ᠣᠢᠷ᠎ᠠ᠎ᠶ᠋ᠢᠨ ᠬᠤᠭᠤᠴᠠᠭᠠᠨ᠎ᠳᠤ ᠪᠢᠳᠡᠨ᠎ᠤ ᠳᠡᠷᠭᠡᠳᠡ
ᠱᠢᠨ᠎ᠡ᠎ᠪᠡᠷ ᠬᠢᠵᠢᠭ ᠲᠤ᠌ ᠬᠠᠯᠳᠠᠪᠤᠷᠢᠯᠠᠭ᠍ᠳᠠᠭᠰᠠᠳ ᠲᠣᠩ ᠴᠥᠭᠡᠷᠡᠵᠠᠶ᠂ ᠣᠳᠣᠬᠠᠨ᠎ᠳᠤ ᠬᠢᠵᠢᠭ᠎ᠦᠨ ᠪᠠᠢᠳᠠᠯ
ᠶᠡᠷᠦᠩᠬᠡᠶ᠎ᠳᠡᠭᠡᠨ ᠶᠠᠮᠠᠷ ᠪᠠᠢᠳᠠᠯ ᠲᠠᠢ ᠪᠠᠢᠬᠤ ᠪᠤᠶ︖ᠳᠠᠬᠢᠨ ᠳᠡᠯᠭᠡᠷᠡᠬᠦ ᠪᠠᠢᠳᠠᠯ ᠭᠠᠷᠤᠨ᠎ᠠ ᠤᠤ ᠦᠭᠡᠶ
ᠤᠤ︖ ᠱᠢᠨ᠎ᠡ ᠣᠨᠳᠣᠣᠱᠢᠭ᠍ᠰᠠᠨ ᠸᠢᠷᠦ᠋ᠰ ᠢᠯᠡᠷᠡᠬᠦ ᠤᠤ ᠦᠭᠡᠢ ᠤᠤ?ᠡᠨᠡ ᠲᠤᠬᠠᠢ ᠪᠡᠭᠡᠵᠢᠩ᠂ ᠬᠤᠪᠸᠢ᠂ ᠰᠧᠴᠤᠸᠠᠨ
ᠵᠡᠷᠭᠡ ᠣᠯᠠᠨ ᠮᠤᠵᠢ ᠬᠣᠲᠠ᠎ᠶ᠋ᠢᠨ ᠡᠪᠡᠳᠴᠢᠨ ᠬᠢᠵᠢᠭ᠎ᠢ ᠰᠡᠷᠭᠡᠢᠯᠡᠨ ᠡᠵᠡᠮᠳᠡᠬᠦ ᠲᠥᠪ᠎ᠦᠨ ᠨᠡᠢᠲᠡᠯᠡᠭ᠌ᠰᠡᠨ
ᠬᠠᠮᠤᠭ᠎ᠤᠨ ᠱᠢᠨ᠎ᠡ ᠰᠠᠨᠠᠭᠤᠯᠤᠮᠵᠢ ᠵᠢ ᠦᠵᠡᠵᠡᠭᠡᠶ᠎ᠡ᠃
ᠪᠡᠭᠡᠵᠢᠩ᠄ BF.7 ᠪᠠ BA.5.2 ᠭᠣᠸ᠋ᠯ ᠳᠡᠯᠭᠡᠷᠡᠵᠦ᠍᠂ ᠡᠪᠡᠳᠴᠢᠨ᠎ᠦ ᠵᠢᠱ᠌ᠢᠶ᠎ᠡ ᠲᠠᠷᠬᠠᠠᠢ ᠳᠡᠯᠭᠡᠷᠡᠯᠲᠡ ᠵᠢᠨ ᠪᠠᠢᠳᠠᠯ᠎ᠳᠤ
ᠣᠷᠣᠱᠢᠵᠤ ᠪᠠᠢᠨ᠎ᠠ
ᠪᠡᠭᠡᠵᠢᠩ ᠬᠣᠲᠠ᠎ᠶ᠋ᠢᠨ ᠡᠪᠡᠳᠴᠢᠨ ᠡᠮᠬᠡᠭ᠎ᠢ ᠰᠡᠷᠭᠡᠢᠯᠡᠨ
ᠡᠵᠡᠮᠳᠡᠬᠦ ᠲᠥᠪ᠎ᠦᠨ ᠳᠡᠳ᠋ ᠡᠷᠬᠢᠯᠡᠭ᠌ᠴᠢ ᠸᠠᠩ ᠴᠢᠤᠸᠠᠨ ᠢ 1 ᠰᠠᠷ᠎ᠠ ᠶ᠋ᠢᠨ 31 ᠦ ᠡᠳᠦᠷ ᠰᠤᠷᠪᠤᠯᠵᠢᠯᠠᠭ᠎ᠠ ᠬᠦᠯᠢᠶᠡᠬᠦ᠌᠎ᠳᠡᠭᠡᠨ᠂
ᠪᠡᠭᠡᠵᠢᠩ᠎ᠦᠨ ᠲᠤᠰ ᠡᠭᠡᠯᠵᠢ ᠶ᠋ᠢᠨ ᠬᠢᠵᠢᠭ᠎ᠦᠨ ᠪᠠᠢᠳᠠᠯ ᠨᠢᠭᠡᠨᠲᠡ ᠣᠷᠭᠢᠯ ᠦᠶ᠎ᠡ᠎ᠪᠡᠨ ᠦᠩᠭᠡᠷᠡᠭᠦᠯᠵᠠᠶ᠂
ᠣᠳᠣᠬᠠᠨ᠎ᠳᠤ ᠡᠪᠡᠳᠴᠢᠨ᠎ᠦ ᠵᠢᠱ᠌ᠢᠶ᠎ᠡ ᠲᠠᠷᠠᠬᠠᠢ ᠳᠡᠯᠭᠡᠷᠡᠬᠦ᠌ ᠪᠠᠢᠳᠠᠯ᠎ᠳᠤ ᠣᠷᠣᠱᠢᠵᠤ ᠪᠠᠢᠨ᠎ᠠ᠂ ᠡᠭᠦᠨᠳ᠋ᠤ
ᠭᠣᠣᠯ ᠳᠡᠯᠭᠡᠷᠡᠵᠦ᠍ ᠪᠠᠢᠭ᠎ᠠ ᠸᠢᠷᠦ᠋ᠰ ᠨᠢ ᠮᠥᠨ ᠬᠦ᠌ BF.7 ᠪᠣᠯᠤᠨ BA.5.2 ᠪᠣᠯᠤᠨ᠎ᠠ ᠭᠡᠵᠡᠢ᠃
ᠣᠷᠭᠢᠯ ᠦᠶ᠎ᠡ ᠨᠢ ᠥᠩᠭᠡᠷᠡᠭ᠌ᠰᠡᠨ᠎ᠦ ᠳᠠᠷᠠᠭ᠎ᠠ᠂ ᠬᠥᠮᠦᠰ
ᠲᠦᠷ ᠴᠠᠭ᠎ᠤᠨ ᠡᠭᠡᠯᠢᠯᠡᠭᠡ᠎ᠲᠠᠢ ᠪᠤᠯᠤᠭᠰᠠᠨ ᠡᠴᠡ ᠨᠠᠭᠠᠳᠤ ᠵᠠᠬ᠎ᠠ᠎ᠳᠠᠭᠠᠨ ᠭᠤᠷᠪᠠᠨ ᠰᠠᠷ᠎ᠠ᠎ᠶ᠋ᠢᠨ ᠳᠣᠲᠣᠷ᠎ᠠ
ᠬᠢᠵᠢᠭ ᠳᠠᠬᠢᠨ ᠳᠡᠯᠭᠡᠷᠡᠬᠦ᠌ ᠲᠦᠭ᠌ᠰᠢᠭᠦᠷᠢ ᠨᠡᠯᠢᠶᠡᠳ ᠪᠠᠭ᠎ᠠ ᠪᠠᠢᠨ᠎ᠠ᠃
ᠬᠤᠪᠧᠶ ᠄ BA.5.2 ᠪᠣᠯ ᠭᠣᠸ᠋ᠯ ᠳᠡᠯᠭᠡᠷᠡᠵᠦ᠍ ᠪᠠᠢᠭ᠎ᠠ ᠳᠠᠪᠠᠭᠤᠯᠢᠭ ᠸᠢᠷᠦ᠋ᠰ᠂ XBB ᠣᠨᠳᠣᠣᠱᠢᠭ᠍ᠰᠠᠨ ᠸᠢᠷᠦ᠋ᠰ᠎ᠢ ᠬᠠᠷᠠᠬᠠᠨ ᠢᠯᠡᠷᠡᠭᠦᠯᠦᠭᠡᠳᠦᠶ
2 ᠰᠠᠷ᠎ᠠ ᠶ᠋ᠢᠨ 2 ᠤᠨ ᠡᠳᠦᠷ ᠬᠤᠪᠸᠢ ᠮᠤᠵᠢ ᠶ᠋ᠢᠨ ᠡᠪᠡᠳᠴᠢᠨ ᠡᠮᠬᠡᠭ
ᠢ ᠰᠡᠷᠭᠡᠢᠯᠡᠨ ᠡᠵᠡᠮᠳᠡᠬᠦ ᠲᠥᠪ᠎ᠦᠨ ᠲᠤᠰᠭᠠᠶ ᠮᠡᠷᠭᠡᠵᠢᠯᠲᠡᠨ ᠲᠦᠩ ᠶᠧ ᠴᠢᠩ ᠰᠤᠷᠪᠤᠯᠵᠢᠯᠠᠭ᠎ᠠ ᠬᠦᠯᠢᠶᠡᠬᠦ᠌᠎ᠳᠡᠭᠡᠨ᠂
ᠣᠳᠣᠬᠠᠨ᠎ᠳᠤ ᠪᠦᠬᠦ᠌ ᠮᠤᠵᠢ᠎ᠶ᠋ᠢᠨ ᠬᠢᠵᠢᠭ᠎ᠦᠨ ᠪᠠᠢᠳᠠᠯ᠎ᠤᠨ ᠣᠷᠭᠢᠯ ᠦᠶ᠎ᠡ ᠨᠢᠭᠡᠨᠲᠡ ᠥᠩᠭᠡᠷᠡᠵᠦ᠍᠂ ᠪᠠᠭ᠎ᠠ
ᠬᠡᠮᠵᠢᠶ᠎ᠡ ᠪᠡᠷ ᠳᠡᠯᠭᠡᠷᠡᠵᠦ᠍᠂ ᠡᠯ᠎ᠡ ᠭᠠᠵᠠᠷ᠎ᠤᠨ ᠬᠢᠵᠢᠭ᠎ᠦᠨ ᠪᠠᠢᠳᠠᠯ ᠶᠡᠷᠦᠩᠬᠡᠶ᠎ᠳᠡᠭᠡᠨ ᠳᠣᠷᠣᠭ᠍ᠰᠢᠯᠠᠬᠤ
ᠬᠠᠨᠳᠤᠰᠢ᠎ᠲᠠᠶ ᠪᠣᠯᠵᠤ᠂ ᠳᠠᠬᠢᠨ ᠳᠡᠯᠭᠡᠷᠡᠬᠦ᠌ ᠪᠠᠢᠳᠠᠯ ᠭᠠᠷᠤᠭ᠍ᠰᠠᠨ ᠦᠭᠡᠶ ᠭᠡᠵᠡᠢ᠃
ᠬᠤᠪᠸᠢ ᠮᠤᠵᠢ᠎ᠳᠤ ᠭᠣᠸ᠋ᠯᠳᠠᠭᠤ ᠳᠡᠯᠭᠡᠷᠡᠵᠦ᠍ ᠪᠠᠢᠭ᠎ᠠ
ᠳᠠᠪᠠᠭᠤᠯᠢᠭ ᠬᠣᠸ᠋ᠷᠲᠤ ᠸᠢᠷᠦ᠋ᠰ ᠪᠣᠯ BA.5.2 ᠪᠣᠯᠤᠨ᠎ᠠ᠂ ᠳᠠᠷᠠᠭᠠᠯᠠᠪᠠᠯ BF.7᠃ ᠣᠢᠷ᠎ᠠ᠎ᠶ᠋ᠢᠨ ᠬᠤᠭᠤᠴᠠᠭᠠᠨ᠎ᠳᠤ ᠪᠥᠬᠥ᠌ ᠮᠤᠵᠢ᠎ᠶ᠋ᠢᠨ
ᠬᠢᠨᠠᠨ ᠬᠡᠮᠵᠢᠯᠲᠡ᠎ᠳᠦ XBB ᠣᠨᠳᠣᠣᠱᠢᠭ᠍ᠰᠠᠨ
ᠸᠢᠷᠦ᠋ᠰ ᠲᠤ᠌ ᠬᠠᠯᠳᠠᠪᠤᠷᠢᠯᠠᠭᠳᠠᠭᠰᠠᠨ ᠲᠤᠬᠠᠢ ᠵᠢᠨ ᠭᠠᠵᠠᠷ᠎ᠤᠨ ᠬᠠᠯᠳᠠᠪᠤᠷᠢᠯᠠᠭ᠍ᠳᠠᠭᠴᠢ ᠵᠢ ᠬᠠᠷᠠᠬᠠᠨ ᠢᠯᠡᠷᠡᠭᠦᠯᠦᠭᠡᠳᠦᠶ
ᠪᠠᠢᠨ᠎ᠠ᠃
ᠰᠧᠴᠤᠸᠠᠨ᠄ BA.5.2 ᠪᠠ BF.7 ᠭᠣᠸ᠋ᠯ ᠳᠡᠯᠭᠡᠷᠡᠵᠦ᠍ ᠪᠠᠢᠨ᠎ᠠ᠂ ᠱᠢᠨ᠎ᠡ ᠸᠢᠷᠦ᠋ᠰ᠎ᠦᠨ ᠵᠢᠭᠰᠠᠯ᠎ᠢ ᠣᠯᠵᠤ ᠢᠯᠡᠷᠡᠭᠦᠯᠦᠭᠡ ᠥᠬᠡᠶ
1 ᠰᠠᠷ᠎ᠠ᠎ᠶ᠋ᠢᠨ 28 ᠤ ᠡᠳᠦᠷ᠂ ᠰᠧᠴᠤᠸᠠᠨ ᠮᠤᠵᠢ᠎ᠶ᠋ᠢᠨ ᠡᠷᠡᠭᠦᠯ ᠬᠠᠮᠠᠭᠠᠯᠠᠯ
ᠡᠷᠡᠭᠦᠯ ᠮᠡᠨᠳᠦ᠍᠎ᠶ᠋ᠢᠨ ᠵᠥᠪᠯᠡᠯ᠎ᠦᠨ ᠳᠡᠳ᠋ ᠡᠷᠬᠢᠯᠡᠭ᠌ᠴᠢ ᠱᠢᠤᠢ ᠪᠢᠨ ᠬᠢᠵᠢᠭ᠎ᠦᠨ ᠪᠠᠢᠳᠠᠯ᠎ᠢ ᠰᠡᠷᠭᠡᠢᠯᠡᠨ
ᠡᠵᠡᠮᠳᠡᠬᠦ᠌ ᠤᠳᠤᠷᠢᠳᠭᠤ ᠳᠤᠭᠤᠢᠯᠠᠩ᠎ᠤᠨ ᠡᠭᠡᠯᠵᠢᠲᠦ ᠬᠤᠷᠠᠯ ᠳᠡᠭᠡᠷ᠎ᠡ ᠵᠠᠷᠯᠠᠭ᠍ᠰᠠᠨ ᠨᠢ᠂ ᠰᠧᠴᠤᠸᠠᠨ ᠮᠤᠵᠢ᠎ᠶ᠋ᠢᠨ
ᠰᠢᠨ᠎ᠡ ᠳᠢᠳᠢᠮᠯᠢᠭ ᠸᠢᠷᠦ᠋ᠰ᠎ᠦᠨ ᠬᠠᠯᠳᠠᠪᠤᠷᠢᠯᠠᠯ᠎ᠤᠨ ᠣᠷᠭᠢᠯ ᠦᠶ᠎ᠡ ᠨᠢᠭᠡᠨᠲᠡ ᠥᠩᠭᠡᠷᠡᠵᠦ᠍᠂ ᠱᠢᠨ᠎ᠡ᠎ᠪᠡᠷ
ᠢᠯᠡᠷᠡᠬᠦ ᠬᠠᠯᠳᠠᠪᠤᠷᠢᠯᠠᠯ ᠢᠯᠡᠷᠬᠡᠢ ᠪᠠᠭᠤᠷᠠᠬᠤ ᠬᠠᠨᠳᠤᠰᠢ ᠲᠠᠢ ᠪᠠᠢᠨ᠎ᠠ ᠭᠡᠵᠡᠢ᠃
ᠱᠢᠤᠢ ᠪᠢᠨ ᠢᠯᠡᠷᠬᠡᠢᠯᠡᠬᠦ᠌᠎ᠳᠡᠭᠡᠨ᠂ ᠴᠠᠭᠠᠨ ᠰᠠᠷ᠎ᠠ᠎ᠶ᠋ᠢᠨ
ᠬᠤᠭᠤᠴᠠᠭᠠᠨ᠎ᠳᠤ ᠡᠯ᠎ᠡ ᠭᠠᠵᠠᠷ᠎ᠤᠨ ᠬᠢᠨ ᠱᠢᠨ᠎ᠡ᠎ᠪᠡᠷ ᠳᠡᠯᠭᠡᠷᠡᠭ᠌ᠰᠡᠨ ᠬᠢᠵᠢᠭ᠎ᠦᠨ ᠪᠠᠢᠳᠠᠯ᠎ᠤᠨ ᠣᠯᠠᠨ ᠴᠡᠭ᠎ᠦᠨ
ᠬᠢᠨᠠᠨ ᠬᠡᠮᠵᠢᠯᠲᠡ᠎ᠶ᠋ᠢ ᠪᠠᠷᠢᠮᠲᠠᠯᠠᠨ ᠥᠷᠨᠢᠭᠦᠯᠵᠦ᠍᠂ ᠸᠢᠷᠦ᠋ᠰ᠎ᠦᠨ ᠪᠥᠬᠥ᠌ ᠭᠧᠨ᠎ᠦ ᠪᠦᠯᠦᠭ᠎ᠦᠨ ᠵᠢᠭᠰᠠᠯ᠎ᠢ
110
ᠬᠡᠮᠵᠢᠨ
ᠪᠠᠢᠴᠠᠭᠠᠵᠤ᠂ ᠸᠢᠷᠦ᠋ᠰ᠎ᠦᠨ ᠱᠢᠨ᠎ᠡ ᠵᠢᠭᠰᠠᠯ᠎ᠢ ᠢᠯᠡᠷᠡᠭᠦᠯᠦᠭ᠌ᠰᠡᠨ ᠥᠬᠡᠶ᠃ ᠰᠧᠴᠤᠸᠠᠨ ᠮᠤᠵᠢ᠎ᠳᠤ ᠣᠳᠣᠬᠠᠨ᠎ᠳᠤ
ᠮᠥᠨ ᠬᠦ᠌ ᠤᠮᠢᠺᠷᠦᠨ BA.5.2 ᠪᠠ BF.7
ᠭᠣᠣᠯ
ᠳᠡᠯᠭᠡᠷᠡᠵᠦ᠍᠂ ᠲᠤᠬᠠᠢ ᠵᠢᠨ ᠭᠠᠵᠠᠷ᠎ᠤᠨ ᠡᠪᠡᠳᠴᠢᠨ᠎ᠦ ᠵᠢᠱ᠌ᠢᠶ᠎ᠡ᠎ᠳᠦ XBB.1.5 ᠸᠢᠷᠦ᠋ᠰ᠎ᠢ ᠬᠢᠨᠠᠨ ᠬᠡᠮᠵᠢᠵᠦ᠍ ᠣᠯᠤᠭ᠍ᠰᠠᠨ ᠦᠭᠡᠶ ᠭᠡᠵᠡᠢ᠃
ᠱᠠᠨᠰᠢ᠎ᠶ᠋ᠢᠨ ᠰᠢ ᠠᠨ᠄ ᠬᠠᠯᠳᠠᠪᠤᠷᠢᠯᠠᠯ᠎ᠤᠨ ᠣᠷᠭᠢᠯ ᠦᠶ᠎ᠡ᠎ᠶ᠋ᠢ ᠨᠢᠭᠡᠨᠲᠡ ᠲᠤᠭᠤᠯᠵᠤ᠂ ᠱᠢᠨ᠎ᠡ ᠣᠨᠳᠣᠣᠱᠢᠭ᠍ᠰᠠᠨ
ᠸᠢᠷᠦ᠋ᠰ ᠢ ᠬᠠᠷᠠᠬᠠᠨ ᠪᠠᠢᠴᠠᠭᠠᠵᠤ ᠣᠯᠤᠭᠠᠳᠤᠶ
1 ᠰᠠᠷ᠎ᠠ᠎ᠶ᠋ᠢᠨ 31 ᠦ ᠡᠳᠦᠷ᠂ ᠰᠢ ᠠᠨ ᠬᠣᠲᠠ᠎ᠶ᠋ᠢᠨ ᠡᠪᠡᠳᠴᠢᠨ ᠡᠮᠬᠡᠭ
ᠢ ᠰᠡᠷᠭᠡᠢᠯᠡᠨ ᠡᠵᠡᠮᠳᠡᠬᠦ ᠲᠥᠪ᠎ᠦᠨ 2023 ᠣᠨ᠎ᠤ ᠨᠢᠭᠡᠳᠦᠭᠡᠷ ᠤᠯᠠᠷᠢᠯ᠎ᠤᠨ ᠲᠦᠭ᠌ᠰᠢᠭᠦᠷᠢ᠎ᠶ᠋ᠢ ᠦᠨᠡᠯᠡᠨ ᠵᠢᠱ᠌ᠢᠭ᠌ᠰᠡᠨ
ᠦᠷ᠎ᠡ ᠳ᠋ᠦᠩ᠎ᠢ ᠦᠨᠳᠦᠰᠦᠯᠡᠨ᠂ ᠮᠤᠵᠢ᠂ ᠬᠣᠲᠠ᠎ᠶ᠋ᠢᠨ ᠲᠤᠰᠭᠠᠶ ᠮᠡᠷᠭᠡᠵᠢᠯᠲᠡᠨ᠎ᠦ ᠰᠤᠳᠤᠯᠤᠨ ᠮᠠᠭᠠᠳᠯᠠᠭ᠍ᠰᠠᠨᠢᠶᠠᠷ᠂
ᠬᠥᠮᠦᠰ᠎ᠦᠨ ᠬᠠᠯᠳᠠᠪᠤᠷᠢᠯᠠᠬᠳᠠᠭᠰᠠᠨ ᠨᠣᠷᠮ᠎ᠠ ᠳᠡᠭᠡᠭ᠌ᠰᠢᠯᠡᠬᠦ᠌᠎ᠶ᠋ᠢ ᠳᠠᠭᠠᠯᠳᠤᠨ᠂ ᠨᠡᠯᠢᠶᠡᠳ ᠪᠦᠲᠦᠮᠵᠢᠲᠡᠶ
ᠡᠭᠡᠯᠢᠯᠡᠭᠡ᠎ᠶ᠋ᠢᠨ ᠬᠠᠯᠬᠠᠪᠴᠢ ᠪᠦᠷᠢᠯᠳᠦᠵᠦ᠂ ᠬᠥᠮᠦᠰ᠎ᠦᠨ ᠳᠤᠮᠳᠠ ᠸᠢᠷᠦ᠋ᠰ᠎ᠦᠨ ᠬᠠᠯᠳᠠᠪᠤᠷᠢᠯᠠᠬᠤ ᠬᠤᠷᠳᠤᠴᠠ
ᠠᠭᠠᠵᠢᠮ᠎ᠢᠶᠠᠷ ᠪᠠᠭᠤᠷᠠᠵᠠᠢ᠃
ᠴᠠᠭᠠᠨ ᠰᠠᠷ᠎ᠠ ᠶ᠋ᠢᠨ ᠬᠤᠭᠤᠴᠠᠭᠠᠨ᠎ᠳᠤ ᠬᠥᠮᠦᠰ᠎ᠦᠨ
ᠱᠢᠯᠵᠢᠯᠲᠡ ᠶ᠋ᠢᠨ ᠬᠡᠮᠵᠢᠶ᠎ᠡ ᠨᠡᠯᠢᠶᠡᠳ ᠶᠡᠬᠡ ᠪᠠᠢᠭ᠎ᠠ ᠪᠣᠯᠪᠠᠴᠤ᠌ ᠰᠢ ᠠᠨ ᠬᠣᠲᠠ᠎ᠳᠤ ᠶᠡᠬᠡ ᠬᠡᠪᠴᠢᠶᠡᠨ᠎ᠦ
ᠱᠢᠨ᠎ᠡ ᠬᠠᠯᠳᠠᠪᠤᠷᠢᠯᠠᠯ᠎ᠤᠨ ᠬᠢᠵᠢᠭ᠎ᠦᠨ ᠪᠠᠢᠳᠠᠯ ᠭᠠᠷᠤᠭ᠍ᠰᠠᠨ ᠦᠭᠡᠶ᠂ ᠡᠨᠡ ᠨᠢ ᠣᠳᠣᠬᠠᠨ᠎ᠳᠤ ᠰᠢ ᠠᠨ ᠬᠣᠲᠠ᠎ᠳᠤ
ᠨᠢᠭᠡᠨᠲᠡ ᠬᠠᠯᠳᠠᠪᠤᠷᠢᠯᠠᠯ᠎ᠤᠨ ᠣᠷᠭᠢᠯ ᠦᠶ᠎ᠡ ᠶ᠋ᠢ ᠳᠠᠪᠠᠵᠤ᠂ ᠳᠣᠣᠷ᠎ᠠ ᠳᠡᠯᠭᠡᠷᠡᠯᠲᠡ ᠵᠢᠨ ᠱᠠᠲᠤᠨ᠎ᠳᠤ ᠣᠷᠣᠭᠠᠳ
ᠪᠠᠢᠭ᠎ᠠ ᠵᠢ ᠬᠠᠷᠠᠭᠤᠯᠵᠤ ᠪᠠᠢᠨ᠎ᠠ᠂ ᠰᠢ ᠠᠨ᠎ᠤ ᠲᠤᠬᠠᠢ ᠵᠢᠨ ᠭᠠᠵᠠᠷ᠎ᠲᠤ ᠱᠢᠨ᠎ᠡ ᠣᠨᠳᠣᠣᠱᠢᠯᠤᠨ ᠸᠢᠷᠦ᠋ᠰ᠎ᠢ
ᠬᠠᠷᠠᠬᠠᠨ ᠬᠢᠨᠠᠨ ᠬᠡᠮᠵᠢᠵᠦ᠍ ᠣᠯᠤᠭᠠᠳᠤᠶ᠃
ᠢᠷᠡᠯᠲᠡ᠄
ᠠᠷᠠᠳ᠎ᠤᠨ ᠡᠳᠦᠷ᠎ᠤᠨ ᠰᠤᠨᠢᠨ