ᠢᠲᠡᠷ ᠶᠢᠰᠦ ᠎ᠶᠢᠨ ᠬᠦᠢᠲᠡᠨ
2023-12-21 16:44:50
ᠵᠣᠬᠢᠶᠠᠭ᠍ᠴᠢ᠄
ᠫᠦ᠌ · ᠰᠠᠨᠠᠭᠠᠷᠪᠦᠣ
ᠣᠩᠱᠢᠭ᠍ᠰᠠᠨ ᠣᠳᠠᠭ᠎ᠠ᠄
★★★☆☆

ᠦᠷ ᠭᠡᠢᠵᠡᠢ᠃ ᠶᠢᠰᠦ ᠣᠷᠣᠭ᠍ᠰᠠᠨ ᠪᠣᠯᠪᠠᠴᠤ᠌ ᠠᠭᠣᠷ ᠠᠮᠢᠰᠬᠣᠯ ᠳᠤᠯᠠᠭᠠᠬᠠᠨ᠃ ᠪᠢ ᠡᠷᠲᠡ᠎ᠶ᠋ᠢᠨ ᠬᠤᠭᠤᠯᠠᠨ ᠭᠡᠷ ᠣᠯᠵᠤ᠂ ᠱᠦᠯᠦ᠍᠎ᠲᠠᠢ ᠬᠤᠭᠤᠯᠠ ᠵᠠᠬᠢᠶᠠᠯᠠᠨ ᠬᠦᠯᠢᠶᠡᠵᠦ᠍ ᠪᠠᠢᠲᠠᠯ᠎ᠠ ᠪᠣᠳᠤᠮᠠᠯ ᠬᠠᠷ᠎ᠠ ᠠᠷᠠᠰᠤᠨ ᠮᠠᠯᠠᠭᠠᠢ ᠡᠮᠦᠰᠦᠭ᠌ᠰᠡᠨ ᠬᠢᠵᠢᠶᠡᠯ ᠨᠠᠰᠤᠨ᠎ᠤ ᠭᠤᠷᠪᠠᠨ ᠡᠷ᠎ᠡ ᠣᠷᠣᠵᠤ ᠢᠷᠡᠭᠡᠳ ᠮᠠᠨᠲᠸᠣ᠂ ᠨᠠᠷᠢᠮᠤᠨ ᠰᠦᠮᠦᠰᠦ᠂ ᠳᠠᠪᠣᠰᠣᠲᠠᠢ ᠨᠤᠭᠤᠭ᠎ᠠ ᠵᠠᠬᠢᠶᠠᠯᠠᠵᠤ ᠪᠠᠢᠯ᠎ᠠ᠃ ᠳᠦᠭᠦᠮ ᠪᠦᠬᠡᠯᠢᠭ᠂ ᠵᠤᠵᠠᠭᠠᠪᠲᠤᠷ ᠬᠤᠪᠴᠠᠰᠤ ᠡᠮᠦᠰᠴᠡᠬᠡᠵᠦ᠍᠂ ᠬᠡᠭᠡᠷ᠎ᠡ ᠭᠠᠳᠠᠨ᠎ᠠ ᠠᠵᠢᠯᠯᠠᠳᠠᠭ᠎ᠨᠢ ᠢᠯᠡᠬᠡᠨ ᠮᠡᠳᠡᠭ᠌ᠳᠡᠨ᠎ᠡ᠃ ᠠᠷᠠᠰᠤᠨ ᠮᠠᠯᠠᠭᠠᠢ᠎ᠪᠠᠨ ᠬᠤᠸᠠᠰ ᠭᠢᠲᠡᠯ᠎ᠡ ᠬᠠᠵᠠᠭᠤ ᠲᠠᠯ᠎ᠠ᠎ᠳᠠᠭᠠᠨ ᠲᠠᠯᠪᠢᠵᠠᠭᠠᠨ ᠶᠡᠬᠡᠯ᠎ᠡ ᠱᠢᠮᠡᠲᠡᠢ ᠬᠤᠷᠳᠤᠨ ᠵᠣᠭᠤᠭ᠍ᠯᠠᠵᠠᠭᠠᠨ᠎ᠠ᠃

ᠪᠢ ᠲᠡᠳᠡᠨ᠎ᠤ ᠡᠮᠦᠰᠦᠭ᠌ᠰᠡᠨ ᠡᠢᠮᠦᠷᠬᠦᠤ ᠠᠷᠠᠰᠤᠨ ᠮᠠᠯᠠᠭᠠᠢ᠎ᠶ᠋ᠢ ᠣᠯᠵᠤ ᠦᠵᠡᠭᠡᠳᠦᠢ ᠤᠨ ᠣᠲᠠᠵᠠᠢ᠃ ᠥᠨᠥ᠍ ᠢᠳᠡᠷ ᠶᠢᠰᠦ᠎ᠶ᠋ᠢᠨ ᠬᠥᠢᠲᠡᠨ᠎ᠳᠤ ᠴᠦ᠍ ᠡᠢᠮᠦ᠍ ᠮᠠᠯᠠᠭᠠᠢ ᠡᠮᠦᠰᠳᠡᠭ ᠬᠥᠮᠥᠨ ᠬᠠᠷᠠᠭᠳᠠᠬᠤ ᠪᠠᠨ ᠪᠤᠯᠢᠵᠠᠢ᠃ ᠬᠠᠪᠤᠷ ᠨᠠᠮᠤᠷ ᠨᠡᠢᠯᠡᠭᠡᠳ ᠡᠪᠦᠯ ᠦᠭᠡᠢ ᠪᠣᠯᠪᠠ ᠭᠡᠭ᠌ᠴᠢ ᠪᠤᠯᠵᠤ ᠬᠦᠮᠦᠰ ᠬᠥᠩᠭᠡᠨ ᠨᠢᠮᠭᠡᠨ᠂ ᠴᠠᠭ᠎ᠤᠨ ᠥᠩᠭᠡ᠎ᠶ᠋ᠢ ᠳᠠᠭᠠᠭ᠍ᠰᠠᠨ ᠳᠡᠪᠡᠯ ᠮᠠᠯᠠᠭᠠᠢ ᠪᠠᠷ ᠭᠠᠩᠭᠠᠷᠠᠬᠣ ᠪᠣᠯᠪᠠ᠃

ᠪᠢᠳᠡᠨ᠎ᠤ ᠪᠠᠭ᠎ᠠ᠎ᠶᠢᠨ ᠦᠶ᠎ᠡ᠎ᠶ᠋ᠢᠨ ᠡᠪᠦᠯ᠎ᠤᠨ ᠬᠦᠢᠲᠡᠨ᠎ᠢ ᠬᠡᠯᠡᠬᠦ᠌ ᠶᠤᠮ ᠪᠣᠯ ᠦᠢᠷ᠎ᠡ᠎ᠶ᠋ᠢᠨ ᠵᠢᠯ᠎ᠤᠳ ᠲᠠᠢ ᠬᠠᠷᠢᠴᠠᠭᠤᠯᠬᠤ᠎ᠶ᠋ᠢᠨ ᠠᠷᠭ᠎ᠠ ᠦᠭᠡᠢ᠃ ᠬᠦᠲᠡᠭᠡ ᠪᠡᠷ ᠶᠠᠪᠤᠳᠠᠭ ᠮᠠᠢᠮᠠᠢᠴᠢᠳ ᠪᠣᠯ ᠭᠤᠣᠯᠳᠠᠭᠤ ᠨᠣᠬᠠᠢ᠎ᠶ᠋ᠢᠨ ᠠᠷᠠᠰᠤᠨ ᠮᠠᠯᠠᠭᠠᠢ᠂ ᠭᠤᠮ ᠱᠠᠬᠠᠢ᠎ᠲᠠᠢ ᠨᠤᠬᠠᠢ ᠦᠢᠮᠡᠭᠦᠯᠦᠨ ᠭᠡᠷ᠎ᠲᠤ ᠣᠷᠣᠵᠤ ᠢᠷᠡᠭᠡᠳ ᠯᠠ ᠭᠠᠯ᠎ᠳᠤ ᠬᠥᠯ᠎ᠢᠶᠠᠨ ᠡᠭᠡᠭᠡᠨ᠎ᠠ᠃ ᠨᠤᠲᠤᠭ᠎ᠤᠨ ᠬᠥᠮᠥᠰ ᠪᠣᠯ ᠬᠤᠷᠠᠭᠠᠨ ᠠᠷᠠᠰᠤᠨ ᠮᠠᠯᠠᠭᠠᠢ᠂ ᠦᠨᠡᠭᠡᠨ ᠠᠷᠠᠰᠤᠨ ᠮᠠᠯᠠᠭᠠᠢ᠂ ᠬᠢᠮᠡᠯ ᠦᠰᠦ᠎ᠲᠠᠢ ᠠᠷᠠᠰᠤᠨ ᠮᠠᠯᠠᠭᠠᠢ ᠡᠮᠦᠰᠴᠦ᠍᠂ ᠪᠡᠶ᠎ᠡ᠎ᠳᠡᠭᠡᠨ ᠬᠤᠨᠢ ᠢᠮᠠᠭᠠᠨ ᠠᠷᠠᠰᠤᠨ ᠤᠲᠤᠮᠠᠯ ᠳᠠᠪᠠᠯ᠂ ᠰᠡᠩᠰᠡᠨ ᠳᠠᠪᠠᠯ᠂ ᠦᠵᠦᠭᠦᠷᠰᠤᠨ ᠵᠣᠪᠴᠠᠭ᠎ᠠ᠂ ᠨᠡᠬᠡᠢ ᠳᠡᠪᠡᠯ᠂ ᠬᠦᠪᠦᠩ ᠲᠠᠢ ᠣᠯᠣᠨᠳᠠᠢ ᠦᠮᠦᠳᠦ᠂ ᠠᠷᠠᠰᠤᠨ ᠦᠮᠦᠳᠦ ᠴᠦ᠍ ᠡᠮᠦᠰᠳᠡᠭ ᠪᠢᠯᠡ᠃ ᠲᠡᠷᠡ ᠦᠶ᠎ᠡ ᠵᠢᠨ ᠠᠮᠢᠳᠤᠷᠠᠯ ᠠᠬᠤᠢ ᠶᠠᠳᠠᠭᠤ᠎ᠪᠠᠢᠬᠰᠠᠨ᠎ᠤ ᠪᠠᠢᠬ᠎ᠠ᠂ ᠣᠳᠣ᠎ᠶ᠋ᠢᠨ ᠬᠤᠷᠢᠮ ᠨᠠᠢᠷ᠂ ᠵᠢᠯ ᠴᠠᠭᠠᠨ ᠰᠠᠷ᠎ᠠ᠎ᠳᠠᠭᠠᠨ ᠭᠠᠩᠭᠠᠷᠠᠳᠠᠭ ᠡᠯᠳᠡᠪ ᠥᠩᠭᠡ᠎ᠶ᠋ᠢᠨ ᠲᠣᠷᠭᠠᠨ ᠳᠡᠪᠡᠯ ᠬᠠᠷᠠᠭ᠍ᠳᠠᠳᠠᠭ ᠦᠭᠡᠢ ᠪᠠᠢᠭ᠍ᠰᠠᠨ᠃

ᠡᠪᠦᠯ᠎ᠤᠨ ᠪᠡᠯᠡᠳᠭᠡᠯ ᠭᠡᠵᠦ ᠡᠪᠡᠰᠦ ᠲᠠᠷᠢᠶ᠎ᠠ ᠪᠠᠨ ᠬᠠᠳᠤᠵᠤ ᠨᠥᠭᠡᠴᠡᠯᠡᠬᠦ᠌ ᠶᠤᠮ ᠦᠦ᠂ ᠤᠳᠤᠷᠯᠠᠨ ᠡᠪᠦᠯᠵᠢᠶᠡᠨ᠎ᠳᠡᠭᠡᠨ ᠨᠡᠭᠦᠵᠦ᠍ ᠣᠷᠣᠭ᠍ᠰᠠᠭᠠᠷ ᠡᠬᠢᠯᠡᠴᠢᠬᠡᠳᠡᠭ᠃ ᠴᠠᠷᠠᠰᠤᠨ ᠮᠣᠳᠣ ᠭᠤᠷᠪᠠ ᠲᠠᠪᠣᠨ ᠲᠡᠷᠭᠡ ᠠᠪᠴᠢᠷᠠᠭᠠᠳ ᠫᠧᠩ ᠰᠠᠷᠠᠪᠴᠢ ᠪᠠᠨ ᠵᠤᠵᠠᠭᠠᠨ ᠭᠡᠭ᠌ᠴᠢ ᠪᠠᠬᠢᠯᠡᠨ᠎ᠡ᠃ ᠬᠤᠨᠢᠨ᠎ᠤ ᠬᠤᠷᠤᠭ᠎ᠠ᠎ᠪᠠᠨ ᠪᠣᠯ ᠬᠤᠢᠨ᠎ᠠ᠂ ᠵᠡᠭᠦᠨ᠂ ᠪᠠᠷᠠᠭᠤᠨ ᠲᠠᠯ᠎ᠠ᠎ᠠᠴᠠ᠎ᠨᠢ ᠯᠦᠪᠬᠢᠲᠡᠯ᠎ᠡ ᠪᠦᠳᠡᠭᠡᠴᠢᠬᠡᠳᠡᠭ ᠪᠣᠯᠬᠤᠷ ᠳᠤᠯᠠᠭᠠᠬᠠᠨ ᠪᠠᠢᠵᠤ᠂ ᠡᠪᠦᠯ᠎ᠤᠨ ᠲᠥᠯ ᠭᠠᠷᠤᠯ᠎ᠠ ᠴᠦ᠍ ᠣᠰᠣᠯᠳᠠᠬᠤ ᠦᠭᠡᠢ᠃ ᠢᠳᠡᠷ ᠶᠢᠰᠦ᠎ᠶ᠋ᠢᠨ ᠬᠦᠢᠲᠡᠨ᠎ᠳᠤ ᠨᠢᠳᠦ ᠦᠭᠡᠢ ᠱᠢᠭᠤᠷᠭ᠎ᠠ ᠢᠰᠭᠡᠷᠣᠨ᠂ ᠲᠡᠭ᠌ᠷᠢ ᠭᠠᠵᠠᠷ ᠪᠣᠳᠣᠩᠭᠤᠢᠷᠠᠨ ᠮᠠᠯ ᠵᠠᠯᠠᠬᠤ᠎ᠶ᠋ᠢᠨ ᠠᠷᠭ᠎ᠠ ᠦᠭᠡᠢ ᠡᠳᠦᠷ᠎ᠤᠳ᠎ᠲᠤ ᠨᠥᠭᠡᠴᠡᠯᠡᠭ᠌ᠰᠡᠨ ᠡᠪᠡᠰᠦ ᠪᠠᠷ ᠳᠤᠯᠠᠭᠠᠬᠠᠨ ᠰᠠᠷᠠᠪᠴᠢᠨ᠎ᠳᠠᠭᠠᠨ ᠬᠤᠨᠢ ᠢᠮᠠᠭᠠᠳ᠂ ᠬᠥᠭ᠌ᠰᠢᠨ ᠪᠠᠭᠤᠷᠠᠢ ᠪᠣᠳᠠ ᠮᠠᠯ᠎ᠢᠶᠠᠨ ᠲᠡᠵᠢᠭᠡᠳᠡᠭ᠃

ᠨᠠᠮᠤᠷ᠎ᠤᠨ ᠰᠡᠭᠦᠯᠴᠢ᠎ᠠᠴᠠ ᠡᠬᠢᠯᠡᠭᠡᠳ ᠠᠪᠤ ᠡᠯᠵᠢᠭᠡᠨ ᠲᠡᠷᠭᠡ ᠪᠡᠷ ᠬᠡᠭᠡᠷ᠎ᠡ᠎ᠠᠴᠠ ᠲᠡᠭᠦᠵᠦ᠍ ᠣᠪᠣᠭᠠᠯᠠᠭ᠍ᠰᠠᠨ ᠠᠷᠭᠠᠯ᠎ᠢᠶᠠᠨ ᠲᠡᠭᠡᠭᠡᠵᠦ᠍᠂ ᠨᠣᠢᠲᠠᠨ ᠴᠠᠷᠠᠰᠤ᠎ᠪᠠᠷ ᠬᠦᠷᠦᠭ᠌ᠰᠡᠨ ᠬᠠᠱᠢᠶᠠᠨ᠎ᠳᠠᠭᠠᠨ ᠣᠷᠣᠭᠤᠯᠵᠣ᠂ ᠬᠥᠮᠥᠨ᠎ᠠᠴᠠ ᠦᠨᠳᠦᠷ ᠣᠪᠣᠭᠠᠯᠠᠨ᠎ᠠ᠃ ᠲᠡᠭᠡᠭᠡᠳ ᠡᠪᠣᠯ᠎ᠨᠢ ᠳᠥᠷᠪᠡ ᠬᠥᠯᠥᠭ᠌ᠰᠡᠨ ᠮᠤᠷᠢᠨ ᠲᠡᠷᠭᠡ ᠪᠣᠶᠣ ᠠᠴᠢᠶᠠᠨ᠎ᠤ ᠮᠠᠰᠢᠨ᠎ᠲᠠᠢ ᠢᠷᠡᠬᠦ᠌ ᠠᠷᠭᠠᠯ᠎ᠤᠨ ᠮᠠᠢᠮᠠᠢᠴᠢᠳ᠎ᠲᠤ ᠦᠨ᠎ᠡ ᠬᠠᠶᠠᠯᠴᠠᠨ ᠬᠤᠳᠠᠯᠳᠤᠭᠠᠳ ᠰᠠᠷ᠎ᠠ ᠱᠢᠨ᠎ᠡ᠎ᠶ᠋ᠢᠨ ᠪᠤᠤᠪᠤ ᠪᠣᠭᠤᠷᠰᠤᠭ᠂ ᠠᠷᠢᠬᠢ ᠲᠠᠮᠠᠬᠢ᠂ ᠢᠬᠢᠷ ᠱᠢᠬᠢᠷ ᠵᠦᠢᠯ ᠬᠤᠳᠠᠯᠳᠤᠨ ᠠᠪᠤᠨ᠎ᠠ᠃ ᠬᠡᠳᠦᠬᠡᠨ ᠲᠡᠷᠭᠡ ᠬᠠᠭᠤᠷᠠᠢ ᠠᠷᠭᠠᠯ᠎ᠢᠶᠠᠨ ᠲᠦᠯᠡᠬᠦ᠌ ᠪᠠᠷ ᠦᠯᠡᠳᠡᠭᠡᠭ᠌ᠰᠡᠨ ᠪᠣᠯᠬᠤᠷ ᠭᠤᠣᠯ ᠲᠦᠯᠡᠰᠢ᠎ᠪᠠᠨ ᠠᠪᠬᠤ᠎ᠪᠠᠷ ᠠᠪᠤ ᠠᠬ᠎ᠠ ᠪᠢᠳᠡ ᠡᠭᠡᠯᠵᠢᠯᠡᠨ ᠶᠠᠪᠤᠳᠠᠭ᠃ ᠵᠢᠪᠠᠷ ᠰᠠᠯᠬᠢ ᠨᠠᠮᠤᠭᠤᠬᠠᠨ ᠡᠳᠦᠷ᠎ᠤᠳ᠎ᠲᠤ ᠪᠢᠳᠡ ᠠᠭᠤᠯᠠᠨ᠎ᠳᠤ ᠭᠠᠷᠴᠤ᠌᠂ ᠨᠣᠴᠤᠬᠤ᠎ᠳᠤ ᠠᠮᠠᠷᠬᠠᠨ ᠱᠢᠪᠠᠭ᠂ ᠢᠯᠴᠢ᠎ᠨᠢ ᠳᠠᠭᠠᠭᠠᠴᠠ᠎ᠲᠠᠢ ᠬᠤᠵᠣᠣᠯ᠎ᠠ᠂ ᠵᠡᠪᠡᠨ ᠬᠠᠷ᠎ᠠ ᠴᠠᠷᠠᠰᠤᠨ ᠮᠣᠳᠣ᠎ᠶ᠋ᠢ ᠨᠡᠯᠢᠶᠡᠳ ᠲᠡᠷᠭᠡ ᠵᠥᠭᠡᠭᠡᠵᠦ᠍᠂ ᠬᠥᠢᠲᠡᠨ ᠡᠪᠦᠯ᠎ᠢ ᠠᠵᠢᠭ ᠦᠭᠡᠢ ᠲᠣᠭᠤᠯᠳᠠᠭ ᠰᠠᠨ᠃ ᠵᠤᠤᠬᠠᠨ᠎ᠳᠤ ᠳᠦᠷᠡᠯᠵᠡᠬᠦ᠌ ᠬᠤᠵᠣᠣᠯ᠎ᠠ᠂ ᠬᠢᠷᠦᠭᠡᠳᠡᠭ᠌ᠰᠡᠨ ᠲᠦᠯᠡᠭᠡᠨ ᠭᠠᠯ᠎ᠤᠨ ᠨᠢᠯᠴᠢᠬᠢᠨᠡᠭ᠌ᠰᠡᠨ ᠢᠯᠴᠢᠨ᠎ᠳᠤ ᠠᠪᠤ ᠠᠬ᠎ᠠ ᠪᠢᠳᠡ ᠭᠤᠷᠪᠠ ᠭᠡᠷ᠎ᠤᠨ ᠪᠣᠯᠣᠩ  ᠴᠣᠯᠤᠩ᠎ᠢ ᠡᠵᠡᠯᠡᠨ ᠦᠯᠢᠭᠡᠷ᠎ᠤᠨ ᠨᠣᠮ ᠤᠩᠱᠢᠨ ᠰᠠᠭᠤᠨ᠎ᠠ᠃ ᠮᠢᠨᠤ ᠵᠤᠬᠢᠶᠠᠯ ᠪᠢᠴᠢᠬᠦ ᠳᠣᠷᠠᠲᠠᠢ ᠪᠣᠯᠣᠭ᠍ᠰᠠᠨ᠎ᠨᠢ ᠴᠦ᠍ ᠲᠡᠷᠡ ᠦᠶ᠎ᠡ᠎ᠠᠴᠠ ᠡᠬᠢᠯᠡᠭ᠌ᠰᠡᠨ ᠶᠤᠮ᠃ ᠡᠵᠢ ᠪᠣᠯ ᠦᠢᠯᠡ ᠣᠶᠣᠳᠠᠯ᠎ᠤᠨ ᠲᠣᠰᠭᠠᠢ ᠡᠷᠦᠬᠡ ᠬᠡᠮᠡᠷ᠃ ᠨᠢᠭᠡ ᠭᠡᠷ᠎ᠤᠨ ᠵᠢᠷᠭᠤᠭᠠᠨ ᠠᠮᠠ ᠬᠥᠮᠥᠨ᠎ᠤ᠎ᠪᠠᠨ ᠮᠥᠷᠥ ᠪᠦᠳᠦᠨ ᠬᠥᠯ᠎ᠢ᠎ᠨᠢ ᠳᠤᠯᠠᠭᠠᠬᠠᠨ ᠶᠠᠪᠤᠭᠤᠯᠬᠤ᠎ᠪᠠᠷ ᠪᠠᠷᠠᠬᠤ ᠦᠭᠡᠢ ᠲᠦᠷᠦᠯ ᠰᠠᠳᠤᠨ᠎ᠤ᠎ᠪᠠᠨ ᠵᠢᠯ ᠣᠷᠣᠬᠤ᠂ ᠠᠬᠠᠮᠠᠳ ᠨᠠᠰᠤᠲᠠᠳ᠎ᠲᠤ ᠱᠠᠬᠠᠢ ᠭᠤᠲᠤᠯ᠂ ᠲᠡᠪᠡᠯ ᠤᠭ᠍ᠴᠤᠷ  ᠪᠡᠯᠡᠳᠭᠡᠬᠦ᠌ ᠠᠵᠢᠯ᠎ᠳᠤ ᠡᠳᠦᠷ ᠰᠦᠨᠢ ᠦᠭᠡᠢ ᠶᠠᠭᠠᠷᠠᠳᠠᠭ᠃ ᠮᠠᠨᠠᠢᠬᠢ ᠮᠠᠯ ᠵᠤᠵᠠᠭᠠᠨ ᠪᠢᠰᠢ ᠴᠦ᠍ ᠨᠢᠭᠡ ᠤᠶᠤᠳᠠᠯ᠎ᠤᠨ ᠮᠠᠱᠢᠨ᠎ᠲᠠᠢ᠂ ᠬᠠᠨᠳᠠᠭᠠᠵᠠ ᠦᠮᠦᠳᠦ᠍᠎ᠶ᠋ᠢ ᠪᠣᠯ ᠡᠵᠢ ᠥᠪᠡᠷ᠎ᠢᠶᠠᠨ ᠣᠶᠣᠴᠢᠬᠠᠨ᠎ᠠ᠂ ᠥᠭᠡᠷ᠎ᠡ ᠠᠢᠯ᠎ᠤᠨ᠎ᠬᠢ᠎ᠶ᠋ᠢ ᠴᠦ᠍᠂ ᠬᠡᠮᠵᠢᠨ ᠵᠢᠷᠤᠵᠤ᠂ ᠡᠰᠭᠡᠨ ᠤᠶᠤᠵᠤ ᠪᠠᠢᠭ᠍ᠰᠠᠨ ᠯᠠ ᠳ᠋ᠠ᠃ ᠭᠤᠲᠤᠯ ᠱᠠᠬᠠᠢ᠎ᠶ᠋ᠢ ᠪᠣᠯ ᠭᠠᠷ᠎ᠢᠶᠠᠷ ᠣᠶᠣᠵᠤ ᠱᠠᠭ᠍ᠯᠠᠨ᠎ᠠ ᠱᠢᠦ᠃ ᠡᠵᠢ ᠮᠢᠨᠢ ᠲᠣᠰᠣᠨ ᠳ᠋ᠧᠩ᠎ᠤᠨ ᠭᠡᠷᠡᠯ᠎ᠳᠤ ᠭᠤᠷᠪᠠᠨ ᠮᠠᠷᠠᠯ ᠭᠤᠳᠤᠢᠳᠠᠯ᠎ᠠ ᠬᠠᠯᠠᠭᠤᠨ ᠭᠡᠷ ᠬᠦᠷᠦᠲᠡᠯ᠎ᠡ ᠰᠠᠭᠤᠳᠠᠭ ᠪᠠᠢᠯ᠎ᠠ᠃

ᠰᠤᠷᠭᠠᠭᠤᠯᠢ ᠲᠠᠷᠬᠠᠵᠤ᠂ ᠶᠢᠰᠦ ᠡᠬᠢᠯᠡᠬᠦ᠌ ᠪᠠᠷ ᠪᠠᠷᠠᠭᠤᠨ ᠠᠢᠯ᠎ᠤᠨ ᠬᠡᠦᠬᠡᠳ ᠣᠷᠠᠬ᠎ᠠ ᠲᠠᠯᠪᠢᠨ ᠲᠠᠤᠯᠠᠢ ᠠᠪᠠᠯᠠᠵᠦ ᠬᠤᠷᠱᠢᠶᠠᠨ᠎ᠳᠤ ᠬᠤᠳᠠᠯᠳᠤᠯ᠎ᠠ ᠬᠡᠯᠴᠡᠨ᠎ᠡ᠃ ᠢᠲᠠᠭᠤ᠎ᠶ᠋ᠢ ᠪᠣᠯ ᠠᠮᠠᠷᠬᠠᠨ ᠪᠠᠷᠢᠳᠠᠭ ᠭᠡᠨ᠎ᠡ᠃ ᠪᠢ ᠴᠦ᠍ ᠡᠮᠦᠨ᠎ᠡ ᠠᠢᠯ᠎ᠤᠨ ᠡᠰᠡᠷᠡᠭ᠎ᠤᠨ ᠬᠤᠷᠱᠢᠶᠠᠨ ᠡᠴᠡ ᠨᠠᠷᠢᠨ ᠵᠥᠭᠡᠯᠡᠨ ᠲᠡᠮᠦᠷ ᠣᠳᠠᠰᠤ ᠬᠤᠳᠠᠯᠳᠤᠨ ᠠᠪᠴᠤ᠌᠂ ᠲᠠᠤᠯᠠᠢ᠎ᠶ᠋ᠢᠨ ᠵᠢᠮ ᠳᠡᠭᠡᠷ᠎ᠡ ᠬᠠᠷᠭᠠᠨ᠎ᠠ ᠱᠠᠭᠡᠷ᠎ᠤᠨ ᠳᠤᠮᠳᠠᠬᠢ ᠦᠯᠦ᠍ ᠮᠡᠳᠡᠭ ᠬᠠᠯᠴᠠᠭᠠᠢᠷᠠᠭ᠍ᠰᠠᠨ ᠵᠢᠮ ᠳᠡᠭᠡᠷ᠎ᠡ ᠠᠷᠪᠠ ᠭᠠᠷᠤᠢ ᠣᠷᠠᠬ᠎ᠠ ᠲᠠᠯᠪᠢᠴᠢᠬᠠᠭᠠᠳ ᠦᠨᠵᠢᠭᠦᠲᠡ ᠬᠤᠨᠣᠭᠤᠲᠠ ᠡᠷᠬᠢᠵᠦ ᠦᠵᠡᠨ᠎ᠡ᠃ ᠤᠷᠠᠬᠠᠨ᠎ᠳᠤ ᠮᠢᠨᠢ ᠲᠡᠭ᠌ᠵᠢᠨ ᠲᠠᠤᠯᠠᠢ ᠪᠠᠢᠲᠤᠭᠠᠢ᠂ ᠬᠤᠯᠣᠭᠠᠨ᠎ᠠ ᠵᠤᠷᠠᠮ᠎ᠠ ᠴᠦ᠍ ᠣᠨᠠᠬᠰᠠᠨ ᠣᠲᠠᠭ᠎ᠠ ᠦᠭᠡᠢ᠃

ᠪᠠᠶᠠᠨ ᠨᠢᠷᠤᠭᠤ᠎ᠠᠴᠠ ᠡᠬᠢ ᠠᠪᠤᠭᠠᠳ ᠭᠠᠴᠠᠭᠠᠨ᠎ᠤ᠎ᠵᠡᠬᠥᠨ ᠲᠠᠯ᠎ᠠ ᠪᠠᠷ ᠤᠭᠠᠯᠵᠠᠯᠠᠨ ᠤᠷᠤᠰᠤᠭᠰᠠᠨ ᠭᠤᠣᠯ ᠬᠥᠯᠳᠡᠵᠦ᠍᠂ ᠮᠠᠨᠤᠰ᠎ᠤᠨ ᠲᠤᠭ᠍ᠯᠠᠨ ᠨᠠᠭᠠᠳᠭᠤ ᠡᠬᠡ ᠪᠠᠢᠭᠠᠯᠢ᠎ᠠᠴᠠ ᠰᠣᠶᠣᠷᠬᠠᠭ᠍ᠰᠠᠨ ᠳᠠᠯᠠᠪᠤᠷ ᠪᠣᠯᠳᠠᠭ᠃ ᠪᠢᠳᠡ ᠮᠦᠰᠦᠨ ᠳᠡᠭᠡᠷ᠎ᠡ᠂ ᠰᠠᠭᠤᠨ ᠭᠤᠯᠭᠤᠬᠤ ᠳᠦᠷᠪᠡᠯᠵᠢᠨ ᠮᠣᠳᠣᠨ ᠲᠡᠷᠬᠡ ᠵᠤᠬᠢᠶᠡᠨ᠂ ᠤᠷᠲᠤᠯᠵᠢᠨ ᠬᠤᠶᠠᠷ ᠠᠷᠠᠯ᠎ᠤᠨ ᠳᠣᠣᠷ᠎ᠠ᠎ᠨᠢ ᠨᠠᠢ᠍ᠮᠠᠨ ᠢᠮᠠᠬᠤ ᠣᠷᠴᠢᠮ ᠣᠷᠲᠣ ᠰᠠᠪᠬᠠᠨ᠎ᠠᠴᠠ ᠠᠷᠠᠢ ᠨᠠᠷᠢᠨ ᠲᠡᠮᠤᠷ ᠣᠳᠠᠰᠣ ᠬᠠᠳᠠᠵᠤ᠂ ᠬᠤᠶᠠᠷ ᠭᠠᠷ᠎ᠲᠠᠭᠠᠨ ᠬᠠᠪᠲᠠᠭᠠᠢ ᠲᠡᠮᠤᠷ ᠰᠢᠭᠠᠭ᠍ᠰᠠᠨ ᠮᠤᠳᠣᠨ ᠪᠠᠷᠢᠭᠤᠯ᠎ᠲᠠᠢ ᠴᠢᠴᠢᠭᠦᠷ ᠠᠳᠭᠤᠨ᠂ ᠬᠥᠯᠢᠭᠡᠷ ᠮᠥᠰᠥᠨ ᠲᠡᠷᠭᠡᠨ᠎ᠳᠤ ᠰᠠᠭᠤᠨ ᠭᠦᠶᠦᠯᠭᠡᠬᠦ᠌᠎ᠳᠤ ᠬᠠᠪᠤᠯᠢᠭ ᠪᠣᠯᠪᠠᠴᠤ᠌ ᠨᠡᠬᠡᠢ ᠳᠡᠪᠡᠯ ᠬᠡᠲᠡᠷᠡᠴᠢᠬᠡᠭᠡᠳ ᠯᠠᠭ᠍ᠯᠠᠢᠨ ᠰᠠᠭᠤᠪᠠᠯ ᠬᠥᠳᠡᠭᠢ ᠬᠥᠱᠢᠭᠦᠨ ᠪᠠᠢᠳᠠᠭ᠃

ᠮᠠᠨ᠎ᠤ ᠨᠤᠲᠤᠭ᠎ᠲᠤ ᠠᠭᠤᠯᠠ ᠲᠣᠯᠣᠭᠠᠳ ᠤᠯᠠᠨ᠂ ᠬᠥᠨᠳᠡᠢ ᠵᠢᠯᠠᠭ᠎ᠠ ᠴᠦ᠍ ᠤᠯᠠᠨ᠃ ᠡᠪᠦᠯ᠎ᠳᠡᠭᠡᠨ ᠮᠠᠨ᠎ᠤ ᠨᠤᠲᠤᠭ᠎ᠤᠨ ᠠᠭᠤᠯᠠᠨ ᠵᠢᠯᠠᠭ᠎ᠠ ᠪᠣᠯᠭᠠᠨ᠎ᠳᠤ ᠳᠠᠪᠠᠭᠠᠨ ᠠᠷᠤ᠎ᠶ᠋ᠢᠨ ᠦᠵᠦᠮᠦᠴᠢᠨ ᠠᠢᠯ ᠦᠬᠡᠷ ᠬᠤᠨᠢᠨ ᠰᠦᠷᠦᠭ ᠲᠠᠢ ᠪᠠᠨ ᠡᠪᠦᠯᠵᠢᠳᠡᠭ᠃ ᠲᠡᠳᠡ ᠣᠪᠣᠢᠲᠠᠯ᠎ᠠ ᠬᠥᠯᠳᠡᠭ᠌ᠰᠡᠨ ᠪᠣᠶᠣ ᠳᠡᠯᠪᠡ ᠬᠥᠯᠳᠡᠭ᠌ᠰᠡᠨ ᠮᠦᠰᠦᠨ ᠲᠣᠪᠤ᠎ᠶ᠋ᠢ ᠰᠦᠬᠡ᠎ᠪᠠᠷ ᠴᠠᠪᠴᠢᠯᠠᠨ᠂ ᠲᠡᠪᠡᠷᠢ ᠪᠦᠳᠦᠭᠦᠨ ᠮᠥᠰᠥ᠎ᠶ᠋ᠢ ᠲᠡᠷᠭᠡ ᠳᠦᠭᠦᠷᠡᠩ ᠠᠴᠢᠭᠠᠳ ᠢᠰᠡᠭᠡᠢ ᠪᠦᠷᠢᠶᠡᠰᠦ᠎ᠲᠠᠢ ᠮᠣᠩᠭᠤᠯ ᠭᠡᠷ᠎ᠤᠨ᠎ᠢᠶᠠᠨ ᠬᠠᠵᠠᠭᠤᠳᠠᠬᠢ ᠳᠦᠯᠡᠭᠡ ᠮᠤᠳᠤᠨ ᠳᠡᠭᠡᠷ᠎ᠡ ᠪᠠᠭᠤᠯᠭᠠᠨ ᠤᠮᠳᠠ ᠬᠤᠭᠤᠯᠠᠨ᠎ᠳᠠᠭᠠᠨ ᠬᠡᠷᠡᠭ᠌ᠯᠡᠳᠡᠭ᠃ ᠬᠡᠦᠬᠡᠳ᠎ᠤᠳ ᠲᠡᠳᠡᠨ᠎ᠤ ᠣᠩᠭᠤᠢᠯᠭᠠᠨ ᠣᠷᠬᠢᠭ᠍ᠰᠠᠨ ᠮᠥᠰᠥᠨ ᠬᠥᠨᠳᠡᠢ᠎ᠳᠤᠨᠢ ᠱᠢᠷᠭᠤᠯᠠᠨ ᠨᠠᠭᠠᠳᠬᠤ ᠲᠤᠷᠠᠳᠠᠢ᠃ ᠬᠥᠨᠳᠡᠢ ᠳᠤᠲᠤᠷᠠᠬᠢ ᠬᠢᠷᠠᠭᠤ ᠤᠨᠠᠭ᠍ᠰᠠᠨ ᠬᠡᠮᠡᠷ ᠴᠠᠷᠴᠠᠭᠤ ᠮᠥᠰᠥᠨ ᠲᠠᠯᠠᠰᠲᠤ᠎ᠶ᠋ᠢ᠎ᠨᠢ ᠬᠠᠨᠴᠤᠢ᠂ ᠬᠤᠷᠮᠣᠢ᠎ᠪᠠᠷ ᠵᠦᠯᠭᠦᠴᠢᠬᠡᠭᠡᠳ ᠣᠷᠪᠠᠨ ᠬᠦᠷᠪᠡᠨ᠂ ᠮᠦᠯᠬᠦᠨ ᠲᠠᠭᠤᠯᠴᠠᠨ ᠨᠠᠭᠠᠳᠭᠤ᠎ᠶ᠋ᠢᠨ ᠬᠠᠪᠤ ᠴᠡᠩᠭᠡᠯ ᠭᠡᠵᠤ ᠭᠤᠶᠤ ᠶᠤᠮᠰᠠᠨ᠃ ᠮᠥᠰᠥᠨ ᠬᠥᠨᠳᠡᠢ ᠳᠤᠲᠤᠷ᠎ᠠ ᠳᠤᠯᠠᠭᠠᠬᠠᠨ᠂ ᠦᠭᠡ ᠬᠡᠯᠡᠯᠴᠡᠬᠦ᠌᠎ᠳᠤ ᠴᠤᠤᠷᠢᠶ᠎ᠠ ᠲᠡᠲᠡᠳᠠᠭ᠃ ᠱᠢᠨᠡᠯᠡᠬᠦ᠌ ᠦᠶᠡᠰ ᠮᠠᠨᠠᠢᠬᠢᠨ ᠴᠦ᠍ ᠮᠥᠰᠥ᠍ ᠬᠠᠭᠠᠯᠤᠨ ᠲᠡᠭᠡᠭᠡᠵᠦ᠍᠂ ᠬᠠᠢᠯᠣᠭᠣᠯᠣᠨ ᠬᠡᠷᠡᠭ᠌ᠯᠡᠳᠡᠭ᠃ ᠲᠡᠷᠡ ᠦᠶ᠎ᠡ᠎ᠳᠤ ᠨᠣᠬᠠᠢ ᠪᠢᠳᠡ ᠬᠤᠶᠠᠷ ᠰᠢᠷᠡᠭᠡ ᠪᠦᠬᠦ᠌ ᠲᠠᠢ ᠲᠡᠮᠡᠭᠡ ᠭᠡᠳᠡᠭ ᠠᠮᠢᠲᠠᠨ᠎ᠢ ᠣᠯᠵᠤ ᠦᠵᠡᠭᠡᠳ ᠦᠵᠡᠬᠡ ᠦᠭᠡᠢ ᠪᠠᠨ ᠦᠵᠡᠭᠰᠡᠨ ᠮᠡᠳᠤ ᠭᠠᠢᠬᠠᠰᠢᠷᠠᠬᠤ ᠪᠦᠭᠡᠳ ᠶᠡᠭᠡᠯ᠎ᠡ ᠠᠶᠤᠳᠠᠭ᠃

ᠬᠦᠢᠳᠡᠨ᠎ᠤ ᠡᠷᠴᠢ ᠯᠡ ᠭᠡᠴᠡᠬᠦᠦ ᠪᠠᠢᠭᠰᠠᠨ ᠡ᠃ ᠮᠠᠯᠠᠭᠠᠢ ᠡᠮᠦᠰᠭᠦ ᠦᠭᠡᠢ ᠮᠠᠯ ᠵᠠᠯᠠᠭᠠᠳ ᠢᠷᠡᠬᠦ᠌ ᠬᠤᠭᠤᠷᠣᠨᠳᠤ ᠴᠢᠬᠢ ᠬᠦᠯᠳᠡᠴᠢᠬᠡᠨ᠎ᠡ᠃ ᠨᠣᠯᠮᠣᠬᠤ᠎ᠳᠤ ᠱᠢᠯᠦᠰᠦ ᠭᠠᠵᠠᠷ ᠬᠦᠷᠦᠮᠡᠭᠴᠡ ᠬᠥᠯᠳᠡᠴᠢᠬᠡᠳᠡᠭ ᠪᠠᠢᠭ᠍ᠰᠠᠨ᠂ ᠣᠳᠣ ᠪᠣᠯ ᠶᠢᠰᠦ᠎ᠶ᠋ᠢᠨ ᠬᠥᠢᠲᠡᠨ᠎ᠳᠤ ᠲᠡᠯᠭᠡᠭᠦᠷ᠎ᠠᠴᠠ ᠥᠷᠥᠮ᠎ᠡ᠂ ᠭᠤᠭᠤᠳ᠂ ᠴᠠᠭᠠᠨ ᠨᠣᠭᠤᠭ᠎ᠠ ᠠᠪᠤᠭᠠᠳ ᠢᠷᠡᠬᠦ᠎ᠳᠤ ᠬᠥᠯᠳᠡᠬᠦ᠌ ᠦᠭᠡᠢ ᠪᠤᠯᠤᠭᠰᠠᠨ᠃

ᠶᠢᠰᠦ᠎ᠶ᠋ᠢᠨ ᠬᠥᠢᠲᠡᠨ᠎ᠳᠤ ᠪᠢᠳᠠ ᠵᠡᠭᠦᠨ ᠭᠤᠣᠯ᠎ᠠᠴᠠ ᠡᠳᠦᠷ ᠠᠯᠤᠰᠯᠠᠪᠠᠯ ᠨᠢᠭᠡ ᠤᠳᠠᠭ᠎ᠠ ᠣᠰᠣ ᠳᠠᠮᠨᠠᠨ᠎ᠠ᠃ ᠣᠷᠣᠰᠭᠠᠯ ᠣᠰᠣ᠎ᠨᠢ ᠬᠥᠯᠳᠡᠴᠢᠬᠡᠳᠡᠭ ᠪᠣᠯᠬᠤᠷ ᠵᠡᠭᠦᠨ ᠭᠤᠣᠯ᠎ᠤᠨ ᠪᠠᠷᠠᠭᠤᠨ ᠬᠢᠷ᠎ᠠ᠎ᠶ᠋ᠢ ᠳᠠᠭᠠᠭᠠᠳ ᠨᠡᠯᠢᠶᠡᠳ ᠶᠠᠪᠤᠪᠠᠯ ᠪᠤᠳᠠᠭ᠎ᠠ ᠬᠠᠭᠤᠷᠳᠠᠭ ᠲᠣᠭᠤᠭ᠎ᠠ ᠬᠢᠷᠢᠳᠠᠢ᠎ᠶ᠋ᠢᠨ ᠰᠣᠷᠮᠤᠤᠰᠤ᠎ᠨᠢ ᠴᠠᠩ᠎ᠲᠠᠢ ᠨᠢᠳᠦᠨ ᠪᠣᠯᠠᠭ ᠣᠷᠬᠢᠯᠵᠤ ᠪᠠᠢᠳᠠᠭ ᠶᠤᠮ᠂ ᠬᠠᠶᠠ ᠪᠢᠳᠡᠬᠦᠷᠡᠬᠦ ᠰᠢᠬᠠᠪᠠᠯ ᠬᠥᠮᠥᠰ ᠴᠦᠮᠦᠯᠵᠦ᠍ ᠥᠭ᠌ᠳᠡᠭ᠃ ᠠᠬ᠎ᠠ ᠪᠢᠳᠡ ᠬᠤᠶᠠᠭᠣᠯᠠ ᠤᠲᠤᠮᠠᠯ ᠠᠷᠠᠰᠤᠨ ᠳᠡᠪᠡᠯ ᠵᠢᠡᠨ ᠡᠮᠦᠰᠦᠭᠡᠳ ᠬᠠᠢᠷ ᠴᠢᠯᠠᠭᠤ᠎ᠲᠠᠢ ᠬᠥᠮᠥᠨ ᠮᠠᠯ᠎ᠤᠨ ᠴᠤᠪᠤᠭ᠎ᠠ᠎ᠪᠠᠷ ᠨᠢᠭᠡ ᠲᠣᠮᠣ ᠨᠢᠭᠡ ᠵᠢᠵᠢᠭ ᠬᠤᠶᠠᠷ ᠰᠠᠭᠤᠯᠠᠭ᠎ᠠ ᠣᠰᠣ᠎ᠶ᠋ᠢ ᠴᠠᠯᠬᠢᠭᠤᠯᠤᠭ᠍ᠰᠠᠭᠠᠷ ᠳᠠᠮᠨᠠᠵᠤ ᠢᠷᠡᠳᠡᠭ᠃ ᠭᠡᠷ᠎ᠲᠤ ᠣᠷᠣᠲᠠᠯ᠎ᠠ ᠰᠠᠭᠤᠯᠠᠭᠠᠨ᠎ᠤ ᠠᠮᠠᠰᠠᠷ ᠬᠤᠷᠤᠭᠤ ᠵᠤᠵᠠᠭᠠᠨ ᠬᠥᠯᠳᠡᠨ᠎ᠡ᠃ ᠲᠡᠬᠦᠨ᠎ᠢ ᠪᠣᠣᠳᠣᠣ᠎ᠶ᠋ᠢᠨ ᠳᠤᠬᠤ ᠪᠠᠷ ᠲᠣᠭ᠍ᠰᠢᠨ ᠬᠠᠭᠠᠯᠤᠭᠠᠳ ᠣᠰᠣᠨ ᠭᠠᠩ᠎ᠳᠠᠭᠠᠨ ᠴᠢᠳᠭᠤᠨ᠎ᠠ᠃ ᠪᠢᠳᠡ ᠬᠠᠷᠢᠨ ᠳᠠᠭᠠᠷᠠᠳᠠᠭ ᠦᠭᠡᠢ᠂ ᠬᠥᠯᠥᠰᠦᠨ᠎ᠳᠡᠭᠡᠨ ᠳᠡᠪᠲᠦᠴᠢᠬᠡᠭ᠌ᠰᠡᠨ ᠢᠷᠡᠳᠡᠭ᠃ ᠠᠪᠤ᠎ᠶ᠋ᠢᠨ ᠳᠡᠪᠡᠯ ᠪᠣᠯ ᠠᠷᠠᠢ ᠬᠥᠩᠭᠡᠨ᠂ ᠡᠵᠢ᠎ᠶ᠋ᠢᠨ ᠳᠡᠪᠡᠯ ᠪᠣᠯ ᠦᠰᠦ᠎ᠨᠢ ᠵᠤᠵᠠᠭᠠᠨ᠎ᠤ᠎ᠬᠢ ᠪᠢᠵᠡ᠂ ᠶᠡᠬᠡᠯ᠎ᠡ ᠬᠥᠨᠳᠦ ᠪᠠᠢᠵᠤ᠂ ᠬᠥᠳᠡᠯᠵᠦ᠍ ᠪᠠᠷᠢᠬᠤ᠎ᠳᠤ ᠲᠤᠩ ᠬᠦᠱᠢᠭᠦᠨ᠃ ᠪᠢ ᠡᠵᠢ᠎ᠶ᠋ᠢᠨ ᠲᠡᠪᠡᠯ᠎ᠢ ᠡᠮᠦᠰᠦᠭᠡᠳ᠂ ᠠᠷᠠᠰᠤᠨ ᠮᠠᠯᠠᠭᠠᠢ᠂ ᠢᠰᠡᠭᠡᠢ ᠭᠤᠲᠤᠯ᠎ᠲᠠᠢ ᠬᠤᠨᠢ ᠬᠠᠷᠢᠭᠤᠯᠬᠤ᠎ᠳᠤ ᠴᠠᠷᠠᠰᠤᠨ ᠪᠣᠲᠠᠨ᠎ᠤ ᠳᠣᠮᠳᠠ ᠴᠠᠰᠤᠨ ᠳᠡᠭᠡᠷ᠎ᠡ ᠬᠡᠪᠳᠡᠬᠦ᠌᠎ᠳᠤ ᠠᠮᠠᠨ᠎ᠠᠴᠠ ᠬᠠᠯᠠᠭᠤᠨ ᠠᠭᠤᠷ ᠰᠠᠪᠰᠠᠯᠠᠨ ᠪᠠᠢᠪᠠᠴᠤ᠌ ᠲᠠᠭᠠᠷᠠᠳᠠᠭ ᠦᠭᠡᠢ᠃

ᠮᠢᠨᠤ ᠨᠤᠲᠤᠭ᠎ᠤᠨ ᠢᠲᠡᠷ ᠶᠢᠰᠦ᠎ᠶᠢᠨ ᠬᠦᠢᠲᠡᠨ ᠡᠢᠮᠦ ᠯᠡ ᠳᠣᠷᠠᠰᠤᠮᠵᠢ ᠲᠦᠬᠦᠷᠡᠩ ᠰᠠᠢᠬᠠᠨ ᠪᠠᠢᠬᠰᠠᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号