《ᠶᠠᠭᠤᠮ᠎ᠠ ᠬᠤᠪᠤᠷ ᠲᠠᠭᠠᠨ ᠦᠨᠡᠲᠠᠢ》 ᠡᠴᠡ ᠤᠴᠢᠷᠯᠠᠬᠤᠢ
2023-01-30 17:21:24
ᠵᠣᠬᠢᠶᠠᠭ᠍ᠴᠢ᠄
ᠸ᠊ · ᠠᠭᠤᠯᠠ
ᠣᠩᠱᠢᠭ᠍ᠰᠠᠨ ᠣᠳᠠᠭ᠎ᠠ᠄
★★★☆☆

ᠬᠠᠮᠤᠭ᠎ᠠᠴᠠ ᠦᠯᠦᠰᠴᠦ᠍ ᠪᠠᠢᠬᠤ ᠦᠶ᠎ᠡ᠎ᠳᠦ ᠢᠳᠡᠭ᠌ᠰᠡᠨ ᠬᠤᠭᠤᠯᠠ ᠪᠤᠯ ᠰᠠᠶᠢ ᠡᠨᠡ ᠬᠤᠷᠸ᠎ᠠ ᠵᠢᠨ ᠬᠠᠮᠤᠭ᠎ᠤᠨ ᠠᠮᠲᠠᠳᠦ ᠰᠠᠢᠬᠠᠨ ᠢᠳᠡᠭᠡᠨ ᠪᠢᠯᠡ᠃ ᠵᠠᠷᠢᠮ ᠦᠶᠡᠰ ᠭᠡᠳᠡᠰᠦ ᠭᠤᠷᠴᠢᠭᠢᠨᠡᠨ ᠲᠤᠥᠭᠠᠷᠴᠦ᠍᠂ ᠨᠠᠷᠢᠨ ᠭᠡᠳᠡᠰᠦ᠎ᠨᠢ ᠪᠦᠳᠦᠭᠦᠨ ᠭᠡᠳᠡᠰᠦ᠎ᠪᠠᠨ ᠪᠠᠷᠢᠵᠤ ᠢᠳᠡᠮᠡᠷ ᠪᠠᠢᠬᠤ᠎ᠳᠤ ᠴᠢᠮ᠎ᠡ᠎ᠳᠤ ᠠᠮᠳᠠᠲᠠᠢ ᠬᠤᠭᠤᠯᠠ ᠢᠳᠡᠭᠦᠯᠪᠡᠯ ᠰᠡᠳᠭᠢᠯ  ᠰᠠᠨᠠᠭ᠎ᠠ ᠮᠠᠰᠢ ᠪᠠᠶᠠᠰᠳᠠᠭ  ᠤᠴᠢᠷᠳᠠᠢ᠃

ᠪᠠᠭ᠎ᠠ ᠪᠠᠢᠬᠤ᠎ᠳᠤ ᠮᠠᠨ᠎ᠤ ᠭᠡᠷ᠎ᠤᠨ ᠠᠵᠤ ᠠᠮᠢᠳᠤᠷᠠᠯ ᠪᠤᠰᠤᠳ᠎ᠲᠠᠢ ᠬᠠᠷᠢᠴᠠᠭᠤᠯᠪᠠᠯ ᠵᠦᠭᠡᠷ ᠰᠢᠭ ᠪᠠᠢᠭ᠍ᠰᠠᠨ ᠶᠤᠮ᠂ ᠠᠪᠤ᠎ᠶ᠋ᠢᠨ ᠭᠡᠯᠡᠭᠦ᠎ᠪᠠᠷ ᠲᠡᠭᠦᠨ ᠲᠡᠢ ᠬᠠᠮᠳᠤ ᠠᠵᠢᠯᠯᠠᠵᠤ ᠪᠠᠢᠭ᠍ᠰᠠᠨ ᠲᠠᠷᠮ᠎ᠠ ᠭᠡᠭ᠌ᠴᠢ ᠬᠦᠮᠤᠨ ᠨᠢᠭᠡᠨ ᠨᠠᠮᠤᠷ ᠲᠠᠷᠢᠶ᠎ᠠ ᠬᠠᠳᠤᠭᠠᠳ ᠠᠪᠤ᠎ᠶ᠋ᠢ ᠲᠠᠭᠠᠵᠤ ᠮᠠᠨ᠎ᠤ᠎ᠳᠤ ᠢᠷᠡᠭᠡᠳ ᠬᠤᠶᠠᠷ ᠲᠤᠮᠤ ᠠᠶᠠᠭ᠎ᠠ ᠦᠷᠦᠮ᠎ᠡ᠎ᠲᠠᠢ ᠬᠤᠭᠤᠯᠠ ( ᠵᠦᠭᠡᠬᠡᠢ ᠲᠡᠢ ᠪᠤᠳᠠᠭ᠎ᠠ) ᠢᠳᠡᠭ᠌ᠰᠡᠨ᠎ᠢᠶᠠᠨ ᠬᠡᠳᠦᠨ ᠠᠷᠪᠠᠨ ᠵᠢᠯ᠎ᠤᠨ ᠲᠠᠷᠠᠭ᠎ᠠ ᠠᠪᠤ᠎ᠳᠤ᠄《ᠬᠦᠶᠢ! ᠲᠡᠷᠡ ᠨᠠᠮᠤᠷ ᠲᠠᠨ᠎ᠤ᠎ᠳᠤ ᠨᠢᠭᠡ ᠤᠳᠠᠭ᠎ᠠ ᠦᠷᠦᠮ᠎ᠡ᠎ᠲᠠᠢ ᠬᠤᠭᠤᠯᠠ ᠢᠳᠡᠭ᠌ᠰᠡᠨ᠎ᠢ ᠪᠢ  ᠬᠡᠵᠢᠶᠡᠳᠡ ᠮᠠᠷᠳᠠᠬᠤ ᠦᠭᠡᠢ᠂ ᠦᠷᠦᠮ᠎ᠡ᠎ᠲᠠᠢ ᠬᠤᠭᠤᠯᠠ᠎ᠶ᠋ᠢᠨ ᠵᠢᠩᠭᠢᠨᠢ ᠠᠮᠳᠠ᠎ᠶ᠋ᠢ ᠲᠡᠷᠡ ᠤᠳᠠᠭ᠎ᠠ ᠯᠡ ᠮᠡᠳᠡᠵᠠᠢ!》ᠭᠡᠵᠤ ᠬᠡᠯᠡᠭ᠌ᠰᠡᠨ ᠭᠡᠳᠡᠭ ᠃

ᠲᠡᠭᠡᠷ᠎ᠡ ᠵᠠᠭᠤᠨ᠎ᠤ ᠲᠠᠯᠠᠭᠠᠳ ᠤᠨ᠎ᠳᠤ ᠲᠡᠭᠡᠳᠦ ᠲᠤᠮᠳᠠᠳᠤ᠎ᠳᠤ ᠪᠢᠴᠢᠭ ᠦᠵᠡᠵᠤ ᠪᠠᠢᠬᠤ᠎ᠳᠤ ᠮᠠᠨ᠎ᠤ ᠬᠠᠮᠳᠤ ᠰᠤᠷᠤᠯᠭᠠᠳᠠᠳ᠎ᠤᠨ ᠤᠯᠠᠩᠬᠢ᠎ᠨᠢ ᠭᠡᠷ᠎ᠠᠴᠠ᠎ᠪᠠᠨ ᠬᠠᠭᠤᠷᠠᠢ ᠵᠠᠷᠮ᠎ᠠ ᠠᠪᠴᠢᠷᠡᠨ ᠢᠳᠡᠳᠡᠭ᠃ ᠨᠢᠭᠡᠨ ᠭᠠᠷᠠᠭ᠎ᠤᠨ ᠵᠢᠷᠭᠤᠭᠠᠨ᠎ᠤ ᠦᠳᠡ᠎ᠳᠤ ᠮᠠᠨᠤᠰ᠎ᠤᠨ ᠠᠯᠢ ᠨᠢᠭᠡ᠎ᠨᠢ ᠰᠡᠷᠡᠵᠤ ᠮᠡᠳᠡᠨ᠂ ᠬᠠᠮᠳᠤ᠎ᠳᠠᠭᠠᠨ ᠭᠢᠰᠠ᠎ᠪᠠᠨ ᠲᠤᠭᠤᠷᠢᠨ ᠵᠠᠷᠮ᠎ᠠ᠎ᠪᠠᠨ ᠢᠳᠡᠵᠤ ᠪᠠᠢᠭ᠍ᠰᠠᠭᠠᠷ᠄ 《ᠬᠦᠶᠢ! ᠲᠠᠨᠠᠷ ᠵᠠᠷᠮ᠎ᠠ᠎ᠪᠠᠨ ᠪᠤᠳᠠᠭᠠᠨ᠎ᠤ ᠬᠤᠰᠠ᠎ᠳᠠᠭᠠᠨ ᠬᠢᠭᠡᠳ ᠭᠢᠰᠠ᠎ᠶ᠋ᠢᠨ ᠲᠡᠭᠡᠷ᠎ᠡ ᠬᠠᠯᠠᠭᠤᠯᠤᠨ ᠢᠳᠡᠪᠡᠯ ᠵᠠᠷᠮ᠎ᠠ ᠴᠢᠨᠢ ᠱᠢᠷ᠎ᠠ ᠲᠤᠰᠤᠨ᠎ᠤ ᠠᠮᠳᠠ ᠭᠠᠷᠤᠨ᠎ᠠ》ᠭᠡᠬᠦ᠌᠎ᠳᠤ ᠪᠢᠳᠡ ᠴᠢᠨᠢ ᠦᠨᠡᠭᠡᠷ ᠲᠡᠭᠡᠵᠤ ᠢᠳᠡᠳᠡᠭ ᠪᠤᠯᠤᠬᠰᠡᠨ ᠪᠢᠯᠡ᠃ ᠡᠭᠦᠨ ᠡᠴᠡ ᠦᠵᠡᠪᠡᠯ ᠦᠷᠦᠮ᠎ᠡ᠎ᠲᠠᠢ ᠬᠠᠭᠤᠷᠠᠢ ᠠᠮᠤ ᠲᠤᠢᠯ᠎ᠤᠨ ᠬᠤᠪᠤᠷ ᠴᠤᠬᠠᠭ ᠪᠠᠢᠭ᠍ᠰᠠᠨ ᠲᠡᠳᠡᠭᠡᠷ ᠤᠨ ᠵᠢᠯ᠎ᠳᠦ ᠲᠠᠷᠮ᠎ᠠ ᠡᠪᠦᠭᠡᠨ᠎ᠤ ᠢᠳᠡᠭ᠌ᠰᠡᠨ ᠲᠤᠬᠠᠢ᠎ᠶ᠋ᠢᠨ ᠴᠠᠭ᠎ᠤᠨ ᠦᠷᠦᠮ᠎ᠡ᠎ᠲᠠᠢ ᠬᠤᠭᠤᠯᠠ᠎ᠨᠢ ᠶᠠᠭᠠᠬᠢᠭᠠᠳ ᠲᠡᠭᠦᠨ᠎ᠳᠤ ᠨᠠᠰᠤᠨ ᠲᠤᠷᠱᠢᠳᠠ ᠮᠠᠷᠳᠠᠭ᠍ᠳᠠᠬᠤ ᠦᠭᠡᠢ ᠵᠢ ᠮᠡᠳᠡᠵᠤ ᠪᠤᠯᠤᠨ᠎ᠠ᠃ ᠵᠠᠷᠮ᠎ᠠ᠎ᠶ᠋ᠢ ᠵᠦᠪᠬᠡᠨ ᠴᠤᠯᠭᠤᠢ᠎ᠪᠠᠷ ᠢᠳᠡᠭ᠌ᠰᠡᠨ᠎ᠤ ᠤᠷᠤᠨ᠎ᠳᠤ ᠬᠠᠷᠢᠨ ᠲᠡᠷᠡ ᠬᠦ᠌ ᠬᠠᠮᠳᠤ ᠰᠤᠷᠤᠯᠭᠠᠳᠠᠨ᠎ᠤ ᠬᠡᠯᠡᠭ᠌ᠰᠡᠨ ᠱᠢᠭ᠎ᠢᠶᠠᠷ ᠢᠳᠡᠭ᠌ᠰᠡᠨ᠎ᠨᠢ ᠲᠤᠬᠠᠢ᠎ᠶ᠋ᠢᠨ ᠴᠠᠭ᠎ᠲᠠᠭᠠᠨ ᠪᠠᠰᠠ ᠴᠦ᠍ ᠤᠳᠤ ᠴᠠᠭ᠎ᠤᠨ ᠬᠡᠳᠦᠨ ᠫᠢᠯᠠ ᠨᠤᠭᠤᠭ᠎ᠠ ᠨᠡᠮᠡᠭ᠌ᠰᠡᠨ᠎ᠲᠠᠢ ᠲᠡᠨᠭᠴᠡᠬᠦ ᠪᠠᠢᠬ᠎ᠠ! ᠤᠴᠢᠷ᠎ᠨᠢ ᠱᠢᠷ᠎ᠠ ᠲᠤᠰᠤ ᠤᠯᠵᠤ ᠢᠳᠡᠬᠦ᠌ ᠦᠭᠡᠢ ᠪᠠᠢᠳᠠᠯ᠎ᠤᠨ ᠲᠤᠥᠷ᠎ᠠ ᠮᠠᠨᠤᠰ᠎ᠤᠨ ᠬᠠᠭᠤᠷᠠᠢ ᠵᠠᠷᠮ᠎ᠠ᠎ᠠᠴᠠ ᠦᠨᠡᠬᠡᠷ ᠱᠢᠷ᠎ᠠ ᠲᠤᠰᠤᠨ᠎ᠤ ᠠᠮᠳᠠ ᠭᠠᠷᠳᠠᠭ ᠶᠤᠮ᠃

ᠬᠦᠮᠦᠰ ᠭᠠᠪ ᠭᠠᠭᠴᠠᠭᠠᠷ ᠪᠠᠢᠬᠤ᠎ᠳᠠᠭᠠᠨ ᠬᠡᠳᠦᠢ ᠴᠢᠨᠡᠭᠡ᠎ᠪᠠᠷ᠎ᠢᠶᠠᠨ ᠢᠳᠡᠭ᠌ᠰᠡᠨ ᠴᠦ᠍ ᠴᠤᠬᠤᠮ ᠢᠳᠡᠭᠡᠨ᠎ᠤ《ᠠᠮᠳᠠ》ᠶ᠋ᠢ ᠮᠡᠳᠡᠳᠡᠭ ᠦᠭᠡᠢ ᠦᠶ᠎ᠡ ᠪᠠᠢᠳᠠᠭ᠃ ᠵᠠᠷᠢᠮ᠎ᠳᠠᠭᠠᠨ ᠰᠢᠷᠡᠭᠡ ᠲᠦᠭᠦᠷᠡᠩ ᠠᠯᠢ ᠨᠠᠷᠢᠯᠢᠭ ᠰᠠᠢᠬᠠᠨ᠂ ᠦᠨᠳᠦᠷ ᠦᠨ᠎ᠡ᠎ᠲᠠᠢ᠂ ᠬᠠᠴᠢᠨ ᠰᠤᠨᠢᠨ ᠦᠨᠦᠷ ᠠᠮᠳᠠ᠎ᠲᠠᠢ ᠢᠳᠡᠭᠡᠨ᠎ᠢ ᠢᠳᠡᠭᠰᠡᠨ ᠴᠦ᠍᠂ ᠪᠠᠭ᠎ᠠ ᠵᠢᠨ ᠦᠶ᠎ᠡ ᠵᠢᠨ ᠲᠡᠷᠡ ᠬᠦ᠌ ᠶᠠᠭᠤᠮ᠎ᠠ ᠬᠤᠪᠤᠷ ᠪᠠᠢᠭᠰᠠᠨ ᠴᠠᠭ ᠲᠦ᠍ ᠨᠢᠭᠡ ᠢᠳᠡᠭᠰᠡᠨ ᠬᠤᠭᠤᠯᠠᠨ᠎ᠤ ᠠᠮᠳᠠ ᠵᠢ ᠬᠦᠷᠬᠦ ᠦᠭᠡᠢ ᠰᠠᠨᠠᠭᠳᠠᠬᠤ ᠦᠶ᠎ᠡ ᠴᠦ᠍ ᠪᠤᠢ᠃ ᠲᠡᠭᠡᠬᠦ ᠪᠡᠷ ᠰᠠᠢᠨ ᠶᠠᠭᠤᠮ᠎ᠠ᠂ ᠰᠠᠢᠬᠠᠨ ᠬᠤᠭᠤᠯᠠ ᠭᠡᠳᠡᠭ ᠵᠠᠷᠢᠮ᠎ᠳᠠᠭᠠᠨ ᠦᠨ᠎ᠡ ᠬᠠᠨᠭᠰᠢ᠂ ᠬᠡᠮ ᠬᠡᠮᠵᠢᠶ᠎ᠡ᠎ᠳᠦ ᠪᠠᠢᠬᠤ ᠪᠢᠰᠢ᠂ ᠬᠠᠷᠢᠨ ᠲᠡᠷᠡ ᠯᠡ ᠨᠢᠭᠡᠨ ᠴᠠᠭ ᠲᠦ᠍ ᠰᠡᠳᠬᠢᠯ᠎ᠳᠦ ᠰᠠᠢᠬᠠᠨ ᠭᠡᠵᠤ ᠰᠠᠨᠠᠭᠳᠠᠬᠤ ᠮᠡᠳᠡᠷᠡᠮᠵᠢ ᠲᠦᠷᠦᠭᠳᠡᠯ᠎ᠳᠦ ᠯᠡ ᠪᠠᠢᠳᠠᠭ ᠮᠡᠳᠦ᠃ ᠶᠠᠭᠤᠮ᠎ᠠ ᠬᠤᠪᠤᠷ ᠪᠠᠢᠬᠤ ᠎ᠳᠤ᠂ ᠲᠡᠭᠦᠨ᠎ᠤ ᠵᠢᠨᠭᠬᠢᠨᠢ ᠰᠠᠢᠨ ᠰᠠᠢᠬᠠᠨ᠂ ᠠᠮᠳᠠ ᠰᠢᠮᠳᠡ ᠵᠢ ᠮᠡᠳᠡᠷᠡᠵᠤ ᠲᠡᠢᠯᠳᠡᠭ ᠠᠵᠢ᠃

ᠡᠭᠦᠨ ᠡᠴᠡ ᠦᠵᠡᠬᠦ᠎ᠳᠦ 《ᠶᠠᠭᠤᠮ᠎ᠠ ᠬᠠᠱᠢᠯᠠ ᠬᠤᠪᠤᠷ᠎ᠲᠠᠭᠠᠨ ᠦᠨᠡᠲᠠᠢ》 ᠪᠢᠯᠡ᠃ ᠬᠡᠳᠦᠨ ᠵᠢᠯ᠎ᠤᠨ ᠡᠮᠦᠨᠡᠬᠢ ᠨᠢᠭᠡᠨ ᠵᠤᠨ᠎ᠤ ᠠᠮᠠᠷᠠᠯᠳᠠ᠎ᠪᠡᠷ ᠪᠢ ᠭᠡᠷ ᠪᠦᠯᠢ᠎ᠪᠠᠷ᠎ᠢᠶᠠᠨ ᠳ᠋ᠠᠨᠳᠦᠶ᠋ᠩ ᠬᠤᠳᠠ᠎ᠶ᠋ᠢᠨ ᠳ᠋ᠦᠩᠲ᠋ᠠᠩ ᠎ᠳᠠᠬᠢ ᠬᠠᠯᠠᠭᠤᠨ ᠷᠠᠱᠢᠶᠠᠨ᠎ᠤ ᠰᠤᠪᠢᠯᠠᠯᠳᠠ᠎ᠶ᠋ᠢᠨ ᠭᠠᠵᠠᠷ ᠬᠦᠷᠴᠠᠢ᠃ ᠡᠨᠳᠡ ᠪᠠᠷᠤᠭ ᠪᠦᠬᠦ᠌ ᠤᠯᠤᠰ᠎ᠤᠨ ᠤᠯᠠᠩᠬᠢ ᠭᠠᠵᠠᠷ᠎ᠠᠴᠠ ᠪᠡᠶ᠎ᠡ ᠰᠤᠪᠢᠯᠠᠭ᠍ᠴᠢᠳ ᠢᠷᠡᠵᠤ ᠪᠠᠢᠳᠠᠭ᠂ ᠦᠩᠭᠡᠷᠡᠭ᠌ᠰᠡᠨ᠎ᠳᠤ ᠡᠨᠡ ᠭᠠᠵᠠᠷ ᠲᠡᠮᠡᠢ ᠤᠯᠠᠨ ᠬᠦᠮᠦᠨ ᠢᠷᠡᠳᠡᠭ ᠦᠭᠡᠢ ᠪᠠᠢᠭᠰᠠᠨ ᠪᠤᠯ ᠤᠳᠤ ᠪᠡᠶ᠎ᠡ ᠰᠤᠪᠢᠯᠠᠭ᠍ᠴᠢᠳ ᠤᠯᠠᠱᠢᠷᠠᠭᠠᠳ ᠲᠤᠰ ᠭᠠᠵᠠᠷ᠎ᠤᠨ ᠵᠠᠰᠠᠭ᠎ᠤᠨ ᠤᠷᠳᠤᠨ᠎ᠠᠴᠠ ᠲᠤᠰᠭᠠᠢ ᠪᠢᠴᠢᠭ ᠪᠠᠭᠤᠯᠭᠠᠨ ᠤᠤᠯ᠎ᠳᠠᠭᠠᠨ ᠬᠠᠯᠠᠭᠤᠨ ᠷᠠᠱᠢᠶᠠᠨ ᠤᠰᠤ᠎ᠨᠢ ᠲᠤᠨ ᠪᠦᠷᠢ᠎ᠳᠡᠭᠡᠨ 4 ᠲᠦᠭᠦᠷᠢᠭ ᠪᠠᠢᠭ᠍ᠰᠠᠨ ᠎ᠢ ᠦᠨ᠎ᠡ ᠬᠠᠨᠭᠰᠢ ᠎ᠶᠢ ᠨᠢ ᠦᠰᠬᠡᠭᠡᠳ ᠲᠤᠨ ᠪᠦᠷᠢ᠎ᠳᠡᠭᠡᠨ 12 ᠲᠦᠭᠦᠷᠢᠭ ᠪᠤᠯᠭᠠᠭᠰᠠᠨ ᠪᠠᠢᠯ᠎ᠠ᠃

ᠡᠨᠡ ᠪᠤᠯ ᠲᠠᠷᠤᠢ ᠪᠢᠳᠡᠨ᠎ᠤ ᠦᠷᠭᠦᠯᠵᠢ ᠶᠠᠷᠢᠳᠠᠭ 《ᠶᠠᠭᠤᠮ᠎ᠠ ᠬᠤᠪᠤᠷ᠎ᠲᠠᠭᠠᠨ ᠦᠨᠡᠲᠠᠢ 》 ᠬᠡᠲᠡᠭ ᠤ᠋ᠨ ᠤᠴᠢᠷ ᠶᠤᠰᠤᠨ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号