ᠭᠠᠬᠴᠠ ᠤᠳᠠᠭ᠎ᠠ ᠬᠡᠷᠡᠭᠯᠡᠬᠦ ᠰᠠᠪᠬ᠎ᠠ᠂ ᠰᠦᠯᠢᠶᠤᠤ ᠤᠭᠤᠳᠠ᠂ ᠲᠦᠷᠭᠡᠨ ᠬᠦᠷᠭᠡᠯᠳᠡ ᠵᠢᠨ ᠴᠠᠭᠠᠰᠤᠨ ᠬᠠᠢᠷᠴᠠᠭ ᠵᠡᠷᠭᠡ ᠵᠢᠨ ᠬᠠᠶᠠᠬᠳᠠᠮᠠᠯ ᠢ᠋ ᠲᠠ ᠡᠳᠦᠷ ᠲᠦ᠍ ᠬᠡᠳᠦᠢ ᠭᠠᠷᠭᠠᠵᠤ ᠪᠠᠢᠬᠤ ᠪᠤᠢ? ᠬᠤᠭᠤᠯᠠᠨ ᠭᠡᠷ ᠪᠤᠶᠤ ᠬᠤᠪᠢ ᠵᠢᠨ ᠭᠡᠷ ᠲᠡᠭᠡᠨ ᠪᠤᠳᠠᠭ᠎ᠠ ᠨᠤᠭᠤᠭ᠎ᠠ ᠦᠯᠡᠳᠡᠭᠡᠵᠤ ᠬᠠᠶᠠᠵᠤ ᠪᠠᠢᠨ᠎ᠠ ᠦᠦ ? ᠦᠷᠭᠦᠯᠵᠢ ᠭᠠᠷ ᠤ᠋ᠨ ᠠᠶ᠎ᠠ ᠪᠡᠷ ᠵᠢᠠᠨ ᠬᠡᠷᠡᠭᠯᠡᠬᠦ ᠦᠭᠡᠢ ᠴᠠᠬᠢᠯᠭᠠᠨ ᠳ᠋ᠸᠩ ᠢ᠋ ᠤᠨᠳᠠᠷᠠᠭᠠᠵᠤ ᠪᠠᠢᠨ᠎ᠠ ᠦᠦ?ᠤᠰᠤ ᠲᠤᠰᠤᠯᠠᠬᠤ ᠤᠰᠤᠨ ᠴᠤᠷᠭᠤ ᠵᠢ ᠲᠠ ᠤᠢᠰᠢᠶᠠᠬᠰᠠᠨ ᠦᠭᠡᠢ ᠭᠠᠷᠤᠬᠰᠠᠨ ᠤᠳᠠᠭ᠎ᠠ ᠪᠤᠢ ᠦᠦ? ᠡᠳᠦᠷ ᠵᠢᠡᠷ ᠲᠠ ᠳ᠋ᠸᠩ ᠠᠰᠠᠭᠠᠳᠠᠭ ᠦᠦ? ᠨᠡᠢᠳᠡ ᠵᠢᠨ ᠶᠠᠭᠤᠮ᠎ᠠ ᠭᠡᠵᠤ ᠲᠠ ᠪᠦᠷᠢᠯᠭᠡᠵᠤ ᠪᠠᠢᠨ᠎ᠠ ᠦᠦ? ᠤᠳᠤ ᠵᠢᠨ ᠱᠠᠯᠢᠨ ᠪᠦᠷᠢᠯᠭᠡᠬᠦ ᠶᠡᠬᠡ ᠤᠷᠤᠰᠬᠠᠯ ᠳ᠋ᠦ ᠲᠠ ᠤᠷᠤᠰᠬᠠᠯ ᠰᠦᠷᠴᠦ ᠶᠠᠪᠤᠵᠤ ᠪᠠᠢᠨ᠎ᠠ ᠦᠦ? ᠤᠷᠤᠰᠬᠠᠯ ᠳᠠᠭᠠᠵᠤ ᠶᠠᠪᠤᠵᠤ ᠪᠠᠢᠨ᠎ᠠ ᠦᠦ?
ᠡᠳ᠋ ᠪᠤᠳᠠᠰ ᠬᠤᠮᠰᠠ᠂ ᠦᠭᠡᠢᠬᠦᠤ ᠶᠠᠳᠠᠭᠤ ᠦᠶᠡᠰ ᠠᠷᠪᠢᠯᠠᠨ ᠭᠠᠮᠨᠠᠬᠤ ᠨᠢ ᠬᠦᠮᠦᠨ ᠤ᠋ ᠤᠷᠤᠰᠢᠨ ᠠᠮᠢᠳᠤᠷᠠᠬᠤ ᠲᠦᠷᠦᠯᠬᠢ ᠴᠢᠳᠠᠪᠤᠷᠢ ᠬᠡᠮᠡᠷ ᠪᠠᠢᠳᠠᠭ᠃ ᠬᠠᠷᠢᠨ ᠠᠮᠢᠳᠤᠷᠠᠯ ᠤ᠋ᠨ ᠨᠦᠬᠦᠴᠡᠯ ᠨᠡᠢᠳᠡᠮ ᠰᠠᠢᠵᠢᠷᠠᠬᠰᠠᠨ ᠵᠢᠷᠭᠠᠬᠤ ᠴᠡᠩᠬᠡᠬᠦ ᠶᠡᠬᠡ ᠤᠷᠤᠰᠬᠠᠯ ᠳᠡᠯᠭᠡᠷᠡᠬᠦ ᠦᠨᠦᠳᠦᠷ ᠠᠷᠪᠢᠯᠠᠨ ᠭᠠᠮᠨᠠᠬᠤ ᠨᠢ ᠮᠠᠰᠢ ᠡᠷᠬᠢᠮ ᠨᠠᠨᠳᠢᠨ ᠰᠤᠷᠳᠠᠯ ᠪᠤᠯᠵᠤ ᠪᠠᠢᠨ᠎ᠠ᠃
《ᠤᠰᠤ ᠴᠠᠬᠢᠯᠭᠠᠨ ᠢ᠋ ᠠᠷᠪᠢᠯᠠᠶᠠ!》 ᠭᠡᠬᠦ ᠳ᠋ᠦ 《ᠮᠠᠨ ᠤ᠋ ᠬᠢᠨ ᠨᠦᠬᠦᠴᠡᠯ ᠲᠠᠢ》᠂《ᠮᠦᠩᠬᠦ ᠪᠠᠨ ᠲᠤᠰᠢᠶᠠᠬᠰᠠᠨ ᠬᠦᠮᠦᠨ》᠂《ᠲᠡᠭᠡᠵᠤ ᠪᠡᠶ᠎ᠡ ᠪᠡᠨ ᠵᠤᠪᠠᠭᠠᠭᠠᠳ ᠶᠠᠭᠠᠬᠢᠬᠤ ᠪᠤᠢ!》 ᠭᠡᠬᠦ ᠮᠡᠳᠦ ᠵᠢᠨ ᠬᠠᠷᠢᠭᠤ ᠵᠢ ᠤᠯᠠᠨ ᠤᠯᠵᠤ ᠰᠤᠨᠤᠰᠳᠠᠭ᠃ ᠬᠦᠯ ᠤ᠋ᠨ ᠳᠤᠤᠷᠠᠬᠢ ᠪᠠᠨ ᠬᠠᠷᠠᠭᠠᠳ ᠬᠦᠳᠦᠯ ᠤ᠋ᠨ ᠴᠠᠭᠠᠨ᠎ᠠ ᠶᠠᠭᠤ ᠪᠤᠯᠵᠤ ᠪᠠᠢᠭ᠎ᠠ ᠵᠢ ᠬᠠᠢᠬᠤᠷᠬᠤ ᠦᠭᠡᠢ ᠬᠦᠮᠦᠨ ᠪᠠᠭ᠎ᠠ ᠪᠤᠰᠤ ᠪᠠᠢᠨ᠎ᠠ᠃ ᠠᠷᠪᠢᠯᠠᠶᠠ ᠭᠡᠳᠡᠭ ᠨᠢ ᠪᠦᠷᠢᠯᠭᠡᠵᠤ ᠦᠯᠦ ᠪᠤᠯᠬᠤ ᠵᠢ ᠪᠦᠷᠢᠯᠭᠡᠬᠦ ᠦᠭᠡᠢ ᠪᠠᠢᠬᠤ ᠵᠢ ᠵᠢᠭᠠᠵᠤ ᠪᠠᠢᠨ᠎ᠠ᠃ ᠬᠠᠷᠢᠨ ᠵᠠᠪᠠᠯ 《ᠬᠠᠯᠠ ᠠᠮᠰᠠᠵᠤ ᠬᠠᠳᠠᠭᠤᠬᠠᠨ ᠠᠮᠢᠳᠤᠷᠠᠬᠤ》 ᠵᠢ ᠶᠠᠷᠢᠵᠤ ᠪᠠᠢᠬᠤ ᠪᠢᠰᠢ ᠶᠤᠮ᠃ ᠬᠤᠭᠤᠯᠠᠨ ᠭᠡᠷ ᠲᠦ᠍ ᠬᠤᠭᠤᠯᠠᠯᠠᠪᠠᠯ ᠢᠳᠡᠬᠦ ᠵᠢᠨ ᠬᠡᠮᠵᠢᠶ᠎ᠡ ᠪᠡᠷ ᠨᠤᠭᠤᠭ᠎ᠠ ᠵᠠᠬᠢᠶᠠᠯᠠᠵᠤ᠂ ᠠᠶᠠᠭᠠᠨ ᠳ᠋ᠠᠭᠠᠨ ᠮᠦᠬᠦᠯᠢᠭ ᠠᠮᠤ ᠦᠯᠦ ᠦᠯᠡᠳᠡᠭᠡᠬᠦ ᠵᠢ ᠬᠢᠴᠢᠶᠡᠵᠤ ᠪᠠᠢᠶ᠎ᠠ!ᠠᠮᠢᠳᠤᠷᠠᠯ ᠳᠤᠮᠳᠠ ᠪᠠᠨ ᠡᠯ᠎ᠠ ᠲᠦᠷᠦᠯᠤᠨ ᠴᠠᠭᠠᠰᠤ᠂ ᠦᠵᠡᠬᠦ ᠨᠤᠮ ᠳᠡᠪᠳᠡᠷ ᠵᠢᠠᠨ ᠠᠷᠪᠢᠴᠢ ᠭᠠᠮᠳᠠᠢ ᠬᠡᠷᠡᠭᠯᠡᠵᠤ᠂ ᠪᠦᠷᠢᠯᠭᠡᠨ ᠰᠦᠢᠳᠭᠡᠬᠦ ᠵᠢ ᠳᠡᠪᠴᠢᠶᠡ!《ᠡᠨᠡ ᠵᠢᠭᠠᠬᠠᠨ ᠢ᠋ ᠠᠷᠪᠢᠯᠠᠵᠤ ᠪᠢ ᠪᠠᠶᠠᠵᠢᠬᠤ ᠶᠤᠮ ᠪᠢᠰᠢ》᠂ 《ᠤᠯᠠᠨ ᠡᠴᠡ ᠤᠨᠴᠠᠭᠠᠢ ᠤᠪᠤᠢᠬᠤ ᠶᠠᠭᠤᠮ᠎ᠠ ᠦᠭᠡᠢ》 ᠭᠡᠵᠤ ᠪᠠᠰᠠ ᠵᠠᠷᠢᠮ ᠨᠢ ᠶᠠᠷᠢᠬᠤ ᠮᠠᠭᠠᠳ᠃ ᠬᠦᠮᠦᠨ ᠪᠦᠬᠦᠨ ᠡᠳᠦᠷ ᠪᠦᠷᠢ ᠨᠢᠭᠡ ᠮᠦᠬᠦᠯᠢᠭ ᠠᠮᠤ᠂ ᠨᠢᠭᠡ ᠰᠢᠷᠭᠡᠭ ᠴᠠᠭᠠᠰᠤ ᠠᠷᠪᠢᠯᠠᠬᠤ ᠪᠡᠷ ᠪᠤᠳᠤᠪᠠᠯ᠂ ᠪᠦᠬᠦ ᠳᠡᠯᠡᠬᠡᠢ ᠵᠢᠨ ᠬᠦᠮᠦᠨ ᠠᠮᠠ ᠰᠠᠨᠠᠭᠠᠨ ᠳ᠋ᠦ ᠦᠭᠡᠢ ᠭᠡᠴᠢᠨᠡᠨ ᠤᠯᠠᠨ ᠡᠬᠢ ᠪᠠᠶᠠᠯᠢᠭ ᠢ᠋ ᠠᠷᠪᠢᠯᠠᠨ ᠭᠠᠷᠭᠠᠵᠤ ᠴᠢᠳᠠᠬᠤ ᠪᠢᠯᠡ! ᠲᠡᠭᠡᠬᠦ ᠪᠡᠷ ᠠᠷᠪᠢᠯᠠᠬᠤ ᠳ᠋ᠦ《ᠪᠠᠭ᠎ᠠ》 ᠭᠡᠵᠤ ᠴᠢᠮᠠᠯᠠᠵᠤ ᠪᠤᠯᠬᠤ ᠦᠭᠡᠢ᠂ ᠪᠦᠷᠢᠯᠭᠡᠬᠦ ᠳ᠋ᠦ ᠴᠦ᠍《ᠪᠠᠭ᠎ᠠ》 ᠵᠦᠢᠯ ᠪᠠᠢᠬᠤ ᠦᠭᠡᠢ ᠶᠤᠮ᠃
ᠠᠷᠪᠢᠯᠠᠬᠤ ᠵᠢ ᠠᠮᠠᠰᠠᠷ ᠡᠴᠡ ᠨᠢ ᠭᠡᠳᠡᠭ ᠵᠢᠡᠷ᠂ ᠪᠢᠳᠠ ᠪᠠᠢᠬᠤ ᠴᠠᠭ ᠲᠤᠨᠢ ᠠᠷᠪᠢᠯᠠᠬᠤ ᠬᠡᠷᠡᠭᠳᠡᠢ᠃ ᠢᠷᠤᠭᠠᠷ ᠲᠤᠨᠢ ᠬᠦᠷᠦᠭᠰᠡᠨ ᠤ᠋ ᠳᠠᠷᠠᠭ᠎ᠠ ᠰᠠᠶᠢ ᠠᠷᠪᠢᠯᠠᠶᠠ ᠭᠡᠪᠡᠯ ᠳᠡᠩᠳᠡᠬᠦᠦ ᠤᠷᠤᠢᠳᠠᠬᠤ ᠪᠤᠯᠤᠨ᠎ᠠ᠃ ᠲᠡᠭᠡᠬᠦ ᠪᠡᠷ ᠠᠷᠪᠢᠯᠠᠨ ᠭᠠᠮᠨᠠᠬᠤ ᠵᠢᠨ ᠴᠢᠬᠤᠯᠠ ᠴᠢᠨᠠᠷ ᠢ᠋ ᠳᠠᠨᠢᠵᠤ᠂ ᠠᠮᠢᠳᠤᠷᠠᠯ ᠳᠤᠮᠳᠠ ᠪᠠᠨ ᠠᠷᠪᠢᠯᠠᠨ ᠭᠠᠮᠨᠠᠬᠤ ᠡᠷᠬᠢᠮ ᠰᠤᠷᠳᠠᠯ ᠢ᠋ ᠡᠷᠬᠢᠮᠯᠡᠵᠤ᠂ ᠠᠷᠪᠢᠴᠢ ᠭᠠᠮᠳᠠᠢ ᠠᠮᠢᠳᠤᠷᠠᠶ᠎ᠠ!