ᠣᠲᠣ ᠪᠣᠯ ᠶᠠᠭ ᠠᠮᠢᠰᠭᠤᠯ ᠤ᠋ᠨ ᠵᠠᠮ ᠤ᠋ᠨ ᠬᠠᠯᠳᠠᠪᠤᠷᠢᠲᠤ ᠡᠪᠡᠳᠴᠢᠨ ᠣᠯᠠᠨ ᠡᠭᠦᠰᠭᠦ ᠤᠯᠠᠷᠢᠯ ᠪᠤᠯᠤᠨᠠ ᠂ ᠡᠭᠦᠨ ᠳ᠋ᠦ ᠨᠠᠰᠤᠲᠠᠢᠴᠤᠳ ᠪᠣᠯ ᠱᠢᠨᠡ ᠲᠢᠲᠢᠮᠯᠢᠭ ᠸᠢᠷᠦ᠋ᠰ ᠲᠦ᠍ ᠬᠠᠯᠳᠠᠪᠤᠷᠢᠯᠠᠭ᠍ᠳᠠᠭ᠍ᠰᠠᠨ ᠤ᠋ ᠳᠠᠷᠠᠭᠠ ᠬᠦᠨᠳᠦ ᠡᠪᠡᠳᠴᠢᠨ ᠤ᠋ ᠪᠠᠢᠳᠠᠯ ᠢᠯᠡᠷᠡᠬᠦ ᠠᠶᠤᠯ ᠶᠡᠬᠡ ᠲᠡᠶ ᠬᠥᠮᠦᠰ ᠪᠣᠯᠤᠨᠠ᠃ ᠬᠡᠷᠪᠡ ᠨᠠᠰᠤᠲᠠᠢᠴᠤᠳ ᠪᠠᠭᠠ ᠬᠠᠯᠠᠭᠤᠷᠠᠬᠤ ᠂ ᠬᠠᠭᠤᠷᠠᠶᠪᠠᠷ ᠬᠠᠨᠢᠶᠠᠯᠭᠠᠬᠤ ᠵᠡᠷᠭᠡ ᠢᠯᠡᠷᠡᠯ ᠭᠠᠷᠪᠠᠯ ᠬᠡᠷᠬᠢᠨ ᠡᠮ ᠬᠡᠷᠡᠭ᠌ᠯᠡᠬᠦ᠌ ᠪᠣᠶ?
ᠬᠠᠯᠠᠭᠤᠷᠠᠬᠤ ᠪᠣᠯ ᠱᠢᠨᠡ ᠲᠢᠲᠢᠮᠯᠢᠭ ᠸᠢᠷᠦ᠋ᠰ ᠤ᠋ᠨ ᠬᠠᠯᠳᠠᠪᠤᠷᠢᠯᠠᠯ ᠤ᠋ᠨ ᠭᠤᠤᠯ ᠢᠯᠡᠷᠡᠯ ᠤ᠋ᠨ ᠨᠢᠭᠡ ᠮᠥᠨ ᠂ ᠭᠡᠪᠡᠴᠦ᠍ ᠨᠠᠰᠤᠲᠠᠢᠴᠤᠳ ᠤ᠋ᠨ ᠬᠠᠯᠠᠭᠤᠷᠠᠬᠤᠨᠢ ᠲᠡᠢᠮᠦ᠍ ᠢᠯᠡᠷᠬᠡᠶ ᠪᠢᠰᠢ ᠪᠠᠢᠵᠤ ᠮᠡᠳᠡᠨᠡ ᠂ ᠴᠢᠨᠠᠭ᠍ᠰᠢᠯᠠᠪᠠᠯ ᠪᠡᠶᠡ ᠶ᠋ᠢᠨ ᠳᠤᠯᠠᠭᠠᠨ ᠨᠢ 35°C ᠡᠴᠡ ᠳᠤᠤᠷᠠ ᠪᠣᠯᠬᠤ ᠪᠠᠢᠳᠠᠯ ᠭᠠᠷᠳᠠᠭ᠃ ᠨᠠᠰᠤᠲᠠᠢᠴᠤᠳ ᠤ᠋ᠨ ᠪᠡᠶᠡ ᠶ᠋ᠢᠨ ᠳᠤᠯᠠᠭᠠᠨ ᠨᠢ 38.0°C ᠡᠴᠡ ᠬᠡᠲᠦᠷᠡᠬᠦ᠌ ᠦᠭᠡᠢ ᠦᠶᠡ ᠳ᠋ᠦ ᠤᠷᠢᠳ ᠶ᠋ᠢᠡᠷ ᠠᠵᠢᠭᠯᠠᠵᠤ ᠂ ᠬᠠᠯᠠᠭᠤᠨ ᠢ᠋ ᠪᠠᠭᠤᠷᠠᠭᠤᠯᠬᠤ ᠡᠮ ᠬᠡᠷᠡᠭ᠌ᠯᠡᠬᠦ᠌ ᠦᠭᠡᠢ ᠪᠠᠢᠵᠤ ᠪᠤᠯᠤᠨᠠ᠃
ᠬᠠᠭᠤᠷᠠᠶᠪᠠᠷ ᠬᠠᠨᠢᠶᠠᠯᠭᠠᠬᠤ ᠪᠣᠯ ᠨᠠᠰᠤᠲᠠᠢᠴᠤᠳ ᠤ᠋ᠨ ᠱᠢᠨᠡ ᠲᠢᠲᠢᠮᠯᠢᠭ ᠸᠢᠷᠦ᠋ᠰ ᠤ᠋ᠨ ᠬᠠᠯᠳᠠᠪᠤᠷᠢᠯᠠᠯ ᠤ᠋ᠨ ᠦᠷᠭᠦᠯᠵᠢ ᠲᠣᠬᠢᠶᠠᠯᠳᠤᠳᠠᠭ ᠢᠯᠡᠷᠡᠯ ᠮᠥᠨ ᠂ ᠬᠥᠩᠭᠡᠨ ᠬᠠᠨᠢᠶᠠᠯᠭᠠᠬᠤᠳᠤ ᠬᠠᠨᠢᠶᠠᠳᠤ ᠵᠢ ᠵᠣᠭ᠍ᠰᠣᠭᠠᠬᠤ ᠡᠮ ᠬᠡᠷᠡᠭ᠌ᠯᠡᠬᠦ᠌ ᠵᠢ ᠰᠠᠨᠠᠭᠠᠴᠢᠯᠠᠬᠤ ᠥᠬᠡᠶ ᠂ ᠵᠤᠬᠢᠬᠤ ᠬᠡᠮᠵᠢᠶᠡᠨ ᠤ᠋ ᠰᠢᠮᠡᠳᠡᠭ ᠡᠮ ᠬᠡᠷᠡᠭᠯᠡᠬᠦ ᠪᠡᠷ ᠳᠠᠮᠵᠢᠨ ᠬᠣᠭᠣᠯᠠᠶ ᠡᠪᠡᠳᠬᠦ᠌ ᠪᠠ ᠬᠣᠭᠣᠯᠠᠶ ᠬᠠᠲᠠᠬᠤ ᠵᠢ ᠨᠠᠮᠳᠠᠭᠤᠯᠵᠤ ᠪᠣᠯᠤᠨᠠ᠃ ᠬᠠᠨᠢᠶᠠᠯᠭᠠᠬᠤ ᠨᠢ ᠬᠦᠨᠳᠦ ᠨᠣᠴᠢᠲᠠᠢ ᠪᠣᠯ ᠬᠠᠨᠢᠶᠠᠬᠤ ᠵᠢ ᠵᠣᠭ᠍ᠰᠣᠭᠠᠵᠤ ᠴᠠᠷ ᠢ᠋ ᠠᠷᠢᠯᠭᠠᠬᠤ ᠡᠮ ᠢ᠋ ᠰᠣᠩᠭᠣᠵᠤ ᠴᠠᠷ ᠢ᠋ ᠠᠷᠢᠯᠭᠠᠬᠤᠪᠠᠷ ᠭᠣᠣᠯ ᠪᠣᠯᠭᠠᠨᠠ᠃ ᠬᠡᠷᠪᠡ ᠴᠡᠷ ᠠᠷᠪᠢᠨ ᠪᠠᠢᠪᠠᠯ ᠂ ᠬᠠᠨᠢᠶᠠᠳᠤ ᠵᠢ ᠨᠢ ᠬᠡᠲᠦᠷᠬᠡᠢ ᠵᠣᠭ᠍ᠰᠣᠭᠠᠬᠤᠠᠴᠠ ᠵᠠᠢᠯᠠᠰᠭᠢᠵᠦ᠍ ᠂ ᠡᠯᠢᠭᠡᠲᠡᠨ ᠬᠡᠪᠲᠡᠭᠦᠯᠵᠦ᠍ ᠠᠮᠢᠰᠭᠤᠭᠤᠯᠬᠤ ᠂ ᠨᠢᠷᠤᠭᠤ ᠵᠢ ᠨᠢ ᠳᠠᠪᠰᠢᠨ ᠴᠤᠬᠢᠬᠤ ᠵᠡᠷᠭᠡ ᠠᠷᠭᠠᠪᠠᠷ ᠨᠠᠰᠤᠲᠠᠨ ᠢ᠋ ᠬᠠᠪᠰᠤᠷᠤᠨ ᠴᠡᠷ ᠢ᠋ ᠨᠢ ᠭᠠᠷᠭᠠᠵᠤ ᠪᠣᠯᠤᠨᠠ᠃
ᠬᠠᠯᠠᠭᠤᠨ ᠢ᠋ ᠪᠠᠭᠤᠷᠠᠭᠤᠯᠬᠤ ᠡᠮ ᠤᠤᠭᠤᠬᠤᠳᠠᠭᠠᠨ ᠤᠰᠤ ᠨᠥᠬᠥᠪᠥᠷᠢᠯᠡᠬᠦ᠌ ᠵᠢ ᠠᠩᠬᠠᠷᠴᠤ᠌ ᠂ ᠶᠡᠬᠡ ᠬᠡᠮᠵᠢᠶᠡᠨᠦ ᠬᠥᠯᠥᠰᠥ᠍ ᠭᠠᠷᠤᠭᠠᠳ ᠤᠰᠤ ᠦᠭᠡᠢᠳᠡᠬᠦᠯᠬᠦ ᠵᠡᠷᠭᠡ ᠠᠰᠠᠭᠤᠳᠠᠯ ᠭᠠᠷᠬᠤᠠᠴᠠ ᠵᠠᠢᠯᠠᠰᠭᠢᠬᠦ᠌ ᠬᠡᠷᠡᠭ᠌ᠲᠡᠢ᠃ ᠬᠠᠯᠠᠭᠤᠨ ᠢ᠋ ᠪᠠᠭᠤᠷᠠᠭᠤᠯᠬᠤ ᠡᠮ ᠢ᠋ ᠬᠡᠲᠦᠷᠡᠲᠡᠯᠡ ᠬᠡᠷᠡᠭ᠌ᠯᠡᠪᠡᠯ ᠪᠠᠰᠠ ᠳᠠᠯᠲᠠ ᠭᠡᠮ ᠲᠠᠢ ᠪᠠᠢᠵᠤ᠂ ᠡᠯᠢᠭᠡ ᠪᠥᠭᠡᠷᠡᠨᠦ ᠠᠵᠢᠯᠯᠠᠭᠠ ᠵᠢ ᠭᠡᠮᠲᠦᠭᠡᠬᠦ᠌ ᠭᠠᠵᠢᠭᠤ ᠦᠢᠯᠡᠳᠦᠯᠲᠡᠶ ᠂ ᠪᠡᠶᠡ ᠶ᠋ᠢᠨ ᠳᠤᠯᠠᠭᠠᠨ ᠪᠠᠭᠤᠷᠠᠬᠤ ᠦᠭᠡᠢᠡᠴᠡ ᠪᠣᠯᠵᠤ ᠬᠠᠯᠠᠭᠤᠨ ᠢ᠋ ᠪᠠᠭᠤᠷᠠᠭᠤᠯᠬᠤ ᠡᠮ ᠢ᠋ ᠬᠣᠯᠢᠬᠤ ᠪᠤᠶᠤ ᠣᠯᠠᠨᠲᠠ ᠬᠡᠷᠡᠭ᠌ᠯᠡᠵᠦ᠍ ᠪᠣᠯᠬᠤ ᠦᠭᠡᠢ᠃
ᠸᠢᠷᠦ᠋ᠰ ᠢ᠋ ᠡᠰᠡᠷᠭᠦᠴᠡᠬᠦ᠌ ᠡᠮᠴᠢᠯᠡᠭᠡᠨᠢ ᠱᠢᠨᠡ ᠲᠢᠲᠢᠮᠯᠢᠭ ᠸᠢᠷᠦ᠋ᠰ ᠲᠦ᠍ ᠬᠠᠯᠳᠠᠪᠤᠷᠢᠯᠠᠭ᠍ᠳᠠᠭ᠍ᠰᠠᠳ ᠤ᠋ᠨ ᠬᠦᠨᠳᠦ ᠡᠪᠡᠳᠴᠢᠨ ᠪᠣᠯᠬᠤ ᠲᠦᠭ᠌ᠰᠢᠭᠦᠷᠢ ᠵᠢ ᠪᠠᠭᠠᠰᠭᠠᠬᠤᠳᠤ ᠠᠱᠢᠭ᠍ᠲᠠᠶ ᠶᠤᠮ ᠂ ᠭᠡᠪᠡᠴᠦ᠍ ᠣᠳᠣᠬᠠᠨᠳᠤ ᠲᠠᠨᠢᠯᠴᠠᠭᠤᠯᠤᠨ ᠬᠡᠷᠡᠭ᠌ᠯᠡᠵᠦ᠍ ᠪᠠᠢᠭᠠ ᠸᠢᠷᠦ᠋ᠰ ᠢ᠋ ᠡᠰᠡᠷᠭᠦᠴᠡᠬᠦ᠌ ᠡᠮ ᠢ᠋ ᠴᠥᠮ ᠡᠮᠴᠢᠯᠡᠭᠡᠨᠦ ᠪᠠᠢᠭᠤᠯᠤᠮᠵᠢ ᠪᠠ ᠡᠮᠴᠢ ᠶ᠋ᠢᠨ ᠵᠢᠯᠣᠭᠣᠳᠣᠯᠭᠠ ᠳᠤᠤᠷᠠ ᠬᠡᠷᠡᠭ᠌ᠯᠡᠬᠦ᠌ ᠵᠢ ᠴᠢᠬᠤᠯᠠᠴᠢᠯᠠᠵᠤ ᠪᠠᠢᠨᠠ᠃ ᠤᠨᠳᠤᠤ ᠡᠪᠡᠳᠴᠢᠨ ᠲᠠᠢ ᠳᠠᠪᠬᠤᠴᠠᠭ᠍ᠰᠠᠨ ᠨᠠᠰᠤᠲᠠᠢᠴᠤᠳᠲᠤ ᠡᠮ ᠬᠡᠷᠡᠭᠯᠡᠬᠦ ᠳ᠋ᠡᠭᠡᠨ ᠡᠮᠲᠦ ᠪᠣᠳᠠᠰ ᠤ᠋ᠨ ᠬᠣᠭᠣᠷᠣᠨᠳᠣ ᠬᠠᠷᠰᠢᠯ ᠡᠬᠦᠰᠬᠦ ᠵᠢ ᠠᠩᠬᠠᠷᠬᠤ ᠶ᠋ᠢᠨ ᠬᠠᠮᠲᠤ ᠡᠪᠡᠳᠴᠢᠲᠡᠨᠦ ᠡᠯᠢᠭᠡ ᠪᠥᠭᠡᠷᠡᠨᠦ ᠠᠵᠢᠯᠯᠠᠭᠠ ᠶ᠋ᠢᠨ ᠪᠠᠢᠳᠠᠯ ᠢ᠋ ᠦᠨᠳᠦᠰᠦᠯᠡᠨ ᠡᠮ ᠤ᠋ᠨ ᠬᠡᠮᠵᠢᠶᠡ ᠵᠢ ᠲᠣᠬᠢᠷᠠᠭᠤᠯᠬᠤ ᠬᠡᠷᠡᠭ᠌ᠲᠡᠢ᠃ ᠬᠡᠷᠪᠡ ᠱᠢᠨᠡ ᠲᠢᠲᠢᠮᠯᠢᠭ ᠠᠭᠤᠰᠭᠢᠨ ᠦᠷᠪᠢᠰᠦᠯ ᠢ᠋ ᠡᠮᠨᠡᠨ ᠵᠠᠰᠠᠬᠤ ᠡᠮᠲᠡᠶ ᠨᠡᠢᠯᠡᠭᠦᠯᠦᠨ ᠬᠡᠷᠡᠭ᠌ᠯᠡᠵᠦ᠍ ᠪᠣᠯᠬᠤ ᠡᠰᠡᠬᠦ᠌ ᠵᠢ ᠮᠡᠳᠡᠬᠦ ᠥᠬᠡᠶ ᠪᠣᠯ ᠬᠡᠷ ᠪᠦᠯᠢ ᠶ᠋ᠢᠨᠬᠢᠨᠨᠢ ᠨᠠᠰᠤᠲᠠᠨ ᠤ᠋ ᠡᠳᠦᠷ ᠲᠤᠲᠤᠮ ᠤ᠋ᠨ ᠬᠡᠷᠡᠭᠯᠡᠵᠦ ᠪᠦᠬᠦᠢ ᠡᠮ ᠢ᠋ ᠲᠣᠳᠣᠷᠬᠠᠶ ᠨᠠᠷᠢᠨ ᠳᠠᠡᠭᠰᠠ ᠭᠠᠷᠭᠠᠵᠤ ᠡᠮᠴᠢ ᠪᠤᠶᠤ ᠡᠮ ᠨᠠᠢᠷᠠᠭ᠍ᠴᠢᠠᠴᠠ ᠠᠰᠠᠭᠤᠨ ᠯᠠᠪᠯᠠᠵᠤ ᠂ ᠡᠮ ᠬᠡᠷᠡᠭ᠌ᠯᠡᠬᠦ᠌ ᠠᠮᠤᠷ ᠲᠦᠪᠱᠢᠨ ᠢ᠋ ᠪᠠᠲᠤᠯᠠᠬᠤ ᠵᠢ ᠰᠠᠨᠠᠭᠠᠴᠢᠯᠠᠵᠤ ᠪᠠᠢᠨᠠ᠃
ᠱᠢᠨᠡ ᠲᠢᠲᠢᠮᠯᠢᠭ ᠸᠢᠷᠦ᠋ᠰ ᠬᠠᠯᠳᠠᠪᠤᠷᠢᠯᠠᠵᠤ ᠦᠡᠭᠭᠡᠷᠡᠭᠰᠡᠨ ᠨᠠᠰᠤᠲᠠᠢᠴᠤᠳ ᠢ᠋ ᠨᠡᠩ ᠴᠤ᠌ ᠰᠠᠢᠳᠤᠷ ᠠᠰᠠᠷᠠᠨ ᠰᠤᠪᠢᠯᠠᠵᠤ ᠂ ᠨᠠᠰᠤᠲᠠᠢᠴᠤᠳ ᠢ᠋ ᠬᠠᠪᠰᠤᠷᠤᠨ ᠪᠦᠷᠢᠮᠦᠰᠦᠨ ᠡᠷᠡᠭᠦᠯᠵᠢᠭᠦᠯᠬᠦ᠌ ᠬᠡᠷᠡᠭ᠌ᠲᠡᠢ᠃ ᠨᠠᠰᠤᠳᠠᠢᠴᠤᠳ 《 ᠰᠠᠢᠨ ᠢᠳᠡᠵᠦ᠍ ᠰᠠᠢᠳᠤᠷ ᠨᠤᠢᠷᠰᠤᠬᠤ 》 ᠵᠢ ᠪᠠᠲᠤᠯᠠᠵᠤ ᠂ ᠬᠥᠳᠡᠯᠭᠡᠭᠡᠨ ᠭᠡᠳᠦᠷᠡᠬᠦ ᠵᠢ ᠰᠡᠷᠭᠡᠢᠯᠡᠬᠦ ᠬᠡᠷᠡᠭᠲᠡᠢ᠃ ᠡᠭᠦᠨᠦ ᠬᠠᠮᠲᠤ ᠂ ᠨᠠᠰᠤᠲᠠᠢᠴᠤᠳ ᠤ᠋ᠨ ᠡᠷᠡᠭᠦᠯ ᠮᠡᠨᠳᠦ᠍ ᠶ᠋ᠢᠨ ᠪᠠᠢᠳᠠᠯ ᠢ᠋ ᠠᠩᠬᠠᠷᠴᠤ᠌ ᠂ ᠴᠢᠬᠤᠯᠠᠲᠠᠶ ᠦᠶᠡ ᠳ᠋ᠦ ᠴᠠᠭ ᠲᠤᠬᠠᠶᠳᠤᠨᠢ ᠡᠮᠨᠡᠯᠭᠡ ᠳ᠋ᠦ ᠬᠦᠷᠭᠡᠵᠦ᠍ ᠡᠮᠨᠡᠭᠦᠯᠬᠦ ᠬᠡᠷᠡᠭ᠌ᠲᠡᠶ᠃
(ᠮᠠ ᠯᠢᠩ ᠱᠢᠶᠠᠩ ᠡᠮᠬᠢᠯᠡᠪᠡ)