ᠨᠠᠪᠴᠢᠰ᠎ᠤᠨ ᠱᠢᠷᠭᠠᠯᠬᠠᠨ ᠠᠨᠢᠷ
2023-10-25 11:09:20
ᠵᠣᠬᠢᠶᠠᠭ᠍ᠴᠢ᠄
ᠮ᠊ · ᠰᠡᠴᠡᠨᠪᠠᠭᠠᠲᠣᠷ
ᠣᠩᠱᠢᠭ᠍ᠰᠠᠨ ᠣᠳᠠᠭ᠎ᠠ᠄
★★★☆☆

ᠨᠠᠮᠣᠷ᠎ᠤᠨ ᠨᠠᠪᠴᠢᠰ ᠦᠯᠥ᠍ ᠲᠠᠰᠣᠯᠳᠠᠬᠤ ᠬᠡᠮ ᠬᠡᠮᠨᠡᠯ ᠎ᠢᠶᠠᠷ ᠠᠨᠢᠷ ᠡᠭᠦᠰᠭᠡᠨ ᠰᠡᠷᠴᠢᠬᠢᠨᠡᠨ ᠤᠨᠠᠬᠤ ᠎ᠶ᠋ᠢᠨ ᠲᠡᠷᠡ ᠭᠱᠠᠨ᠎ᠳᠤ ᠬᠠᠪᠤᠷ ᠨᠠᠬᠢᠶᠠᠯᠠᠬᠤ ᠨᠠᠪᠴᠢᠰ᠎ᠤᠨ᠎ᠬᠢᠨ ᠢᠨᠢᠶᠡᠪᠬᠢᠯᠡᠨ ᠱᠤᠯᠤᠭᠠᠨᠠᠬᠤ ᠳᠠᠭᠤ᠎ᠶ᠋ᠢ ᠣᠯᠵᠤ ᠰᠣᠨᠤᠰᠳᠠᠭ ᠬᠦᠮᠦᠰ ᠬᠠᠮᠤᠭ᠎ᠤᠨ ᠠᠵᠠ ᠵᠢᠷᠭᠠᠯ ᠲᠠᠢ᠃ ᠨᠠᠮᠤᠷ᠎ᠤᠨ ᠨᠠᠪᠴᠢᠰ ᠬᠥᠯ ᠳᠤᠤᠷ᠎ᠠ ᠬᠥᠭ᠌ᠯᠡᠷᠡᠨ ᠳᠠᠯᠪᠠᠯᠵᠠᠬᠤ᠎ᠶ᠋ᠢ ᠬᠠᠷᠠᠭᠠᠳ 《ᠦ᠂ ᠥᠩᠭᠡ᠎ᠨᠢ ᠪᠠᠰᠠ ᠯᠠ ᠨᠢᠳᠤᠨᠤᠨ᠎ᠤ᠎ᠬᠢ ᠱᠢᠭ᠋ ᠱᠢᠷᠠᠯᠠᠭ᠍ᠰᠠᠨ ᠪᠠᠢᠨ᠎ᠠ》 ᠭᠡᠵᠦ᠍ ᠬᠠᠢᠩᠭᠤᠬᠠᠨ ᠪᠤᠳᠤᠳᠠᠭ ᠬᠦᠮᠦᠰ ᠵᠦᠩᠳᠡᠭᠡᠨ᠃ ᠡᠨᠡ᠎ᠨᠢ ᠪᠢᠳᠡ ᠲᠡᠩᠳᠡᠬᠦᠦ ᠣᠯᠠᠨ ᠵᠢᠯ ᠠᠯᠠᠭ᠍ᠬᠠᠨ ᠬᠤᠷᠸ᠎ᠠ ᠬᠡᠮᠡᠬᠦ᠌ ᠨᠠᠢᠷᠠᠭᠤᠯᠤᠭ᠍ᠴᠢ᠎ᠨᠢ ᠢᠯᠡᠷᠡᠭᠡ ᠦᠬᠡᠢ ᠵᠦᠴᠦᠭᠡ᠎ᠶ᠋ᠢᠨ ᠠᠴᠢᠶ᠎ᠠ᠎ᠶ᠋ᠢ ᠳᠠᠭᠠᠭᠠᠵᠤ ᠶᠠᠳᠠᠨ ᠰᠦᠢᠯᠭᠢᠯᠡᠵᠦ᠍᠂ ᠬᠠᠯᠠᠭᠤᠨ ᠬᠦᠢᠲᠡᠨ᠎ᠨᠢ ᠲᠡᠩᠴᠡᠳᠡᠭ ᠦᠬᠡᠢ ᠠᠮᠢᠳᠤᠷᠠᠯ᠎ᠤᠨ ᠨᠤᠬᠣᠴᠢᠭᠠᠨ᠎ᠳᠤ ᠶᠠᠳᠠᠷᠠᠩᠭᠤᠢ ᠪᠡᠳᠡᠷᠢᠬᠦ᠌᠎ᠳᠡᠭᠡᠨ ᠶᠠᠭᠤᠮ᠎ᠠ᠎ᠶ᠋ᠢ ᠰᠠᠢᠨ ᠵᠦᠭ᠎ᠠᠴᠠ᠎ᠨᠢ ᠪᠠᠶᠠᠷ ᠬᠥᠷ᠎ᠲᠠᠢ ᠪᠡᠯᠭᠡᠱᠢᠶᠡᠳᠡᠭ ᠤᠩᠭᠤᠳ ᠮᠡᠳᠡᠷᠡᠮᠵᠢ᠎ᠪᠠᠨ ᠲᠠᠰᠣ ᠮᠠᠷᠲᠠᠴᠢᠬᠠᠭ᠍ᠰᠠᠨ᠎ᠲᠠᠢ ᠬᠤᠯᠪᠤᠭᠠᠲᠠᠢ ᠮᠡᠲᠦ ᠰᠠᠨᠠᠭ᠍ᠳᠠᠨ᠎ᠠ᠃ ᠣᠣᠯ᠎ᠨᠢ ᠪᠢᠳᠡ ᠵᠢᠩᠬᠢᠨᠢ 《ᠴᠡᠪᠡᠷ ᠪᠢ》 ᠎ᠪᠠᠨ ᠠᠯᠢ ᠬᠡᠵᠢᠶᠡᠨ᠎ᠤ ᠶᠢᠰᠣᠨ ᠲᠡᠭ᠌ᠷᠢ᠎ᠶ᠋ᠢᠨ ᠴᠠᠭᠠᠨ᠎ᠠ ᠬᠠᠮᠬᠤᠤᠯ ᠱᠢᠭ᠋ ᠬᠡᠢᠰᠭᠡᠭᠡᠳ ᠤᠳᠠᠭ᠍ᠰᠠᠨ᠎ᠢ ᠮᠢᠨᠢ ᠭᠡᠷᠡᠴᠢᠯᠡᠬᠦ᠌ ᠮᠡᠲᠦ ᠲᠠᠤᠯᠠᠢ ᠵᠢᠯ᠎ᠤᠨ ᠨᠠᠮᠣᠷ᠎ᠤᠨ ᠨᠠᠪᠴᠢᠰ ᠭᠠᠵᠠᠷ ᠳᠦᠬᠦᠷᠡᠩ 《ᠯᠠᠪᠰᠠᠯᠠᠵᠣ》᠂ ᠱᠢᠷᠭᠠᠯ ᠱᠢᠷᠭᠠᠯ 《ᠴᠠᠰᠣᠨ ᠭᠡᠯᠳᠡᠰ》 ᠎ᠲᠦ᠍ ᠬᠤᠪᠢᠯᠤᠨ᠎ᠠ᠃ ᠬᠦᠮᠦᠨ ᠬᠢᠭᠡᠳ ᠨᠠᠪᠴᠢᠰ᠎ᠤᠨ ᠲᠤᠬᠠᠢ ᠢᠩᠭᠢᠵᠦ᠍ ᠵᠦᠢᠷᠯᠡᠨ ᠪᠤᠳᠤᠬᠤ᠎ᠨᠢ ᠶᠠᠭᠤᠮᠠᠨ᠎ᠤ ᠭᠠᠳᠠᠨ᠎ᠠ ᠲᠠᠯ᠎ᠠ᠎ᠶ᠋ᠢ ᠥᠩᠭᠡᠪᠴᠢᠬᠡᠨ ᠨᠢᠳᠦᠯᠡᠭ᠌ᠰᠡᠨ ᠬᠢᠷᠠᠬᠠᠢ ᠪᠤᠰᠣ ᠠᠳᠡᠭᠦᠷᠡᠯ᠎ᠤᠨ ᠮᠢᠨᠢ ᠠᠯᠳᠠᠭ᠎ᠠ ᠴᠤ᠌ ᠪᠠᠢᠵᠦ᠍ ᠮᠡᠳᠡᠨ᠎ᠡ᠃ ᠠᠯᠢ ᠡᠰᠡᠭᠦᠯ᠎ᠡ ᠢᠩᠭᠢᠵᠦ᠍ ᠲᠥᠰᠦᠭᠡᠯᠡᠵᠦ᠍ ᠰᠡᠳᠭᠢᠳᠡᠭ ᠮᠢᠨᠢ ᠦᠵᠡᠭ᠌ᠳᠡᠯ᠎ᠤᠨ ᠭᠦᠨ᠎ᠳᠤ ᠨᠡᠪᠲᠡᠷᠡᠬᠦ᠌ ᠰᠠᠨᠠᠭᠠᠨ᠎ᠤ ᠴᠢᠬᠤᠯᠠ ᠵᠠᠮ ᠬᠠᠷᠭᠤᠢ ᠴᠤ᠌ ᠪᠠᠢᠵᠦ᠍ ᠮᠡᠳᠡᠨ᠎ᠡ᠃

ᠬᠤᠪᠢᠯᠬᠤᠢ᠎ᠶ᠋ᠢᠨ ᠭᠠᠢᠬᠠᠮᠱᠢᠭ ᠲᠦ᠍ ᠱᠢᠯᠵᠢᠵᠦ᠍ ᠡᠬᠢᠯᠡᠭ᠌ᠰᠡᠨ ᠨᠠᠮᠤᠷ᠎ᠤᠨ ᠨᠠᠪᠴᠢᠰ᠎ᠤᠨ ᠯᠤᠭ᠍ᠰᠢᠬᠤ ᠰᠤᠲᠠᠰᠣᠨ᠎ᠳᠤ ᠢᠷᠡᠬᠦ᠌ ᠬᠠᠪᠤᠷ᠎ᠤᠨ ᠵᠣᠯᠵᠠᠭᠠᠨ ᠨᠠᠬᠢᠶ᠎ᠠ ᠡᠭᠡᠯ ᠪᠤᠰᠣ᠎ᠶ᠋ᠢᠨ ᠱᠢᠳᠢᠳᠦ ᠬᠦᠴᠦ᠍᠎ᠪᠠᠨ ᠵᠦᠩᠨᠡᠨ ᠬᠠᠳᠠᠭᠠᠯᠠᠭ᠍ᠰᠠᠨ᠎ᠢ ᠪᠢᠯᠢᠭ᠎ᠤᠨ ᠨᠢᠳᠦ᠍᠎ᠪᠠᠷ ᠣᠯᠵᠤ ᠬᠠᠷᠠᠭ᠎ᠠ ᠦᠬᠡᠢ ᠲᠡᠢᠮᠦ᠍ ᠬᠦᠮᠦᠰ ᠳᠠᠩᠴᠢ ᠥᠷᠦᠪᠳᠡᠯᠳᠡᠢ ᠪᠥᠭᠡᠳ ᠲᠡᠳᠡ ᠪᠣᠯ ᠦᠨᠡᠨ᠎ᠳᠡᠭᠡᠨ ᠭᠤᠸ᠎ᠠ ᠰᠠᠢᠬᠠᠨ᠎ᠢ ᠡᠬᠦᠷᠢᠳᠡ ᠦᠯᠦ᠍ ᠮᠡᠳᠡᠷᠡᠭ᠌ᠴᠢ ᠡᠮᠬᠡᠨᠢᠯ᠎ᠤᠨ ᠡᠵᠡᠳ ᠶᠤᠮ᠃ ᠬᠦᠮᠦᠨ ᠪᠢᠳᠡ ᠵᠥᠪᠬᠡᠨ ᠡᠳ᠋ ᠮᠥᠩᠬᠦ᠂ ᠡᠷᠬᠡ ᠵᠡᠷᠭᠡ᠂ ᠠᠲᠠᠭ᠎ᠠ ᠵᠢᠲᠦᠭᠡ᠂ ᠠᠷᠭ᠎ᠠ ᠵᠠᠯᠢ᠂ ᠠᠯᠳᠠᠷ ᠨᠡᠷ᠎ᠡ᠎ᠶ᠋ᠢᠨ ᠬᠤᠢᠨ᠎ᠠ᠎ᠠᠴᠠ ᠠᠮᠢ ᠥᠷᠢᠰᠦᠨ ᠲᠡᠮᠡᠴᠡᠯᠳᠦᠵᠦ᠍᠂ ᠪᠡᠶ᠎ᠡ ᠪᠡᠶ᠎ᠡ᠎ᠪᠠᠨ ᠬᠦᠨᠦᠭᠡᠬᠦ᠌᠎ᠠᠴᠠ ᠨᠢᠳᠦ ᠴᠠᠪᠴᠢᠬᠤ ᠦᠬᠡᠢ ᠣᠯᠠᠩᠭᠠᠰᠣᠨ ᠬᠢᠰᠠᠯᠳᠤᠭ᠍ᠰᠠᠭᠠᠷ ᠪᠠᠢᠭᠠᠳ ᠣᠢ ᠤᠬᠠᠭᠠᠨ ᠮᠢᠨᠢ ᠨᠢᠭᠡᠨᠳᠡ ᠬᠡᠮᠵᠢᠶ᠎ᠡ ᠬᠢᠵᠠᠭᠠᠷ ᠦᠬᠡᠢ ᠬᠠᠭᠠᠭ᠍ᠳᠠᠵᠣ ᠪᠢᠲᠡᠭᠦᠷᠡᠭ᠌ᠰᠡᠨ᠎ᠢ ᠨᠠᠮᠤᠷ᠎ᠤᠨ ᠨᠠᠪᠴᠢᠰ ᠭᠠᠱᠢᠭᠤᠳᠠᠯᠲᠠᠢ᠎ᠪᠠᠷ ᠡᠯᠢᠭᠡ ᠡᠮᠲᠡᠷᠡᠨ ᠦᠬᠦᠯᠡᠨ᠎ᠡ᠃ ᠴᠢᠳᠠᠪᠠᠯ ᠪᠥᠷᠭᠦᠭ ᠴᠡᠪᠳᠡᠭ ᠬᠦᠮᠦᠨ᠎ᠤ ᠬᠤᠷᠸ᠎ᠠ᠎ᠶ᠋ᠢ ᠴᠡᠪ ᠴᠡᠯᠮᠡᠭ᠂ ᠴᠡᠪ ᠴᠡᠪᠡᠷᠭᠡᠨ᠎ᠢᠶᠠᠷ ᠨᠢ ᠳᠠᠬᠢᠭᠠᠳ ᠡᠬᠢᠯᠡᠭᠦᠯᠬᠦ᠌ ᠰᠠᠨ ᠭᠡᠬᠦ᠌ ᠬᠦᠰᠡᠯ᠎ᠤᠨ ᠳᠠᠯᠠᠢ ᠬᠥᠩᠭᠢᠨᠡᠨ ᠴᠠᠯᠬᠢᠯᠠᠨ᠎ᠠ᠃

《ᠬᠦᠮᠦᠰ ᠲᠡᠭᠦᠰ ᠦᠨᠡᠨᠴᠢ ᠪᠠᠢᠬᠤ ᠶᠤᠮ ᠪᠣᠯ ᠪᠢᠳᠡ ᠶᠠᠭᠠᠬᠢᠭ᠍ᠰᠠᠨ ᠶᠡᠭᠡ ᠳᠠᠪᠱᠢᠯ᠎ᠢ ᠣᠯᠵᠤ ᠪᠤᠯᠬᠤ᠎ᠶ᠋ᠢ ᠲᠥᠰᠦᠭᠡᠯᠡᠨ ᠪᠤᠳᠤᠭᠠᠷᠠᠢ᠃ ᠲᠡᠭᠡᠪᠡᠯ ᠶᠠᠭᠠᠬᠢᠭ᠍ᠰᠠᠨ ᠳᠦᠷᠭᠡᠨ᠎ᠢᠶᠠᠷ ᠨᠡᠢᠬᠡᠮ᠎ᠤᠨ ᠠᠯᠳᠠᠭ᠎ᠠ᠂ ᠲᠥᠭᠡᠷᠢᠭ᠌ᠳᠡᠯ᠂ ᠪᠤᠵᠠᠷ ᠪᠤᠯᠠᠢ᠎ᠶ᠋ᠢ ᠲᠡᠨᠢᠨ ᠱᠢᠬᠦᠵᠦ᠍᠂ ᠶᠠᠮᠠᠷ ᠪᠤᠭᠤᠨᠢ ᠬᠤᠭᠤᠴᠠᠭᠠᠨ᠎ᠳᠤ ᠮᠠᠨ᠎ᠤ ᠳᠡᠯᠡᠬᠡᠢ ᠳ᠋ᠧᠪᠡᠵᠠᠨ ᠪᠤᠯᠵᠤ ᠬᠤᠪᠢᠷᠠᠬᠤ ᠰᠠᠨ ᠪᠢᠯᠡ》 ᠭᠡᠵᠦ᠍ ᠹᠷᠠᠨᠼᠢ᠎ᠶᠢᠨ ᠠᠭᠤᠣ ᠤᠷᠠᠨ ᠪᠠᠷᠢᠮᠠᠯᠴᠢ ᠤᠭᠤᠰᠲ ᠷᠣᠳᠧᠨ ᠬᠦᠮᠦᠨ ᠲᠥᠷᠦᠯᠬᠢᠲᠡᠨ᠎ᠳᠤ ᠭᠡᠷᠢᠶᠡᠰᠦᠯᠡᠭ᠌ᠰᠡᠨ᠎ᠢ ᠡᠷᠭᠢᠨ ᠰᠠᠨᠠᠬᠤ᠎ᠳᠤ ᠪᠤᠷᠤᠭᠤᠳᠠᠬᠤ ᠦᠬᠡᠢ ᠭᠡᠵᠦ᠍ ᠠᠶᠤᠤᠯᠢᠬᠠᠢ᠎ᠶ᠋ᠢᠨ ᠭᠦᠨ ᠤᠷᠤᠭᠤ ᠨᠠᠮᠣᠷ᠎ᠤᠨ ᠨᠠᠪᠴᠢᠰ ᠱᠤᠩᠭᠤᠨ ᠵᠢᠳᠭᠦᠨᠡᠮ᠃ ᠬᠤᠷᠤᠬᠠᠢᠳᠠᠵᠣ ᠪᠡᠶ᠎ᠡ ᠰᠡᠳᠭᠢᠯ᠎ᠳᠤ ᠯᠠᠭ᠍ᠰᠢᠲᠠᠯ᠎ᠠ ᠱᠢᠩᠭᠡᠭ᠌ᠰᠡᠨ ᠮᠠᠭᠤ ᠮᠠᠭᠤᠬᠠᠢ ᠴᠢᠨᠠᠷ᠎ᠠᠴᠠ᠎ᠪᠠᠨ ᠲᠤᠭᠤᠰᠢᠳᠠᠢ ᠠᠪᠤᠷᠠᠭ᠍ᠳᠠᠬᠤ᠎ᠶ᠋ᠢᠨ ᠳᠤᠯᠠᠳᠠ ᠤᠶᠤᠨ ᠮᠠᠬᠠᠪᠤᠳ᠎ᠤᠨ᠎ᠢᠶᠠᠨ ᠲᠤᠩᠭᠠᠯᠠᠭ ᠲᠥᠪ᠎ᠢ ᠡᠷᠢᠵᠦ᠍ ᠣᠯᠬᠤ᠎ᠪᠠᠷ ᠵᠠᠮ᠎ᠳᠤ ᠭᠠᠷᠬᠤ ᠴᠠᠭ ᠪᠤᠯᠵᠠᠢ᠃ ᠡᠨᠡ ᠡᠷᠢᠯ᠎ᠤᠨ ᠡᠴᠦᠰ᠎ᠤᠨ ᠴᠡᠭ᠎ᠨᠢ ᠠᠩᠬ᠎ᠠ ᠪᠢᠳᠡᠨ᠎ᠢ ᠪᠥᠲᠦᠭᠡᠭ᠌ᠰᠡᠨ ᠳᠡᠯᠡᠬᠡᠢ ᠡᠵᠢ᠎ᠶ᠋ᠢᠨ ᠮᠢᠨᠢ ᠭᠡᠷᠡᠯᠲᠦ ᠬᠠᠢᠷ᠎ᠠ ᠪᠣᠯᠬᠤ ᠪᠥᠭᠡᠳ ᠨᠠᠷᠠ ᠰᠠᠯᠬᠢ᠂ ᠠᠭᠠᠷ ᠮᠠᠨᠳᠠᠯ᠂ ᠣᠰᠤ ᠮᠦᠷᠡᠨ᠂ ᠠᠭᠤᠯᠠ ᠬᠠᠢᠷᠬᠠᠳ᠎ᠤᠨ ᠤᠨᠠᠭᠠᠨ ᠬᠦᠢ᠎ᠶ᠋ᠢᠨ ᠦᠨᠳᠦᠰᠦ ᠰᠤᠶᠤᠭᠠᠯᠠᠭ᠍ᠰᠠᠨ ᠲᠡᠷᠡ ᠭᠠᠵᠠᠷ ᠶᠤᠮ᠃ ᠪᠢᠳᠡ ᠠᠩᠬ᠎ᠠ ᠲᠡᠨᠳᠡ᠎ᠠᠴᠠ ᠢᠷᠡᠭ᠌ᠰᠡᠨ᠎ᠢᠶᠠᠨ ᠡᠬᠡ᠎ᠶ᠋ᠢᠨ ᠴᠠᠭᠠᠨ ᠰᠦ᠎ᠲᠠᠢ᠎ᠪᠠᠨ ᠴᠤᠭ ᠬᠡᠳᠦᠢᠨ ᠮᠠᠷᠲᠠᠭᠠᠳ ᠣᠨ ᠵᠢᠯ᠎ᠤᠳ᠎ᠢ ᠬᠠᠷᠠᠩᠭᠤᠢ ᠪᠠᠯᠠᠷ ᠲᠤᠭᠤᠯᠵᠤ᠂ ᠰᠡᠳᠭᠢᠯ᠎ᠤᠨ ᠳ᠋ᠧᠪᠠᠵᠠᠨ᠎ᠢᠶᠠᠨ ᠪᠤᠯᠠᠩᠭᠢᠷᠳᠤᠭᠤᠯᠵᠠᠢ᠃ ᠠᠮᠲᠠᠲᠠᠨ᠎ᠢ ᠵᠤᠭᠤᠭ᠍ᠯᠠᠵᠣ᠂ ᠥᠩᠭᠡᠲᠡᠨ᠎ᠢ ᠭᠡᠲᠦᠷᠴᠦ᠍ ᠯᠡ ᠪᠠᠢᠪᠠᠯ ᠬᠠᠮᠤᠭ ᠵᠢᠷᠭᠠᠯᠠᠩ ᠪᠥᠲᠦᠭ᠌ᠰᠡᠨ ᠶᠦ᠍ᠮ ᠱᠢᠭ ᠱᠢᠨᠤᠵᠤ ᠲᠡᠨᠡᠭ᠌ᠯᠡᠭ᠌ᠰᠡᠨ᠎ᠤ ᠦᠢᠯᠡ᠎ᠶ᠋ᠢᠨ ᠦᠷ᠎ᠡ᠎ᠪᠠᠷ ᠤᠶᠤᠨ᠎ᠤ ᠭᠤᠢᠷᠠᠨᠴᠢᠳ ᠪᠤᠯᠤᠭᠠᠳ ᠶᠢᠷᠳᠢᠨᠴᠤ᠎ᠳᠤ ᠲᠥᠷᠦᠭ᠌ᠰᠡᠨ᠎ᠤ᠎ᠪᠠᠨ ᠤᠳᠭ᠎ᠠ ᠠᠭᠤᠯᠭ᠎ᠠ᠎ᠶ᠋ᠢ ᠢᠷᠤᠭᠠᠷ᠎ᠢᠶᠠᠷ᠎ᠨᠢ ᠭᠥᠪᠢᠵᠦ᠍ ᠪᠠᠷᠠᠵᠤ ᠳ᠋ᠠ᠂ ᠪᠢᠳᠡ᠃

ᠢᠱᠢᠭᠡ ᠬᠤᠷᠠᠭᠠᠨ᠎ᠤ ᠴᠢᠬᠢ ᠱᠢᠭ ᠬᠥᠭᠡᠷᠦᠬᠦᠨ ᠵᠦᠭᠡᠯᠡᠭᠡᠨ ᠨᠠᠪᠴᠢᠰ ᠤᠷᠢᠯᠭ᠎ᠠ ᠲᠤᠰᠤᠭ᠍ᠰᠠᠨ ᠵᠤᠴᠢᠨ ᠮᠡᠲᠦ ᠲᠤᠪᠯᠠᠭ᠍ᠰᠠᠨ ᠴᠠᠭ᠎ᠲᠠᠭᠠᠨ ᠪᠤᠯᠵᠤᠭ᠍ᠰᠠᠨ ᠭᠠᠵᠠᠷ᠎ᠢᠶᠠᠨ ᠵᠣᠷᠢᠬᠤ᠎ᠪᠠᠷ ᠶᠠᠭᠠᠷᠠᠬᠤ ᠮᠡᠲᠦ ᠰᠠᠭᠤᠳᠠᠯ ᠳᠡᠭᠡᠷ᠎ᠡ᠎ᠪᠠᠨ ᠦᠨᠳᠡᠯᠵᠡᠭᠡᠳ ᠨᠠᠮᠣᠷ᠎ᠤᠨ ᠴᠡᠭᠡᠵᠢᠨ᠎ᠠᠴᠠ ᠪᠥᠬᠡᠮ ᠪᠥᠭᠡᠮ᠎ᠢᠶᠠᠷ ᠪᠤᠢᠯᠠᠩᠬᠠᠨ ᠲᠠᠰᠤᠷᠠᠬᠤ᠎ᠨᠢ ᠶᠢᠷᠳᠢᠨᠴᠤ᠎ᠶ᠋ᠢᠨ ᠠᠯᠢᠪᠠ ᠪᠥᠬᠦᠨ ᠡᠷᠬᠡ ᠲᠡᠭ᠌ᠰᠢ ᠬᠤᠭᠤᠴᠠᠭ᠎ᠠ᠎ᠲᠠᠢ ᠭᠡᠰᠡᠨ᠎ᠢ ᠤᠢᠯᠠᠭᠠᠭᠤᠯᠤᠨ᠎ᠠ᠃ ᠬᠠᠮᠤᠭ ᠠᠩᠬᠠᠨ᠎ᠤ ᠨᠠᠪᠴᠢᠰ ᠳᠠᠪᠲᠠᠮᠵᠢ᠎ᠶ᠋ᠢᠨ ᠲᠤᠭᠤᠷᠢᠭ᠎ᠢᠶᠠᠨ ᠪᠥᠬᠦᠯᠢ ᠨᠢᠭᠡ ᠡᠷᠭᠢᠭᠡᠳ ᠴᠠᠭ᠎ᠨᠢ ᠲᠤᠯᠬᠤ᠎ᠪᠠᠷ ᠠᠶᠠᠨᠳᠠᠭᠠᠨ ᠤᠨᠠᠭ᠍ᠰᠠᠨ᠎ᠨᠢ ᠬᠡᠵᠢᠶ᠎ᠡ ᠶᠤᠮ ᠪᠣᠯ? ᠲᠡᠭᠦᠨ᠎ᠢ ᠭᠠᠢᠬᠠᠨ ᠱᠢᠷᠳᠡᠵᠦ᠍᠂ ᠨᠠᠪᠴᠢᠰ ᠭᠡᠵᠦ᠍ ᠵᠢᠷᠦᠭᠡ ᠳᠤᠭ᠍ᠳᠤᠯᠤᠨ ᠨᠡᠷᠡᠯᠡᠭ᠌ᠰᠡᠨ ᠲᠡᠷᠡ ᠬᠦᠮᠦᠨ ᠬᠡᠨ ᠶᠤᠮ ᠪᠤᠢ? ᠤᠭ᠌ᠶᠣ ᠡᠷᠳᠡᠨᠢ ᠮᠡᠲᠦ ᠬᠢᠯᠠᠯᠵᠠᠨ ᠨᠤᠭᠤᠭᠠᠷᠠᠬᠤ ᠪᠠ ᠦᠷ᠎ᠤᠨ ᠲᠤᠶᠠᠭ᠎ᠠ ᠱᠢᠭ᠋ ᠱᠢᠵᠢᠷᠲᠡᠨ ᠱᠢᠷᠭᠠᠯᠳᠤᠬᠤ᠎ᠶ᠋ᠢᠨ ᠬᠤᠭᠤᠷᠤᠨᠳᠤ ᠶᠠᠮᠠᠷ ᠬᠦᠴᠦ᠍ ᠦᠢᠯᠡᠴᠢᠯᠡᠨ᠎ᠡ ᠪᠤᠢ? ᠨᠠᠪᠴᠢᠰ᠎ᠤᠨ ᠤᠷᠠᠨ ᠨᠠᠷᠢᠨ ᠰᠣᠳᠠᠯ ᠬᠡ ᠶᠠᠭᠤᠨ᠎ᠤ ᠱᠢᠳᠢ᠎ᠪᠠᠷ ᠵᠤᠬᠢᠶᠠᠭ᠍ᠳᠠᠪᠠ ᠡ? ᠮᠡᠷᠭᠡᠳ᠎ᠤᠨ ᠪᠢᠴᠢᠵᠦ᠍ ᠦᠯᠡᠳᠡᠭᠡᠭ᠌ᠰᠡᠨ ᠴᠠᠭᠠᠨ ᠽᠠᠨᠳᠠᠨ ᠬᠡᠮᠡᠬᠦ᠌ ᠮᠣᠳᠤᠨ᠎ᠤ ᠨᠠᠪᠴᠢᠨ ᠳᠡᠭᠡᠷ᠎ᠡ ᠵᠢᠷᠤᠭ ᠪᠠ ᠨᠣᠮ᠎ᠤᠨ ᠦᠰᠦᠭ ᠢᠯᠡᠷᠡᠭ᠌ᠰᠡᠨ᠎ᠤ ᠳᠤᠬᠢᠶ᠎ᠠ᠎ᠨᠢ ᠶᠠᠭᠤ ᠪᠤᠢ? ᠬᠠᠷᠢᠭᠤᠯᠲᠠ ᠠᠯᠠᠭ᠎ᠠ᠃ ᠫᠢᠷᠠᠮᠢᠳ᠋ ᠰᠤᠪᠤᠷᠭ᠎ᠠ ᠱᠢᠭ᠋ ᠮᠥᠩᠬᠡ᠎ᠶ᠋ᠢᠨ ᠨᠢᠭᠤᠴᠠ᠎ᠨᠢ ᠰᠠᠶ᠎ᠠ ᠪᠤᠮᠠᠨ ᠵᠢᠯ ᠦᠷᠬᠦᠯᠵᠢᠯᠡᠵᠦ᠍᠂ ᠲᠠᠢᠯᠬᠤ ᠡᠵᠡᠨ᠎ᠢᠶᠠᠨ ᠬᠦᠯᠢᠶᠡᠭ᠌ᠰᠡᠭᠡᠷ᠃

ᠨᠠᠮᠣᠷ᠎ᠲᠤ ᠲᠠᠰᠤᠭᠠᠳ ᠢᠷᠡᠬᠦ᠌᠎ᠪᠠᠷ ᠬᠠᠢᠷ᠎ᠠ ᠡᠭᠡᠨᠡᠭ᠌ᠰᠢᠯ ᠪᠤᠢ ᠪᠤᠯᠤᠭᠠᠳ ᠨᠠᠮᠤᠷ ᠡᠴᠡ ᠠᠶᠠᠷᠯᠠᠨ ᠡᠪᠦᠯ᠎ᠤᠨ ᠡᠬᠦᠳᠡ ᠵᠢ ᠲᠤᠭᠰᠢᠬᠤ᠎ᠳᠠᠭᠠᠨ ᠬᠤᠷᠭᠤᠳᠠᠩᠭᠤᠢ᠎ᠪᠠᠷ ᠳᠤᠭᠤᠷᠢᠨ ᠡᠷᠭᠢᠯᠳᠦᠬᠦ᠌ ᠰᠡᠳᠭᠢᠯ ᠴᠡᠭᠡᠯ᠎ᠤᠨ ᠣᠰᠤ ᠱᠢᠭ᠋ ᠬᠥᠨᠵᠡᠬᠡᠢᠷᠡᠨ᠎ᠡ᠃ ᠳᠡᠭᠡᠳᠤ ᠲᠡᠭ᠌ᠷᠢ᠎ᠳᠤ ᠨᠠᠷᠠ᠂ ᠰᠠᠷᠠ᠂ ᠤᠳᠤᠳ ᠬᠡᠪ᠎ᠢᠶᠠᠷ᠎ᠢᠶᠠᠨ᠂ ᠳᠡᠷᠲᠡᠭᠡ ᠵᠢᠯ᠎ᠤᠳ ᠮᠢᠨᠢ ᠬᠠᠭᠤᠴᠢ᠎ᠪᠠᠨ ᠳᠡᠯᠭᠡᠬᠦ᠌᠎ᠨᠢ ᠶᠠᠩᠵᠦ᠍᠎ᠪᠠᠷ᠎ᠢᠶᠠᠨ᠃ ᠮᠥᠨ ᠥᠨᠦᠳᠦᠷ᠎ᠤᠨ᠎ᠬᠢ ᠱᠢᠭ ᠨᠠᠮᠣᠷ᠎ᠤᠨ ᠨᠢᠭᠡᠨ ᠡᠳᠦᠷ ᠪᠠᠭ᠍ᠰᠢ᠎ᠶ᠋ᠢᠨ ᠰᠤᠷᠭᠠᠭᠤᠯᠢ᠎ᠳᠤ ᠠᠪᠤ ᠮᠢᠨᠢ ᠨᠠᠮᠠᠶ᠋ᠢ ᠬᠦᠷᠭᠡᠭ᠌ᠰᠡᠨ ᠰᠠᠨ᠃ ᠲᠡᠦᠬᠡ᠎ᠶ᠋ᠢᠨ ᠡᠷᠲᠡ ᠦᠶ᠎ᠡ᠎ᠳᠤ ᠬᠢᠳᠠᠨᠴᠤᠳ᠎ᠤᠨ ᠬᠥᠭ᠌ᠵᠢᠵᠦ᠍᠂ ᠬᠦᠭ᠌ᠰᠡᠵᠦ᠍ ᠪᠠᠢᠭ᠍ᠰᠠᠨ ᠲᠡᠷᠡ ᠭᠠᠵᠠᠷ ᠪᠢ ᠳᠦᠷᠪᠡᠨ ᠵᠢᠯ ᠰᠤᠷᠤᠯᠭ᠎ᠠ᠎ᠶ᠋ᠢᠨ ᠮᠥᠷ ᠬᠥᠭᠡᠭᠡᠵᠦ᠍ ᠲᠡᠭᠦᠰᠦᠭᠡᠳ ᠪᠠᠭ᠍ᠰᠢ᠎ᠶ᠋ᠢᠨ ᠠᠯᠪᠠᠨ᠎ᠳᠤ ᠭᠠᠷᠤᠭ᠍ᠰᠠᠨ᠎ᠠᠴᠠ ᠬᠤᠢᠰᠢ ᠭᠤᠴᠢᠨ ᠳᠦᠷᠪᠡᠨ ᠵᠢᠯ᠎ᠢ ᠨᠢᠭᠡ ᠮᠡᠳᠡᠬᠦ᠌᠎ᠳᠤ ᠠᠷᠣ᠎ᠳᠠᠭᠠᠨ ᠤᠷᠬᠢᠵᠠᠢ᠃ ᠨᠠᠮᠠᠶ᠋ᠢ ᠳᠦᠪᠬᠢᠨᠡᠭᠦᠯᠦᠭᠡᠳ ᠰᠠᠯᠵᠤ ᠶᠠᠳᠠᠭ᠍ᠰᠠᠨ ᠡᠨᠡᠷᠢᠯ᠎ᠤᠨ ᠨᠢᠯᠪᠤᠰᠣ᠎ᠪᠠᠨ ᠬᠠᠨᠴᠤᠢ᠎ᠳᠠᠭᠠᠨ ᠱᠢᠩᠭᠡᠭᠡᠭ᠌ᠰᠡᠭᠡᠷ ᠲᠡᠷᠭᠡᠨ ᠥᠷᠲᠡᠭᠡ ᠵᠦᠭ ᠠᠯᠬᠤᠭ᠍ᠰᠠᠨ ᠠᠪᠤ ᠮᠢᠨᠢ ᠤᠳᠣ ᠠᠯᠠᠭ᠎ᠠ᠂ ᠡᠵᠢ ᠮᠢᠨᠢ ᠴᠤ᠌ ᠠᠯᠠᠭ᠎ᠠ᠃  《ᠠᠮᠢᠨ᠎ᠳᠠᠭᠠᠨ ᠵᠥᠪ ᠶᠠᠪᠤᠪᠠᠯ ᠰᠠᠨᠠᠭ᠎ᠠ ᠠᠮᠠᠷᠴᠢᠬᠠᠨ᠎ᠠ᠃ ᠬᠦᠮᠦᠨ ᠠᠮᠢᠲᠠᠨ᠎ᠳᠤ ᠪᠢᠳᠡᠬᠡᠢ ᠬᠤᠣᠷ ᠬᠦᠷᠭᠡᠵᠦ᠍ ᠬᠢᠯᠢᠨᠴᠠ ᠨᠢᠬᠦᠯ ᠬᠤᠷᠢᠶᠠ᠃ ᠰᠡᠳᠭᠢᠯ ᠭᠡᠳᠡᠭ ᠵᠢᠯᠤᠭᠤ ᠦᠬᠡᠢ᠂ ᠵᠦᠪ ᠲᠡᠢᠰᠢ᠎ᠨᠢ ᠵᠠᠯᠠᠵᠣ ᠰᠤᠷᠬᠤ ᠶᠤᠮ ᠱᠢᠦ ᠁》 ᠭᠡᠰᠡᠨ ᠠᠪᠤ ᠡᠵᠢ᠎ᠶ᠋ᠢᠨ ᠮᠢᠨᠢ ᠨᠠᠨᠳᠢᠨ ᠵᠠᠬᠢᠶᠠᠰᠤ᠎ᠶ᠋ᠢ ᠣᠢ ᠰᠠᠨᠠᠮᠵᠢ᠎ᠶ᠋ᠢᠨ ᠴᠢᠨᠠᠳᠦ᠍᠎ᠠᠴᠠ ᠮᠥᠩᠬᠦᠨ ᠬᠤᠩᠬ᠎ᠠ᠎ᠲᠠᠢ ᠬᠤᠪᠢᠯᠭᠠᠨ ᠪᠤᠭᠤ ᠨᠠᠮᠣᠷ᠎ᠤᠨ ᠨᠠᠪᠴᠢᠰ᠎ᠲᠠᠢ ᠴᠤᠭ ᠭᠠᠵᠠᠷ ᠲᠡᠭ᠌ᠷᠢ᠎ᠶ᠋ᠢᠨ ᠰᠠᠪᠰᠠᠯᠭᠠᠨ ᠳᠣᠮᠳᠠ ᠴᠢᠨᠳᠠᠭᠠᠨ ᠴᠠᠭᠠᠨ ᠡᠭᠦᠯᠡᠰ ᠬᠦᠯᠭᠡᠯᠡᠨ ᠰᠤᠨᠤᠷᠳᠠᠭᠤᠯᠤᠭᠠᠳ ᠥᠷᠦ᠍ ᠵᠢᠷᠦᠭᠡᠨ᠎ᠳᠤ ᠮᠢᠨᠢ ᠡᠭᠡᠱᠢᠭ᠌ᠯᠡᠭᠦᠯᠦᠨ ᠬᠤᠭᠤᠷᠳᠠᠨᠠᠮ᠃

ᠨᠠᠮᠣᠷ᠎ᠲᠤ ᠡᠭᠡᠨᠡᠭ᠌ᠰᠢᠭ᠌ᠰᠡᠨ ᠰᠡᠳᠭᠢᠯ ᠮᠢᠨᠢ ᠬᠠᠮᠢᠭ᠎ᠠ ᠤᠴᠢᠭ᠍ᠰᠠᠨ ᠴᠤ᠌ ᠬᠤᠪᠢᠷᠠᠭ᠎ᠠ ᠦᠬᠡᠢ᠃ ᠨᠠᠷᠠᠲᠣ᠎ᠶ᠋ᠢᠨ ᠲᠤᠭᠤᠰᠣ ᠬᠥᠳᠡᠯᠬᠡᠨ ᠬᠢᠷᠢ᠎ᠳᠡᠭᠡᠨ ᠮᠡᠷᠡᠢᠵᠦ᠍᠂ ᠪᠠᠭ᠍ᠰᠢᠯᠠᠬᠤ᠎ᠶ᠋ᠢᠨ ᠰᠠᠴᠠᠭᠤ ᠵᠤᠬᠢᠶᠠᠨ ᠪᠥᠲᠦᠭᠡᠬᠦ᠌ ᠵᠠᠮ᠎ᠢᠶᠠᠷ ᠲᠡᠨᠳᠦᠷ ᠲᠤᠨᠲᠣᠷ ᠠᠯᠬᠤᠭ᠍ᠰᠠᠨ ᠳᠡᠭᠡᠷ᠎ᠡ ᠵᠠᠭᠤᠨ᠎ᠤ ᠶᠡᠷᠡᠭᠡᠳ ᠣᠨ᠎ᠤ ᠡᠬᠢ᠎ᠪᠠᠷ ᠳ᠋᠊·ᠪᠠᠭᠠᠳᠣᠷ᠎ᠤᠨ 《ᠬᠦᠮᠦᠨ᠎ᠤ ᠬᠠᠢᠷ᠎ᠠ᠎ᠲᠠᠢ ᠳᠠᠯᠠᠨ ᠲᠡᠷᠢᠬᠦᠨ》᠂ ᠳ᠋᠊·ᠰᠡᠷᠡᠩᠸᠠᠩᠵᠢᠯ᠎ᠤᠨ 《ᠲᠥᠷᠦᠭᠡᠨ ᠳᠡᠭᠡᠷ᠎ᠡ ᠦᠨᠳᠡᠢᠭ᠌ᠰᠡᠨ ᠳᠡᠯᠡᠬᠡᠢ》 ᠮ᠊·ᠬᠠᠰᠪᠠᠭᠠᠨ᠎ᠠ᠎ᠶ᠋ᠢᠨ 《ᠡᠲᠡᠭᠡᠳ ᠰᠠᠯᠠᠭ᠎ᠠ᠎ᠲᠠᠢ ᠤᠳᠠ ᠮᠣᠳᠣ》᠂                           ᠭᠤ·ᠰᠤᠶᠤᠯᠳᠣ᠎ᠶ᠋ᠢᠨ 《ᠢᠩᠭᠡᠨ ᠲᠤᠭᠤᠷᠢᠮ᠎ᠤᠨ ᠣᠰᠤ》 ᠁ ᠵᠡᠷᠭᠡ ᠤᠴᠠᠷᠠᠯ ᠳᠤᠬᠢᠶᠠᠯ᠂ ᠬᠠᠭᠠᠴᠠᠯ ᠰᠠᠯᠤᠯᠲᠠ᠂ ᠬᠦᠰᠡᠯ ᠵᠢᠪᠬᠤᠭ᠎ᠠ᠂ ᠨᠡᠭᠦᠳᠡᠯ ᠰᠠᠭᠤᠳᠠᠯ᠎ᠤᠨ ᠲᠤᠬᠠᠢ ᠥᠷᠦᠪᠴᠢᠭᠡᠨ ᠮᠥᠷᠲᠡᠭᠡᠨ ᠪᠠᠳᠠᠷᠠᠩᠭᠤᠢ ᠬᠦᠦᠷᠨᠢᠭ᠌ᠰᠡᠨ ᠱᠢᠯᠦᠭ ᠵᠤᠬᠢᠶᠠᠯ᠎ᠤᠳ᠎ᠲᠠᠢ ᠠᠩᠬ᠎ᠠ ᠲᠠᠨᠢᠯᠴᠠᠭ᠍ᠰᠠᠨ ᠮᠢᠨᠢ ᠨᠠᠮᠣᠷ ᠪᠠᠢᠭ᠍ᠰᠠᠨ᠂ ᠭᠠᠯ ᠵᠠᠯᠠᠭᠤ ᠬᠤᠷᠢᠨ ᠨᠠᠰᠣᠨ᠎ᠤ ᠮᠢᠨᠢ ᠬᠠᠯᠠᠭᠤᠨ ᠨᠢᠯᠪᠤᠰᠣ᠎ᠶ᠋ᠢ ᠡᠩᠭᠡᠷ ᠲᠡᠪᠳᠦᠭᠡᠮ᠎ᠡ ᠪᠥᠮᠪᠦᠷᠢᠬᠦᠯᠦᠭ᠌ᠰᠡᠨ ᠦᠭᠡ ᠠᠶᠠᠰ᠎ᠨᠢ ᠭᠡᠭᠡ ᠲᠠᠲᠠᠭᠤᠯᠤᠭ᠍ᠰᠠᠨ ᠨᠠᠮᠤᠷ᠎ᠤᠨ ᠬᠤᠩᠭᠤᠷᠬᠠᠨ ᠨᠠᠪᠴᠢᠰ ᠪᠠᠢᠭ᠍ᠰᠠᠨ᠃ ᠪᠡᠭᠡ᠎ᠶ᠋ᠢᠨ ᠦᠨᠦᠷ ᠨᠡᠪᠲᠡ ᠬᠠᠩᠬᠤᠯᠤᠭ᠍ᠰᠠᠨ ᠰᠡᠳᠬᠦᠯ᠎ᠤᠨ ᠬᠠᠭᠤᠳᠠᠰᠣᠨ᠎ᠠᠴᠠ ᠡᠳᠡᠭᠡᠷ ᠱᠢᠮ᠎ᠡ ᠰᠠᠢᠲᠦ᠍᠂ ᠡᠷᠴᠢ ᠬᠦᠴᠦᠲᠦ ᠲᠤᠭᠤᠵᠢᠰ ᠨᠠᠢᠷᠠᠭᠤᠯᠤᠯ ᠪᠠ ᠱᠢᠯᠦᠭ᠎ᠤᠳ᠎ᠢ ᠪᠢᠱᠢᠷᠡᠨ ᠤᠩᠱᠢᠵᠦ᠍᠂ ᠡᠯᠦᠢ ᠬᠤᠯᠤᠢᠬᠠᠨ ᠠᠯᠪᠠᠨ ᠥᠷᠦᠭᠡᠨ᠎ᠳᠤ ᠭᠠᠷᠠᠭ᠎ᠤᠨ ᠡᠳᠦᠷ᠎ᠤᠳ᠎ᠢ ᠭᠠᠭ᠍ᠴᠠᠭᠠᠷ ᠦᠳᠡᠬᠦ᠌᠎ᠳᠡᠭᠡᠨ ᠵᠣᠯᠭᠠᠷᠠᠨ ᠬᠡᠢᠰᠭᠦ ᠨᠠᠮᠤᠷ᠎ᠤᠨ ᠨᠠᠪᠴᠢᠰ᠎ᠢ ᠴᠤᠩᠬᠤ᠎ᠪᠠᠷ ᠬᠠᠷᠠᠭᠠᠳ ᠥᠷᠦ᠍ ᠡᠪᠡᠳᠦᠨ ᠬᠠᠢᠷᠠᠯᠠᠳᠠᠭ ᠰᠠᠨ᠃ ᠭᠠᠳᠠᠨ᠎ᠠ ᠰᠡᠷᠢᠬᠦᠨ ᠰᠠᠯᠬᠢ ᠰᠡᠷᠴᠢᠭᠢᠨᠡᠭᠡᠳ ᠯᠡ᠂ ᠤᠢᠷ᠎ᠠ ᠬᠠᠪᠢ᠎ᠶ᠋ᠢᠨ ᠤᠭᠤᠷᠴᠠᠭ ᠲᠤᠯᠤᠭᠠᠳ ᠤᠨᠢᠶᠠᠷ ᠪᠤᠳᠠᠩ᠎ᠳᠤ ᠵᠢᠷᠪᠢᠭᠢᠨᠡᠭᠡᠳ ᠯᠡ ᠁ ᠲᠤᠷᠤᠨᠠᠳᠣ᠎ᠶ᠋ᠢᠨ ᠨᠠᠮᠣᠷ ᠡᠷᠲᠡ ᠢᠷᠡᠳᠡᠭ ᠪᠠᠢᠵᠦ᠍ ᠪᠢᠯᠡ᠃ ᠵᠢᠯ ᠪᠦᠷᠢ ᠨᠠᠮᠤᠷ᠎ᠤᠨ ᠱᠢᠨ᠎ᠡ ᠰᠤᠷᠤᠯᠭ᠎ᠠ᠎ᠶ᠋ᠢᠨ ᠬᠤᠭᠤᠴᠠᠭ᠎ᠠ ᠡᠬᠢᠯᠡᠬᠦ᠌᠎ᠳᠤ ᠪᠢ ᠦᠪᠡᠷ᠎ᠤᠨ ᠪᠠᠭ᠍ᠰᠢᠯᠠᠵᠣ ᠥᠩᠭᠡᠷᠡᠭ᠌ᠰᠡᠨ ᠠᠴᠬᠠᠭᠤᠯᠠ ᠶᠡᠷᠦᠩᠬᠡᠢ ᠰᠤᠷᠭᠠᠭᠤᠯᠢ᠂ ᠭᠦᠩᠭᠡᠷ ᠭᠠᠴᠠᠭᠠᠨ᠎ᠤ ᠪᠠᠭ᠎ᠠ ᠰᠤᠷᠭᠠᠭᠤᠯᠢ᠂ ᠪᠠᠶᠠᠩᠭᠤᠤᠯ ᠳᠣᠮᠳᠠᠳᠤ ᠰᠤᠷᠭᠠᠭᠤᠯᠢ᠎ᠪᠠᠨ ᠳᠠᠩᠲᠠ ᠰᠠᠨᠠᠵᠤ ᠳᠤᠷᠠᠰᠳᠠᠭ ᠰᠠᠨ᠂ ᠡᠭᠦᠳᠡ᠎ᠪᠠᠨ ᠬᠠᠭᠠᠵᠦ᠍᠂ ᠡᠷᠦᠬᠡ᠎ᠪᠠᠨ ᠪᠥᠲᠡᠭᠡᠭ᠌ᠰᠡᠨ ᠴᠤ᠌᠃ ᠲᠡᠢᠮᠦ᠍᠎ᠳᠡᠭᠡᠨ ᠨᠠᠮᠣᠷ ᠮᠢᠨᠤ ᠬᠤᠪᠢ᠎ᠳᠤ ᠰᠠᠨᠠᠯ ᠮᠥᠷᠦᠭᠡᠳᠦᠯ᠎ᠤᠨ᠎ᠬᠢ᠂ ᠪᠠᠰᠠ ᠱᠢᠮᠱᠢᠷᠡᠯ ᠤᠬᠠᠭᠠᠷᠠᠯ᠎ᠤᠨ᠎ᠬᠢ᠃

ᠬᠡᠭᠡᠷ᠎ᠡ ᠪᠥᠬᠦᠯᠵᠡᠬᠦ᠌ ᠡᠪᠡᠰᠦᠨ᠎ᠤ ᠨᠥᠮᠦᠷᠢ᠎ᠳᠤ ᠭᠤᠯᠢᠶ᠎ᠠ ᠵᠡᠬᠦᠷᠮᠡᠭ᠌ᠯᠡᠬᠦ᠌᠎ᠳᠤ ᠬᠡᠯᠡᠨ ᠳᠡᠭᠡᠷ᠎ᠡ ᠪᠥᠮᠪᠥᠷᠢᠬᠦ᠌ ᠦᠭᠡᠰ᠎ᠢ ᠮᠢᠨᠢ ᠨᠠᠮᠣᠷ᠎ᠤᠨ ᠨᠠᠪᠴᠢᠰ ᠡᠮᠬᠢᠯᠡᠭᠡᠳ ᠶᠠᠭᠠᠷᠠᠤ᠃ 《ᠨᠠᠷᠠ᠎ᠨᠢ ᠮᠠᠨᠳᠣᠨ ᠭᠠᠷᠪᠠᠴᠤ᠌ ᠡᠪᠥᠯ᠎ᠤᠨ ᠴᠠᠰᠤ᠎ᠨᠢ ᠬᠠᠶᠠᠯᠠᠬᠤ ᠤᠢᠷᠠᠳᠣᠯ᠎ᠠ ᠳ᠋ᠠ᠂ ᠨᠠᠭᠠᠯᠢᠩᠬᠠᠢ ᠴᠢ ᠮᠢᠨᠢ ᠬᠠᠮᠢᠭ᠎ᠠ ᠤᠴᠢᠵᠦ᠍ ᠳᠤᠯᠠᠭᠠᠴᠠᠨ᠎ᠠ? ᠨᠠᠮᠣᠷ᠎ᠤᠨ ᠰᠠᠷ᠎ᠠ᠎ᠳᠠᠭᠠᠨ ᠁》 ᠭᠡᠵᠦ᠍ ᠭᠤᠯᠢᠶ᠎ᠠ᠎ᠨᠤᠭᠤᠳ᠎ᠢᠶᠠᠨ ᠨᠠᠪᠴᠢᠰ ᠥᠷᠦ᠍ ᠡᠪᠡᠳᠦᠨ᠎ᠡ᠂ ᠡᠮᠵᠡᠭ᠌ᠯᠡᠨ ᠰᠠᠨᠠᠭᠠᠱᠢᠷᠠᠨ᠎ᠠ᠂ ᠥᠮᠦᠭᠡᠷᠡᠨ ᠬᠠᠯᠬᠠᠯᠠᠨ᠎ᠠ᠃ 《ᠬᠡᠨ ᠴᠤ᠌ ᠮᠡᠳᠡᠬᠦ᠌ ᠦᠬᠡᠢ ᠲᠠᠢᠪᠤᠩ ᠲᠤᠭᠤᠢ ᠲᠡᠢᠮᠦ᠍ ᠭᠠᠵᠠᠷ ᠤᠷᠣᠨ᠎ᠳᠤ ᠭᠡᠷ᠎ᠢᠶᠠᠨ ᠪᠠᠷᠢᠭ᠍ᠰᠠᠨ᠂ ᠣᠰᠤᠨ ᠵᠢᠷᠤᠭ᠎ᠠ ᠮᠣᠷᠢ ᠱᠢᠭ᠋ ᠬᠦᠶᠦᠳᠡᠯ᠎ᠢᠶᠠᠷ᠎ᠢᠶᠠᠨ ᠭᠠᠯᠭᠢᠭᠤᠯᠳᠠᠭ ᠶᠢᠷᠳᠢᠨᠴᠤ᠎ᠶ᠋ᠢᠨ ᠱᠢᠯᠲᠠᠭ᠎ᠢᠶᠠᠷ ᠴᠢᠮᠡᠭᠡ ᠦᠬᠡᠢᠬᠡᠨ ᠳᠠᠯᠳᠠᠯᠠᠪᠠᠴᠤ᠌ ᠤᠷᠢᠬᠠᠨ ᠴᠠᠭ᠎ᠨᠢ ᠢᠷᠡᠬᠦ᠌᠎ᠪᠠᠷ ᠲᠠᠨ᠎ᠲᠠᠢ᠎ᠪᠠᠨ ᠪᠢ ᠬᠢᠷᠪᠢᠱᠢᠬᠦ᠌ ᠦᠬᠡᠢ ᠵᠤᠯᠭᠠᠨ᠎ᠠ᠂ ᠨᠠᠪᠴᠢᠰ ᠮᠢᠨᠢ》 ᠭᠡᠵᠦ᠍ ᠭᠤᠯᠢᠶ᠎ᠠ᠎ᠨᠤᠭᠤᠳ ᠬᠠᠷᠢᠭᠤ ᠥᠴᠢᠬᠦ᠌᠎ᠨᠢ ᠤᠶᠠᠷᠠᠯᠳᠠᠢ ᠪᠥᠭᠡᠳ ᠵᠢᠪᠬᠤᠯᠠᠩᠲᠠᠢ᠃ ᠥᠩᠭᠡ᠎ᠨᠢ ᠪᠠᠭᠤᠷᠠᠭ᠍ᠰᠠᠨ ᠨᠠᠪᠴᠢᠰ ᠳᠠᠭᠤ᠎ᠪᠠᠨ ᠬᠤᠷᠢᠶᠠᠵᠣ᠂ ᠢᠯᠦᠮ ᠵᠢᠯᠦᠮᠬᠡᠨ ᠵᠠᠪᠢᠯᠠᠭᠠᠳ ᠪᠢᠱᠢᠯᠭᠠᠯ᠎ᠳᠤ ᠰᠠᠭᠤᠬᠤ᠎ᠶ᠋ᠢᠨ ᠮᠥᠴᠡ᠎ᠳᠤ ᠰᠠᠯᠬᠢ ᠲᠡᠭᠦᠨ᠎ᠢ ᠠᠮᠤᠷ ᠰᠠᠭᠤᠯᠭᠠᠬᠤ ᠦᠬᠡᠢ ᠡᠯᠢᠨ ᠬᠠᠯᠢᠨ ᠢᠰᠭᠡᠷᠬᠦ᠌᠎ᠨᠢ ᠠᠭᠠᠵᠠᠭᠠᠢ ᠬᠦᠳᠡᠯᠭᠡᠪᠡᠴᠦ᠍ ᠨᠠᠪᠴᠢᠰ᠎ᠤᠨ ᠳᠤᠳᠤᠭᠠᠳᠣ ᠮᠥᠨ ᠴᠢᠨᠠᠷ᠎ᠢ ᠡᠪᠳᠡᠵᠦ᠍ ᠡᠰᠡ ᠴᠢᠳᠠᠨ᠎ᠠ᠃ ᠬᠦᠯᠢᠴᠡᠰᠢ ᠦᠬᠡᠢ ᠤᠢᠳᠭᠠᠷ ᠭᠤᠨᠢᠭ᠎ᠤᠨ ᠠᠮᠲᠠ᠎ᠶ᠋ᠢ ᠦᠵᠡᠭᠦᠯᠦᠭ᠌ᠴᠢ ᠬᠠᠲᠠᠭᠤ ᠰᠠᠷᠬᠤᠳ᠎ᠢ ᠰᠦᠩᠨᠡᠭ᠌ᠰᠡᠨ ᠤᠯᠠᠷᠢᠯ ᠪᠣᠯ ᠲᠠᠩ ᠭᠠᠭ᠍ᠴᠠ ᠨᠠᠮᠣᠷ ᠮᠥᠨ ᠭᠡᠵᠦ᠍ ᠲᠡᠢᠯᠦᠩᠬᠢ ᠬᠦᠮᠦᠰ ᠪᠢᠴᠢᠵᠦ᠍ ᠳᠦᠷᠰᠦᠯᠡᠳᠡᠭ᠎ᠤᠨ ᠵᠥᠪ ᠪᠤᠷᠤᠭᠤ᠎ᠶ᠋ᠢ ᠭᠠᠭ᠍ᠴᠠ ᠬᠦ᠌ ᠲᠡᠭ᠌ᠷᠢ ᠯᠡ ᠮᠡᠳᠡᠨ᠎ᠡ᠃ ᠰᠠᠷᠬᠤᠳ᠎ᠤᠨ ᠲᠡᠷᠡ ᠢᠳᠡᠨ᠎ᠳᠤ ᠰᠤᠭ᠍ᠳᠤᠵᠣ ᠤᠨᠠᠭᠠᠳ ᠪᠤᠰᠭᠤ ᠲᠡᠩᠭᠡᠭᠡ ᠦᠬᠡᠢ ᠬᠦᠮᠦᠨ ᠪᠤᠢ᠃ ᠰᠡᠷᠭᠦᠭᠡᠳ᠂ ᠰᠡᠭᠡᠭᠡᠷᠡᠭᠡᠳ ᠲᠡᠷᠢᠬᠢ ᠲᠤᠯᠤᠭᠠᠢ᠎ᠨᠢ ᠤᠯᠠᠮ ᠬᠤᠷᠴᠠ ᠪᠣᠯᠬᠤ ᠬᠦᠮᠦᠨ ᠴᠤ᠌ ᠪᠤᠢ᠃ ᠬᠦᠮᠦᠨ ᠬᠦᠮᠦᠨ ᠠᠳᠠᠯᠢ ᠦᠬᠡᠢ᠂ ᠥᠭᠡᠷ᠎ᠡ ᠥᠭᠡᠷ᠎ᠡ᠃

ᠠᠭᠠᠯᠢ ᠢᠯᠳᠠᠮᠬᠠᠨ ᠮᠤᠳᠣᠳ᠎ᠤᠨ ᠨᠠᠪᠴᠢᠰ ᠠᠯᠲᠠᠷᠠᠨ ᠱᠢᠷᠭᠠᠯᠳᠤᠬᠤ᠎ᠶ᠋ᠢᠨ ᠬᠤᠯᠬᠢᠶᠠᠨ᠎ᠳᠤ ᠭᠠᠳᠠᠭᠠᠳᠣ ᠳᠦᠷᠰᠦ᠎ᠨᠢ ᠤᠯᠠᠷᠢᠭᠠᠳ ᠬᠠᠮᠢᠭ᠎ᠠ ᠨᠢᠭᠡ ᠲᠡᠢᠰᠢ ᠨᠢᠰᠣᠨ ᠤᠳᠪᠠᠴᠤ᠌ ᠦᠯᠦ᠍ ᠦᠵᠡᠭ᠌ᠳᠡᠬᠦ᠂ ᠦᠯᠦ᠍ ᠪᠠᠷᠢᠭ᠍ᠳᠠᠬᠤ ᠨᠢᠭᠡᠨ ᠱᠢᠵᠢᠮ᠎ᠢᠶᠠᠷ ᠡᠬᠡ ᠭᠠᠵᠠᠷ᠂ ᠡᠰᠡᠷᠸ᠎ᠠ ᠲᠡᠭ᠌ᠷᠢ᠎ᠯᠦᠭᠡ ᠨᠠᠮᠠᠶ᠋ᠢ ᠴᠢᠩᠭᠠᠬᠠᠨ ᠬᠤᠯᠪᠤᠵᠤ ᠲᠠᠯᠪᠢᠭᠠᠳ ᠶᠢᠷᠳᠢᠨᠴᠤ᠎ᠶ᠋ᠢᠨ ᠲᠡᠭᠦᠵᠢᠩ᠎ᠳᠤ ᠡᠪᠳᠡᠢᠭᠡᠨ ᠡᠯᠬᠦᠵᠦ᠍᠂ ᠲᠡᠭᠦᠨ᠎ᠢ᠎ᠪᠠᠨ ᠰᠦᠨᠡᠰᠦᠨ᠎ᠤ ᠨᠢᠭᠡᠳᠦᠯ ᠭᠡᠵᠦ᠍ ᠤᠴᠢᠷᠳᠡᠢᠬᠠᠨ ᠨᠡᠷᠡᠯᠡᠵᠡᠢ᠃ ᠨᠠᠷᠠᠨ ᠰᠠᠷᠠᠨ᠎ᠳᠤ ᠥᠯᠦᠬᠡᠢᠳᠡᠭᠦᠯᠦᠭ᠌ᠰᠡᠨ ᠨᠢᠭᠡᠨ ᠵᠢᠵᠢᠭ᠌ᠬᠡᠨ ᠵᠠᠪᠢ ᠬᠦᠷᠡᠩ ᠵᠢᠷᠦᠭᠡᠨ᠎ᠤ ᠮᠢᠨᠢ ᠲᠠᠩᠭᠢᠰ᠎ᠤᠨ ᠮᠠᠨᠳᠠᠯ᠎ᠳᠤ ᠠᠨᠳᠠᠭᠠᠢ᠎ᠪᠠᠨ ᠰᠠᠭᠢᠭ᠍ᠴᠢ ᠬᠦᠨᠳᠦᠳᠦ ᠬᠠᠷᠠᠭᠤᠯ ᠮᠡᠲᠦ ᠰᠤᠷᠭᠤᠭ ᠵᠤᠭ᠍ᠰᠣᠳᠠᠭ ᠪᠥᠭᠡᠳ ᠬᠡᠨ᠎ᠳᠤ ᠴᠤ᠌ ᠡᠷᠭᠡᠱᠢᠶᠡᠭ᠌ᠳᠡᠬᠦ᠌ ᠦᠬᠡᠢ᠂ ᠪᠠᠰᠠ ᠡᠵᠡᠯᠡᠭ᠌ᠳᠡᠬᠦ᠌ ᠦᠬᠡᠢ ᠠᠮᠤᠷ ᠠᠮᠤᠭᠤᠯᠠᠩ᠎ᠤᠨ ᠠᠯᠲᠠᠨ ᠨᠠᠪᠴᠢᠰ ᠲᠡᠭᠦᠨ᠎ᠠᠴᠠ ᠭᠡᠷᠡᠯᠳᠦᠳᠡᠭ ᠪᠠ ᠨᠠᠮᠣᠷ᠎ᠤᠨ ᠲᠤᠬᠠᠢ ᠢᠷᠠᠭᠤ ᠨᠠᠢᠷᠠᠭ ᠮᠢᠨᠢ ᠲᠡᠨᠳᠡ ᠵᠢᠬᠦᠷ ᠰᠥᠳᠦ᠍᠎ᠨᠢ ᠪᠥᠷᠢᠳᠦᠳᠡᠭ ᠪᠢᠯᠡ᠃  《ᠦᠨᠡᠨ᠎ᠳᠡᠭᠡᠨ ᠬᠦᠮᠦᠨ᠎ᠳᠤ ᠥᠪᠡᠷ᠎ᠠᠴᠠ᠎ᠨᠢ ᠤᠨᠳᠤᠤ ᠨᠢᠭᠡ ᠵᠠᠮ᠎ᠤᠨ ᠬᠦᠮᠦᠨ ᠬᠡᠵᠢᠶ᠎ᠡ ᠴᠤ᠌ ᠪᠠᠢᠳᠠᠭ ᠦᠬᠡᠢ ᠶᠤᠮ ᠳ᠋ᠠ᠂ ᠶᠡᠷᠦ᠍᠎ᠨᠢ᠃ ᠶᠠᠷᠢᠯᠴᠠᠬᠤ ᠴᠠᠭ ᠭᠠᠷᠭ᠎ᠠ᠂ ᠥᠪᠡᠷ᠎ᠲᠠᠢ᠎ᠪᠠᠨ ᠁》 ᠭᠡᠭ᠌ᠰᠡᠭᠡᠷ ᠡᠬᠡ ᠭᠠᠵᠠᠷ᠎ᠤᠨ ᠳᠠᠷᠤᠭᠠᠰᠣ᠎ᠶ᠋ᠢ ᠨᠡᠮᠡᠬᠦ᠌ ᠦᠬᠡᠢ ᠬᠡᠮᠡᠨ ᠤᠯᠠᠮᠵᠢᠯᠠᠯ᠎ᠢᠶᠠᠨ ᠱᠢᠲᠦᠭ᠌ᠰᠡᠨ ᠨᠠᠮᠤᠷ᠎ᠤᠨ ᠨᠠᠪᠴᠢᠰ ᠣᠳᠤᠮ᠎ᠤᠨ ᠵᠠᠩ᠎ᠢᠶᠠᠷ᠎ᠢᠶᠠᠨ ᠬᠦᠩᠭᠡᠭᠡᠨ ᠵᠦᠬᠡᠯᠡᠨ ᠪᠤᠲᠠᠷᠠᠨ᠎ᠠ᠃ ᠨᠠᠪᠴᠢᠰ ᠨᠢᠭᠤᠴᠠ ᠪᠢᠳᠡᠭᠦᠯᠢᠭ ᠲᠤᠨᠤᠮᠠᠯ ᠬᠢᠯᠪᠠᠭ᠎ᠠ᠎ᠪᠠᠨ ᠦᠪᠡᠰᠦᠪᠡᠨ ᠨᠠᠢᠷᠠᠵᠤ᠂ ᠨᠠᠮᠤᠷ᠎ᠤᠨ ᠰᠡᠷᠢᠬᠦᠨ ᠦᠳᠡᠰᠢ᠎ᠪᠠᠷ ᠤᠳᠣᠳ᠎ᠤᠨ ᠮᠥᠷᠦᠭᠡᠳᠦᠯ᠎ᠢ ᠳᠤᠳᠤᠷᠠᠭᠤᠯᠵᠤ᠂ ᠢᠯᠡ ᠬᠠᠷᠠᠭ᠍ᠳᠠᠭ᠍ᠴᠢ ᠦᠵᠡᠭ᠌ᠳᠡᠯ᠎ᠤᠨ ᠴᠠᠭᠠᠳᠤᠬᠢ᠎ᠶ᠋ᠢ ᠨᠠᠷᠢᠨ ᠰᠣᠪᠢᠵᠦ᠍ ᠠᠪᠤᠭᠠᠳ ᠶᠢᠷᠳᠢᠨᠴᠤ᠎ᠶ᠋ᠢᠨ ᠴᠢᠨᠠᠷ᠎ᠢ ᠲᠠᠨᠢᠭ᠍ᠲᠣᠨ ᠭᠡᠵᠦ᠍ ᠡᠷᠭᠢᠯᠳᠦᠨ ᠳᠡᠪᠲᠡᠷᠢᠬᠦ᠌᠎ᠳᠡᠭᠡᠨ ᠵᠤᠭᠠᠳᠠᠢ ᠭᠡᠵᠦ᠍ ᠳᠤᠳᠤᠷ᠎ᠠ᠎ᠪᠠᠨ ᠪᠠᠶᠠᠰᠤᠩᠭᠤᠢ ᠪᠤᠳᠤᠳᠠᠭ᠎ᠨᠢ ᠥᠪᠡᠷ᠎ᠢ᠎ᠪᠠᠨ ᠨᠡᠭᠡᠭᠡᠵᠦ᠍ ᠤᠯᠤᠭ᠍ᠰᠠᠨ᠎ᠤ᠎ᠬᠢ᠃ ᠰᠡᠳᠭᠢᠯ᠎ᠳᠡᠭᠡᠨ ᠶᠠᠮᠠᠷᠬᠠᠨ ᠥᠩᠭᠡ᠎ᠶ᠋ᠢ ᠵᠢᠷᠤᠨ᠎ᠠ᠂ ᠲᠡᠢᠮᠦ᠍ ᠨᠠᠮᠣᠷ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号