ᠴᠠᠭᠠᠨ ᠰᠠᠷ᠎ᠠ ᠤᠳᠠᠯ ᠦᠬᠡᠢ ᠬᠦᠷᠴᠦ ᠢᠷᠡᠯ᠎ᠡ᠃ ᠬᠦᠬᠡᠬᠤᠳᠠ ᠵᠢᠨ ᠴᠠᠬᠳᠠᠭ᠎ᠠ ᠨᠠᠷ ᠠᠮᠠᠷᠠᠯᠲᠠ᠎ᠳᠤ ᠪᠠᠢᠩᠭᠤ ᠲᠣᠬᠢᠶᠠᠯᠳᠤᠳᠠᠭ ᠮᠡᠬᠡᠯᠡᠯ᠎ᠦᠨ ᠠᠷᠭᠠᠨᠤᠭᠤᠳᠢ᠋ ᠡᠮᠬᠢᠯᠡᠵᠦ᠍᠂ ᠣᠯᠠᠨᠲᠦᠮᠡᠨ ᠤ᠋ ᠪᠠᠶᠠᠷ᠎ᠤᠨ ᠡᠳᠦᠷ᠎ᠦᠨ ᠠᠮᠠᠷᠠᠯᠳᠠ ᠵᠢᠨ ᠬᠤᠭᠤᠴᠠᠭᠠᠨ ᠳ᠋ᠤ ᠮᠡᠬᠡᠯᠡᠭ᠌ᠳᠡᠬᠦ᠌ᠡᠴᠨ ᠬᠢᠴᠢᠶᠡᠵᠦ᠍ ᠂ ᠵᠤᠭᠤᠰ ᠮᠦᠩᠬᠦ ᠪᠡᠨ ᠰᠠᠢᠳᠤᠷ ᠰᠠᠬᠢᠬᠤ ᠵᠢ ᠠᠩᠬᠠᠷᠤᠭᠤᠯᠵᠤ ᠪᠠᠢᠨ᠎ᠠ᠃
ᠱᠠᠩᠨᠠᠯ ᠤᠯᠤᠬᠰᠠᠨ ᠬᠡᠬᠦ ᠤᠬᠤᠷ ᠮᠡᠳᠡᠬᠡ ᠵᠢᠨ ᠮᠡᠬᠡᠯᠡᠯ
ᠪᠠᠶᠠᠷ᠎ᠤᠨ ᠡᠳᠦᠷ᠎ᠦᠨ ᠬᠤᠭᠤᠴᠠᠭᠠᠨ᠎ᠳᠤ᠂ ᠮᠡᠬᠡᠯᠡᠭ᠌ᠴᠢᠳ ᠣᠬᠣᠷ ᠮᠡᠳᠡᠭᠡ᠂ ᠵᠢᠷᠬᠢᠶ᠎ᠡ᠂ ᠢᠮᠸᠯ ᠵᠡᠷᠭᠡ ᠬᠡᠯᠪᠡᠷᠢ᠎ᠪᠡᠷ ᠳᠠᠮᠵᠢᠭᠤᠯᠤᠨ᠂ ᠵᠠᠷᠢᠮ ᠡᠯᠧᠺᠲ᠋ᠷᠣᠨ ᠬᠤᠳᠠᠯᠳᠤᠭ᠎ᠠ᠂ ᠮᠥᠩᠭᠥᠨ ᠭᠦᠶ᠋ᠯᠭᠡᠭᠡᠨ᠎ᠦ ᠲᠠᠪᠴᠠᠩ᠎ᠢᠶᠠᠷ ᠣᠪᠯᠠᠨ 《 ᠪᠠᠶᠠᠷ᠎ᠤᠨ ᠡᠳᠦᠷ ᠠᠰᠠᠷᠠᠮᠵᠢ ᠬᠦᠷᠭᠡᠬᠦ᠌ 》 ᠣᠬᠣᠷ ᠮᠡᠳᠡᠭᠡ ᠶᠠᠪᠤᠭᠤᠯᠵᠤ᠂ ᠬᠣᠬᠢᠷᠠᠯ ᠠᠮᠰᠠᠭ᠍ᠴᠢ᠎ᠶ᠋ᠢ ᠥᠳᠥᠭᠡᠨ ᠲᠠᠳᠠᠵᠤ ᠮᠡᠳᠡᠭᠡ ᠵᠠᠩᠭᠢ᠎ᠶ᠋ᠢᠨ ᠰᠦᠯᠵᠢᠶᠡᠨ ᠬᠠᠶᠢᠭ᠎ᠤᠨ ᠴᠥᠷᠬᠡᠯᠡᠭᠡ᠎ᠶ᠋ᠢ ᠲᠣᠪᠴᠢᠳᠠᠭᠤᠯᠵᠤ ᠂ ᠮᠡᠬᠡᠯᠡᠯ᠎ᠦᠨ ᠰᠦᠯᠵᠢᠶᠡᠨ᠎ᠳᠦ ᠣᠷᠣᠭᠤᠯᠵᠤ ᠪᠠᠩᠬᠢ᠎ᠶ᠋ᠢᠨ ᠺᠠᠷᠲ᠎ᠤᠨ ᠨᠣᠮᠧᠷ ᠂ ᠨᠢᠭᠤᠴᠠ ᠨᠣᠮᠧᠷ ᠂ ᠭᠠᠷ ᠤᠲᠠᠰᠤᠨ᠎ᠤ ᠱᠢᠯᠭᠠᠨ ᠪᠠᠲᠤᠯᠠᠬᠤ ᠨᠤᠮᠸᠷᠢ᠋ ᠨᠢ ᠲᠠᠬᠯᠠᠭᠤᠯᠵᠤ᠂ ᠳᠠᠬᠢᠨ ᠵᠠᠪᠱᠢᠶᠠᠨ᠎ᠢ ᠳᠠᠯᠢᠮᠳᠠᠭᠤᠯᠤᠨ ᠬᠣᠬᠢᠷᠠᠯ ᠠᠮᠰᠠᠭ᠍ᠴᠢ᠎ᠶ᠋ᠢᠨ ᠪᠠᠩᠬᠢ᠎ᠶ᠋ᠢᠨ ᠺᠠᠷᠲ᠎ᠲᠠᠬᠢ ᠬᠠᠳᠠᠭᠠᠯᠠᠮᠵᠢ᠎ᠶ᠋ᠢ ᠪᠦᠬᠦᠨ᠎ᠢ ᠬᠤᠯᠠᠭᠠᠢᠯᠠᠨ ᠠᠪᠳᠠᠬ᠃
ᠢᠷᠡᠯᠲᠡ ᠨᠢ ᠲᠣᠳᠣᠷᠬᠠᠶ ᠥᠬᠡᠶ ᠶᠠᠮᠠᠷᠪᠠ ᠣᠬᠣᠷ ᠮᠡᠳᠡᠭᠡ᠎ᠶ᠋ᠢ ᠪᠢᠲᠡᠭᠡᠶ ᠢᠲᠡᠭᠡᠭᠡᠷᠡᠶ ᠂ ᠲᠠᠨᠢᠯ ᠪᠤᠰᠤ ᠴᠥᠷᠬᠡᠯᠡᠭᠡ᠎ᠶ᠋ᠢ ᠪᠢᠲᠡᠭᠡᠶ ᠳᠠᠷᠤᠭᠠᠷᠠᠶ᠂ ᠨᠠᠩ ᠴᠤ᠌ ᠥᠪᠡᠷ᠎ᠦᠨ ᠪᠠᠩᠬᠢ᠎ᠶ᠋ᠢᠨ ᠺᠠᠷᠲ᠎ᠤᠨ ᠨᠣᠮᠧᠷ ᠂ ᠨᠢᠭᠤᠴᠠ ᠨᠣᠮᠧᠷ ᠂ ᠭᠠᠷ ᠤᠲᠠᠰᠤᠨ᠎ᠤ ᠱᠢᠯᠭᠠᠨ ᠪᠠᠲᠤᠯᠠᠬᠤ ᠨᠣᠮᠧᠷ ᠵᠡᠷᠭᠡ ᠬᠤᠪᠢ ᠬᠥᠮᠦᠨ᠎ᠦ ᠮᠡᠳᠡᠭᠡ ᠵᠠᠩᠭᠢ᠎ᠪᠠᠨ ᠳᠤᠷ᠎ᠠ᠎ᠪᠠᠷ᠎ᠢᠶᠠᠨ ᠵᠠᠳᠠᠷᠠᠭᠤᠯᠵᠤ ᠪᠣᠯᠬᠤ ᠥᠬᠡᠶ᠃
ᠬᠠᠭᠤᠷᠮᠠᠭ ᠰᠦᠯᠵᠢᠶᠡᠨ᠎ᠦ ᠮᠡᠬᠡᠯᠡᠯ
ᠮᠡᠬᠡᠯᠡᠭᠴᠢᠳ ᠵᠢᠩᠬᠢᠨᠢ ᠡᠯᠧᠺᠲ᠋ᠷᠣᠨ ᠬᠤᠳᠠᠯᠳᠤᠭᠠᠨ᠎ᠤ ᠲᠠᠪᠴᠠᠩ᠎ᠲᠠᠶ ᠠᠳᠠᠯᠢᠪᠲᠤᠷ ᠬᠤᠳᠠᠯ ᠬᠠᠭᠤᠷᠮᠠᠭ ᠮᠡᠬᠡᠯᠡᠯ᠎ᠦᠨ ᠰᠦᠯᠵᠢᠶ᠎ᠡ᠎ᠶ᠋ᠢ ᠬᠠᠭᠤᠷᠮᠠᠭ᠍ᠯᠠᠨ ᠵᠣᠬᠢᠶᠠᠵᠤ ᠂ ᠳᠠᠬᠢᠨ ᠶᠡᠬᠡ ᠬᠡᠮᠵᠢᠶᠡᠨ᠎ᠦ 《ᠠᠮᠠᠷᠠᠯᠲᠠ᠎ᠶ᠋ᠢᠨ ᠡᠳᠦᠷ᠎ᠦᠨ ᠣᠨᠴᠠ ᠬᠠᠷᠠᠭᠠᠯᠵᠠᠯᠲᠤ ᠠᠵᠢᠯᠯᠠᠭ᠎ᠠ》 ᠶ᠋ᠢᠨ ᠬᠦᠮᠦᠰ ᠢ᠋ ᠲᠠᠳᠠᠬᠤ ᠵᠠᠷ ᠮᠡᠳᠡᠭᠡ ᠨᠡᠢᠲᠡᠯᠡᠵᠦ᠍ ᠂ ᠬᠣᠬᠢᠷᠠᠯ ᠠᠮᠰᠠᠭ᠍ᠴᠢ᠎ᠶ᠋ᠢ ᠥᠳᠥᠭᠡᠨ ᠲᠣᠰ ᠰᠦᠯᠵᠢᠶᠡᠨ ᠳᠡᠭᠡᠷ᠎ᠡ ᠪᠠᠷᠠᠭ᠎ᠠ ᠬᠤᠳᠠᠯᠳᠤᠨ ᠠᠪᠤᠭᠤᠯᠳᠠᠭ᠃ ᠬᠣᠬᠢᠷᠠᠯ ᠠᠮᠰᠠᠭ᠍ᠴᠢ ᠲᠠᠩᠰᠠ ᠱᠢᠯᠵᠢᠭᠦᠯᠦᠨ ᠪᠠᠷᠠᠭ᠎ᠠ ᠬᠤᠳᠠᠯᠳᠤᠨ ᠠᠪᠤᠭ᠍ᠰᠠᠨ᠎ᠤ ᠳᠠᠷᠠᠭ᠎ᠠ ᠂ ᠪᠠᠷᠠᠭ᠎ᠠ ᠪᠡᠨ ᠤᠯᠵᠤ ᠲᠡᠢᠯᠬᠦ ᠦᠬᠡᠢ ᠪᠦᠬᠡᠳ ᠮᠡᠬᠡᠯᠡᠭ᠌ᠴᠢ ᠡᠴᠨ 《ᠪᠠᠲᠤᠯᠠᠭ᠎ᠠ᠎ᠶ᠋ᠢᠨ ᠮᠥᠩᠭᠥ᠌》 ᠂ 《ᠪᠣᠭᠣᠮᠲᠠ᠎ᠶ᠋ᠢᠨ ᠭᠠᠢᠯᠢ ᠰᠦᠶ᠋ᠳᠭᠡᠯ》 ᠲᠤᠱᠢᠶᠠᠬᠤ ᠵᠡᠷᠭᠡ ᠨᠡᠷ᠎ᠡ᠎ᠪᠡᠷ ᠬᠣᠬᠢᠷᠠᠯ ᠠᠮᠰᠠᠭ᠍ᠴᠢ᠎ᠶ᠋ᠢ ᠦᠷᠭᠦᠯᠵᠢᠯᠡᠨ ᠵᠤᠭᠤᠰ ᠭᠤᠪᠢᠭᠤᠯᠬᠤ ᠵᠢ ᠱᠠᠭᠠᠷᠳᠠᠳᠠᠭ᠃
ᠰᠦᠯᠵᠢᠶ᠎ᠡ᠎ᠪᠡᠷ ᠪᠠᠷᠠᠭ᠎ᠠ ᠬᠤᠳᠠᠯᠳᠤᠨ ᠠᠪᠬᠤ᠎ᠳᠤ᠂ ᠵᠠᠪᠠᠯ ᠵᠢᠩᠬᠢᠨᠢ ᠪᠠᠷᠠᠭ᠎ᠠ ᠬᠤᠳᠠᠯᠳᠤᠨ ᠠᠪᠬᠤ ᠲᠠᠪᠴᠠᠩ᠎ᠢ ᠰᠣᠩᠭᠣᠬᠤ᠎ᠶ᠋ᠢᠨ ᠬᠠᠮᠲᠤ ᠂ ᠲᠠᠪᠴᠠᠩ᠎ᠤᠨ ᠠᠷᠠᠯᠵᠢᠶᠠᠯᠠᠬᠤ ᠴᠤᠪᠤᠷᠠᠯ᠎ᠢ ᠴᠢᠩᠭ᠎ᠠ ᠵᠢᠷᠤᠮᠯᠠᠵᠤ᠂ ᠲᠠᠪᠴᠠᠩᠡᠴᠨ ᠰᠠᠯᠵᠤ ᠳᠠᠯᠳᠠᠭᠤᠷ ᠠᠷᠠᠯᠵᠢᠶᠠᠯᠠᠬᠤ ᠥᠬᠡᠶ ᠪᠠᠢᠵᠤ ᠂ ᠵᠣᠭᠣᠰ ᠮᠥᠩᠭᠥ᠎ᠪᠡᠨ ᠨᠥᠭᠥᠭᠡ ᠡᠲᠡᠭᠡᠳᠲᠡᠬᠡᠨ ᠱᠢᠭᠤᠳ ᠱᠢᠯᠵᠢᠭᠦᠯᠵᠦ᠍ ᠦᠭᠴᠦ ᠪᠣᠯᠬᠤ ᠥᠬᠡᠶ᠃