2022 ᠣᠨ᠎ᠤ 12 ᠰᠠᠷ᠎ᠠ᠎ᠶ᠋ᠢᠨ 30 ᠤ ᠡᠳᠦᠷ᠂ ᠥᠪᠡᠷᠲᠡᠭᠡᠨ ᠵᠠᠰᠠᠬᠤ ᠣᠷᠣᠨ᠎ᠤ 《ᠣᠨᠣᠯ᠎ᠤᠨ ᠰᠤᠷᠤᠯᠴᠠᠯᠭ᠎ᠠ᠎ᠶ᠋ᠢᠨ ᠬᠥᠩᠭᠡᠨ ᠮᠣᠷᠢᠲᠤ ᠴᠡᠷᠢᠭ》 ᠤᠨ ᠵᠢᠱ᠌ᠢᠶ᠎ᠡ ᠦᠵᠡᠭᠦᠯᠬᠦ᠌ ᠤᠬᠠᠭᠤᠯᠤᠨ ᠲᠠᠢᠯᠪᠤᠷᠢᠯᠠᠬᠤ ᠪᠦᠯᠬᠦᠮ᠎ᠦᠨ ᠬᠥᠬᠡᠬᠣᠲᠠ᠎ᠶ᠋ᠢᠨ ᠰᠠᠯᠪᠤᠷᠢ ᠠᠩᠭᠢ ᠪᠤᠭᠤᠲᠤ ᠬᠣᠲᠠ᠎ᠳᠤ ᠬᠦᠷᠴᠦ᠍ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠤᠬᠠᠭᠤᠯᠤᠨ ᠲᠠᠢᠯᠪᠤᠷᠢᠯᠠᠪᠠ᠃
ᠰᠠᠯᠪᠤᠷᠢ ᠠᠩᠬᠢ᠎ᠶ᠋ᠢᠨ ᠪᠦᠷᠢᠯᠳᠦᠬᠦᠨ ᠂ ᠬᠥᠬᠡᠬᠣᠲᠠ᠎ᠶ᠋ᠢᠨ ᠨᠠᠮ᠎ᠤᠨ ᠬᠣᠷᠢᠶᠠᠨ᠎ᠤ ᠯᠧᠺᠲ᠋ᠣᠷ᠎ᠤᠨ ᠪᠦᠯᠬᠦᠮ᠎ᠦᠨ ᠳᠠᠷᠤᠭ᠎ᠠ ᠬᠤᠤ ᠵᠢᠶᠦ᠋ᠨ ᠲᠤᠤ ᠂ ᠬᠥᠬᠡᠬᠣᠲᠠ᠎ᠶ᠋ᠢᠨ ᠬᠣᠲᠣᠩ ᠠᠷᠠᠳ᠎ᠤᠨ ᠲᠣᠭᠣᠷᠢᠭ ᠤᠨ ᠨᠠᠮ᠎ᠤᠨ ᠬᠣᠷᠢᠶᠠᠨ ᠤ ᠯᠧᠺᠲ᠋ᠣᠷ ᠤᠨ ᠪᠦᠯᠬᠦᠮ᠎ᠦᠨ ᠬᠠᠷᠢᠭᠤᠴᠠᠯᠭᠠᠲᠠᠨ ᠯᠢᠨ ᠸᠧᠢ ᠵᠢᠶᠠ ᠂ ᠬᠥᠬᠡᠬᠣᠲᠠ᠎ᠶ᠋ᠢᠨ ᠨᠠᠮ᠎ᠤᠨ ᠬᠣᠷᠢᠶᠠᠨ᠎ᠤ ᠯᠧᠺᠲ᠋ᠣᠷ᠎ᠤᠨ ᠪᠦᠯᠬᠦᠮ᠎ᠦᠨ ᠯᠧᠺᠲ᠋ᠣᠷ ᠱᠢᠶᠠ ᠯᠢᠶᠠᠨ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠬᠡᠷᠬᠢᠨ ᠪᠦᠷᠢᠨ ᠪᠦᠲᠦᠨ ᠵᠥᠪ ᠣᠨᠣᠪᠴᠢᠲᠠᠢ ᠪᠦᠬᠦ᠌ ᠲᠠᠯ᠎ᠠ᠎ᠪᠠᠷ ᠡᠵᠡᠮᠳᠡᠬᠦ᠌᠂ ᠬᠡᠷᠬᠢᠨ ᠬᠦᠰᠡᠯᠡᠩ᠎ᠲᠡᠶ᠂ ᠵᠣᠷᠢᠭ᠍ᠲᠠᠢ᠎ᠪᠠᠷ ᠬᠠᠷᠢᠭᠤᠴᠠᠯᠭ᠎ᠠ ᠡᠭᠦᠷᠭᠡᠯᠡᠬᠦ᠌᠂ ᠬᠦᠴᠢᠷ᠎ᠡᠴᠡ ᠠᠶᠤᠬᠤ ᠦᠭᠡᠢ᠂ ᠵᠣᠷᠢᠭ᠍ᠲᠠᠢᠲᠡᠮᠡᠴᠡᠬᠦ᠌ ᠱᠢᠨ᠎ᠡ ᠴᠠᠭ ᠦᠶ᠎ᠡ᠎ᠶ᠋ᠢᠨ ᠰᠠᠢ᠌ᠨ ᠵᠠᠯᠠᠭᠤᠴᠤᠳ ᠪᠣᠯᠬᠤ ᠵᠡᠷᠭᠡ ᠰᠡᠳᠦᠪ᠎ᠦᠨ ᠲᠣᠭᠣᠷᠢᠨ᠎ᠳᠤ᠂ ᠵᠠᠯᠠᠭᠤ ᠺᠠᠳ᠋ᠷ᠂ ᠵᠠᠯᠠᠭᠤ ᠠᠵᠢᠯᠳᠠᠨ ᠠᠵᠢᠯᠴᠢᠨ᠎ᠳᠤ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠤᠬᠠᠭᠤᠯᠤᠨ ᠲᠠᠢᠯᠪᠤᠷᠢᠯᠠᠪᠠ᠃
ᠤᠬᠠᠭᠤᠯᠤᠨ ᠲᠠᠢᠯᠪᠤᠷᠢᠯᠠᠬᠤ ᠲᠤᠬᠠᠶ᠎ᠶ᠋ᠢᠨ ᠲᠠᠯᠠᠪᠠᠶ᠎ᠳᠦ ᠬᠠᠷᠢᠯᠴᠠᠨ ᠬᠦᠳᠡᠯᠦᠯᠴᠡᠵᠦ᠂ ᠬᠥᠷ ᠬᠥᠭ᠌ᠵᠢᠶᠡᠨ᠎ᠢᠶᠡᠷ ᠪᠢᠯᠬᠠᠨ᠎ᠠ᠃ ᠰᠠᠯᠪᠤᠷᠢ ᠠᠩᠭᠢ᠎ᠶ᠋ᠢᠨ ᠭᠡᠱᠢᠭᠦᠳ ᠥᠪᠡᠷ᠎ᠦᠨ ᠦᠰᠦᠨ ᠪᠣᠢᠵᠢᠬᠰᠠᠨ ᠥᠩᠭᠡᠷᠡᠯᠲᠡ ᠪᠠ ᠴᠠᠭ᠎ᠤᠨ ᠪᠠᠢᠳᠠᠯ᠎ᠲᠡᠶ ᠤᠶᠠᠯᠳᠤᠭᠤᠯᠤᠨ ᠂ ᠨᠠᠮ᠎ᠤᠨ ᠱᠢᠨ᠎ᠡ᠎ᠶ᠋ᠢ ᠡᠭᠦᠳᠬᠦ᠌ ᠣᠨᠣᠯ᠎ᠢ 《ᠬᠠᠯᠠᠭᠤᠨ ᠵᠤᠭᠤᠭ 》 ᠪᠣᠯᠭᠠᠨ ᠶᠠᠷᠢᠵᠤ᠂ ᠣᠨᠣᠯ᠎ᠤᠨ ᠲᠠᠢᠯᠪᠤᠷᠢᠯᠠᠯᠲᠠ᠎ᠶ᠋ᠢ ᠠᠮᠲᠠ ᠱᠢᠮᠲᠡᠲᠡᠶ ᠪᠣᠯᠭᠠᠵᠤ ᠂ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠬᠥᠮᠦᠰ᠎ᠦᠨ ᠰᠡᠳᠬᠢᠯ᠎ᠳᠤ ᠬᠦᠨ ᠬᠠᠳᠠᠩᠱᠢᠭᠤᠯᠪᠠ᠃ ᠵᠠᠯᠠᠭᠤ ᠺᠠᠳ᠋ᠷ ᠠᠵᠢᠯᠳᠠᠨ ᠠᠵᠢᠯᠴᠢᠨ ᠤᠬᠠᠭᠤᠯᠤᠨ ᠲᠠᠢᠯᠪᠤᠷᠢᠯᠠᠯᠳᠠ᠎ᠶ᠋ᠢ ᠰᠣᠨᠣᠰᠤᠭᠰᠠᠨ᠎ᠤ ᠲᠠᠷᠠᠭ᠎ᠠ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢᠨ ᠲᠤᠬᠠᠢ ᠨᠡᠩ ᠪᠦᠬᠦ᠌ ᠲᠠᠯ᠎ᠠ᠎ᠶ᠋ᠢᠨ ᠂ ᠭᠦᠨᠵᠡᠭᠡᠢ ᠂ ᠵᠥᠪ ᠣᠨᠣᠪᠴᠢᠲᠠᠢ ᠣᠢᠯᠠᠭᠠᠯᠲᠠ ᠲᠠᠨᠢᠯᠲᠠ ᠲᠠᠶ᠂ ᠮᠠᠰᠢ ᠶᠡᠬᠡ ᠣᠯᠤᠯᠲᠠᠲᠦᠷᠦᠭᠳᠡᠯ ᠲᠠᠶ ᠪᠣᠯᠵᠤ᠂ ᠡᠷᠴᠢ ᠵᠣᠷᠢᠭ ᠬᠥᠪᠴᠢᠯᠡᠭ᠌ᠳᠡᠯᠠ ᠭᠡᠵᠦ᠍ ᠰᠠᠨᠠᠯ ᠨᠢᠭᠡᠲᠡᠢ ᠦᠵᠡᠵᠡᠭᠡᠪᠡ᠃
ᠪᠤᠭᠤᠲᠤ᠎ᠶ᠋ᠢᠨ ᠪᠤᠯᠤᠳ ᠲᠡᠮᠤᠷ᠎ᠦᠨ ᠺᠣᠮᠫᠠᠨᠢ᠎ᠶ᠋ᠢᠨ ᠳᠡᠯᠭᠡᠨ ᠦᠵᠡᠭᠦᠯᠭᠡ ᠵᠢᠨ ᠣᠷᠳᠣᠨ᠎ᠳᠤ ᠂ ᠪᠤᠭᠤᠲᠤ᠎ᠶ᠋ᠢᠨ ᠪᠤᠯᠤᠳ ᠲᠡᠮᠤᠷ᠎ᠦᠨ ᠺᠣᠮᠫᠠᠨᠢ᠎ᠶ᠋ᠢᠨ ᠸᠠᠨ ᠺᠠᠢ ᠪᠠᠷᠠᠭᠠᠨ᠎ᠤ ᠲᠡᠭᠡᠭᠡᠪᠦᠷᠢ᠎ᠶ᠋ᠢᠨ ᠺᠣᠮᠫᠠᠨᠢ᠎ᠶ᠋ᠢᠨ ᠵᠠᠯᠠᠭᠤ ᠠᠵᠢᠯᠳᠠᠨ ᠵᠢᠨ ᠫᠸᠩ ᠄ 《ᠱᠢᠨ᠎ᠡ ᠴᠠᠭ ᠦᠶ᠎ᠡ᠎ᠶ᠋ᠢᠨ ᠦᠨᠳᠦᠰᠦᠨ ᠱᠠᠲᠤᠨ᠎ᠤ ᠠᠵᠢᠯᠳᠠᠨ ᠠᠵᠢᠯᠴᠢᠨ ᠪᠠ ᠵᠠᠯᠠᠭᠤ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ ᠂ ᠪᠢ ᠭᠤᠢᠪᠢᠰᠢ ᠦᠭᠡᠢ᠎ᠪᠡᠷ ᠨᠠᠮ᠎ᠤᠨ ᠦᠭᠡ᠎ᠶ᠋ᠢ ᠰᠣᠨᠣᠰᠴᠤ᠌ ᠂ ᠨᠠᠮ᠎ᠢᠶᠠᠨ ᠲᠠᠭᠠᠵᠤ᠂ 〈ᠭᠤᠷᠪᠠᠨ ᠡᠷᠬᠡᠪᠰᠢ〉 ᠵᠢ ᠪᠠᠲᠤ ᠴᠡᠭᠡᠵᠢᠯᠡᠵᠦ᠍ ᠂ ᠨᠡᠩ ᠴᠤᠭ ᠪᠠᠳᠠᠷᠠᠩᠭᠤᠢ ᠤᠶᠤᠨ ᠰᠠᠨᠠᠭᠠᠨ᠎ᠤ ᠳᠦᠷᠰᠦ ᠪᠠᠢᠳᠠᠯ᠎ᠢᠶᠠᠷ ᠮᠠᠱᠢᠨ ᠲᠡᠷᠭᠡ ᠲᠤᠬᠢᠷᠠᠭᠤᠯᠬᠤ ᠠᠵᠢᠯ᠎ᠢ ᠪᠦᠬᠦ᠌ ᠬᠦᠴᠦᠨ᠎ᠢᠶᠡᠷ᠎ᠢᠶᠡᠨ ᠰᠠᠢᠲᠤᠷ ᠬᠢᠵᠦ᠍ ᠂ ᠪᠤᠭᠤᠲᠤ᠎ᠶ᠋ᠢᠨ ᠪᠤᠯᠤᠳ ᠲᠡᠮᠤᠷ᠎ᠦᠨ ᠪᠦᠯᠦᠭ᠌ᠯᠡᠯ᠎ᠦᠨ ᠴᠢᠨᠠᠷ ᠰᠠᠢᠲᠠᠢ ᠬᠥᠭ᠌ᠵᠢᠯᠲᠡ᠎ᠳᠦ ᠵᠠᠯᠠᠭᠤ ᠨᠠᠰᠤᠨ᠎ᠤ ᠬᠦᠴᠦᠨ ᠴᠢᠳᠠᠯ᠎ᠢᠶᠠᠨ ᠡᠷᠭᠦᠨ᠎ᠡ》 ᠭᠡᠪᠡ᠃
《ᠲᠤᠭ ᠲᠡᠮᠳᠡᠭ ᠪᠣᠯ ᠳᠠᠷᠤᠢ ᠴᠢᠭ᠌ᠯᠡᠯ ᠂ ᠲᠤᠭ ᠲᠡᠮᠳᠡᠭ ᠪᠣᠯ ᠳᠠᠷᠤᠢ ᠬᠦᠴᠦᠨ ᠴᠢᠳᠠᠯ ᠮᠥᠨ᠂ ᠪᠢ ᠤᠯᠤᠰ᠎ᠤᠨ ᠪᠠᠢᠯᠳᠤᠬᠤ ᠪᠤᠳᠤᠯᠭ᠎ᠠ᠎ᠶ᠋ᠢᠨ ᠬᠡᠷᠡᠭ᠌ᠴᠡᠭᠡ᠎ᠪᠡᠷ ᠵᠢᠯᠤᠭᠤᠳᠤᠮᠵᠢ ᠪᠣᠯᠭᠠᠵᠤ ᠂ ᠬᠤᠪᠢ ᠬᠥᠮᠦᠨ᠎ᠦ ᠬᠦᠰᠡᠯᠡᠩ᠎ᠢᠶᠡᠨ ᠠᠵᠤ ᠠᠬᠤᠢᠯᠠᠯ᠎ᠤᠨ ᠬᠥᠭ᠌ᠵᠢᠯᠲᠡ ᠂ ᠤᠯᠤᠰ᠎ᠤᠨ ᠬᠡᠷᠡᠭ᠌ᠴᠡᠭᠡ᠎ᠲᠡᠶ ᠨᠢᠭ᠍ᠲᠠ ᠬᠣᠯᠪᠣᠵᠤ ᠂ ᠪᠤᠭᠤᠲᠤ᠎ᠶ᠋ᠢᠨ ᠪᠤᠯᠤᠳ ᠲᠡᠮᠦᠷ᠎ᠦᠨ ᠪᠦᠯᠦᠭ᠌ᠯᠡᠯ᠎ᠦᠨ ᠬᠣᠪᠣᠷ ᠱᠢᠷᠣᠢ᠎ᠶ᠋ᠢᠨ ᠦᠢᠯᠡᠰ᠎ᠤᠨ ᠬᠦᠭᠵᠢᠯᠳᠡ ᠂ ᠵᠠᠩᠭᠢᠯᠠᠭ᠎ᠠ᠎ᠶ᠋ᠢᠨ ᠭᠣᠣᠯᠯᠠᠬᠤ ᠮᠡᠷᠭᠡᠵᠢᠯ᠎ᠦᠨ ᠪᠣᠭᠣᠮᠲᠠ ᠱᠢᠪᠲᠤᠯᠬᠤ ᠳᠠᠢᠯᠠᠯᠳᠤᠭᠠᠨ᠎ᠤ ᠢᠯᠠᠯᠲᠠ᠎ᠶ᠋ᠢ ᠤᠯᠬᠤ᠎ᠳᠤ ᠬᠤᠪᠢ ᠨᠡᠮᠡᠷᠢ ᠪᠠᠨ ᠦᠵᠡᠭᠦᠯᠦᠨ᠎ᠡ 》 ᠭᠡᠵᠦ ᠬᠣᠪᠣᠷ ᠱᠢᠷᠣᠶ᠎ᠶ᠋ᠢᠨ ᠰᠤᠳᠤᠯᠭᠠᠨ᠎ᠤ ᠬᠦᠷᠢᠶᠡᠯᠡᠩ᠎ᠦᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠠᠵᠢᠯᠲᠠᠨ ᠴᠢᠶᠣᠤ ᠢᠦᠶ ᠬᠡᠯᠡᠪᠡ᠃
ᠪᠤᠭᠤᠲᠤ ᠬᠣᠲᠠ᠎ᠶ᠋ᠢᠨ ᠨᠠᠮ᠎ᠤᠨ ᠬᠤᠷᠢᠶ᠎ᠠ ᠵᠢᠨ ᠱᠢᠭᠤᠳ ᠬᠠᠷᠢᠶ᠎ᠠ ᠪᠠᠢᠭᠤᠯᠭ᠎ᠠ᠎ᠶ᠋ᠢᠨ ᠨᠠᠮ᠎ᠤᠨ ᠭᠡᠱᠢᠭᠦᠨ᠎ᠦ ᠰᠤᠷᠤᠯᠴᠠᠯᠭ᠎ᠠ᠎ᠶ᠋ᠢᠨ ᠬᠦᠷᠢᠶᠡᠯᠡᠩ᠎ᠳᠦ ᠂ ᠪᠤᠭᠤᠲᠤ ᠬᠣᠲᠠ᠎ᠶ᠋ᠢᠨ ᠳᠥᠴᠢᠨ ᠭᠤᠷᠪᠠᠳᠤᠭᠠᠷ ᠳᠤᠮᠳᠠᠳᠤ ᠰᠤᠷᠭᠠᠭᠤᠯᠢ᠎ᠶ᠋ᠢᠨ ᠳᠡᠳ᠋ ᠵᠠᠬᠢᠷᠤᠯ ᠯᠢᠦ ᠱᠢᠩ ᠤᠬᠠᠭᠤᠯᠤᠨ ᠲᠠᠢᠯᠪᠤᠷᠢᠯᠠᠯᠳᠠ᠎ᠶ᠋ᠢ ᠰᠣᠨᠣᠰᠤᠭ᠍ᠰᠠᠨ᠎ᠤ ᠳᠠᠷᠠᠭ᠎ᠠ᠄ 《ᠪᠢ ᠦᠪᠡᠷ᠎ᠤᠨ ᠪᠡᠶ᠎ᠡ ᠪᠡᠷ ᠵᠢᠡᠨ ᠲᠦᠷᠦᠭᠦᠯᠡᠨ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠶ ᠰᠤᠷᠤᠯᠴᠠᠨ ᠤᠬᠠᠭᠤᠯᠤᠨ ᠲᠤᠭᠤᠱᠢᠯᠠᠭᠤᠯᠵᠤ᠂ ᠰᠤᠷᠤᠭ᠍ᠴᠢᠳ᠎ᠤᠨ ᠦᠵᠡᠯ ᠰᠠᠨᠠᠭᠠᠨ᠎ᠤ ᠲᠠᠯ᠎ᠠ᠎ᠪᠠᠷ ᠨᠠᠮ᠎ᠲᠠᠶ᠎ᠪᠠᠨ ᠨᠢᠭᠡᠳᠦᠯᠲᠡᠶ ᠪᠠᠢᠬᠤ᠂ ᠦᠶ᠋ᠯᠡ ᠠᠵᠢᠯᠯᠠᠭ᠎ᠠ ᠶ᠋ᠢᠨ ᠲᠠᠯ᠎ᠠ᠎ᠪᠠᠷ ᠨᠠᠮ᠎ᠪᠠᠨ ᠲᠠᠭᠠᠵᠤ ᠴᠢᠷᠮᠠᠢᠨ ᠲᠡᠮᠡᠴᠡᠬᠦ᠌᠂ ᠬᠠᠢᠷ᠎ᠠ ᠰᠡᠳᠭᠢᠯᠭᠡ ᠶ᠋ᠢᠨ ᠲᠠᠯ᠎ᠠ᠎ᠪᠠᠷ ᠨᠠᠮ᠎ᠲᠠᠶ᠎ᠪᠠᠨ ᠦᠨᠢᠳᠡ ᠵᠢᠨ ᠬᠤᠯᠪᠤᠭ᠎ᠠ ᠲᠠᠢ ᠪᠠᠢᠬᠤ ᠶ᠋ᠢ ᠬᠥᠲᠥᠯᠥᠨ ᠵᠢᠯᠣᠭᠣᠳᠴᠤ᠌᠂ ᠲᠡᠳᠡᠨ᠎ᠢ ᠬᠦᠰᠡᠯᠡᠩ᠎ᠲᠡᠶ᠂ ᠵᠣᠷᠢᠭ᠍ᠲᠠᠶ᠎ᠪᠠᠷ ᠬᠠᠷᠢᠭᠤᠴᠠᠯᠭ᠎ᠠ ᠡᠭᠦᠷᠭᠡᠯᠡᠬᠦ᠌ ᠂ ᠬᠦᠴᠢᠷ ᠪᠡᠷᠭᠡ᠎ᠶ᠋ᠢ ᠲᠡᠰᠪᠦᠷᠢᠯᠡᠬᠦ᠌᠂ ᠵᠣᠷᠢᠭ᠍ᠲᠠᠶᠲᠡᠮᠡᠴᠡᠬᠦ᠌ ᠱᠢᠨ᠎ᠡ ᠴᠠᠭ ᠦᠶ᠎ᠡ᠎ᠶ᠋ᠢᠨ ᠰᠠᠢᠨ ᠵᠠᠯᠠᠭᠤᠴᠤᠳ ᠪᠣᠯᠭᠠᠨ᠎ᠠ》 ᠭᠡᠵᠦ ᠶᠠᠷᠢᠵᠦ ᠪᠠᠢᠯ᠎ᠠ᠃ ᠪᠤᠭᠤᠲᠤ᠎ᠶ᠋ᠢᠨ ᠪᠤᠯᠤᠳ ᠲᠡᠮᠦᠷ᠎ᠦᠨ ᠪᠦᠯᠦᠭ᠌ᠯᠡᠯ᠎ᠦᠨ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠦᠨ ᠳᠠᠷᠤᠭ᠎ᠠ ᠼᠦᠢ ᠢ ᠂ ᠤᠬᠠᠭᠤᠯᠤᠨ ᠲᠠᠢᠯᠪᠤᠷᠢᠯᠠᠯᠳᠠ ᠨᠢ ᠪᠢᠳᠡᠨ ᠤ ᠴᠢᠨᠠᠭ᠍ᠰᠢᠳᠠ ᠰᠤᠷᠲᠠᠯ ᠤᠬᠠᠭᠤᠯᠭ᠎ᠠ᠎ᠶ᠋ᠢᠨ ᠬᠡᠯᠪᠡᠷᠢ᠎ᠶ᠋ᠢᠨ ᠱᠢᠨ᠎ᠡ᠎ᠶ᠋ᠢ ᠡᠭᠦᠳᠴᠦ᠍ ᠂ ᠰᠤᠷᠲᠠᠯ ᠤᠬᠠᠭᠤᠯᠭ᠎ᠠ᠎ᠶ᠋ᠢᠨ ᠠᠭᠤᠯᠭ᠎ᠠ᠎ᠪᠠᠨ ᠪᠠᠶᠠᠯᠢᠭ᠍ᠵᠢᠭᠤᠯᠵᠤ ᠂ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠪᠦᠬᠦ᠌ ᠺᠠᠳ᠋ᠷ ᠠᠵᠢᠯᠳᠠᠨ ᠠᠵᠢᠯᠴᠢᠨ᠎ᠤ ᠰᠡᠳᠭᠢᠯ ᠵᠢᠷᠦᠬᠡᠨ᠎ᠳᠦ ᠬᠠᠳᠠᠩᠱᠢᠭᠤᠯᠵᠤ ᠂ ᠣᠳᠣᠬᠢᠴᠢᠯᠠᠭ᠍ᠰᠠᠨ ᠱᠢᠨ᠎ᠡ ᠪᠤᠭᠤᠲᠤ᠎ᠶ᠋ᠢᠨ ᠪᠤᠯᠤᠳ ᠲᠡᠮᠦᠷ᠎ᠦᠨ ᠪᠦᠯᠦᠭ᠌ᠯᠡᠯ᠎ᠢ ᠪᠦᠳᠦᠭᠡᠨ ᠪᠠᠢᠭᠤᠯᠬᠤ ᠦᠢᠯᠡᠳᠦᠯᠭᠡ ᠵᠢᠨ ᠳᠤᠮᠳᠠ ᠦᠨᠡᠨ ᠬᠦ᠌ ᠦᠷ᠎ᠡ ᠪᠦᠲᠦᠮᠵᠢ ᠭᠠᠷᠭᠠᠬᠤ᠎ᠶ᠋ᠢ ᠵᠣᠷᠢᠭ᠍ᠵᠢᠭᠤᠯᠵᠤ ᠪᠠᠢᠨ᠎ᠠ ᠭᠡᠵᠦ᠍ ᠢᠯᠡᠳᠭᠡᠪᠡ᠃
ᠪᠤᠭᠤᠲᠤ ᠬᠤᠳᠠ᠎ᠶ᠋ᠢᠨ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠦᠨ ᠬᠣᠶᠠᠳᠤᠭᠠᠷ ᠳᠡᠰ᠎ᠤᠨ ᠪᠠᠢᠴᠠᠭᠠᠨ ᠰᠤᠳᠤᠯᠤᠭ᠍ᠴᠢ ᠸᠠᠩ ᠵᠢᠶᠠᠨ ᠱᠢᠨ ᠂ ᠵᠠᠯᠭᠠᠭᠠᠳ ᠪᠤᠭᠤᠲᠤ ᠬᠤᠳᠠ᠎ᠶ᠋ᠢᠨ ᠬᠢᠨ ᠨᠠᠮ᠎ᠤᠨ ᠱᠢᠨ᠎ᠡ᠎ᠶ᠋ᠢ ᠡᠭᠦᠳᠬᠦ᠌ ᠤᠨᠤᠯ᠎ᠢ ᠪᠣᠰᠣᠭ᠎ᠠ ᠴᠤᠬ᠍ᠴᠠᠵᠢᠭᠤᠯᠤᠨ ᠤᠯᠠᠮᠵᠢᠯᠠᠬᠤ ᠠᠵᠢᠯ᠎ᠢ ᠰᠠᠢᠲᠤᠷ ᠬᠢᠵᠦ᠍ ᠂ ᠪᠦᠬᠦ᠌ ᠬᠤᠳᠠ᠎ᠶ᠋ᠢᠨ ᠥᠷᠭᠡᠨ ᠤᠯᠠᠨ ᠨᠠᠮ᠎ᠤᠨ ᠭᠡᠱᠢᠭᠦᠨ ᠺᠠᠳ᠋ᠷ ᠤᠯᠠᠨ ᠲᠦᠮᠡᠨ᠎ᠤ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠤᠷᠤᠯᠴᠠᠨ ᠳᠤᠭᠤᠰᠢᠯᠠᠭᠤᠯᠤᠭᠰᠠᠨ ᠦᠷ᠎ᠡ ᠪᠦᠲᠦᠭᠡᠯ᠎ᠵᠢᠡᠨ ᠪᠣᠳᠠᠲᠤ ᠠᠵᠢᠯᠯᠠᠭ᠎ᠠ ᠪᠣᠯᠭᠠᠨ ᠬᠤᠪᠢᠷᠠᠭᠤᠯᠵᠤ᠂ ᠠᠵᠢᠯ᠎ᠤᠨ ᠪᠠᠢᠷᠢ᠎ᠳᠠᠭᠠᠨ ᠰᠠᠭᠤᠷᠢᠯᠠᠨ ᠨᠡᠩ ᠶᠡᠭᠡ ᠬᠤᠪᠢ ᠨᠡᠮᠡᠷᠢ ᠦᠵᠡᠭᠦᠯᠬᠦ ᠵᠢ ᠬᠦᠳᠦᠯᠦᠨ ᠵᠢᠯᠤᠭᠤᠳᠤᠨ᠎ᠠ ᠭᠡᠵᠦ᠍ ᠢᠯᠡᠳᠭᠡᠪᠡ᠃