1᠂ ᠨᠢᠳᠦ ᠪᠡᠨ ᠴᠠᠪᠴᠢᠬᠤ᠄ ᠨᠤᠮ ᠤᠨᠭᠰᠢᠬᠤ ᠪᠤᠶᠤ ᠦᠰᠦᠭ ᠪᠢᠴᠢᠵᠤ ᠪᠠᠢᠬᠤ ᠲᠤᠮᠳᠠ ᠪᠡᠨ ᠨᠢᠳᠤ ᠪᠡᠨ ᠴᠠᠪᠴᠢᠬᠤ ᠠᠷᠭ᠎ᠠ ᠪᠡᠷ ᠨᠢᠳᠤᠨ ᠪᠤᠯᠴᠢᠩᠢ ᠬᠦᠳᠡᠯᠭᠡᠨ᠎ᠡ᠃ ᠨᠢᠳᠦ ᠪᠡᠨ ᠠᠨᠢᠬᠤᠳᠠᠭᠠᠨ ᠬᠤᠶᠠᠷ ᠬᠦᠮᠦᠰᠭᠡ ᠪᠡᠨ ᠬᠦᠴᠦᠲᠡᠢᠬᠡᠨ ᠨᠡᠳᠦᠢᠬᠦ ᠪᠦᠭᠡᠳ ᠬᠤᠶᠠᠷ ᠨᠢᠳᠦ ᠪᠡᠨ ᠲᠠᠰᠤ ᠠᠨᠢᠨ᠎ᠠ᠃
2᠂ ᠬᠤᠯᠠ ᠵᠢ ᠬᠠᠷᠠᠬᠤ᠄ ᠦᠷᠯᠦᠭᠡ ᠪᠦᠷᠢ ᠲᠡᠨᠵᠢᠯᠢᠭ ᠭᠠᠵᠠᠷ ᠤᠴᠢᠵᠤ ᠬᠤᠶᠠᠷ ᠬᠦᠯᠢᠶᠡᠨ ᠮᠦᠷᠦ ᠵᠢᠨᠢᠶᠡᠨ ᠬᠢᠷᠢ ᠦᠷᠭᠡᠨ ᠠᠯᠴᠠᠢᠨ ᠵᠤᠭᠰᠤᠵᠤ᠂ ᠬᠤᠶᠠᠷ ᠭᠠᠷᠢᠶᠡᠷᠢᠶᠡᠨ ᠰᠦᠪᠡᠭᠡ ᠪᠡᠨ ᠲᠤᠯᠤᠨ ᠨᠢᠳᠤᠨ ᠴᠡᠴᠡᠭᠡᠢ ᠪᠡᠨ ᠵᠡᠭᠦᠨᠰᠢ ᠪᠠᠷᠠᠭᠤᠨᠰᠢ ᠡᠷᠭᠢᠯᠳᠦᠭᠦᠯᠦᠨ᠎ᠡ᠃ ᠲᠡᠭᠡᠭᠡᠳ ᠲᠠᠬᠢᠨ ᠬᠤᠯᠠ ᠪᠠᠢᠬᠤ ᠮᠤᠳᠤᠨ ᠰᠠᠯᠠᠭ᠎ᠠ᠂ ᠲᠤᠭᠤᠨ ᠡᠰᠢ᠂ ᠠᠰᠠᠷ ᠰᠤᠪᠤᠷᠭ᠎ᠠ ᠵᠢᠨ ᠤᠷᠤᠢ᠂ ᠡᠭᠦᠯᠡ ᠵᠡᠷᠭᠡ ᠨᠢᠭᠡ ᠲᠤᠭᠳᠠᠮᠠᠯ ᠬᠠᠷᠠᠯᠳᠠ ᠵᠢ ᠬᠠᠷᠠᠨ᠎ᠠ᠃ ᠬᠡᠭᠦᠳᠡᠭᠡᠨ ᠡᠨᠡ ᠬᠦ᠌ ᠬᠤᠯᠠ ᠵᠦᠢᠯᠢ ᠲᠤᠳᠤ ᠤᠯᠵᠤ ᠬᠠᠷᠠᠭᠰᠠᠨ ᠪᠠᠢᠬᠤ ᠬᠡᠷᠡᠭᠳᠡᠢ᠃ ᠨᠢᠭᠡ ᠮᠢᠨᠤᠢ᠍ᠲ ᠤᠨ ᠲᠠᠷᠠᠭ᠎ᠠ ᠲᠠᠬᠢᠭᠠᠳ ᠤᠢᠷᠠᠯᠴᠠᠭᠠᠬᠢ ᠭᠠᠵᠠᠷᠢ ᠨᠢᠭᠡ ᠤᠳᠠᠭ᠎ᠠ ᠬᠠᠷᠠᠨ᠎ᠠ᠂ ᠡᠨᠡ ᠮᠡᠳᠦ ᠪᠡᠷ ᠠᠬᠢᠨ ᠲᠠᠬᠢᠨ ᠭᠤᠷᠪᠠᠨᠳᠠ ᠬᠢᠨ᠎ᠡ᠃ ᠡᠢᠨ ᠬᠦ᠌ ᠤᠷᠳᠦ ᠬᠤᠭᠤᠴᠠᠭ᠎ᠠ ᠪᠡᠷ ᠪᠠᠷᠢᠮᠲᠠᠯᠠᠪᠠᠯ ᠨᠢᠳᠦᠨ ᠪᠤᠯᠴᠢᠩᠤᠨ ᠶᠠᠳᠠᠷᠠᠭ᠎ᠠ ᠵᠢ ᠲᠠᠢᠯᠬᠤ ᠪᠡᠷ ᠪᠠᠷᠠᠬᠤ ᠦᠭᠡᠢ ᠪᠠᠰᠠ ᠬᠠᠷᠠᠬᠤ ᠮᠡᠳᠡᠷᠡᠯᠤᠨ ᠴᠢᠳᠠᠪᠤᠷᠢ ᠵᠢ ᠰᠠᠢᠵᠢᠷᠠᠭᠤᠯᠤᠨ᠎ᠠ᠃
3᠂ ᠤᠳᠤᠨ ᠮᠡᠴᠢᠳ ᠪᠠᠷᠠᠯᠠᠬᠤ᠄ ᠲᠤᠯᠤᠭᠠᠢ ᠦᠨᠳᠡᠢᠨ ᠤᠳᠤᠨ ᠮᠡᠴᠢᠳᠢ ᠢᠯᠡᠭᠦᠬᠡᠨ ᠰᠤᠨᠢᠷᠬᠠᠵᠤ ᠪᠠᠷᠠᠯᠠᠬᠤ ᠨᠢ ᠮᠡᠳᠡᠯᠭᠡ ᠪᠡᠨ ᠨᠡᠮᠡᠭᠳᠡᠬᠦᠯᠬᠦ ᠪᠡᠷ ᠪᠠᠷᠠᠬᠤ ᠦᠬᠡᠢ ᠨᠢᠳᠦᠨ ᠪᠤᠯᠴᠢᠩᠤᠨ ᠶᠠᠳᠠᠷᠠᠭ᠎ᠠ ᠴᠤᠴᠠᠭ᠎ᠠ ᠵᠢ ᠲᠠᠢᠯᠳᠠᠭ᠃
4᠂ ᠴᠠᠭᠠᠰᠤᠨ ᠰᠢᠪᠠᠭᠤ ᠨᠢᠰᠭᠡᠬᠦ᠄ ᠬᠡᠭᠡᠷ᠎ᠡ ᠭᠠᠳᠠᠭ᠎ᠠ ᠭᠠᠷᠴᠦ ᠴᠠᠭᠠᠰᠤᠨ ᠰᠢᠪᠠᠭᠤ ᠨᠢᠰᠭᠡᠬᠦ ᠨᠢ ᠤᠷᠮ᠎ᠠ ᠰᠡᠳᠬᠢᠯᠭᠡ ᠵᠢ ᠬᠦᠭᠵᠢᠭᠡᠨ ᠪᠡᠶ᠎ᠡ ᠵᠢ ᠪᠤᠯᠪᠠᠰᠤᠷᠠᠭᠤᠯᠬᠤ ᠪᠡᠷ ᠪᠠᠷᠠᠬᠤ ᠦᠬᠡᠢ ᠪᠠᠰᠠ ᠤᠢᠷ᠎ᠠ ᠬᠠᠷᠠᠭ᠎ᠠ ᠡᠴᠡ ᠰᠡᠷᠭᠡᠢᠯᠡᠵᠤ ᠴᠢᠳᠠᠨ᠎ᠠ᠃ ᠡᠮᠨᠡᠯᠭᠡ ᠵᠢᠨ ᠤᠬᠠᠭᠠᠨᠳᠠᠨᠤ ᠰᠤᠳᠤᠯᠤᠭᠰᠠᠨᠢᠶᠡᠷ᠂ ᠴᠠᠭᠠᠰᠤᠨ ᠰᠢᠪᠠᠭᠤ ᠨᠢᠰᠭᠡᠬᠦ ᠦᠶᠡᠳᠦ ᠨᠢᠳᠤᠨ ᠬᠠᠷᠠᠭ᠎ᠠ ᠬᠤᠯᠠ ᠲᠤᠰᠴᠦ᠂ ᠬᠠᠷᠠᠴᠠ ᠠᠭᠤᠵᠢᠮ ᠪᠤᠯᠬᠤ ᠲᠤᠯᠠ ᠨᠢᠳᠤᠨ ᠪᠤᠯᠴᠢᠩᠤᠨ ᠶᠠᠳᠠᠷᠠᠭ᠎ᠠ ᠵᠢ ᠲᠠᠢᠯᠵᠤ ᠬᠠᠷᠠᠭ᠎ᠠ ᠵᠢ ᠰᠠᠢᠵᠢᠷᠠᠭᠤᠯᠳᠠᠭ᠃
5᠂ ᠫᠢᠨᠭᠫᠠᠩ ᠪᠦᠮᠪᠦᠭᠡ ᠨᠠᠭᠠᠳᠬᠤ᠄ ᠦᠷᠬᠦᠯᠵᠢ ᠫᠢᠨᠭᠫᠠᠩ ᠪᠦᠮᠪᠦᠭᠡ ᠨᠠᠭᠠᠳᠬᠤ ᠨᠢ ᠭᠠᠷᠠᠭ ᠪᠤᠶᠤ ᠪᠠᠶᠠᠷ ᠲᠤᠷᠠᠰᠬᠠᠯᠤᠨ ᠠᠮᠠᠷᠠᠯᠳᠠᠳᠦ ᠬᠦᠷ ᠨᠡᠮᠡᠬᠦ ᠪᠡᠷ ᠪᠠᠷᠠᠬᠤ ᠦᠬᠡᠢ ᠫᠢᠨᠭᠫᠠᠩ ᠪᠦᠮᠪᠦᠭᠡ ᠵᠢᠨ ᠬᠤᠯᠠ᠂ ᠤᠢᠷ᠎ᠠ᠂ ᠲᠡᠭᠡᠷ᠎ᠡ᠂ ᠲᠤᠤᠷ᠎ᠠ ᠰᠢᠯᠵᠢᠬᠦ ᠵᠢ ᠲᠠᠭᠠᠯᠳᠤᠨ ᠨᠢᠳᠤᠨ ᠴᠡᠴᠡᠭᠡᠢᠳᠡᠬᠢ ᠴᠢᠰᠤᠨᠤ ᠬᠠᠨᠭᠭᠠᠯᠳᠠ ᠵᠢᠨ ᠰᠤᠯᠢᠯᠴᠠᠭ᠎ᠠ ᠰᠠᠢᠵᠢᠷᠠᠵᠤ᠂ ᠨᠢᠳᠤᠨ ᠪᠤᠯᠴᠢᠩᠤᠨ ᠴᠢᠳᠠᠪᠤᠷᠢ ᠵᠢ ᠤᠯᠠᠮ ᠲᠡᠭᠡᠭᠰᠢᠯᠡᠬᠦᠯᠳᠡᠭ᠃
6᠂ ᠨᠢᠳᠤᠨ ᠲᠠᠮᠢᠷ ᠬᠢᠬᠦ᠄ ᠬᠡᠥᠬᠡᠳ ᠪᠠᠭᠠᠴᠤᠳ ᠰᠤᠷᠭᠠᠭᠤᠯᠢᠳᠠᠭᠠᠨ ᠡᠳᠦᠷᠤᠨ ᠬᠤᠶᠠᠷ ᠤᠳᠠᠭ᠎ᠠ ᠨᠢᠳᠤᠨ ᠲᠠᠮᠢᠷ ᠬᠢᠬᠦ ᠪᠡᠷ ᠪᠠᠷᠠᠬᠤ ᠦᠬᠡᠢ ᠭᠠᠷᠠᠭᠤᠨ ᠡᠳᠦᠷ ᠪᠤᠶᠤ ᠠᠮᠠᠷᠠᠯᠳᠠ ᠵᠢᠨ ᠬᠤᠭᠤᠴᠠᠭᠠᠨᠳᠦ ᠴᠦ᠍ ᠮᠦᠨ ᠨᠢᠳᠤᠨ ᠲᠠᠮᠢᠷᠢ ᠠᠯᠭᠠᠰᠠᠯ ᠦᠬᠡᠢ ᠬᠢᠬᠦ ᠬᠡᠷᠡᠭᠳᠡᠢ᠃ ᠡᠭᠦᠨ ᠡᠴᠡ ᠭᠠᠳᠠᠨ᠎ᠠ᠂ ᠨᠤᠮ ᠦᠵᠡᠬᠦ ᠪᠤᠶᠤ ᠦᠰᠦᠭ ᠪᠢᠴᠢᠬᠦᠳᠡᠭᠡᠨ 45 ᠮᠢᠨᠦᠢ᠍ᠲ ᠪᠤᠯᠪᠠᠯ ᠬᠡᠳᠦᠨ ᠰᠸᠺᠦ᠋ᠨ᠋ᠳ᠋ ᠲᠡᠭᠡᠭᠰᠢ ᠬᠠᠷᠠᠵᠤ᠂ ᠲᠠᠬᠢᠭᠠᠳ ᠠᠷᠪᠠ ᠬᠤᠷᠢᠨ ᠮᠸᠲᠷ ᠬᠤᠯᠠ ᠪᠠᠢᠬᠤ ᠲᠤᠳᠤᠷᠬᠠᠢ ᠬᠠᠷᠠᠭᠳᠠᠬᠤ ᠲᠤᠭᠳᠠᠮᠠᠯ ᠪᠤᠳᠠᠰᠢ 15 ᠰᠸᠺᠦ᠋ᠨ᠋ᠳ᠋ ᠬᠠᠷᠠᠨ᠎ᠠ᠂ ᠵᠠᠯᠭᠠᠭᠠᠳ ᠨᠢᠭᠡ ᠲᠤᠬᠤᠢ ᠤᠷᠴᠢᠮ ᠤᠢᠷᠠᠯᠴᠠᠭᠠᠬᠢ ᠪᠤᠳᠠᠰᠢ ᠬᠠᠷᠠᠨ᠎ᠠ᠃ ᠡᠨᠡ ᠮᠡᠳᠦ ᠪᠡᠷ 2 ᠮᠢᠨᠦᠢ᠍ᠲ ᠬᠢᠷᠢᠲᠡᠢ ᠲᠠᠬᠢᠨ ᠲᠠᠪᠳᠠᠨ ᠪᠤᠯᠪᠠᠰᠤᠷᠠᠪᠠᠯ ᠵᠤᠬᠢᠨ᠎ᠠ᠃