ᠮᠠ ᠶᠦᠨ ᠫᠢᠩ ᠄ ᠡᠨᠡ ᠭᠡᠰᠡᠭ ᠤᠢ ᠪᠠᠨ ᠪᠢ ᠦᠷ᠎ᠡ ᠬᠡᠦᠬᠡᠳ ᠵᠢᠡᠨ ᠰᠢᠭ ᠬᠠᠢᠷᠠᠯᠠᠳᠠᠭ
2023-10-10 09:47:56
ᠵᠣᠬᠢᠶᠠᠭ᠍ᠴᠢ᠄
ᠵᠠᠩ ᠯᠦ᠍
ᠣᠩᠱᠢᠭ᠍ᠰᠠᠨ ᠣᠳᠠᠭ᠎ᠠ᠄
★★★☆☆

 ᠨᠠᠮᠤᠷ ᠤ᠋ᠨ ᠡᠬᠢᠨ ᠤ᠋ ᠱᠢᠯᠢ ᠵᠢᠨ ᠭᠣᠣᠯ ᠠᠢᠮᠠᠭ ᠤ᠋ᠨ ᠳᠤᠯᠤᠨ ᠨᠤᠤᠷ ᠱᠢᠶᠠᠨ᠎ᠤ ᠳᠤᠯᠤᠨ ᠨᠤᠤᠷ ᠪᠠᠯᠭᠠᠰᠤᠨ᠎ᠤ ᠱᠢᠨ ᠮᠢᠨ ᠲᠣᠰᠭᠣᠨ ᠳ᠋ᠤ ᠠᠭᠤᠯᠠ ᠳᠤᠯᠤᠭᠠᠳ ᠬᠦᠬᠡᠷᠡᠨ ᠤᠢ ᠱᠢᠭᠤᠢ ᠢᠭᠴᠤᠷᠠᠨ ᠬᠠᠷᠠᠭ᠍ᠳᠠᠨ᠎ᠠ᠃ ᠬᠠᠢᠯᠠᠷ ᠨᠠᠷᠠᠰᠤ᠂ ᠱᠢᠷ᠎ᠠ ᠪᠤᠷᠭᠠᠰᠤ᠂ ᠬᠡᠭᠡᠷ᠎ᠡ ᠵᠢᠨ ᠬᠦᠢᠯᠡᠰᠦ ᠵᠡᠷᠭᠡ 40 ᠭᠠᠷᠤᠢ ᠲᠦᠮᠡᠨ ᠰᠠᠭᠤᠷᠢ ᠮᠣᠳᠣ᠎ᠪᠠᠷ ᠪᠦᠷᠢᠯᠳᠦᠭ᠌ᠰᠡᠨ 3700 ᠮᠦ᠍ ᠨᠤᠮᠢᠨ ᠲᠠᠯᠠᠢ ᠨᠢ ᠠᠭ᠍ᠯᠠᠭ ᠠᠭᠤᠯᠠ ᠶ᠋ᠢ ᠨᠣᠭᠣᠭᠠᠨ ᠪᠦᠷᠢᠳᠦ ᠪᠤᠯᠭᠠᠨ ᠬᠤᠪᠢᠷᠠᠭᠤᠯᠵᠤ ᠡᠯᠡᠰᠦ ᠶ᠋ᠢ ᠵᠠᠰᠠᠭ᠍ᠰᠠᠨ ᠭᠠᠢᠬᠠᠮᠱᠢᠭ ᠢ᠋ ᠪᠢᠴᠢᠭ᠌ᠯᠡᠭ᠌ᠰᠡᠨ ᠪᠠᠢᠨ᠎ᠠ᠃

 ᠲᠤᠯᠤᠨ ᠨᠤᠤᠷ ᠱᠢᠶᠠᠨ ᠪᠣᠯ ᠬᠤᠯᠠᠨ ᠱᠢᠷᠭ᠎ᠠ ᠳᠠᠭ᠎ᠠ ᠵᠢᠨ ᠡᠯᠡᠰᠦᠷᠬᠡᠭ ᠭᠠᠵᠠᠷ ᠤ᠋ᠨ ᠡᠮᠦᠨ᠎ᠡ ᠵᠠᠬ᠎ᠠ ᠳ᠋ᠤ ᠪᠠᠢᠷᠢᠯᠠᠵᠤ᠂ ᠥᠪᠥᠷ ᠮᠣᠩᠭᠣᠯ ᠤ᠋ᠨ ᠪᠡᠭᠡᠵᠢᠩ ᠡᠴᠡ ᠬᠠᠮᠤᠭ ᠤ᠋ᠨ ᠤᠢ᠍ᠢᠷ᠎ᠠ ᠬᠣᠱᠢᠭᠤ ᠱᠢᠶᠠᠨ ᠪᠣᠯᠤᠨ᠎ᠠ᠂ 2000 ᠣᠨ᠎ᠤ ᠳᠠᠭᠠᠭᠤᠯᠢ ᠤᠳᠤᠨ᠎ᠤ ᠠᠯᠤᠰ ᠰᠡᠷᠡᠯ ᠤ᠋ᠨ ᠬᠢᠨᠠᠨ ᠬᠡᠮᠵᠢᠯᠲᠡ ᠡᠴᠡ ᠦᠵᠡᠪᠡᠯ᠂ ᠪᠦᠬᠦ᠌ ᠱᠢᠶᠠᠨ᠎ᠤ ᠰᠠᠯᠬᠢᠨ ᠳ᠋ᠤ ᠢᠳᠡᠭ᠌ᠳᠡᠭ᠌ᠰᠡᠨ᠂ ᠤᠷᠤᠰᠬᠠᠯ ᠤᠰᠤᠨ ᠳ᠋ᠤ ᠢᠳᠡᠭ᠌ᠳᠡᠭ᠌ᠰᠡᠨ᠂ ᠡᠯᠡᠰᠦᠷᠬᠡᠭᠵᠢᠭ᠌ᠰᠡᠨ ᠲᠠᠯᠠᠪᠠᠢ 3365 ᠲᠡᠭ᠌ᠰᠢ ᠳᠥᠷᠪᠡᠯᠵᠢᠨ ᠺᠢᠯᠤᠮᠸᠲᠷ ᠲᠤ᠌ ᠬᠦᠷᠴᠦ᠍᠂ ᠭᠠᠵᠠᠷ ᠱᠢᠷᠣᠢ ᠵᠢᠨ ᠶᠡᠷᠦᠩᠬᠡᠢ ᠲᠠᠯᠠᠪᠠᠢ ᠵᠢᠨ 87% ᠶ᠋ᠢ ᠡᠵᠡᠯᠡᠨ᠂ ᠡᠭᠦᠨ᠎ᠳᠦ ᠬᠦᠨᠳᠦ ᠨᠣᠴᠢᠲᠠᠢ ᠡᠯᠡᠰᠦᠷᠬᠡᠭᠵᠢᠭ᠌ᠰᠡᠨ ᠲᠠᠯᠠᠪᠠᠢ 1400 ᠲᠡᠭ᠌ᠰᠢ ᠳᠥᠷᠪᠡᠯᠵᠢᠨ ᠺᠢᠯᠤᠮᠸᠲᠷ ᠪᠠᠢᠵᠤ᠂ ᠭᠠᠵᠠᠷ ᠱᠢᠷᠣᠢ ᠵᠢᠨ ᠶᠡᠷᠦᠩᠬᠡᠢ ᠲᠠᠯᠠᠪᠠᠢ ᠵᠢᠨ 36% ᠶ᠋ᠢ ᠡᠵᠡᠯᠡᠨ᠂ ᠵᠡᠭᠦᠨᠰᠢ ᠪᠠᠷᠠᠭᠤᠨᠰᠢ ᠴᠢᠭ᠌ᠯᠡᠯ᠎ᠲᠡᠶⅠ᠂ Ⅱ᠂ Ⅲ ᠨᠣᠮᠧᠷᠲᠤ ᠭᠤᠷᠪᠠᠨ ᠶᠡᠬᠡ ᠡᠯᠡᠰᠦᠨ ᠪᠦᠰᠡ ᠪᠦᠬᠦ ᠱᠢᠶᠠᠨ ᠵᠢᠡᠷ ᠲᠠᠷᠬᠠᠵᠤ ᠪᠤᠢ᠃ ᠮᠠ ᠶᠦᠨ ᠫᠢᠩ ᠪᠣᠯ ᠲᠤᠯᠤᠨ ᠨᠤᠤᠷ ᠪᠠᠯᠭᠠᠰᠤᠨ᠎ᠤ ᠱᠢᠨ ᠮᠢᠨ ᠲᠣᠰᠭᠣᠨ᠎ᠤ ᠲᠠᠷᠢᠶᠠᠴᠢᠨ᠂ ᠲᠡᠳᠡᠨ ᠤ᠋ ᠭᠡᠷ ᠨᠢ ᠶᠠᠭⅠᠨᠣᠮᠧᠷᠲᠤ ᠡᠯᠡᠰᠦᠨ ᠪᠦᠰᠡ ᠵᠢᠨ ᠥᠷᠥᠴᠡᠨ᠎ᠳᠦ ᠪᠠᠢᠷᠢᠯᠠᠳᠠᠭ᠃

《ᠡᠯᠡᠰᠦᠨ ᠱᠢᠭᠤᠷᠭ᠎ᠠ ᠳᠡᠭᠳᠡᠬᠦ ᠪᠦᠷᠢ ᠲᠡᠭᠷᠢ ᠭᠠᠵᠠᠷ᠎ᠢ ᠪᠦᠷᠬᠦᠭᠰᠡᠨ ᠡᠯᠡᠰᠦ ᠰᠢᠷᠤᠢ ᠭᠡᠷ ᠲᠤ᠌ ᠦᠯᠢᠶᠡᠭ᠌ᠳᠡᠨ ᠣᠷᠣᠵᠤ ᠢᠷᠡᠭᠡᠳ ᠡᠯᠡᠰᠤ ᠰᠢᠷᠤᠢ ᠬᠦᠮᠦᠨ ᠤ᠋ ᠬᠢᠷᠢᠲᠠᠢ ᠤᠪᠤᠭᠠᠷᠠᠴᠢᠬᠠᠳᠠᠭ ᠢ᠋ ᠪᠢ ᠪᠠᠭ᠎ᠠ ᠡᠴᠡ ᠪᠡᠨ ᠬᠠᠷᠠᠵᠤ ᠪᠠᠢᠭᠰᠠᠨ ᠪᠤᠯᠬᠤᠷ ᠶᠡᠬᠡ ᠠᠶᠤᠵᠤ ᠡᠮᠢᠶᠡᠳᠡᠭ ᠪᠠᠢᠭ᠍ᠰᠠᠨ》 ᠭᠡᠵᠦ᠍ ᠮᠠ ᠶᠦᠨ ᠫᠢᠩ ᠡᠷᠭᠢᠴᠡᠭᠦᠯᠤᠨ ᠶᠠᠷᠢᠵᠦ᠂ ᠮᠥᠨ ᠴᠤ᠌ ᠲᠡᠷᠡ ᠦᠶ᠎ᠡ ᠡᠴᠡ ᠡᠬᠢᠯᠡᠨ᠂ 《ᠨᠤᠮᠢᠨ ᠨᠤᠭᠤᠭᠠᠨ》 ᠬᠦᠰᠡᠯ ᠵᠡᠭᠦᠳᠦ᠍ ᠲᠡᠭᠦᠨ ᠤ᠋ ᠰᠡᠳᠭᠢᠯ᠎ᠳᠦ ᠭᠦᠨ ᠦᠨᠳᠦᠰᠦᠯᠡᠪᠡ᠃

《2000 ᠣᠨ ᠳ᠋ᠤ ᠤᠯᠤᠰ᠎ᠠᠴᠠ ᠪᠡᠭᠡᠵᠢᠩ ᠲᠢᠶᠠᠨᠵᠢᠨ᠎ᠤ ᠰᠠᠯᠬᠢ ᠡᠯᠡᠰᠦᠨ ᠤ᠋ ᠡᠬᠢ ᠶ᠋ᠢ ᠵᠠᠰᠠᠬᠤ ᠢᠨᠵᠧᠨᠧᠷᠢᠩ ᠢ᠋ ᠡᠬᠢᠯᠡᠨ ᠬᠡᠷᠡᠭ᠌ᠵᠢᠭᠦᠯᠪᠡ᠃ ᠱᠢᠶᠠᠨ᠎ᠤ ᠬᠢᠨ ᠴᠤ᠌ ᠡᠭᠦᠨ ᠤ᠋ ᠳᠠᠭᠠᠤ ᠳ᠋ᠤ ᠲᠠᠪᠤᠨ ᠡᠯᠡᠰᠦᠷᠭᠡᠭᠵᠢᠭᠰᠡᠨ ᠭᠠᠵᠠᠷ ᠢ᠋ ᠳᠠᠭᠠᠭᠠᠴᠢᠯᠠᠭᠤᠯᠬᠤ᠎ᠪᠠᠷ ᠤᠷᠢᠶᠠᠯᠠᠪᠠ᠂ ᠭᠡᠪᠡᠴᠦ᠍ ᠲᠦᠷᠦ᠍ ᠵᠢᠨ ᠪᠤᠳᠤᠯᠭ᠎ᠠ ᠶ᠋ᠢ ᠬᠡᠷᠡᠭ᠌ᠵᠢᠭᠦᠯᠦᠭ᠌ᠰᠡᠨ ᠤ᠋ ᠲᠠᠷᠠᠭ᠎ᠠ ᠳᠠᠭᠠᠭᠠᠴᠢᠯᠠᠬᠤ ᠳᠤᠷᠠᠲᠠᠶ ᠬᠥᠮᠦᠨ ᠨᠢᠭᠡ ᠴᠤ᠌ ᠪᠠᠢᠭᠰᠠᠨ ᠦᠭᠡᠢ᠃ ᠬᠠᠷᠠᠬᠠᠨ ᠪᠠᠭ᠎ᠠ᠎ᠠᠴᠠ᠎ᠪᠠᠨ ᠦᠰᠴᠤ ᠲᠦᠷᠦᠭᠰᠡᠨ ᠭᠡᠷ ᠣᠷᠣᠨ ᠵᠢᠡᠨ ᠡᠯᠡᠰᠦᠨ᠎ᠳᠦ ᠰᠦᠢᠳᠭᠡᠭ᠌ᠳᠡᠬᠦ ᠢ᠋ᠢ ᠪᠢ ᠬᠠᠷᠠᠵᠤ ᠪᠠᠢᠭᠠᠳ ᠬᠠᠶᠠᠭᠠᠨ ᠳ᠋ᠤᠨᠢ ᠬᠠᠶᠠᠵᠤ ᠪᠤᠯᠬᠤ ᠦᠭᠡᠢ ᠲᠤᠯᠠ ᠡᠬᠡᠨᠡᠷ᠎ᠲᠡᠶ᠎ᠪᠡᠨ ᠤᠯᠠᠨ ᠤᠳᠠᠭ᠎ᠠ ᠵᠥᠪᠳᠡᠭ᠌ᠰᠡᠨ ᠤ᠋ ᠲᠠᠷᠠᠭ᠎ᠠ᠂ 3700 ᠮᠦ᠍ ᠵᠢᠨ 〈ᠡᠯᠡᠰᠦᠷᠭᠡᠭᠵᠢᠭᠰᠡᠨ ᠠᠳᠠᠷ ᠭᠠᠵᠠᠷ ᠤ᠋ᠨ ᠳᠠᠭᠠᠭᠠᠴᠢᠯᠠᠯᠲᠠ ᠵᠢᠨ ᠭᠡᠷ᠎ᠡ〉  ᠳ᠋ᠤ ᠡᠷᠡᠰ ᠱᠢᠭᠤᠷᠬᠠᠢ᠎ᠪᠠᠷ ᠭᠠᠷ ᠤ᠋ᠨ ᠦᠰᠦᠭ ᠵᠢᠷᠤᠪᠠ》  ᠭᠡᠵᠦ ᠮᠠ ᠶᠦᠨ ᠫᠢᠩ ᠶᠠᠷᠢᠨ᠎ᠠ᠃

ᠨᠡᠯᠦᠢᠨ ᠴᠠᠢᠷᠠᠭᠰᠠᠨ ᠬᠤᠪᠠᠬᠠᠢ ᠡᠯᠡᠰᠦᠨ᠎ᠳᠤ᠂ ᠤᠷᠤᠰᠢᠯ ᠲᠤᠭᠳᠠᠨᠢᠯ᠎ᠤᠨ ᠨᠤᠮᠢᠨ ᠨᠤᠭᠤᠭᠠᠨ ᠣᠷᠣᠨ ᠵᠠᠶ ᠶ᠋ᠢ ᠡᠷᠢᠯᠬᠢᠯᠡᠬᠦ᠌ ᠪᠣᠯ ᠨᠢᠭᠡ ᠵᠦᠢᠯ᠎ᠤᠨ ᠬᠠᠳᠠᠭᠤ ᠪᠡᠷᠭᠡ ᠲᠡᠮᠡᠴᠡᠯ ᠮᠥᠨ᠃ 2000 ᠣᠨ᠎ᠤ ᠬᠠᠪᠤᠷ᠂ ᠮᠠ ᠶᠦᠨ ᠫᠢᠩ ᠡᠯᠡᠰᠤ ᠰᠢᠷᠤᠢ᠎ᠲᠠᠶ ᠵᠢᠩᠬᠢᠨᠢ᠎ᠪᠠᠷ  《ᠲᠠᠢᠨ ᠵᠠᠷᠯᠠᠵᠦ》 ᠡᠬᠢᠯᠡᠪᠡ᠂ ᠲᠡᠷᠡ ᠡᠬᠡᠨᠡᠷ᠎ᠲᠡᠶ᠎ᠪᠡᠨ ᠬᠤᠶᠠᠭᠤᠯᠠ ᠡᠯᠡᠰᠦᠨ ᠳ᠋ᠤ ᠨᠢᠭᠡᠨ ᠳᠦᠭᠦᠮᠬᠡᠨ ᠫᠸᠩ ᠪᠠᠷᠢᠵᠤ᠂ ᠡᠯᠡᠰᠦᠨ ᠲᠤᠮᠳᠠ ᠢᠳᠡᠵᠦ᠍ ᠬᠤᠨᠤᠵᠤ᠂ ᠶᠠᠭ ᠯᠡ ᠵᠠᠷᠯᠢᠭ ᠭᠦᠢᠴᠡᠳᠭᠡᠵᠤ ᠪᠤᠢ ᠪᠠᠢᠯᠳᠤᠭ᠍ᠴᠢ ᠱᠢᠭ᠋ ᠡᠯᠡᠰᠦ ᠶ᠋ᠢ ᠰᠠᠬᠢᠨ᠂ ᠡᠯᠡᠰᠦ ᠶ᠋ᠢ ᠵᠠᠰᠠᠬᠤ ᠵᠠᠮ ᠵᠢᠡᠨ ᠡᠬᠢᠯᠡᠭᠦᠯᠦᠭᠰᠡᠨ ᠪᠠᠢᠨ᠎ᠠ᠃

ᠬᠤᠪᠠᠬᠠᠢ  ᠡᠯᠡᠰᠦ ᠶ᠋ᠢ ᠵᠠᠰᠠᠨ᠎ᠠ ᠭᠡᠳᠡᠭ ᠠᠮᠠᠷ ᠦᠭᠡᠢ ᠳᠠᠪᠠᠭ᠎ᠠ! ᠪᠡᠷᠬᠡ ᠬᠠᠳᠠᠭᠤ ᠤᠷᠴᠢᠨ ᠡᠴᠡ ᠨᠡᠩ ᠭᠡᠴᠡᠬᠦᠦ ᠨᠢ ᠡᠮᠦᠨᠡᠬᠢ ᠬᠤᠭᠤᠴᠠᠭᠠᠨ᠎ᠤ ᠡᠯᠡᠰᠦ ᠵᠠᠰᠠᠬᠤ ᠠᠶᠠᠨ ᠳ᠋ᠤ ᠲᠤᠷᠱᠢᠯᠭ᠎ᠠ ᠬᠤᠮᠰᠠ ᠡᠴᠡ ᠪᠣᠯᠵᠤ᠂ ᠤᠯᠠᠨᠳᠠ ᠨᠤᠭᠤᠷᠠᠯ ᠪᠦᠳᠦᠷᠢᠯ᠎ᠳᠤ ᠤᠴᠠᠷᠠᠭᠰᠠᠨ ᠶᠠᠪᠤᠳᠠᠯ ᠪᠤᠯᠬᠤ ᠶᠤᠮ᠃ ᠲᠠᠳᠠ ᠱᠢᠷ᠎ᠠ ᠪᠤᠷᠭᠠᠰᠤ᠂ ᠤᠯᠢᠶᠠᠰᠤᠨ᠎ᠤ ᠮᠥᠴᠢᠷ ᠪᠠ ᠲᠠᠷᠢᠮᠠᠯ ᠤ᠋ᠨ ᠡᠰᠢ ᠰᠦᠷᠡᠯ ᠵᠢᠡᠷ ᠨᠢᠭᠡᠨ ᠲᠣᠬᠣᠶ ᠬᠢᠷᠢᠲᠠᠢ ᠱᠢᠳᠠᠮ ᠵᠤᠬᠢᠶᠠᠨ᠂ ᠨᠡᠭᠦᠳᠡᠯ ᠡᠯᠡᠰᠦᠨ ᠳᠡᠭᠡᠷ᠎ᠡ ᠰᠠᠷᠠᠯᠵᠢᠨ  ᠬᠠᠯᠬᠠᠪᠴᠢ ᠬᠠᠳᠬᠤᠭᠠᠳ ᠰᠠᠷᠠᠯᠵᠢᠨ ᠳᠣᠲᠣᠷ᠎ᠠ ᠨᠢ ᠡᠪᠡᠰᠦᠨ ᠦᠷ᠎ᠡ ᠳᠠᠷᠢᠵᠤ᠂ ᠳᠠᠷᠠᠭ᠎ᠠ ᠨᠢ ᠡᠯᠡᠰᠦᠨ ᠳᠡᠭᠡᠷ᠎ᠡ ᠨᠢᠮᠪᠡᠭᠡ᠂ ᠱᠢᠷ᠎ᠠ ᠪᠤᠷᠭᠠᠰᠤ ᠵᠡᠷᠭᠡ ᠰᠠᠯᠬᠢ ᠶ᠋ᠢ ᠬᠠᠯᠬᠠᠯᠠᠨ ᠡᠯᠡᠰᠦ ᠶ᠋ᠢ ᠲᠣᠭ᠍ᠲᠠᠪᠤᠷᠢᠵᠢᠭᠤᠯᠳᠠᠭ ᠤᠷᠭᠤᠮᠠᠯ ᠳᠠᠷᠢᠳᠠᠭ᠃ ᠭᠡᠪᠡᠴᠦ᠍ ᠰᠠᠯᠬᠢ ᠱᠢᠭᠤᠷᠭ᠎ᠠ ᠶᠡᠬᠡᠲᠡᠶ ᠡᠴᠡ ᠪᠣᠯᠵᠤ᠂ ᠬᠠᠪᠤᠷ ᠳᠠᠷᠢᠭ᠍ᠰᠠᠨ ᠡᠯᠡᠰᠦᠨ ᠬᠠᠯᠬᠠᠪᠴᠢ ᠪᠠᠷᠤᠭ ᠪᠦᠬᠦᠨ ᠵᠢᠡᠷ ᠵᠢᠡᠨ ᠪᠤᠯᠠᠭ᠍ᠳᠠᠭ᠍ᠰᠠᠨ ᠪᠣᠯᠪᠠᠴᠤ᠌ ᠲᠡᠳᠡ ᠶᠡᠷᠦ᠍ ᠵᠣᠷᠢᠭ ᠮᠣᠬᠣᠭ᠍ᠰᠠᠨ ᠦᠭᠡᠶ᠂ ᠪᠤᠯᠠᠭᠳᠠᠪᠠᠯ ᠳᠠᠷᠢᠵᠤ᠂ ᠳᠠᠷᠢᠪᠠᠯ ᠪᠤᠯᠠᠭᠳᠠᠨ᠎ᠠ᠂ ᠪᠤᠯᠠᠭᠳᠠᠪᠠᠯ ᠲᠠᠬᠢᠭᠠᠳ ᠯᠡ ᠳᠠᠷᠢᠵᠤ᠂ ᠳᠠᠬᠢᠨ ᠳᠤᠯᠤᠭ᠎ᠠ ᠳᠠᠪᠲᠠᠳᠠᠭ᠃ ᠵᠤᠷᠢᠭ ᠪᠠᠢᠪᠠᠯ ᠵᠤᠷᠢᠭᠰᠠᠨ ᠎ᠳᠠᠭᠠᠨ ᠭᠡᠳᠡᠭᠴᠢᠯᠡᠨ ᠮᠠ ᠶᠦᠨ ᠫᠢᠩ ᠡᠷᠲᠡᠯᠡᠵᠦ᠍ ᠣᠷᠣᠢᠯᠠᠬᠤ 《ᠱᠢᠷᠦᠭᠦᠨ ᠪᠠᠢᠯᠳᠤᠭᠠᠨ》 ᠤ᠋ ᠳᠤᠮᠳᠠ᠂ ᠠᠩᠬᠠᠨ᠎ᠤ ᠡᠯᠡᠰᠦᠨ ᠲᠤᠪᠤ ᠶ᠋ᠢ ᠡᠴᠦᠰ᠎ᠲᠡᠬᠡᠨ ᠵᠠᠰᠠᠵᠤ ᠲᠠᠭᠤᠰᠬᠠᠵᠠᠢ᠃

ᠮᠠ ᠶᠦᠨ ᠫᠢᠩ ᠨᠡᠭᠦᠵᠤ ᠪᠠᠢᠬᠰᠠᠨ ᠡᠯᠡᠰᠦᠷᠬᠡᠭ ᠭᠠᠵᠠᠷ ᠨᠢ ᠲᠣᠭ᠍ᠲᠠᠪᠤᠷᠢᠵᠢᠭ᠍ᠰᠠᠨ ᠢ᠋ ᠦᠵᠡᠭᠡᠳ᠂ ᠡᠯᠡᠰᠦᠷᠬᠡᠭ ᠭᠠᠵᠠᠷ ᠲᠤ᠌ ᠮᠣᠳᠣ ᠲᠠᠷᠢᠵᠤ ᠣᠢᠵᠢᠭᠤᠯᠵᠤ ᠡᠬᠢᠯᠡᠪᠡ᠃ ᠵᠢᠯ ᠪᠦᠷᠢ ᠵᠢᠨ ᠬᠠᠪᠤᠷ ᠤ᠋ᠨ ᠤᠯᠠᠷᠢᠯ ᠳ᠋ᠤ ᠪᠦᠷ ᠬᠡᠳᠦᠨ ᠤᠳᠠᠭᠠᠨ᠎ᠤ ᠡᠯᠡᠰᠦᠨ ᠱᠢᠭᠤᠷᠭ᠎ᠠ ᠳᠡᠭ᠌ᠳᠡᠳᠡᠭ᠂ ᠲᠡᠷᠡ ᠰᠠᠯᠬᠢ ᠨᠠᠮᠳᠠᠬᠤ ᠦᠶ᠎ᠡ᠎ᠳᠦ ᠴᠠᠭ ᠢ᠋ ᠠᠮᠵᠢᠨ ᠲᠠᠷᠢᠵᠦ᠍᠂ ᠶᠠᠳᠠᠷᠠᠭᠠᠳ ᠨᠢᠷᠤᠭᠤ᠎ᠪᠠᠨ ᠵᠢᠬᠢᠯᠭᠡᠵᠦ᠍ ᠳᠡᠢᠯᠬᠦ᠌ ᠦᠭᠡᠢ ᠪᠤᠯᠪᠠᠯ ᠵᠢᠭᠠᠬᠠᠨ ᠰᠠᠭᠤᠵᠤ ᠠᠮᠠᠷᠠᠴᠢᠬᠠᠭᠠᠳ ᠦᠷᠭᠦᠯᠵᠢᠯᠡᠨ ᠲᠠᠷᠢᠳᠠᠭ ᠪᠠᠢᠨ᠎ᠠ; ᠵᠤᠨ᠎ᠤ ᠤᠯᠠᠷᠢᠯ ᠪᠣᠯ ᠮᠣᠳᠣᠨ ᠳ᠋ᠤ ᠤᠰᠤ ᠨᠥᠬᠥᠬᠦ᠌ ᠤᠯᠠᠷᠢᠯ ᠪᠣᠯᠤᠨ᠎ᠠ᠂ ᠮᠤᠷᠢᠨ ᠲᠡᠷᠭᠡ᠎ᠪᠡᠷ 2 ᠺᠢᠯᠤᠮᠸᠲᠷ ᠤ᠋ᠨ ᠵᠠᠢᠲᠠᠢ ᠪᠠᠢᠭ᠎ᠠ ᠭᠡᠷ ᠡᠴᠡ ᠪᠡᠨ ᠤᠰᠤ ᠲᠠᠲᠠᠵᠤ ᠪᠠᠢᠭ᠍ᠰᠠᠨ᠎ᠠᠴᠠ᠎ᠪᠠᠨ ᠲᠦᠷᠪᠡᠨ ᠬᠦᠷᠳᠦᠲᠦ ᠲᠡᠷᠭᠡ᠎ᠪᠡᠷ ᠤᠰᠤ ᠲᠠᠲᠠᠬᠤ ᠪᠣᠯᠪᠠ᠂ ᠲᠡᠷᠡ ᠤᠳᠠᠭ᠎ᠠ ᠳᠠᠷᠠᠭᠠᠯᠠᠨ ᠤᠰᠤ ᠲᠠᠲᠠᠵᠤ ᠵᠤᠯᠵᠠᠭ᠎ᠠ ᠮᠣᠳᠣ ᠪᠣᠯᠭᠠᠨ ᠢ᠋ ᠤᠰᠤᠯᠠᠬᠤ᠎ᠳᠠᠭᠠᠨ ᠪᠠᠶᠠᠷᠯᠠᠬᠤ ᠵᠢᠨ ᠶᠡᠬᠡ᠎ᠪᠡᠷ ᠪᠠᠶᠠᠷᠯᠠᠳᠠᠭ; ᠨᠠᠮᠤᠷ ᠡᠪᠦᠯ ᠤ᠋ᠨ ᠴᠠᠭ ᠵᠢᠡᠷ᠂ ᠮᠠ ᠶᠦᠨ ᠫᠢᠩ ᠬᠠᠮᠢᠶᠠᠷᠴᠤ᠌ ᠬᠠᠮᠠᠭᠠᠯᠠᠬᠤ ᠠᠵᠢᠯ ᠢ᠋ ᠭᠣᠣᠯᠳᠠᠯᠭ᠎ᠠ᠎ᠲᠠᠶ ᠴᠢᠩᠭᠠᠳᠭᠠᠵᠤ᠂ ᠮᠣᠳᠣᠨ᠎ᠤ ᠰᠠᠯᠠᠭ᠎ᠠ ᠨᠠᠮᠠᠭ᠎ᠠ ᠶ᠋ᠢ ᠵᠠᠰᠠᠨ᠂ ᠡᠳᠦᠷ ᠪᠦᠷᠢ ᠬᠦᠷᠵᠡ ᠪᠡᠨ ᠡᠭᠦᠷᠴᠦ᠍ ᠭᠠᠵᠠᠷ ᠪᠣᠯᠭᠠᠨ ᠵᠢᠡᠷ ᠲᠣᠭᠣᠷᠢᠨ ᠪᠠᠢᠴᠠᠭᠠᠵᠤ᠂ ᠶᠠᠭ ᠯᠡ ᠥᠪᠡᠷ ᠤ᠋ᠨ ᠦᠷ᠎ᠡ ᠬᠡᠦᠬᠡᠳ ᠵᠢᠡᠨ ᠬᠠᠢᠷᠠᠯᠠᠨ ᠬᠠᠮᠠᠭᠠᠯᠠᠳᠠᠭ ᠱᠢᠭ᠋ ᠨᠠᠷᠢᠨ ᠬᠢᠨᠠᠮᠠᠭᠠᠢ ᠬᠠᠨᠳᠤᠳᠠᠭ᠃

ᠵᠢᠯ ᠪᠦᠷᠢ᠂ ᠡᠳᠦᠷ ᠪᠤᠯᠭᠠᠨ ᠠᠵᠢᠯᠯᠠᠬᠤ ᠶᠠᠪᠤᠴᠠ ᠳ᠋ᠤ᠂ ᠥᠩᠭᠡᠷᠡᠭ᠌ᠰᠡᠨ ᠤ᠋ 《ᠲᠡᠭᠷᠢ ᠭᠠᠵᠠᠷ ᠢ᠋ ᠨᠡᠢᠯᠡᠭᠦᠯᠦᠮᠡᠷ ᠡᠯᠡᠰᠤ ᠰᠢᠷᠤᠢ》 ᠲᠠᠢ ᠪᠠᠢᠭᠰᠠᠨ ᠪᠠᠢᠳᠠᠯ ᠡᠴᠤᠰᠯᠠᠵᠤ᠂ ᠡᠯᠡᠰᠦᠨ ᠴᠥᠯ᠎ᠳᠦ ᠣᠶ ᠱᠢᠭᠤᠶ ᠬᠥᠬᠡᠷᠡᠨ ᠨᠤᠭᠤᠭᠠᠷᠠᠵᠤ᠂ ᠲᠡᠬᠦᠨ᠎ᠢ ᠤᠯᠠᠮ ᠵᠤᠷᠢᠬᠵᠢᠭᠤᠯᠵᠠᠢ᠃

《ᠡᠳᠡᠭᠡᠷ ᠵᠢᠯ ᠤ᠋ᠳ᠎ᠲᠦ ᠡᠬᠡᠨᠡᠷ ᠪᠢᠳᠡ ᠬᠤᠶᠠᠭᠤᠯᠠ ᠬᠦᠷᠦᠩᠭᠡ ᠪᠡᠨ ᠬᠦᠨᠳᠤᠷᠦᠭᠰᠡᠨ ᠪᠦᠭᠡᠳ ᠪᠠᠰᠠ ᠭᠠᠵᠠᠷ ᠪᠣᠯᠭᠠᠨ᠎ᠠᠴᠠ ᠵᠣᠭᠣᠰ ᠵᠢᠭᠡᠯᠡᠵᠦ᠍ ᠪᠠᠢᠭᠠᠳ ᠲᠠᠷᠢᠶ᠎ᠠ ᠲᠠᠷᠢᠵᠤ᠂ ᠬᠠᠯᠠ ᠵᠣᠪᠠᠯᠠᠩ ᠢ᠋ ᠬᠠᠰᠢᠷᠠᠳᠠᠯ᠎ᠠ ᠠᠮᠰᠠᠭ᠍ᠰᠠᠨ ᠪᠣᠯᠪᠠᠴᠤ᠌ ᠡᠯᠡᠰᠦ ᠵᠢ ᠵᠠᠰᠠᠬᠤ ᠪᠠᠨ ᠪᠠᠷᠢᠮᠳᠠᠯᠠᠭᠰᠠᠭᠠᠷ ᠢᠷᠡᠵᠡᠢ᠃ ᠲᠤᠬᠠᠶ ᠵᠢᠨ ᠦᠶ᠎ᠡ᠎ᠳᠦ ᠪᠢ ᠭᠡᠷ᠎ᠡ᠎ᠳᠦ  ᠭᠠᠷ ᠤ᠋ᠨ ᠦᠰᠦᠭ ᠵᠢᠷᠤᠭ᠍ᠰᠠᠨ ᠨᠢ ᠳᠠᠷᠤᠶ ᠬᠠᠷᠢᠭᠤᠴᠠᠯᠭ᠎ᠠ ᠮᠥᠨ᠂ ᠪᠢ ᠨᠠᠰᠤ᠎ᠪᠠᠷ ᠵᠢᠡᠨ ᠪᠠᠲᠤ ᠰᠠᠬᠢᠵᠤ᠂ ᠬᠡᠳᠦᠶ ᠬᠦᠴᠢᠷᠲᠠᠢ ᠬᠡᠳᠦᠶ ᠶᠠᠳᠠᠷᠠᠵᠤ ᠵᠦᠳᠡᠷᠡᠭᠰᠡᠨ ᠴᠤ᠌ ᠡᠯᠡᠰᠦ ᠱᠢᠷᠣᠶ᠎ᠪᠠᠷ ᠭᠡᠷ ᠣᠷᠣᠨ ᠵᠢᠡᠨ ᠶᠠᠭᠠᠬᠢᠭ᠍ᠰᠠᠨ ᠴᠤ᠌ ᠪᠤᠯᠠᠭᠤᠯᠬᠤ ᠦᠭᠡᠶ》 ᠭᠡᠵᠤ ᠮᠠ ᠶᠦᠨ ᠫᠢᠩ ᠮᠣᠳᠣ ᠪᠡᠨ ᠬᠠᠷᠠᠨ ᠪᠠᠶᠠᠷᠲᠠᠢ᠎ᠪᠠᠷ ᠬᠡᠯᠡᠬᠦ᠌᠎ᠳᠡᠭᠡᠨ᠄  《ᠡᠨᠡ ᠠᠵᠢᠯ ᠢ᠋ 23 ᠵᠢᠯ ᠬᠢᠴᠢᠬᠡᠯ᠎ᠡ᠂ ᠡᠨᠡ ᠤᠢ ᠶᠠᠭ ᠯᠡ ᠮᠢᠨᠦ᠍ ᠦᠷ᠎ᠡ ᠬᠡᠦᠬᠡᠳ ᠱᠢᠭ᠂ ᠡᠳᠦᠷ ᠲᠡᠭᠡᠨ ᠬᠦᠷᠵᠡ ᠪᠡᠨ ᠡᠭᠦᠷᠴᠦ᠍ ᠰᠢᠭᠤᠢ ᠪᠡᠷ ᠮᠤᠳᠤᠨ ᠤ᠋ ᠰᠠᠯᠠᠭ᠎ᠠ ᠨᠠᠮᠠᠭ᠎ᠠ ᠵᠢ ᠬᠠᠢᠴᠢᠯᠠᠵᠤ ᠪᠠᠢᠨ᠎ᠠ᠂ ᠡᠬᠡ ᠨᠤᠲᠤᠭ ᠵᠢᠡᠨ ᠨᠤᠭᠤᠭᠠᠷᠠᠭᠤᠯᠤᠨ᠎ᠠ ᠭᠡᠳᠡᠭ ᠠᠯᠢ ᠬᠡᠳᠦᠢᠨ ᠮᠢᠨᠦ᠍ ᠰᠡᠳᠬᠢᠯ ᠳ᠋ᠤ ᠬᠠᠳᠠᠩᠰᠢᠵᠤ᠂ ᠠᠮᠢᠳᠤᠷᠠᠯ ᠳ᠋ᠤ ᠠᠭᠤᠰᠤᠭᠰᠠᠨ ᠪᠤᠯᠬᠤᠷ ᠡᠳᠡᠭᠡᠷ ᠢᠭ᠍ᠴᠤ ᠰᠠᠬᠤᠯᠢᠭ ᠮᠣᠳᠣ ᠶ᠋ᠢ ᠬᠠᠷᠠᠪᠠᠯ ᠪᠢ ᠬᠡᠵᠢᠶᠡᠳᠡ ᠬᠠᠷᠠᠮᠰᠠᠬᠤ ᠦᠬᠡᠢ》 ᠭᠡᠪᠡ᠃

ᠣᠳᠣᠬᠠᠨ ᠳ᠋ᠤ᠂ 3700 ᠮᠦ᠍ ᠡᠯᠡᠰᠦᠷᠬᠡᠭ ᠭᠠᠵᠠᠷ᠎ᠲᠤ ᠨᠢᠭᠡᠨᠲᠡ 1768 ᠮᠦ᠍ ᠬᠠᠢᠯᠠᠷ ᠨᠠᠷᠠᠰᠤ᠂ 1940 ᠮᠦ᠍ ᠤᠯᠢᠶᠠᠰᠤ᠂ ᠬᠠᠢᠯᠠᠰᠤᠨ ᠮᠣᠳᠣ᠂ ᠬᠦᠢᠯᠡᠰᠦ᠂ ᠱᠢᠷ᠎ᠠ ᠪᠤᠷᠭᠠᠰᠤ᠂ ᠨᠢᠮᠪᠡᠭᠡ ᠵᠡᠷᠭᠡ ᠪᠤᠳᠠᠯᠢᠬ ᠤᠷᠭᠤᠮᠠᠯ ᠲᠠᠷᠢᠵᠠᠢ᠃ ᠮᠠ ᠶᠦᠨ ᠫᠢᠩ ᠡᠯᠡᠰᠤ ᠶ᠋ᠢ ᠵᠠᠰᠠᠬᠤ ᠠᠯᠬᠤᠭ᠎ᠠ᠎ᠪᠠᠨ ᠶᠡᠷᠦ᠍ ᠵᠣᠭ᠍ᠰᠣᠭᠠᠭ᠍ᠰᠠᠨ ᠦᠭᠡᠢ᠂ ᠲᠡᠷᠡ ᠡᠯᠡᠰᠦᠷᠭᠡᠭᠵᠢᠯ ᠎ᠢ ᠰᠡᠷᠭᠡᠢᠯᠡᠨ ᠡᠯᠡᠰᠦ ᠶ᠋ᠢ ᠵᠠᠰᠠᠬᠤ᠂ ᠮᠣᠳᠣ ᠲᠠᠷᠢᠵᠤ ᠣᠢᠵᠢᠭᠤᠯᠬᠤ ᠠᠮᠢ ᠠᠬᠤᠢ ᠵᠢᠨ ᠠᠵᠤ ᠦᠢᠯᠡᠰ ᠤ᠋ᠨ ᠬᠡᠯᠬᠢᠶ᠎ᠡ ᠶ᠋ᠢ ᠲᠠᠰᠤᠷᠠᠯᠳᠡ ᠦᠭᠡᠢ ᠡᠷᠢᠯᠬᠢᠯᠡᠪᠡ᠃ ᠤᠯᠠᠨ ᠵᠢᠯ ᠤ᠋ᠨ ᠲᠤᠷᠱᠢᠯᠭ᠎ᠠ ᠬᠤᠷᠠᠮᠳᠤᠭᠤᠯᠤᠯ ᠵᠢᠡᠷ ᠲᠠᠮᠵᠢᠨ᠂ ᠲᠡᠷᠡ ᠢᠯᠡᠭᠦᠴᠡ ᠱᠢᠷ᠎ᠠ ᠪᠤᠷᠭᠠᠰᠤᠨ᠎ᠤ ᠨᠠᠮᠠᠭ᠎ᠠ ᠶ᠋ᠢ ᠪᠦᠲᠦᠭᠡᠯᠴᠢ᠎ᠪᠡᠷ ᠬᠡᠷᠡᠭ᠌ᠯᠡᠨ ᠦᠬᠡᠷ ᠲᠡᠵᠢᠭᠡᠬᠦ᠌ ᠲᠡᠵᠢᠭᠡᠯ ᠪᠣᠷᠳᠣᠭ᠎ᠠ ᠦᠢᠯᠡᠳᠪᠦᠷᠢᠯᠡᠵᠦ᠍᠂ ᠮᠢᠬᠠᠨ᠎ᠤ ᠦᠬᠡᠷ ᠲᠡᠵᠢᠭᠡᠬᠦ᠌ ᠥᠪᠡᠷ ᠤ᠋ᠨ ᠦᠷᠳᠡᠭ ᠢ᠋  ᠶᠡᠬᠡ᠎ᠪᠡᠷ ᠠᠷᠪᠢᠯᠠᠵᠠᠢ᠃

《ᠡᠨᠡ 20 ᠮᠥ᠍ ᠤᠯᠠᠭᠠᠨ ᠴᠠᠨ᠎ᠠ ᠶ᠋ᠢ 2019 ᠣᠨ ᠳ᠋ᠤ ᠲᠠᠷᠢᠵᠠᠢ᠂ ᠢᠷᠡᠬᠦ᠌ ᠵᠢᠯ᠎ᠳᠦ ᠬᠤᠷᠢᠶᠠᠯᠲᠠ᠎ᠲᠠᠶ ᠪᠣᠯᠤᠨ᠎ᠠ᠂ ᠵᠠᠬ᠎ᠠ ᠳᠡᠯᠭᠡᠭᠦᠷ ᠤ᠋ᠨ ᠦᠨ᠎ᠡ᠎ᠪᠡᠷ  ᠪᠠᠷᠤᠭᠴᠠᠭᠠᠯᠠᠪᠠᠯ 20 ᠮᠥ᠍ ᠴᠠᠨ᠎ᠠ ᠡᠴᠡ 20 ᠲᠦᠮᠡᠨ ᠲᠥᠭᠥᠷᠢᠭ ᠣᠷᠴᠢᠮ ᠤ᠋ᠨ ᠣᠷᠣᠯᠭ᠎ᠠ᠎ᠤᠯᠳᠠᠭ》 ᠭᠡᠵᠦ᠍ ᠮᠠ ᠶᠦᠨ ᠫᠢᠩ ᠬᠡᠯᠡᠪᠡ᠃ ᠣᠢᠷ᠎ᠠ ᠵᠢᠨ ᠵᠢᠯ᠎ᠳᠦ ᠮᠠ ᠶᠦᠨ ᠫᠢᠩ ᠪᠠᠰᠠ ᠣᠶ ᠲᠤᠳᠤᠷᠠᠬᠢ ᠠᠵᠤ ᠠᠬᠤᠶ ᠶ᠋ᠢ ᠶᠡᠬᠡ᠎ᠪᠡᠷ ᠬᠥᠭ᠌ᠵᠢᠭᠦᠯᠤᠨ᠂ ᠬᠠᠢᠯᠠᠷ ᠨᠠᠷᠠᠰᠤᠨ ᠮᠣᠳᠣᠨ᠎ᠤ ᠳᠣᠸ᠋ᠷ᠎ᠠ ᠶᠡᠬᠡ ᠬᠡᠮᠵᠢᠶᠡᠨ ᠤ᠋ ᠤᠯᠠᠭᠠᠨ ᠴᠠᠨ᠎ᠠ ᠬᠢᠲᠠᠳ ᠡᠪᠡᠰᠦᠨ ᠡᠮ ᠳᠠᠷᠢᠵᠤ᠂ ᠣᠢᠲᠤ ᠭᠠᠵᠠᠷ ᠢ᠋ ᠭᠦᠶ᠋ᠴᠡᠳ ᠠᠱᠢᠭ᠍ᠯᠠᠨ᠂ 《ᠬᠥᠬᠡᠮᠳᠦᠭ ᠨᠣᠭᠣᠭᠠᠨ ᠠᠭᠤᠯᠠ ᠤᠰᠤ》 ᠶ᠋ᠢ ᠦᠨᠡᠨ ᠬᠦ᠌ 《ᠠᠯᠲᠠ ᠮᠥᠩᠭᠥᠨ ᠠᠭᠤᠯᠠ》  ᠪᠣᠯᠭᠠᠨ ᠬᠤᠪᠢᠷᠠᠭᠤᠯᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号