— ᠥᠪᠥᠷ ᠮᠣᠩᠭᠣᠯ ᠤ᠋ᠨ ᠰᠥᠨᠢᠳ ᠪᠠᠷᠠᠭᠤᠨ ᠬᠣᠱᠢᠭᠤᠨ ᠤ᠋ ᠠᠷᠠᠳ ᠤ᠋ᠨ ᠵᠡᠪᠰᠡᠭ᠌ᠲᠦ ᠬᠦᠴᠦᠨ ᠤ᠋ ᠬᠡᠯᠲᠡᠰ ᠤ᠋ᠨ 《ᠤᠯᠠᠭᠠᠨ ᠪᠢᠴᠢᠭ ᠤ᠋ᠨ ᠪᠣᠭ᠍ᠴᠣ》 ᠰᠠᠢᠨ ᠳᠤᠷ᠎ᠠ ᠵᠢᠨ ᠦᠶ᠋ᠯᠡᠴᠢᠯᠡᠭᠡᠨ ᠤ᠋ ᠠᠩᠭᠢ ᠵᠢᠨ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠢ᠋ᠢ ᠨᠠᠷᠢᠨ ᠬᠢᠨᠠᠮᠠᠭᠠᠶ ᠰᠤᠷᠤᠯᠴᠠᠵᠤ ᠤᠬᠠᠭᠤᠯᠤᠨ ᠲᠤᠭᠤᠰᠢᠯᠠᠭᠤᠯᠵᠤ ᠪᠠᠢᠬᠤ ᠲᠤᠬᠠᠢ ᠪᠤᠳᠠᠳᠤ ᠲᠡᠮᠳᠡᠭ᠌ᠯᠡᠯ
ᠶᠡᠬᠡ ᠴᠠᠰᠤᠨ ᠤ᠋ ᠳᠠᠷᠠᠭ᠎ᠠ ᠥᠷᠭᠡᠨ ᠠᠭᠤᠳᠠᠮ ᠰᠥᠨᠢᠳ ᠤ᠋ᠨ ᠲᠠᠯ᠎ᠠ ᠨᠤᠲᠤᠭ ᠵᠤᠵᠠᠭᠠᠨ ᠭᠡᠭᠴᠢ ᠮᠥᠩᠭᠥᠨ ᠨᠦᠮᠦᠷᠬᠡ ᠬᠡᠳᠦᠷᠴᠠᠢ᠃
《〈ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠢᠯᠡᠳᠭᠡᠯ ᠤ᠋ᠨ ᠬᠠᠪᠰᠤᠷᠤᠨ ᠵᠢᠯᠣᠭᠣᠳᠭᠤ ᠤᠩᠱᠢᠬᠤ ᠪᠢᠴᠢᠭ〉 ᠪᠤᠯᠤᠨ ᠰᠢᠨ᠎ᠠ ᠪᠡᠷ ᠵᠠᠰᠠᠪᠤᠷᠢ ᠤᠷᠤᠭᠤᠯᠤᠭᠰᠠᠨ ᠨᠠᠮ ᠤ᠋ᠨ ᠲᠦᠷᠢᠮ ᠢ᠋ ᠨᠢᠭᠡᠨᠲᠡ ᠣᠯᠠᠨ ᠳ᠋ᠤ ᠲᠠᠷᠬᠠᠭᠠᠪᠠ ᠂ ᠣᠯᠠᠨ ᠵᠢᠡᠷ ᠢ᠋ᠢᠡᠨ ᠮᠠᠯᠵᠢᠬᠤ ᠡᠷᠦᠬᠡ ᠢ᠋ᠢᠨ ᠪᠣᠳᠠᠲᠤ ᠪᠠᠢᠳᠠᠯ ᠲᠠᠢ ᠤᠶᠠᠯᠳᠤᠭᠤᠯᠤᠨ ᠰᠠᠢᠲᠤᠷ ᠤᠬᠠᠭᠤᠯᠤᠨ ᠲᠠᠢᠯᠪᠤᠷᠢᠯᠠᠵᠤ᠂ ᠮᠠᠯᠴᠢᠳ ᠤ᠋ᠨ ᠰᠤᠨᠤᠰᠴᠤ ᠤᠢᠯᠠᠭᠠᠬᠤ᠂ ᠣᠢᠯᠠᠭᠠᠵᠤ ᠮᠡᠳᠡᠬᠦ ᠠᠷᠭ᠎ᠠ ᠬᠡᠯᠪᠡᠷᠢ ᠪᠡᠷ ᠢᠯᠡᠭᠦᠬᠡᠨ ᠲᠡᠢᠯᠪᠤᠷᠢᠯᠠᠬᠤ ᠶ᠋ᠢ ᠬᠦᠰᠡᠵᠦ᠍ ᠪᠠᠢᠨ᠎ᠠ᠃ ᠡᠨᠡ ᠡᠳᠤᠷ ᠰᠣᠶᠣᠯᠲᠤ ᠭᠤᠸᠠᠢ ᠴᠡᠩᠭᠡᠯᠳᠦ ᠳᠤᠭᠤᠢᠯᠠᠩ ᠤ᠋ᠨ ᠠᠵᠢᠯ ᠢ᠋ ᠬᠠᠷᠢᠭᠤᠴᠠᠬᠤ ᠢ᠋ᠢᠨ ᠬᠠᠮᠳᠤ ᠮᠠᠯᠴᠢᠨ ᠵᠠᠨ᠎ᠠ ᠳ᠋ᠤ ᠲᠡᠵᠢᠭᠡᠨ ᠦᠷᠡᠵᠢᠭᠦᠯᠬᠦ᠌ ᠮᠡᠳᠡᠯᠭᠡ ᠵᠢᠭᠠᠨ᠎ᠠ; ᠤᠷᠠᠡᠭᠭᠤᠸᠠ ᠭᠤᠸᠠᠢ ᠠᠷᠤ ᠬᠠᠵᠠᠭᠤ ᠳᠤᠭᠤᠢᠯᠠᠩ ᠤ᠋ᠨ ᠠᠵᠢᠯ ᠢ᠋ ᠬᠠᠷᠢᠭᠤᠴᠠᠬᠤ ᠢ᠋ᠢᠨ ᠬᠠᠮᠲᠤ ᠨᠠᠷᠠᠨᠴᠡᠴᠡᠭ ᠨᠠᠰᠤᠲᠠᠨ ᠳ᠋ᠤ ᠴᠢᠰᠤᠨ ᠳᠠᠷᠤᠯᠲᠠ ᠵᠢ ᠪᠠᠭᠤᠷᠠᠭᠤᠯᠬᠤ ᠡᠮ ᠬᠦᠷᠬᠡᠬᠦ ᠪᠡᠨ ᠪᠢᠲᠡᠬᠡᠢ ᠮᠠᠷᠲᠠᠭᠠᠷᠠᠢ ᠁》 ᠥᠷᠯᠥᠭᠡ ᠡᠷᠳᠡ ᠰᠥᠨᠢᠳ ᠪᠠᠷᠠᠭᠤᠨ ᠬᠣᠱᠢᠭᠤᠨ ᠤ᠋ ᠪᠠᠶᠠᠠᠠᠠᠭᠤᠯᠠ ᠭᠠᠴᠠᠭᠠᠨ ᠤ᠋ ᠨᠠᠮ ᠤ᠋ᠨ ᠭᠡᠱᠢᠭᠦᠨ ᠤ᠋ ᠠᠵᠢᠯᠯᠠᠭ᠎ᠠ ᠢ᠋ᠢᠨ ᠲᠥᠪ ᠲᠦ᠍ ᠨᠠᠮ ᠤ᠋ᠨ ᠡᠭᠦᠷ ᠤ᠋ᠨ ᠱᠦᠵᠢ᠂ ᠡᠷᠦᠬᠡ ᠢ᠋ᠢᠨ ᠴᠡᠷᠢᠭ ᠤ᠋ᠨ ᠰᠤᠮᠤᠨ ᠤ᠋ ᠵᠢᠭᠠᠨ ᠵᠢᠯᠣᠭᠣᠳᠣᠭ᠍ᠴᠢ ᠳᠡᠯᠭᠡᠷᠴᠣᠭ᠍ᠲᠤ 《ᠤᠯᠠᠭᠠᠨ ᠪᠢᠴᠢᠭ ᠤ᠋ᠨ ᠪᠣᠭ᠍ᠴᠣ》ᠰᠠᠢᠨ ᠳᠤᠷ᠎ᠠ ᠢ᠋ᠢᠨ ᠦᠶ᠋ᠯᠡᠴᠢᠯᠡᠭᠡᠨ ᠤ᠋ ᠠᠩᠭᠢ ᠢ᠋ᠢᠨ ᠦᠨᠳᠦᠰᠦᠨ ᠱᠠᠲᠤᠨ ᠤ᠋ ᠨᠠᠮ ᠤ᠋ᠨ ᠭᠡᠱᠢᠭᠦᠨ᠂ ᠡᠷᠦᠬᠡ ᠢ᠋ᠢᠨ ᠴᠡᠷᠢᠭ ᠲᠦ᠍ ᠰᠠᠢᠨ ᠳᠤᠷ᠎ᠠ ᠢ᠋ᠢᠨ ᠦᠶ᠋ᠯᠡᠴᠢᠯᠡᠭᠡᠨ ᠤ᠋ ᠡᠭᠦᠷᠭᠡ ᠵᠢ ᠡᠢᠨ ᠬᠦ᠌ ᠳᠠᠭᠠᠭᠠᠯᠭᠠᠪᠠ ᠃
ᠦᠢᠯᠡᠴᠢᠯᠡᠭᠡᠨ ᠤ᠋ ᠠᠩᠭᠢ ᠢ᠋ᠢᠨ ᠭᠡᠱᠢᠭᠦᠨ ᠨᠢᠭᠡ ᠪᠦᠷᠢ ᠴᠥᠮ 《ᠤᠯᠠᠭᠠᠨ ᠪᠢᠴᠢᠭ ᠤ᠋ᠨ ᠪᠣᠭ᠍ᠴᠣ》 ᠡᠭᠦᠷᠳᠡᠭᠡᠴᠡ ᠢᠩᠭᠢᠵᠦ᠍ ᠨᠠᠷᠡᠯᠡᠵᠠᠢ᠃ ᠦᠨᠡᠨ ᠳ᠋ᠡᠭᠡᠨ ᠪᠢᠴᠢᠭ ᠤ᠋ᠨ ᠪᠣᠭ᠍ᠴᠣ ᠨᠢ ᠤᠯᠠᠭᠠᠨ ᠦᠡᠭᠭᠡ ᠲᠡᠢ ᠪᠢᠰᠢ ᠶᠤᠮ᠃ ᠰᠤᠷᠪᠤᠯᠵᠢᠯᠠᠭ᠍ᠴᠢ ᠨᠠᠮ ᠤ᠋ᠨ ᠭᠡᠱᠢᠭᠦᠨ ᠤ᠋ ᠠᠵᠢᠯᠯᠠᠭ᠎ᠠ ᠵᠢᠨ ᠲᠦᠪ ᠤ᠋ᠨ ᠬᠡᠷᠡᠮ ᠳᠡᠭᠡᠷ᠎ᠡ ᠡᠴᠡ ᠡᠷᠦᠬᠡ ᠢ᠋ᠢᠨ ᠴᠡᠷᠢᠭ ᠨᠣᠭᠣᠭᠠᠨ ᠪᠢᠴᠢᠭ ᠤ᠋ᠨ ᠪᠣᠭ᠍ᠴᠣ ᠡᠭᠦᠷᠴᠦ᠍ ᠂ ᠮᠣᠷᠢ ᠪᠠᠨ ᠬᠥᠲᠥᠯᠵᠦ᠍ ᠮᠠᠯᠴᠢᠳ ᠲᠦ᠍ ᠨᠣᠮ ᠪᠢᠴᠢᠭ ᠬᠦᠷᠭᠡᠵᠦ᠍ ᠪᠠᠢᠭ᠎ᠠ ᠨᠢᠭᠡᠨ ᠬᠠᠭᠤᠴᠢᠨ ᠭᠡᠷᠡᠯ ᠵᠢᠷᠤᠭ ᠢ᠋ ᠤᠯᠵᠤ ᠬᠠᠷᠠᠯ᠎ᠠ ᠃
《ᠡᠨᠡ ᠪᠢᠴᠢᠭ ᠤ᠋ᠨ ᠪᠤᠭᠴᠤᠨ ᠳᠡᠭᠡᠷ᠎ᠠ 〈ᠠᠷᠠᠳ ᠲᠦᠮᠡᠨ ᠳ᠋ᠤ ᠦᠢᠯᠡᠴᠢᠯᠡᠨ᠎ᠡ〉 ᠭᠡᠬᠦ᠌ ᠤᠯᠠᠭᠠᠨ ᠦᠰᠦᠭ ᠤ᠋ᠨ ᠬᠠᠳᠬᠤᠮᠠᠯ ᠲᠡᠶ》 ᠬᠡᠵᠤ ᠨᠠᠶᠠᠨ ᠨᠠᠰᠤ ᠢ᠋ᠢ ᠳᠠᠪᠠᠭᠰᠠᠨ ᠭᠠᠴᠠᠭᠠᠨ ᠤ᠋ ᠤᠤᠯ ᠤ᠋ᠨ ᠨᠠᠮ ᠤ᠋ᠨ ᠡᠭᠦᠷ ᠤ᠋ᠨ ᠱᠦᠵᠢ ᠲᠤᠭᠤᠭ᠎ᠠ ᠶᠠᠷᠢᠨ᠎ᠠ᠂ ᠲᠡᠷᠡ ᠪᠤᠯ 《ᠤᠯᠠᠭᠠᠨ ᠪᠢᠴᠢᠭ ᠤ᠋ᠨ ᠪᠣᠭ᠍ᠴᠣ》 ᠰᠤᠷᠤᠯᠴᠠᠯᠭ᠎ᠠ ᠬᠦᠷᠭᠡᠬᠦ᠌ ᠠᠵᠢᠯᠯᠠᠭ᠎ᠠ ᠢ᠋ᠢᠨ ᠡᠭᠦᠰᠭᠡᠨ ᠪᠠᠢᠭᠤᠯᠤᠭ᠍ᠴᠢ ᠢ᠋ᠢᠨ ᠨᠢᠭᠡ ᠶᠤᠮᠰᠠᠨ᠃ 《1972 ᠣᠨ ᠳ᠋ᠤ ᠨᠠᠮ ᠤ᠋ᠨ ᠲᠦᠷᠦ᠍ ᠢ᠋ᠢᠨ ᠪᠤᠳᠤᠯᠭ᠎ᠠ ᠢ᠋ᠢ ᠤᠬᠠᠭᠤᠯᠤᠨ ᠲᠠᠢᠯᠪᠤᠷᠢᠯᠠᠵᠤ᠂ ᠤᠯᠠᠨ ᠲᠦᠮᠡᠨ ᠤ᠋ ᠤᠶᠤᠨ ᠰᠠᠨᠠᠭ᠎ᠠ ᠰᠣᠶᠣᠯ ᠤ᠋ᠨ ᠠᠮᠢᠳᠤᠷᠠᠯ ᠢ᠋ ᠪᠠᠶᠠᠯᠢᠭ᠍ᠵᠢᠭᠤᠯᠬᠤ ᠢ᠋ᠢᠨ ᠲᠥᠯᠥᠭᠡ᠂ ᠬᠣᠱᠢᠭᠤᠨ ᠤ᠋ ᠠᠷᠠᠳ ᠤ᠋ᠨ ᠵᠡᠪᠰᠡᠭ᠌ᠲᠦ ᠬᠦᠴᠦᠨ ᠤ᠋ ᠬᠡᠯᠲᠡᠰ ᠤ᠋ᠨ ᠵᠢᠯᠤᠭᠤᠳᠤᠯᠭ᠎ᠠ ᠪᠠ ᠬᠠᠪᠰᠤᠷᠤᠯᠭ᠎ᠠ ᠳᠣᠣᠷ᠎ᠠ ᠮᠠᠨ ᠤ᠋ ᠭᠠᠴᠠᠭᠠᠨ ᠤ᠋ ᠨᠠᠮ ᠤ᠋ᠨ ᠡᠭᠦᠷ 20 ᠭᠠᠷᠤᠢ ᠪᠢᠴᠢᠭ ᠤ᠋ᠨ ᠪᠣᠭ᠍ᠴᠣ ᠣᠶᠣᠵᠤ᠂ ᠡᠯ᠎ᠡ ᠲᠦᠷᠦᠯ ᠤ᠋ᠨ ᠨᠣᠮ ᠪᠢᠴᠢᠭ ᠢ᠋ ᠰᠠᠪᠠᠯᠠᠭᠠᠳ ᠨᠠᠮ ᠤ᠋ᠨ ᠭᠡᠱᠢᠭᠦᠨ᠂ ᠡᠷᠦᠬᠡ ᠢ᠋ᠢᠨ ᠴᠡᠷᠢᠭ ᠡᠴᠡ ᠮᠠᠯᠴᠢᠳ ᠲᠦ᠍ ᠲᠦᠭᠡᠭᠡᠵᠤ᠂ ᠲᠡᠳᠡᠨ ᠢ᠋ ᠬᠠᠪᠰᠤᠷᠤᠨ ᠨᠣᠮ ᠤᠩᠱᠢᠭᠤᠯᠵᠤ ᠦᠰᠦᠭ ᠲᠠᠨᠢᠭᠤᠯᠵᠤ᠂ ᠮᠠᠯ ᠠᠵᠤ ᠠᠬᠤᠢ ᠢ᠋ᠢᠨ ᠮᠡᠳᠡᠯᠭᠡ ᠢ᠋ᠢ ᠰᠤᠷᠤᠯᠴᠠᠭᠤᠯᠤᠭᠰᠠᠨ ᠶᠤᠮ》 ᠭᠡᠵᠤ ᠲᠤᠭᠤᠭ᠎ᠠ ᠨᠠᠰᠤᠳᠠᠨ ᠰᠤᠷᠪᠤᠯᠵᠢᠯᠠᠭᠴᠢ ᠳ᠋ᠤ ᠶᠡᠷᠢᠨ᠎ᠠ ᠃
ᠰᠥᠨᠢᠳ ᠪᠠᠷᠠᠭᠤᠨ ᠬᠣᠱᠢᠭᠤ ᠳᠤᠮᠳᠠᠳᠤ ᠮᠣᠩᠭᠣᠯ ᠤ᠋ᠨ ᠬᠢᠯᠢ ᠳ᠋ᠤ ᠪᠠᠢᠷᠢᠯᠠᠨ᠂ ᠮᠠᠯᠴᠢᠳ ᠲᠠᠷᠠᠬᠠᠶ ᠪᠤᠲᠠᠷᠬᠠᠶ ᠰᠠᠭᠤᠷᠢᠱᠢᠵᠤ᠂ ᠥᠩᠭᠡᠷᠡᠭ᠌ᠰᠡᠨ ᠳ᠋ᠤ ᠵᠠᠮ ᠬᠠᠷᠢᠯᠴᠠᠭ᠎ᠠ ᠳᠥᠭᠥᠮ ᠦᠭᠡᠢ᠂ ᠮᠡᠳᠡᠭᠡ ᠵᠠᠩᠭᠢ ᠨᠡᠪᠲᠡᠷᠡᠬᠦ ᠦᠭᠡᠢ᠂ ᠡᠳ᠋ ᠪᠣᠳᠠᠰ ᠬᠤᠮᠰᠠ᠂ ᠠᠷᠠᠳ ᠤ᠋ᠨ ᠠᠮᠢᠳᠤᠷᠠᠯ ᠶᠠᠳᠠᠭᠤ ᠵᠦᠳᠡᠭᠦᠤ ᠪᠠᠢᠪᠠ ᠃
ᠱᠢᠨ᠎ᠡ ᠴᠠᠭ ᠦᠶ᠎ᠡ ᠳ᠋ᠤ ᠤᠷᠤᠵᠤ ᠰᠥᠨᠢᠳ ᠪᠠᠷᠠᠭᠤᠨ ᠬᠣᠱᠢᠭᠤᠨ ᠤ᠋ ᠠᠷᠠᠳ ᠤ᠋ᠨ ᠵᠡᠪᠰᠡᠭ᠌ᠲᠦ ᠬᠦᠴᠦᠨ ᠤ᠋ ᠬᠡᠯᠲᠡᠰ ᠬᠠᠪᠰᠤᠷᠤᠯᠴᠠᠭ᠎ᠠ ᠪᠠᠢᠭᠤᠯᠵᠤ ᠪᠠᠶᠠᠠᠠᠠᠭᠤᠯᠠ ᠭᠠᠴᠠᠭ᠎ᠠ ᠢ᠋ᠢ ᠬᠠᠪᠰᠤᠷᠤᠨ ᠲᠡᠳᠬᠦᠭ᠌ᠰᠡᠨ ᠤ᠋ ᠳᠠᠷᠠᠭ᠎ᠠ᠂ ᠪᠠᠯᠠ ᠮᠥᠩᠭᠥ᠌ ᠣᠷᠣᠭᠤᠯᠵᠤ ᠨᠠᠮ ᠤ᠋ᠨ ᠭᠡᠱᠢᠭᠦᠨ ᠤ᠋ ᠠᠵᠢᠯᠯᠠᠭ᠎ᠠ ᠵᠢᠨ ᠲᠥᠪ᠂ 《ᠤᠯᠠᠭᠠᠨ ᠪᠢᠴᠢᠭ ᠤ᠋ᠨ ᠪᠣᠭ᠍ᠴᠣ》 ᠨᠣᠮ ᠤ᠋ᠨ ᠥᠷᠥᠭᠡ ᠪᠠᠢᠭᠤᠯᠪᠠ᠃ ᠰᠤᠷᠤᠯᠴᠠᠯᠭ᠎ᠠ ᠬᠦᠷᠭᠡᠭᠦ ᠪᠠ ᠠᠷᠠᠳ ᠢ᠋ ᠲᠤᠰᠠᠯᠠᠬᠤ ᠤᠯᠠᠮᠵᠢᠯᠠᠯ ᠢ᠋ ᠦᠷᠭᠦᠯᠵᠢᠯᠡᠨ ᠪᠠᠳᠠᠷᠠᠭᠤᠯᠵᠤ ᠂《ᠤᠯᠠᠭᠠᠨ ᠪᠢᠴᠢᠭ ᠤ᠋ᠨ ᠪᠣᠭ᠍ᠴᠣ》 ᠢ᠋ᠢᠨ ᠦᠶ᠋ᠯᠡᠳᠦᠯ ᠢ᠋ ᠨᠠᠩ ᠰᠠᠢᠲᠤᠷ ᠪᠠᠳᠠᠷᠠᠭᠤᠯᠤᠨ ᠥᠷᠭᠡᠳᠭᠡᠬᠦ᠌ ᠢ᠋ᠢᠨ ᠲᠥᠯᠥᠭᠡ᠂ ᠠᠷᠠᠳ ᠤ᠋ᠨ ᠵᠡᠪᠰᠡᠭ᠌ᠲᠦ ᠬᠦᠴᠦᠨ ᠤ᠋ ᠬᠡᠯᠲᠡᠰ ᠡᠴᠡ ᠦᠨᠳᠦᠰᠦᠨ ᠱᠠᠲᠤᠨ ᠤ᠋ ᠨᠠᠮ ᠤ᠋ᠨ ᠭᠡᠱᠢᠭᠦᠨ᠂ ᠲᠤᠰᠭᠠᠶ ᠵᠡᠪᠰᠡᠭ᠌ᠲᠦ ᠬᠦᠴᠦᠨ ᠤ᠋ ᠺᠠᠳ᠋ᠷ ᠪᠤᠯᠤᠨ ᠡᠷᠦᠬᠡ ᠢ᠋ᠢᠨ ᠴᠡᠷᠢᠭ ᠤ᠋ᠨ ᠭᠤᠤᠯᠯᠠᠭ᠍ᠴᠢᠬᠦᠴᠦᠨ ᠵᠢᠡᠷ ᠪᠦᠷᠢᠯᠳᠦᠭᠰᠡᠨ 《ᠤᠯᠠᠭᠠᠨ ᠪᠢᠴᠢᠭ ᠤ᠋ᠨ ᠪᠣᠭ᠍ᠴᠣ》 ᠰᠠᠢᠨ ᠳᠤᠷ᠎ᠠ ᠢ᠋ᠢᠨ ᠦᠶ᠋ᠯᠡᠴᠢᠯᠡᠭᠡᠨ ᠤ᠋ ᠠᠩᠭᠢ ᠢ᠋ᠢ ᠵᠣᠬᠢᠶᠠᠨ ᠪᠠᠢᠭᠤᠯᠵᠤ᠂ ᠡᠯ᠎ᠡ ᠰᠤᠮᠤ ᠪᠠᠯᠭᠠᠰᠤ ᠢ᠋ᠢᠨ ᠲᠤᠰᠭᠠᠶ ᠵᠡᠪᠰᠡᠭ᠌ᠲᠦ ᠬᠦᠴᠦᠨ ᠤ᠋ ᠺᠠᠳ᠋ᠷ ᠢ᠋ᠢᠡᠷ ᠠᠩᠭᠢ ᠢ᠋ᠢᠨ ᠳᠠᠷᠤᠭ᠎ᠠ ᠢ᠋ᠢᠨ ᠲᠤᠱᠢᠶᠠᠯ ᠢ᠋ ᠡᠭᠦᠷᠭᠡᠯᠡᠬᠦᠯᠪᠠ᠃ ᠲᠤᠰ ᠡᠩᠨᠡᠭᠡ ᠨᠢ ᠬᠠᠮᠤᠭ ᠠᠩᠬᠠᠨ ᠤ᠋ 1 ᠰᠠᠯᠠᠭ᠎ᠠ 20 ᠬᠥᠮᠦᠨ ᠲᠠᠢ ᠪᠠᠢᠭᠰᠠᠨ ᠡᠴᠡ ᠪᠡᠨ ᠤᠳᠤ 13 ᠰᠠᠯᠠᠭ᠎ᠠ 200 ᠭᠠᠷᠤᠢ ᠬᠥᠮᠦᠨ ᠲᠠᠢ ᠪᠤᠯᠵᠤ᠂ ᠰᠤᠷᠤᠯᠴᠠᠯᠭ᠎ᠠ ᠪᠠ ᠰᠠᠢ᠌ᠨ ᠳᠤᠷ᠎ᠠ ᠢ᠋ᠢᠨ ᠦᠢᠯᠡᠴᠢᠯᠡᠭᠡ ᠢ᠋ᠢ ᠨᠢᠭ᠍ᠲᠠ ᠤᠶᠠᠯᠳᠤᠭᠤᠯᠵᠤ᠂ ᠠᠵᠢᠯᠯᠠᠭ᠎ᠠ ᠢ᠋ᠢᠨ ᠬᠦᠷᠢᠶ᠎ᠠ ᠬᠡᠪᠴᠢᠶ᠎ᠠ ᠨᠢ ᠪᠦᠬᠦ᠌ ᠬᠣᠱᠢᠭᠤ ᠢ᠋ᠢ ᠪᠦᠷᠬᠦᠭᠰᠡᠨ ᠪᠠᠢᠨ᠎ᠠ᠃
《ᠨᠠᠮ ᠤ᠋ᠨ ᠲᠦᠷᠦ᠍ ᠢ᠋ᠢᠨ ᠪᠤᠳᠤᠯᠭ᠎ᠠ ᠢ᠋ᠢ ᠤᠬᠠᠭᠤᠯᠤᠨ ᠲᠠᠢᠯᠪᠤᠷᠢᠯᠠᠵᠤ᠂ ᠪᠠᠶᠠᠵᠢᠨ ᠴᠢᠨᠡᠬᠡᠯᠢᠭᠵᠢᠬᠦ ᠮᠡᠷᠭᠡᠵᠢᠯ ᠢ᠋ ᠤᠯᠠᠮᠵᠢᠯᠠᠨ᠂ ᠪᠣᠳᠠᠲᠠᠢ ᠬᠦᠴᠢᠷᠳᠡᠯ ᠢ᠋ ᠨᠢ ᠱᠢᠢᠳᠪᠦᠷᠢᠯᠡᠵᠦ᠍᠂〈ᠤᠯᠠᠭᠠᠨ ᠪᠢᠴᠢᠭ ᠤ᠋ᠨ ᠪᠣᠭ᠍ᠴᠣ〉 ᠰᠠᠢ᠌ᠨ ᠳᠤᠷ᠎ᠠ ᠢ᠋ᠢᠨ ᠦᠢᠯᠡᠴᠢᠯᠡᠭᠡᠨ ᠤ᠋ ᠠᠩᠬᠢ ᠮᠠᠯᠴᠢᠳ ᠤ᠋ᠨ ᠬᠦᠷᠢᠶᠡᠯᠡᠯ ᠢ᠋ ᠶᠡᠬᠡᠲᠡ ᠤᠯᠪᠠ》 ᠭᠡᠵᠦ᠍ ᠡᠷᠦᠬᠡ ᠢ᠋ᠢᠨ ᠴᠡᠷᠢᠭ ᠰᠣᠶᠣᠯᠲᠤ ᠰᠤᠷᠪᠤᠯᠵᠢᠯᠠᠭ᠍ᠴᠢ ᠳ᠋ᠤ ᠬᠡᠯᠡᠨ᠎ᠠ᠃ ᠲᠤᠬᠠᠶ ᠢ᠋ᠢᠨ ᠡᠳᠦᠷ ᠡᠭᠦᠷᠭᠡ ᠬᠦᠯᠢᠶᠡᠭ᠌ᠰᠡᠨ ᠤ᠋ ᠳᠠᠷᠠᠭ᠎ᠠ᠂ ᠲᠡᠷᠡ ᠲᠡᠵᠢᠭᠡᠨ ᠦᠷᠡᠵᠢᠭᠦᠯᠬᠦ᠌ ᠲᠤᠷᠱᠢᠯᠭ᠎ᠠ ᠪᠠᠷ ᠪᠠᠶᠠᠯᠢᠭ ᠪᠠᠢᠳᠠᠭ ᠰᠠᠢᠨ ᠳᠤᠷ᠎ᠠ ᠢ᠋ᠢᠨ ᠦᠶ᠋ᠯᠡᠴᠢᠯᠡᠭᠡᠨ ᠤ᠋ ᠠᠩᠭᠢ ᠢ᠋ᠢᠨ ᠭᠡᠱᠢᠭᠦᠨ ᠠᠯᠲᠠᠨ ᠢ᠋ ᠳᠠᠭᠤᠳᠠᠵᠤ ᠂ ᠡᠷᠳᠡᠨᠢᠪᠤᠯᠠᠭ ᠭᠠᠴᠠᠭᠠᠨ ᠤ᠋ ᠵᠠᠨ᠎ᠠ ᠢ᠋ᠢᠨ ᠳ᠋ᠤ ᠬᠠᠮᠲᠤ ᠣᠴᠢᠪᠠ᠃
《〈ᠤᠯᠠᠭᠠᠨ ᠪᠢᠴᠢᠭ ᠤ᠋ᠨ ᠪᠣᠭ᠍ᠴᠣ〉 ᠰᠠᠢᠨ ᠳᠤᠷ᠎ᠠ ᠢ᠋ᠢᠨ ᠦᠶ᠋ᠯᠡᠴᠢᠯᠡᠭᠡᠨ ᠤ᠋ ᠠᠩᠭᠢ ᠪᠠᠢᠭᠰᠠᠨ ᠡᠴᠡ ᠢᠲᠡᠭᠡᠯ ᠲᠡᠭᠦᠯᠳᠡᠷ ᠪᠠᠢᠨ᠎ᠠ᠂ ᠪᠢ ᠮᠠᠯᠵᠢᠯ ᠤ᠋ᠨ ᠬᠡᠪᠴᠢᠶ᠎ᠡ ᠪᠡᠨ ᠥᠷᠭᠡᠳᠭᠡᠬᠦ᠌ ᠪᠡᠷ ᠪᠡᠯᠡᠳᠭᠡᠵᠦ᠍ ᠪᠠᠢᠨ᠎ᠠ》ᠭᠡᠵᠤ ᠮᠠᠯᠴᠢᠨ ᠵᠠᠨ᠎ᠠ ᠬᠣᠶᠠᠷ ᠭᠡᠱᠢᠭᠦᠨ ᠲᠡᠶ ᠳᠠᠷᠠᠭᠠᠴᠢ ᠢ᠋ᠢᠨ ᠠᠯᠬᠤᠮ ᠤ᠋ᠨ ᠲᠥᠯᠥᠪᠯᠡᠭᠡ ᠪᠡᠨ ᠶᠠᠷᠢᠯᠴᠠᠯ᠎ᠠ᠃ ᠲᠡᠷᠡ ᠦᠩᠬᠡᠷᠡᠭᠰᠡᠨ ᠳ᠋ᠤ ᠦᠶ᠋ᠯᠡᠴᠢᠯᠡᠭᠡᠨ ᠤ᠋ ᠠᠩᠭᠢ ᠢ᠋ᠢᠨ ᠭᠡᠱᠢᠭᠦᠳ ᠤ᠋ᠨ ᠲᠠᠢᠯᠤᠮᠵᠢ ᠪᠠᠷ ᠳᠡᠮᠵᠢᠨ 《7·1 ᠤ᠋ ᠭᠠᠪᠢᠶᠠᠨ ᠲᠡᠮᠳᠡᠭ》 ᠬᠦᠷᠲᠡᠭ᠌ᠴᠢ ᠲᠢᠩ ᠪᠠᠭᠠᠲᠤᠷ ᠤ᠋ᠨ ᠰᠠᠨᠠᠭᠠᠴᠢᠯᠠᠭ᠍ᠰᠠᠨ ᠪᠤᠭ ᠮᠠᠯ ᠢ᠋ ᠴᠥᠭᠡᠴᠢᠯᠡᠵᠦ᠍ ᠦᠬᠡᠷ ᠢ᠋ ᠨᠡᠮᠡᠭ᠌ᠳᠡᠭᠦᠯᠬᠦ᠌᠂ ᠰᠡᠯᠬᠦᠨ ᠮᠠᠯᠵᠢᠬᠤ᠂ ᠪᠡᠯᠴᠢᠬᠡᠷ ᠤ᠋ᠨ ᠠᠮᠢ ᠠᠬᠤᠶ ᠢ᠋ᠢ ᠰᠠᠢᠵᠢᠷᠠᠭᠤᠯᠬᠤ ᠲᠡᠷᠢᠭᠦᠨ ᠤ᠋ ᠣᠢᠯᠠᠭᠠᠭ᠍ᠳᠠᠬᠤᠨ ᠢ᠋ ᠰᠤᠷᠤᠯᠴᠠᠵᠤ᠂ ᠳᠠᠷᠠᠭ᠎ᠠ ᠨᠢ ᠮᠠᠯᠵᠢᠯ ᠤ᠋ᠨ ᠠᠷᠭ᠎ᠠ ᠬᠡᠯᠪᠡᠷᠢ ᠪᠡᠨ ᠰᠠᠢᠵᠢᠷᠠᠭᠤᠯᠵᠤ᠂ ᠣᠷᠣᠯᠭ᠎ᠠ ᠪᠠᠨ ᠨᠡᠮᠡᠭ᠌ᠳᠡᠭᠦᠯᠦᠭᠰᠡᠨ ᠶᠤᠮ᠃ ᠣᠢᠷ᠎ᠠ ᠢ᠋ᠢᠨ ᠵᠢᠯ ᠳ᠋ᠤ ᠪᠣᠬᠢᠷᠲᠤᠯ ᠥᠬᠡᠶ ᠪᠡᠷ ᠬᠦᠭᠵᠢᠬᠦᠯᠬᠦ᠂ ᠮᠠᠯ ᠪᠡᠯᠴᠢᠭᠡᠷ ᠤ᠋ᠨ ᠲᠡᠩᠴᠡᠭᠦᠷᠢ ᠵᠢ ᠪᠠᠳᠤᠯᠠᠬᠤ ᠵᠡᠷᠭᠡ ᠣᠢᠯᠠᠭᠠᠭ᠍ᠳᠠᠬᠤᠨ ᠮᠠᠯᠴᠢᠳ ᠤ᠋ᠨ ᠰᠡᠳᠭᠢᠯ ᠳ᠋ᠤ ᠭᠦᠨ ᠬᠠᠳᠠᠩᠱᠢᠪᠠ᠃ ᠮᠠᠯᠴᠢᠳ ᠤ᠋ᠨ ᠮᠠᠯ ᠤ᠋ᠨ ᠠᠰᠢᠭ ᠰᠢᠮ᠎ᠠ ᠵᠢᠨ ᠭᠠᠷᠤᠯᠲᠠ ᠢ᠋ᠢ ᠨᠡᠮᠡᠭ᠌ᠳᠡᠭᠦᠯᠬᠦ᠌ ᠬᠡᠷᠡᠭᠴᠡᠬᠡ ᠱᠠᠭᠠᠷᠳᠠᠯᠭ᠎ᠠ ᠢ᠋ᠢ ᠬᠠᠩᠭᠠᠬᠤ ᠢ᠋ᠢᠨ ᠲᠥᠯᠥᠭᠡ᠂ ᠦᠢᠯᠡᠴᠢᠯᠡᠭᠡᠨ ᠤ᠋ ᠠᠩᠬᠢ ᠨᠢ ᠮᠠᠯ ᠠᠵᠤ ᠠᠬᠤᠢ ᠢ᠋ᠢᠨ ᠮᠡᠷᠭᠡᠵᠢᠯ ᠤ᠋ᠨ ᠦᠢᠯᠡᠴᠢᠯᠡᠭᠡᠨ ᠤ᠋ ᠬᠤᠪᠢᠶᠠᠷᠢ ᠠᠩᠬᠢ ᠢ᠋ᠢ ᠪᠠᠢᠭᠤᠯᠵᠤ᠂ ᠮᠠᠯᠴᠢᠳ ᠲᠦ᠍ ᠲᠡᠵᠢᠭᠡᠨ ᠦᠷᠡᠵᠢᠭᠦᠯᠬᠦ ᠱᠢᠨ᠎ᠡ ᠮᠡᠷᠭᠡᠵᠢᠯ ᠢ᠋ ᠤᠯᠠᠮᠵᠢᠯᠠᠭᠰᠠᠨ ᠠᠵᠢ᠃
3 ᠳᠡᠪᠲᠡᠷ ᠨᠣᠮ᠂ 2 ᠪᠠᠭ᠍ᠯᠠᠭᠠ ᠡᠮ᠂ 1 ᠴᠢᠰᠤᠨ ᠳᠠᠷᠤᠯᠲᠠ ᠢ᠋ᠢᠨ ᠬᠡᠮᠵᠢᠭᠦᠷ ᠁ ᠡᠮᠴᠢ ᠤᠷᠠᠡᠭᠭᠤᠸᠠ 《ᠤᠯᠠᠭᠠᠨ ᠪᠢᠴᠢᠭ ᠤ᠋ᠨ ᠪᠣᠭ᠍ᠴᠣ》ᠳᠣᠲᠣᠷᠠᠬᠢ ᠶᠠᠭᠤᠮ᠎ᠠ ᠪᠡᠨ ᠪᠦᠷᠢᠳᠭᠡᠭᠡᠳ ᠲᠡᠷᠭᠡ ᠪᠡᠨ ᠵᠢᠯᠣᠭᠣᠳᠤᠨ ᠮᠣᠷᠳᠠᠯ᠎ᠠ᠃ ᠲᠡᠷᠡ ᠮᠠᠯᠴᠢᠳ ᠲᠦ᠍ ᠨᠣᠮ ᠬᠦᠷᠭᠡᠵᠤ ᠂ ᠬᠠᠮᠤᠭ ᠤ᠋ᠨ ᠱᠢᠨ᠎ᠡ ᠡᠮᠴᠢᠯᠡᠬᠡᠨ ᠤ᠋ ᠳᠠᠭᠠᠳᠭᠠᠯ ᠤ᠋ᠨ ᠲᠥᠷᠥ ᠢ᠋ᠢᠨ ᠪᠣᠳᠣᠯᠭ᠎ᠠ ᠢ᠋ᠢ ᠲᠠᠨᠢᠯᠴᠠᠭᠤᠯᠬᠤᠡᠴᠡ ᠭᠠᠳᠠᠨ᠎ᠠ ᠪᠠᠰᠠ 84 ᠲᠠᠢ ᠨᠠᠷᠠᠨᠴᠡᠴᠡᠭ ᠨᠠᠰᠤᠲᠠᠨ ᠳ᠋ᠤ ᠪᠡᠶ᠎ᠡ ᠢ᠋ᠢᠨ ᠪᠠᠢᠴᠠᠭᠠᠯᠲᠠ ᠬᠢᠵᠦ᠍ ᠥᠭ᠌ᠭᠦᠨᠡ᠃ ᠤᠷᠠᠡᠭᠭᠤᠸᠠ ᠲᠣᠭ᠍ᠲᠠᠮᠠᠯ ᠬᠤᠭᠤᠴᠠᠭ᠎ᠠ ᠲᠠᠢ ᠪᠠᠷ ᠨᠠᠰᠤᠲᠠᠨ ᠤ᠋ ᠴᠢᠰᠤᠨ ᠳᠠᠷᠤᠯᠲᠠ ᠢ᠋ᠢ ᠪᠠᠢᠴᠠᠭᠠᠬᠤ ᠪᠡᠷ ᠪᠠᠷᠠᠬᠤ ᠦᠭᠡᠶ ᠪᠠᠰᠠ 10 ᠭᠠᠷᠤᠶ ᠡᠷᠦᠬᠡ ᠢ᠋ᠢᠨ ᠮᠠᠯᠴᠢᠳ ᠢ᠋ ᠬᠠᠪᠰᠤᠷᠤᠨ ᠬᠥᠳᠡᠭᠡ ᠲᠣᠰᠭᠣᠨ ᠤ᠋ ᠱᠢᠨ᠎ᠡ ᠮᠠᠶᠢᠭ ᠤ᠋ᠨ ᠬᠣᠷᠱᠢᠭ᠍ᠰᠠᠨ ᠡᠮᠴᠢᠯᠡᠬᠡᠨ ᠤ᠋ ᠳᠠᠭᠠᠳᠭᠠᠯ ᠤ᠋ᠨ ᠭᠠᠷᠳᠠᠮ ᠢ᠋ ᠭᠦᠢᠴᠡᠳᠭᠡᠵᠦ᠍ ᠥᠭ᠌ᠴᠡᠶ ᠃
ᠡᠲᠡᠭᠡᠷ ᠵᠢᠯ ᠤ᠋ᠳ ᠲᠦ᠍ ᠮᠣᠷᠢ ᠤᠨᠤᠵᠤ ᠰᠤᠷᠤᠯᠴᠠᠯᠭ᠎ᠠ ᠬᠦᠷᠭᠡᠬᠦ᠌ ᠡᠴᠡ ᠠᠪᠤᠭᠠᠳ ᠲᠡᠷᠭᠡ ᠵᠢᠯᠣᠭᠣᠳᠴᠤ᠌ ᠰᠤᠷᠤᠯᠴᠠᠯᠭ᠎ᠠ ᠬᠦᠷᠭᠡᠬᠦ᠌ ᠬᠦᠷᠲᠡᠯ᠎ᠡ᠂ 《ᠤᠯᠠᠭᠠᠨ ᠪᠢᠴᠢᠭ ᠤ᠋ᠨ ᠪᠣᠭ᠍ᠴᠣ》 ᠰᠠᠢᠨ ᠳᠤᠷ᠎ᠠ ᠢ᠋ᠢᠨ ᠦᠢᠯᠡᠴᠢᠯᠡᠭᠡ ᠢ᠋ᠢᠨ ᠠᠭᠤᠯᠭ᠎ᠠ ᠲᠠᠰᠤᠷᠠᠯᠲᠠ ᠥᠬᠡᠶ ᠪᠠᠶᠠᠯᠢᠭ᠍ᠵᠢᠵᠤ ᠂ ᠠᠵᠢᠯᠯᠠᠭ᠎ᠠ ᠢ᠋ᠢᠨ ᠵᠠᠮ ᠮᠥᠷ ᠲᠠᠰᠤᠷᠠᠯᠲᠠ ᠥᠬᠡᠶ ᠦᠷᠬᠡᠳᠦᠭᠰᠡᠨ ᠪᠠᠢᠨ᠎ᠠ᠃
ᠰᠤᠷᠪᠤᠯᠵᠢᠯᠠᠭ᠍ᠴᠢ ᠪᠠᠶᠠᠠᠠᠠᠭᠤᠯᠠ ᠭᠠᠴᠠᠭᠠᠨ ᠤ᠋ 《ᠤᠯᠠᠭᠠᠨ ᠪᠢᠴᠢᠭ ᠤ᠋ᠨ ᠪᠣᠭ᠍ᠴᠣ》 ᠨᠣᠮ ᠤ᠋ᠨ ᠥᠷᠥᠭᠡ ᠢ᠋ᠢᠨ ᠵᠠᠷᠯᠠᠯ ᠤ᠋ᠨ ᠰᠠᠮᠪᠠᠷ᠎ᠠ ᠡᠴᠡ ᠤᠯᠠᠷᠢᠯ ᠪᠦᠷᠢ ᠢ᠋ᠢᠨ ᠰᠤᠷᠤᠯᠴᠠᠬᠤ ᠪᠠ ᠬᠦᠷᠭᠡᠬᠦ᠌ ᠡᠳ᠋ ᠪᠣᠳᠠᠰ ᠤ᠋ᠨ ᠨᠠᠷᠢᠨ ᠲᠠᠩᠰᠠ ᠢ᠋ᠢ ᠣᠯᠵᠤ ᠬᠠᠷᠠᠯ᠎ᠠ᠂ ᠡᠭᠦᠨ ᠳ᠋ᠤ ᠨᠠᠮ ᠤ᠋ᠨ ᠦᠨᠳᠦᠰᠦᠲᠡᠨ ᠤ᠋ ᠲᠥᠷᠥ ᠢ᠋ᠢᠨ ᠪᠣᠳᠣᠯᠭ᠎ᠠ᠂ ᠤᠯᠤᠰ ᠤ᠋ᠨ ᠪᠠᠲᠤᠯᠠᠨ ᠬᠠᠮᠠᠭᠠᠯᠠᠯᠲᠠ ᠢ᠋ᠢᠨ ᠰᠤᠷᠭᠠᠨ ᠬᠥᠮᠦᠵᠢᠯ᠂ ᠮᠠᠯ ᠠᠵᠤ ᠠᠬᠤᠶᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠵᠡᠷᠭᠡ ᠨᠣᠮ ᠪᠢᠴᠢᠭ ᠪᠠᠢᠬᠤ ᠪᠥᠭᠡᠳ ᠪᠠᠰᠠ ᠣᠯᠠᠨ ᠵᠦᠶ᠋ᠯ ᠤ᠋ᠨ ᠪᠠᠢᠩᠭᠤ ᠬᠡᠷᠡᠭ᠌ᠯᠡᠬᠦ᠌ ᠡᠮ ᠤ᠋ᠨ ᠵᠦᠶ᠋ᠯ ᠪᠠ ᠡᠮᠴᠢᠯᠡᠭᠡᠨ ᠤ᠋ ᠪᠠᠭᠠᠵᠢ ᠬᠡᠷᠡᠭ᠌ᠰᠡᠯ ᠪᠠᠢᠪᠠ᠃
《ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠢᠯᠡᠳᠭᠡᠯ ᠳ᠋ᠤ ᠂ ᠬᠤᠪᠢᠰᠭᠠᠯ ᠤ᠋ᠨ ᠬᠠᠭᠤᠴᠢᠨ ᠰᠠᠭᠤᠷᠢᠨ ᠭᠠᠵᠠᠷ᠂ ᠦᠨᠳᠦᠰᠦᠲᠡᠨ ᠤ᠋ ᠭᠠᠵᠠᠷ ᠣᠷᠣᠨ ᠤ᠋ ᠬᠥᠭ᠌ᠵᠢᠯᠲᠡ ᠢ᠋ᠢ ᠲᠦᠷᠭᠡᠳᠬᠡᠬᠦ ᠢ᠋ᠢ ᠳᠡᠮᠵᠢᠵᠤ᠂ ᠬᠢᠯᠢ ᠬᠢᠵᠠᠭᠠᠷ ᠣᠷᠣᠨ ᠤ᠋ ᠪᠥᠲᠥᠭᠡᠨ ᠪᠠᠢᠭᠤᠯᠤᠯᠲᠠ ᠢ᠋ᠢ ᠴᠢᠩᠭᠠᠳᠭᠠᠨ᠂ ᠬᠢᠯᠢ ᠬᠢᠵᠠᠭᠠᠷ ᠣᠷᠣᠨ ᠢ᠋ ᠬᠥᠭ᠌ᠵᠢᠭᠦᠯᠦᠨ ᠠᠷᠠᠳ ᠢ᠋ ᠪᠠᠶᠠᠵᠢᠭᠤᠯᠬᠤ᠂ ᠬᠢᠯᠢ ᠬᠢᠵᠠᠭᠠᠷ ᠢ᠋ ᠲᠣᠭ᠍ᠲᠠᠪᠤᠷᠢᠵᠢᠭᠤᠯᠤᠨ ᠪᠡᠬᠢᠵᠢᠭᠦᠯᠬᠦ᠌ ᠢ᠋ᠢ ᠠᠬᠢᠭᠤᠯᠤᠨ᠎ᠠ ᠭᠡᠵᠦ᠍ ᠳᠤᠷᠠᠳᠴᠠᠶ ᠁》ᠣᠷᠣᠶ ᠢ᠋ᠢᠨ 8 ᠴᠠᠭ ᠲᠦ᠍ ᠡᠷᠢᠶᠡᠨᠨᠠᠭᠤᠷ ᠰᠤᠮᠤ ᠢ᠋ᠢᠨ ᠵᠢᠪᠬᠤᠯᠠᠩᠲᠤ ᠭᠠᠴᠠᠭᠠᠨ ᠤ᠋ ᠲᠡᠮᠦᠷ ᠤ᠋ᠨ ᠭᠡᠷ ᠲᠤ᠌ ᠱᠢᠭᠤᠳ ᠨᠡᠪᠲᠡᠷᠡᠭᠦᠯᠭᠡ ᠲᠤᠭᠲᠠᠭᠰᠠᠨ ᠴᠠᠭ ᠲᠠᠭᠠᠨ ᠡᠬᠢᠯᠡᠪᠡ᠃ ᠲᠡᠮᠦᠷ ᠪᠣᠯ ᠨᠢᠭᠡᠨ ᠱᠢᠯᠢᠳᠡᠭ ᠡᠷᠦᠬᠡ ᠢ᠋ᠢᠨ ᠴᠡᠷᠢᠭ ᠤ᠋ᠨ ᠬᠢᠯᠢ ᠬᠠᠮᠠᠭᠠᠯᠠᠭ᠍ᠴᠢ ᠪᠠᠢᠵᠤ᠂ 30 ᠭᠠᠷᠤᠶ ᠵᠢᠯ ᠬᠢᠯᠢ ᠰᠠᠬᠢᠵᠤ ᠬᠢᠯᠢ ᠴᠠᠭ᠍ᠳᠠᠵᠤ ᠢᠷᠡᠵᠠᠢ᠃ ᠲᠡᠷᠡ ᠱᠢᠨ᠎ᠡ ᠲᠡᠷᠯᠢᠭ ᠵᠢᠡᠨ ᠡᠮᠦᠰᠤᠬᠡᠳ ᠭᠠᠷ ᠤᠲᠠᠰᠤᠨ ᠤ᠋ ᠱᠢᠭᠤᠳ ᠨᠡᠪᠲᠡᠷᠡᠭᠦᠯᠭᠡ ᠢ᠋ᠢᠡᠨ ᠨᠡᠭᠡᠭᠡᠵᠦ᠍᠂ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠢ᠋ᠢ ᠤᠬᠠᠭᠤᠯᠤᠨ ᠲᠠᠢᠯᠪᠤᠷᠢᠯᠠᠵᠤ᠂ ᠤᠯᠠᠨ ᠢ᠋ ᠦᠷᠭᠦᠯᠵᠢᠯᠡᠨ ᠬᠢᠯᠢ ᠬᠢᠵᠠᠭᠠᠷ ᠢ᠋ᠢᠡᠨ ᠴᠢᠷᠮᠠᠢᠨ ᠪᠦᠳᠦᠭᠡᠨ ᠪᠠᠢᠭᠤᠯᠵᠤ᠂ ᠦᠵᠡᠰᠭᠦᠯᠡᠩᠲᠦ ᠰᠠᠢᠬᠠᠨ ᠭᠡᠷ ᠣᠷᠣᠨ ᠢ᠋ᠢᠡᠨ ᠰᠠᠬᠢᠨ ᠬᠠᠮᠠᠭᠠᠯᠠᠭᠠᠷᠠᠢ ᠭᠡᠵᠦ᠍ ᠵᠣᠷᠢᠭ᠍ᠵᠢᠭᠤᠯᠪᠠ᠃
ᠤᠳᠤ ᠪᠥᠬᠥ᠌ ᠬᠣᠱᠢᠭᠤᠨ ᠳ᠋ᠤ ᠴᠥᠮ ᠰᠦᠯᠵᠢᠶ᠎ᠡ ᠨᠡᠪᠲᠡᠷᠡᠵᠦ᠍᠂ 《ᠤᠯᠠᠭᠠᠨ ᠪᠢᠴᠢᠭ ᠤ᠋ᠨ ᠪᠣᠭ᠍ᠴᠣ》 ᠰᠠᠢᠨ ᠳᠤᠷ᠎ᠠ ᠢ᠋ᠢᠨ ᠦᠶ᠋ᠯᠡᠴᠢᠯᠡᠭᠡᠨ ᠤ᠋ ᠠᠩᠭᠢ ᠵᠢᠨ ᠬᠢᠨ ᠴᠠᠭ ᠦᠶ᠎ᠡ ᠢ᠋ᠢ ᠳᠠᠭᠠᠨ ᠱᠢᠭᠤᠳ ᠨᠡᠪᠲᠡᠷᠡᠭᠦᠯᠭᠡ ᠢ᠋ᠢᠨ ᠲᠠᠰᠤᠭ ᠭᠠᠷᠭᠠᠵᠤ᠂ ᠵᠢᠷᠭᠢᠶ᠎ᠠ ᠢ᠋ᠢᠨ ᠴᠤᠭ᠍ᠯᠠᠷᠠᠯ ᠪᠠᠢᠭᠤᠯᠤᠨ᠂ ᠣᠯᠠᠨ ᠨᠡᠢᠲᠡ ᠢ᠋ᠢᠨ ᠲᠡᠪᠴᠡᠡᠭ ᠪᠦᠷᠢᠳᠬᠡᠭᠦᠯᠵᠦ᠍᠂ 《ᠡᠭᠦᠯᠡᠨ ᠬᠦᠷᠭᠡᠯᠲᠡ ᠢ᠋ᠢᠨ ᠰᠤᠷᠤᠯᠴᠠᠯᠭ᠎ᠠ》 ᠵᠢᠨ ᠦᠶ᠋ᠯᠡᠴᠢᠯᠡᠭᠡ ᠢ᠋ᠢ ᠡᠬᠢᠯᠡᠭᠦᠯᠪᠡ᠃ 《ᠡᠭᠦᠯᠡᠨ ᠰᠥᠨᠢᠳ》 ᠭᠠᠷ ᠤᠲᠠᠰᠤᠨ ᠤ᠋ ᠰᠢᠯᠵᠢᠶᠡᠨ ᠲᠠᠬᠡᠷ᠎ᠠ 《ᠤᠯᠠᠭᠠᠨ ᠪᠢᠴᠢᠭ ᠤ᠋ᠨ ᠪᠣᠭ᠍ᠴᠣ》 ᠰᠠᠢ᠌ᠨ ᠳᠤᠷ᠎ᠠ ᠢ᠋ᠢᠨ ᠦᠢᠯᠡᠴᠢᠯᠡᠭᠡᠨ ᠤ᠋ ᠠᠩᠬᠢ ᠢ᠋ᠢᠨ ᠭᠡᠱᠢᠭᠦᠳ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠢ᠋ᠢ ᠤᠬᠠᠭᠤᠯᠤᠨ ᠲᠠᠢᠯᠪᠤᠷᠢᠯᠠᠵᠤ ᠂ ᠮᠠᠯᠴᠢᠳ ᠠᠮᠢᠳᠤᠷᠠᠯ ᠤ᠋ᠨ ᠪᠠᠢᠳᠠᠯ ᠢ᠋ᠢᠡᠨ ᠬᠤᠪᠢᠶᠠᠯᠴᠠᠨ᠂ ᠤᠯᠠᠭᠠᠨᠮᠥ᠋ᠴᠢᠷ ᠤ᠋ᠨ ᠡᠷᠦᠬᠡ ᠢ᠋ᠢᠨ ᠴᠡᠷᠢᠭ ᠤ᠋ᠳ ᠲᠣᠭ᠍ᠯᠠᠯᠲᠠ ᠭᠠᠷᠭᠠᠵᠤ ᠪᠠᠢᠨ᠎ᠠ ᠁
ᠱᠢᠨ᠎ᠡ ᠵᠢᠯ ᠡᠬᠢᠯᠡᠮᠡᠭ᠌ᠴᠡ ᠬᠣᠱᠢᠭᠤᠨ ᠤ᠋ ᠠᠷᠠᠳ ᠤ᠋ᠨ ᠵᠡᠪᠰᠡᠭ᠌ᠲᠦ ᠬᠦᠴᠦᠨ ᠤ᠋ ᠬᠡᠯᠲᠡᠰ ᠤ᠋ᠨ ᠬᠠᠪᠰᠤᠷᠤᠨ ᠲᠡᠳᠬᠦᠬᠦ᠌ ᠠᠵᠢᠯ ᠤ᠋ᠨ ᠳᠤᠭᠤᠢᠯᠠᠩ ᠪᠠᠶᠠᠠᠠᠠᠭᠤᠯᠠ ᠭᠠᠴᠠᠭ᠎ᠠ ᠳ᠋ᠤ ᠬᠦᠷᠴᠦ᠍᠂ 《ᠬᠣᠶᠠᠷ ᠵᠥᠪᠯᠡᠯ》 ᠤ᠋ᠨ ᠪᠠᠭ ᠤ᠋ᠨ ᠪᠦᠷᠢᠯᠳᠦᠬᠦᠨ ᠨᠠᠷ ᠲᠡᠶ ᠬᠠᠮᠲᠤ ᠪᠠᠷ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠢ᠋ᠢ ᠰᠤᠷᠤᠯᠴᠠᠵᠤ᠂ ᠤᠨᠴᠠᠯᠢᠬ᠍ᠳᠤ ᠠᠵᠤ ᠦᠢᠯᠡᠰ ᠢ᠋ ᠬᠦᠭᠵᠢᠭᠦᠯᠬᠦ ᠢ᠋ᠢ ᠰᠤᠳᠤᠯᠤᠨ᠂ ᠮᠠᠯᠵᠢᠬᠤ ᠣᠷᠣᠨ ᠢ᠋ ᠬᠦᠭᠵᠢᠭᠦᠯᠦᠨ ᠮᠠᠨᠳᠤᠭᠤᠯᠬᠤ ᠢ᠋ᠢ ᠠᠬᠢᠭᠤᠯᠪᠠ᠃ 《ᠪᠠᠶᠠᠠᠠᠠᠭᠤᠯᠠ ᠭᠠᠴᠠᠭ᠎ᠠ ᠦᠬᠡᠷ ᠬᠣᠨᠢᠨ ᠮᠢᠬ᠎ᠠ ᠪᠣᠷᠣᠯᠠᠭᠤᠯᠵᠤ ᠪᠠᠢᠬᠤ ᠪᠠᠷ ᠪᠠᠷᠠᠬᠤ ᠥᠬᠡᠶ ᠪᠠᠰᠠ ᠲᠠᠯ᠎ᠠ ᠨᠤᠲᠤᠭ ᠤ᠋ᠨ ᠵᠢᠭᠤᠯᠴᠢᠯᠠᠯ ᠢ᠋ ᠨᠡᠭᠡᠭᠡᠨ ᠬᠥᠭ᠌ᠵᠢᠭᠦᠯᠵᠦ᠍᠂ ᠠᠵᠤ ᠦᠶ᠋ᠯᠡᠰ ᠤ᠋ᠨ ᠠᠭᠤᠰᠤᠯᠴᠠᠯ ᠢ᠋ ᠠᠬᠢᠭᠤᠯᠵᠤ ᠪᠠᠢᠨ᠎ᠠ᠃ ᠪᠢᠳᠡ ᠮᠠᠯᠴᠢᠳ ᠢ᠋ ᠬᠠᠪᠰᠤᠷᠤᠨ ᠡᠯᠧᠺᠲ᠋ᠷᠣᠨ ᠬᠤᠳᠠᠯᠳᠤᠭ᠎ᠠ᠂ ᠱᠢᠭᠤᠳ ᠨᠡᠪᠲᠡᠷᠡᠭᠦᠯᠭᠡ ᠪᠡᠷ ᠳᠠᠮᠵᠢᠨ ᠦᠬᠡᠷ ᠬᠣᠨᠢᠨ ᠮᠢᠬ᠎ᠠ ᠪᠣᠷᠣᠯᠠᠭᠤᠯᠬᠤ ᠠᠷᠭ᠎ᠠ ᠵᠠᠮ ᠢ᠋ ᠨᠢ ᠥᠷᠭᠡᠳᠭᠡᠵᠦ᠍᠂ ᠪᠥᠬᠥ᠌ ᠤᠯᠤᠰ ᠤ᠋ᠨ ᠡᠯ᠎ᠡ ᠭᠠᠵᠠᠷ ᠤ᠋ᠨ ᠵᠠᠬᠢᠶᠠᠯᠠᠭ᠎ᠠ ᠢ᠋ᠢ ᠵᠠᠯᠭᠠᠭ᠎ᠠ ᠪᠠᠷ ᠲᠤᠰᠴᠤ ᠪᠠᠢᠨ᠎ᠠ》ᠭᠡᠵᠤ ᠬᠣᠱᠢᠭᠤᠨ ᠤ᠋ ᠠᠷᠠᠳ ᠤ᠋ᠨ ᠵᠡᠪᠰᠡᠭ᠌ᠲᠦ ᠬᠦᠴᠦᠨ ᠤ᠋ ᠬᠡᠯᠲᠡᠰ ᠤ᠋ᠨ ᠤᠳᠤᠷᠢᠳᠤᠯᠭ᠎ᠠ ᠤᠷᠮᠠᠳᠠᠢ ᠬᠡᠯᠡᠨ᠎ᠠ᠃
(1 ᠰᠠᠷ᠎ᠠ ᠵᠢᠨ 12 ᠤ᠋ᠨ ᠡᠳᠤᠷ ᠤ᠋ᠨ 《ᠴᠢᠯᠦᠬᠡᠯᠡᠬᠦ ᠴᠡᠷᠢᠭ ᠤ᠋ᠨ ᠰᠤᠨᠢᠨ》 ᠡᠴᠡ ᠠᠪᠤᠪᠠ)