴᠠᠭᠠᠭ᠍ᠰᠠᠨ᠎ᠤ ᠳᠠᠷᠠᠭ᠎ᠠ ᠰᠦᠯᠵᠢᠶᠡᠨ᠎ᠦ ᠢᠷᠭᠡᠨ᠎ᠲᠡᠶ ᠴᠠᠭ ᠲᠤᠬᠠᠶ᠎ᠳᠤᠨᠢ ᠰᠠᠨᠠᠯ ᠵᠢᠡᠨ ᠤᠯᠤᠯᠴᠠᠵᠤ᠂ ᠬᠣᠲᠠ᠎ᠶ᠋ᠢᠨ ᠠᠷᠠᠳ᠎ᠤᠨ ᠵᠠᠰᠠᠮᠠᠯ ᠵᠠᠮ ᠳᠡᠭᠡᠷ᠎ᠡ ᠮᠥᠰᠥ᠍ ᠪᠠᠷᠢᠯᠳᠤᠭ᠍ᠰᠠᠨ᠎ᠨᠢ ᠬᠥᠯᠥᠨ ᠪᠣᠢᠷ ᠬᠣᠲᠠ᠎ᠶ᠋ᠢᠨ ᠪᠡᠶ᠎ᠡ᠎ᠶ᠋ᠢᠨ ᠲᠠᠮᠢᠷ᠎ᠤᠨ ᠲᠣᠪᠴᠢᠶ᠎ᠠ ᠵᠢᠨ ᠬᠢᠨ ᠬᠣᠲᠠ᠎ᠶ᠋ᠢᠨ ᠠᠷᠠᠳ᠎ᠤᠨ ᠴᠡᠴᠡᠷᠯᠢᠭ᠎ᠲᠦ ᠮᠥᠰᠥᠨ ᠲᠠᠯᠠᠪᠠᠶ ᠪᠠ ᠴᠠᠰᠤᠨ᠎ᠳᠤ ᠭᠤᠯᠭᠤᠬᠤ ᠱᠠᠲᠤ ᠪᠠᠢᠭᠤᠯᠤᠭ᠍ᠰᠠᠨ᠎ᠡᠴᠡ ᠪᠤᠯᠵᠠᠢ᠃ ᠪᠠᠷᠢᠯᠭ᠎ᠠ᠎ᠶ᠋ᠢᠨ ᠶᠠᠪᠤᠴᠠ᠎ᠳᠤ ᠦᠯᠡᠳᠡᠭ᠌ᠳᠡᠯ ᠮᠥᠰᠥ᠎ᠶ᠋ᠢ ᠴᠠᠭ ᠲᠤᠬᠠᠶ᠎ᠳᠤᠨᠢ ᠴᠡᠪᠡᠷᠯᠡᠭ᠌ᠰᠡᠨ ᠥᠬᠡᠶ᠎ᠡᠴᠡ ᠪᠣᠯᠵᠣ᠂ ᠵᠠᠮ ᠬᠠᠷᠢᠯᠴᠠᠭᠠᠨ᠎ᠤ ᠳᠠᠯᠳᠠ ᠬᠡᠮ᠎ᠢ ᠪᠣᠶ ᠪᠣᠯᠭᠠᠵᠤ᠂ ᠨᠢᠭᠡᠨᠲᠡ ᠬᠣᠱᠢᠭᠤᠨ᠎ᠤ ᠣᠷᠴᠢᠨ ᠲᠣᠭᠣᠷᠢᠨ᠎ᠤ ᠠᠷᠢᠭᠤᠨ ᠴᠡᠪᠡᠷ᠎ᠦᠨ ᠠᠵᠢᠯᠲᠠᠨ᠎ᠳᠤ ᠴᠡᠪᠡᠷᠯᠡᠯᠲᠡ ᠬᠢᠯᠭᠡᠬᠦ᠌᠎ᠪᠡᠷ ᠳᠣᠭᠢᠷᠠᠭᠤᠯᠤᠭ᠍ᠰᠠᠨ ᠪᠠᠢᠨ᠎ᠠ ᠬᠡᠵᠤ ᠳᠤᠳᠤᠷᠬᠠᠢᠯᠠᠵᠤ ᠦᠭᠴᠠᠢ᠃ ᠡᠸᠡᠩᠬᠢ ᠬᠣᠱᠢᠭᠤᠨ᠎ᠤ ᠨᠠᠮ᠎ᠤᠨ ᠬᠣᠷᠢᠶ᠎ᠠ ᠵᠢᠨ ᠠᠯᠪᠠᠨ ᠭᠡᠷ ᠤ᠋ᠨ ᠬᠢᠨ ᠱᠠᠯᠠᠪᠳᠠᠭᠤᠯᠤᠨ ᠱᠢᠢᠳᠪᠦᠷᠢᠯᠡᠬᠦ᠌ ᠡᠷᠴᠢᠮ᠎ᠢᠶᠡᠨ ᠴᠢᠩᠭᠠᠷᠠᠭᠤᠯᠵᠤ᠂ ᠲᠤᠬᠠᠢ᠎ᠶ᠋ᠢᠨ ᠲᠠᠯᠠᠪᠠᠢ᠎ᠳᠤ ᠪᠠᠷᠢᠯᠭ᠎ᠠ᠎ᠶ᠋ᠢᠨ ᠲᠠᠯ᠎ᠠ᠎ᠲᠠᠶ ᠵᠣᠬᠢᠴᠠᠭᠤᠯᠵᠤ᠂ ᠬᠤᠲᠠ᠎ᠶ᠋ᠢᠨ ᠠᠷᠠᠳ᠎ᠤᠨ ᠴᠡᠴᠡᠷᠯᠢᠭ᠎ᠲᠦ ᠮᠥᠰᠥ᠍ ᠬᠤᠷᠠᠭ᠍ᠰᠠᠨ ᠵᠠᠮ᠎ᠢ ᠪᠦᠬᠦᠨ᠎ᠢ ᠴᠡᠪᠡᠷᠯᠡᠵᠦ᠍᠂ ᠮᠥᠰᠥᠨ ᠲᠠᠯᠠᠪᠠᠢ ᠪᠠ ᠴᠠᠰᠤᠨ᠎ᠳᠤ ᠭᠤᠯᠭᠤᠬᠤ ᠱᠠᠲᠤ᠎ᠶ᠋ᠢᠨ ᠲᠦᠷᠦᠯ ᠵᠦᠢᠯ᠎ᠢ ᠲᠣᠭ᠍ᠲᠠᠭ᠍ᠰᠠᠨ ᠬᠤᠭᠤᠴᠠᠭᠠᠨ᠎ᠳᠤ ᠳᠠᠭᠤᠰᠭᠠᠵᠠᠢ᠃

ᠰᠦᠯᠵᠢᠶᠡᠨ ᠤ᠋ ᠢᠷᠬᠡᠨ ᠤ᠋ ᠲᠤᠰᠭᠠᠭ᠍ᠰᠠᠨ ᠠᠷᠠᠳ᠎ᠤᠨ ᠠᠮᠢᠳᠤᠷᠠᠯ᠎ᠤᠨ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠬᠤ ᠪᠠ ᠪᠣᠳᠠᠲᠠᠶ ᠲᠠᠢᠯᠪᠤᠷᠢᠯᠠᠬᠤ ᠠᠰᠠᠭᠤᠳᠠᠯ᠎ᠳᠤ᠂ ᠡᠸᠡᠩᠬᠢ ᠬᠣᠱᠢᠭᠤ 《ᠲᠠᠰ ᠳᠡᠪᠱᠢᠭᠦᠯᠦᠨ ᠭᠦᠶ᠋ᠴᠡᠳᠭᠡᠬᠦ᠌᠂ ᠳᠡᠭᠡᠳᠦ ᠳᠤᠤᠷᠠᠳᠤ ᠱᠠᠲᠤ ᠬᠣᠯᠪᠣᠭᠠᠯᠠᠨ ᠬᠥᠳᠡᠯᠦᠯᠴᠡᠬᠦ᠌᠂ ᠲᠦᠷᠭᠡᠨ ᠱᠢᠯᠵᠢᠭᠦᠯᠵᠦ᠍ ᠲᠦᠷᠭᠡᠨ ᠭᠦᠶ᠋ᠴᠡᠳᠭᠡᠬᠦ᠌》 ᠠᠷᠭ᠎ᠠ ᠬᠡᠮᠵᠢᠶ᠎ᠡ ᠲᠣᠭ᠍ᠲᠠᠭᠠᠵᠤ᠂ ᠣᠯᠠᠨ ᠲᠦᠮᠡᠨ᠎ᠦ ᠲᠤᠰᠭᠠᠭ᠍ᠰᠠᠨ ᠠᠰᠠᠭᠤᠳᠠᠯ᠎ᠢ ᠣᠬᠣᠷᠬᠠᠨ ᠬᠤᠭᠤᠴᠠᠭᠠᠨ᠎ᠳᠤ ᠬᠠᠷᠢᠭᠤᠯᠲᠠ ᠥᠭ᠌ᠴᠦ ᠱᠢᠶ᠋ᠳᠪᠦᠷᠢᠯᠡᠬᠦ᠌᠎ᠶ᠋ᠢ ᠠᠬᠢᠭᠤᠯᠪᠠ᠃

ᠬᠥᠳᠡᠯᠮᠦᠷᠢ ᠦᠶ᠋ᠯᠡᠴᠢᠯᠡᠭᠡᠨ᠎ᠦ ᠵᠠᠭᠤᠷᠠᠯᠳᠤᠭᠠᠨ᠂ ᠬᠥᠯᠥᠰᠥᠨ ᠠᠵᠢᠯᠴᠢᠨ᠎ᠤ ᠴᠠᠯᠢᠩ ᠬᠥᠯᠥᠰᠥ᠎ᠶ᠋ᠢ ᠨᠡᠬᠡᠬᠦ᠌ ᠲᠠᠯ᠎ᠠ᠎ᠪᠠᠷ ᠦᠯᠡᠳᠡᠭᠡᠭ᠌ᠰᠡᠨ ᠦᠭᠡ ᠨᠡᠯᠢᠶᠡᠳ ᠲᠥᠪᠯᠡᠷᠡᠭ᠌ᠰᠡᠨ ᠠᠰᠠᠭᠤᠳᠠᠯ᠎ᠳᠤ ᠴᠢᠭ᠌ᠯᠡᠭᠦᠯᠦᠨ᠂ ᠡᠸᠡᠩᠬᠢ ᠬᠣᠱᠢᠭᠤᠨ ᠤ᠋ ᠬᠢᠨ ᠬᠥᠯᠥᠰᠥᠨ ᠠᠵᠢᠯᠴᠢᠨ᠎ᠤ ᠴᠠᠯᠢᠩ᠎ᠢ ᠥᠷᠢᠲᠦᠵᠦ᠍ ᠤᠳᠠᠭᠠᠱᠢᠷᠠᠭᠤᠯᠤᠭ᠍ᠰᠠᠨ ᠠᠰᠠᠭᠤᠳᠠᠯ᠎ᠤᠨ ᠲᠤᠰᠭᠠᠶ ᠤᠳᠤᠷᠢᠳᠭᠤ ᠳᠤᠭᠤᠢᠯᠠᠩ ᠪᠠᠢᠭᠤᠯᠵᠤ᠂ ᠴᠠᠯᠢᠩ ᠥᠷᠢᠲᠦᠭ᠌ᠰᠡᠨ ᠬᠠᠷᠢᠶ᠎ᠠ ᠭᠠᠵᠠᠷ᠎ᠢ ᠴᠡᠭᠴᠡᠯᠡᠨ ᠵᠠᠰᠠᠬᠤ ᠬᠠᠷᠢᠭᠤᠴᠠᠯᠭ᠎ᠠ᠎ᠶ᠋ᠢ ᠪᠣᠳᠠᠲᠠᠢᠵᠢᠭᠤᠯᠵᠤ᠂ ᠬᠥᠮᠦᠨ᠎ᠦ ᠬᠦᠴᠦᠨ᠎ᠦ ᠡᠬᠢ ᠪᠠᠶᠠᠯᠢᠭ ᠪᠠ ᠨᠡᠢᠭᠡᠮ᠎ᠦᠨ ᠪᠠᠲᠤᠯᠠᠭ᠎ᠠ᠎ᠶ᠋ᠢᠨ ᠲᠣᠪᠴᠢᠶ᠎ᠠ ᠵᠡᠷᠭᠡ ᠣᠯᠠᠨ ᠰᠠᠯᠠᠭ᠎ᠠ ᠮᠥᠴᠢᠷ᠎ᠢ ᠵᠣᠬᠢᠶᠠᠨ ᠪᠠᠢᠭᠤᠯᠵᠤ ᠬᠠᠮᠲᠤᠷᠠᠨ ᠱᠢᠶ᠋ᠳᠪᠦᠷᠢᠯᠡᠬᠦ᠌ ᠠᠵᠢᠯ᠎ᠢ ᠥᠷᠨᠢᠭᠦᠯᠵᠦ᠍᠂ ᠨᠢᠭᠡ ᠪᠦᠯᠦᠭ ᠬᠥᠳᠡᠯᠮᠦᠷᠢ ᠦᠶ᠋ᠯᠡᠴᠢᠯᠡᠭᠡᠨ᠎ᠦ ᠵᠠᠭᠤᠷᠠᠯᠳᠤᠭᠠᠨ᠎ᠢ ᠪᠦᠲᠦᠮᠵᠢᠲᠡᠶ ᠱᠢᠶ᠋ᠳᠪᠦᠷᠢᠯᠡᠵᠦ᠍᠂ ᠬᠥᠯᠥᠰᠥᠨ ᠠᠵᠢᠯᠴᠢᠨ᠎ᠤ ᠬᠠᠤᠯᠢ ᠶᠣᠰᠣᠨ᠎ᠤ ᠡᠷᠬᠡ ᠠᠱᠢᠭ᠎ᠢ ᠦᠨᠡᠨ ᠬᠦ᠌ ᠬᠠᠮᠠᠭᠠᠯᠠᠪᠠ᠃ 2022 ᠣᠨ᠎ᠳᠤ᠂ ᠴᠠᠯᠢᠩ ᠥᠷᠢᠲᠦᠬᠦ᠌ ᠬᠠᠮᠢᠶ᠎ᠠ ᠲᠠᠢ ᠦᠭᠡ ᠦᠯᠡᠳᠡᠭᠡᠭ᠌ᠰᠡᠨ ᠨᠢ ᠲᠦᠷᠦᠭᠦᠦ ᠵᠢᠯ᠎ᠦᠨ ᠬᠢ᠎ᠡᠴᠡ 83.3% ᠪᠡᠷ ᠪᠠᠭᠤᠷᠠᠪᠠ᠃

ᠡᠸᠡᠩᠬᠢ ᠬᠣᠱᠢᠭᠤᠨ᠎ᠤ ᠨᠠᠮ᠎ᠤᠨ ᠬᠣᠷᠢᠶ᠎ᠠ ᠵᠢᠨ ᠠᠯᠪᠠᠨ ᠭᠡᠷ᠎ᠦᠨ ᠳᠡᠳ᠋ ᠡᠷᠬᠢᠯᠡᠭ᠌ᠴᠢ ᠧ ᠸᠸᠨ ᠵᠧᠨ᠄ 《ᠬᠣᠢᠱᠢᠳᠠ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠲᠤᠭᠤᠰᠢᠯᠠᠭᠤᠯᠵᠤ᠂ ᠠᠷᠠᠳ ᠤᠯᠠᠨ᠎ᠤ ᠰᠡᠳᠭᠢᠯ᠎ᠦᠨ ᠬᠦᠴᠢᠷᠳᠡᠯ᠂ ᠠᠮᠢᠳᠤᠷᠠᠯ᠎ᠤᠨ ᠪᠠᠴᠢᠮ ᠪᠠᠢᠳᠠᠯ᠂ ᠬᠥᠭ᠌ᠵᠢᠯᠲᠡ᠎ᠶ᠋ᠢᠨ ᠰᠠᠨᠠᠭᠠᠱᠢᠷᠠᠯ ᠤ᠋ᠨ ᠲᠤᠭᠤᠷᠢᠨ ᠳ᠋ᠤ᠂ ᠪᠣᠳᠠᠲᠠᠢ ᠠᠵᠢᠯ ᠬᠢᠵᠦ᠍᠂ ᠵᠢᠩᠬᠢᠨᠢ ᠲᠦᠷᠢᠮ᠎ᠢ ᠲᠤᠭᠳᠠᠭᠠᠵᠤ᠂ ᠠᠷᠭ᠎ᠠ ᠪᠦᠬᠦᠨ᠎ᠢ ᠰᠦᠪᠡᠭ᠌ᠴᠢᠯᠡᠵᠦ᠍ ᠪᠠᠢᠭᠠᠳ ᠤᠯᠠᠨ ᠲᠦᠮᠡᠨ᠎ᠦ ᠦᠢᠯᠡᠳᠪᠦᠷᠢᠯᠡᠯ ᠠᠮᠢᠳᠤᠷᠠᠯ᠎ᠤᠨ ᠳᠤᠮᠳᠠ ᠲᠤᠯᠭᠠᠷᠠᠭ᠍ᠰᠠᠨ ᠬᠦᠴᠢᠷᠳᠡᠯ ᠪᠣᠯᠤᠨ ᠠᠰᠠᠭᠤᠳᠠᠯ᠎ᠢ ᠱᠢᠢᠳᠪᠦᠷᠢᠯᠡᠵᠦ᠍᠂ ᠬᠦᠰᠡᠯ ᠱᠠᠭᠠᠷᠳᠠᠯᠭ᠎ᠠ᠎ᠶ᠋ᠢ ᠤᠯᠠᠨ ᠲᠦᠮᠡᠨ᠎ᠦ ᠠᠯᠠᠭ᠎ᠠ ᠲᠠᠱᠢᠯᠳᠠ ᠪᠣᠯᠭᠠᠨ ᠬᠤᠪᠢᠷᠠᠭᠤᠯᠬᠤ᠎ᠪᠠᠷ ᠴᠢᠷᠮᠠᠢᠨ᠎ᠠ》 ᠭᠡᠵᠦ᠍ ᠢᠯᠡᠳᠭᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号