(2023 ᠣᠨ᠎ᠤ 3 ᠰᠠᠷ᠎ᠠ᠎ᠶ᠋ᠢᠨ 13 ᠤ᠋ ᠡᠳᠦᠷ)
ᠰᠢ ᠵᠢᠨ ᠫᠢᠩ
ᠲᠥᠯᠥᠭᠡᠯᠡᠭ᠌ᠴᠢᠳ ᠡ ᠄
ᠡᠨᠡ ᠤᠳᠠᠭ᠎ᠠ᠎ᠶ᠋ᠢᠨ ᠶᠡᠬᠡ ᠬᠤᠷᠠᠯ ᠡᠴᠡ ᠨᠠᠮᠠᠶ᠋ᠢ ᠰᠤᠩᠭᠤᠵᠤ ᠪᠦᠬᠦᠳᠠ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭ᠌ᠴᠢ ᠵᠢᠨ ᠲᠤᠰᠢᠶᠠᠯ᠎ᠢ ᠦᠷᠭᠦᠯᠵᠢᠯᠡᠨ ᠡᠭᠦᠷᠭᠡᠯᠡᠭᠦᠯᠦᠭᠰᠡᠨ ᠪᠠᠢᠨ᠎ᠠ᠂ ᠪᠢ ᠲᠥᠯᠥᠭᠡᠯᠡᠭ᠌ᠴᠢᠳ ᠪᠣᠯᠤᠨ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠤ ᠢᠳᠡᠭᠡᠯᠳᠤ ᠴᠢᠩ ᠰᠡᠳᠭᠢᠯ᠎ᠡᠴᠡ᠎ᠪᠡᠨ ᠲᠠᠯᠠᠷᠬᠠᠵᠤ ᠪᠠᠢᠨ᠎ᠠ!
ᠡᠨᠡ ᠪᠣᠯ ᠮᠢᠨᠦ᠍ ᠤᠯᠤᠰ᠎ᠤᠨ ᠲᠡᠷᠢᠭᠦᠯᠡᠭ᠌ᠴᠢ ᠵᠢᠨ ᠡᠷᠬᠢᠮ ᠳᠡᠭᠡᠳᠦ ᠲᠤᠱᠢᠶᠠᠯ᠎ᠢ ᠭᠤᠷᠪᠠᠳᠠᠬᠢ ᠤᠳᠠᠭ᠎ᠠ ᠡᠭᠦᠷᠭᠡᠯᠡᠵᠦ᠍ ᠪᠠᠢᠭ᠎ᠠ ᠶᠠᠪᠤᠳᠠᠯ ᠪᠣᠯᠤᠨ᠎ᠠ᠃ ᠠᠷᠠᠳ ᠲᠦᠮᠡᠨ᠎ᠦ ᠢᠲᠡᠭᠡᠯ ᠪᠣᠯ ᠮᠢᠨᠦ᠍ ᠤᠷᠤᠭ᠍ᠰᠢᠯᠠᠯᠲᠠ᠎ᠶ᠋ᠢᠨ ᠬᠠᠮᠤᠭ᠎ᠤᠨ ᠶᠡᠬᠡ ᠬᠥᠳᠡᠯᠭᠡᠬᠦ᠌ ᠬᠦᠴᠦᠨ ᠮᠥᠨ᠂ ᠪᠠᠰᠠ ᠴᠤ᠌ ᠮᠢᠨᠦ᠍ ᠮᠥᠷᠥᠨ ᠳᠡᠭᠡᠷ᠎ᠡ ᠲᠠᠯᠪᠢᠬᠳᠠᠬᠰᠠᠨ ᠬᠦᠨᠳᠦ ᠬᠠᠷᠢᠭᠤᠴᠠᠯᠭ᠎ᠠ ᠪᠤᠯᠤᠨ᠎ᠠ᠃ ᠪᠢ ᠦᠨᠳᠦᠰᠦᠨ ᠬᠠᠤᠯᠢ ᠡᠴᠡ ᠣᠯᠭᠣᠭ᠍ᠰᠠᠨ ᠲᠤᠱᠢᠶᠠᠯ ᠬᠠᠷᠢᠭᠤᠴᠠᠯᠭ᠎ᠠ ᠪᠠᠨ ᠦᠨᠡᠨᠴᠢ᠎ᠪᠠᠷ ᠭᠦᠢᠴᠡᠳᠭᠡᠵᠦ᠍᠂ ᠤᠯᠤᠰ ᠣᠷᠣᠨ᠎ᠤ ᠬᠡᠷᠡᠭ᠌ᠴᠡᠭᠡ᠎ᠪᠡᠷ ᠡᠭᠦᠷᠭᠡ ᠬᠠᠷᠢᠭᠤᠴᠠᠯᠭ᠎ᠠ᠎ᠪᠠᠨ ᠪᠣᠯᠭᠠᠵᠥ᠂ ᠠᠷᠠᠳ ᠲᠦᠮᠡᠨ᠎ᠦ ᠠᠱᠢᠭ ᠲᠤᠰᠠ᠎ᠪᠠᠷ ᠪᠠᠷᠢᠮᠵᠢᠶ᠎ᠠ ᠪᠠᠨ ᠪᠣᠯᠭᠠᠵᠤ᠂ ᠡᠭᠦᠷᠭᠡ ᠲᠤᠱᠢᠶᠠᠯ᠎ᠢᠶᠠᠨ ᠬᠢᠴᠢᠶᠡᠩᠭᠦᠢᠯᠡᠨ ᠭᠦᠢᠴᠡᠳᠭᠡᠵᠦ᠍᠂ ᠴᠢᠩ ᠦᠨᠡᠨᠴᠢ᠎ᠪᠡᠷ ᠵᠢᠳᠬᠦᠵᠥ᠂ ᠲᠥᠯᠥᠭᠡᠯᠡᠭ᠌ᠴᠢᠳ ᠪᠠ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠬᠦᠨᠳᠦ ᠨᠠᠢᠳᠠᠯᠭ᠎ᠠ᠎ᠶ᠋ᠢ ᠶᠠᠭᠠᠬᠢᠭ᠍ᠰᠠᠨ ᠴᠤ᠌ ᠬᠥᠰᠡᠷᠳᠡᠭᠦᠯᠬᠦ᠌ ᠦᠭᠡᠢ!
ᠲᠥᠯᠥᠭᠡᠯᠡᠭ᠌ᠴᠢᠳ ᠡ!
ᠲᠠᠪᠤᠨ ᠮᠢᠩᠭ᠎ᠠ ᠭᠠᠷᠤᠢ ᠵᠢᠯ᠎ᠦᠨ ᠪᠣᠯᠪᠠᠰᠤᠨ ᠲᠡᠦᠬᠡ᠎ᠲᠡᠶ ᠳᠤᠮᠳᠠᠳᠤ᠎ᠶ᠋ᠢᠨ ᠦᠨᠳᠦᠰᠦᠲᠡᠨ ᠲᠡᠦᠬᠡᠨ ᠳᠡᠭᠡᠷ᠎ᠡ ᠲᠣᠭ᠎ᠠ ᠲᠣᠮᠰᠢ ᠦᠭᠡᠢ ᠭᠡᠷᠡᠯ ᠰᠠᠴᠤᠷᠠᠩᠭᠤᠢ ᠦᠢᠯᠡᠰ᠎ᠢ ᠪᠦᠲᠦᠭᠡᠭ᠌ᠰᠡᠨ ᠪᠥᠭᠡᠳ ᠪᠠᠰᠠ ᠮᠠᠰᠢ ᠤᠯᠠᠨ ᠬᠠᠯᠠ ᠵᠣᠪᠠᠯᠠᠩ᠎ᠢ ᠥᠩᠭᠡᠷᠡᠭᠦᠯᠦᠭ᠌ᠰᠡᠨ ᠶᠤᠮ᠃ ᠤᠢᠷ᠎ᠠ ᠦᠶ᠎ᠡ᠎ᠡᠴᠡ ᠨᠠᠭᠠᠰᠢ ᠂ ᠳᠤᠮᠳᠠᠳᠤ ᠤᠯᠤᠰ ᠠᠯᠬᠤᠮ ᠠᠯᠬᠤᠮ᠎ᠢᠶᠠᠷ ᠬᠠᠭᠠᠰ ᠺᠣᠯᠣᠨᠢ ᠬᠠᠭᠠᠰ ᠹᠸᠤᠳᠠᠯ᠎ᠤᠨ ᠨᠡᠢᠭᠡᠮ ᠪᠤᠯᠵᠤ ᠂ ᠬᠦᠴᠦᠷᠬᠡᠭ ᠤᠯᠤᠰ᠎ᠤᠳ᠎ᠤᠨ ᠳᠠᠷᠤᠯᠠᠯ ᠳᠤᠷᠤᠮᠵᠢᠯᠠᠯ᠎ᠢ ᠬᠠᠱᠢᠷᠠᠲᠠᠯ᠎ᠠ ᠠᠮᠰᠠᠵᠤ᠂ ᠵᠦᠭ ᠵᠦᠭᠲᠡᠬᠡᠨ ᠬᠠᠭᠠᠴᠠᠨ ᠵᠠᠳᠠᠷᠠᠵᠤ᠂ ᠳᠠᠢ᠌ᠨ ᠳᠠᠵᠢᠨ ᠣᠯᠠᠨᠲᠠ ᠡᠭᠦᠰᠴᠦ᠍᠂ ᠠᠷᠠᠳ ᠢᠷᠭᠡᠳ ᠠᠶᠤᠯ ᠵᠣᠪᠠᠯᠠᠩ ᠠᠮᠰᠠᠵᠤ ᠪᠠᠢᠪᠠ᠃ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ᠎ᠤ ᠳᠠᠷᠠᠭ᠎ᠠ᠂ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠢ ᠨᠢᠬᠳᠠ ᠪᠦᠯᠬᠦᠮᠳᠡᠭᠦᠯᠦᠨ ᠳᠠᠭᠠᠭᠤᠯᠵᠤ᠂ ᠵᠠᠭᠤᠨ ᠵᠢᠯ᠎ᠦᠨ ᠲᠡᠮᠡᠴᠡᠯ᠎ᠢᠶᠡᠷ ᠳᠠᠮᠵᠢᠨ᠂ ᠦᠨᠳᠦᠰᠦᠲᠡᠨ᠎ᠦ ᠢᠴᠢᠭᠦᠷᠢ᠎ᠶ᠋ᠢ ᠠᠷᠢᠯᠭᠠᠵᠤ᠂ ᠳᠤᠮᠳᠠᠳᠤ ᠤᠯᠤᠰ᠎ᠤᠨ ᠠᠷᠠᠳ ᠲᠦᠮᠡᠨ ᠥᠪᠡᠷ᠎ᠦᠨ ᠬᠤᠪᠢ ᠵᠠᠶᠠᠭᠠᠨ᠎ᠤ᠎ᠪᠠᠨ ᠡᠵᠡᠨ ᠨᠢ ᠪᠤᠯᠵᠤ᠂ ᠳᠤᠮᠳᠠᠳᠤ᠎ᠶ᠋ᠢᠨ ᠦᠨᠳᠦᠰᠦᠲᠡᠨ ᠪᠣᠰᠴᠤ᠌ ᠵᠣᠭ᠍ᠰᠣᠭ᠍ᠰᠠᠨ᠂ ᠴᠢᠨᠡᠭᠡᠯᠢᠭᠵᠢᠭᠰᠡᠨ᠎ᠡᠴᠡ ᠪᠠᠨ ᠬᠦᠴᠦᠷᠬᠡᠭ᠌ᠵᠢᠭ᠌ᠰᠡᠨ ᠠᠭᠤᠤ ᠶᠡᠬᠡ ᠦᠰᠦᠷᠦᠯᠲᠡ᠎ᠶ᠋ᠢ ᠤᠭ᠍ᠲᠤᠨ ᠠᠪᠴᠤ᠌᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠬᠤᠷᠢᠬ᠍ᠯᠠᠬ᠍ᠳᠠᠰᠢ ᠦᠭᠡᠢ ᠲᠡᠦᠬᠡᠨ ᠠᠬᠢᠴᠠ᠎ᠳᠠᠭᠠᠨ ᠣᠷᠣᠪᠠ᠃
ᠤᠳᠤ ᠡᠴᠡ ᠡᠬᠢᠯᠡᠨ ᠲᠤᠰ ᠵᠠᠭᠤᠨ᠎ᠤ ᠳᠤᠮᠳᠠᠴᠢ ᠦᠶ᠎ᠡ ᠪᠣᠯᠲᠠᠯ᠎ᠠ᠂ ᠨᠡᠢᠭᠡᠮ ᠵᠢᠷᠤᠮᠲᠤ ᠣᠳᠣᠬᠢᠴᠢᠯᠠᠭ᠍ᠰᠠᠨ ᠬᠦᠴᠦᠷᠬᠡᠭ ᠤᠯᠤᠰ᠎ᠢ ᠪᠦᠬᠦ᠌ ᠲᠠᠯ᠎ᠠ᠎ᠪᠠᠷ ᠪᠦᠳᠦᠬᠡᠨ ᠪᠠᠢᠭᠤᠯᠵᠥ᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠦᠬᠦ᠌ ᠲᠠᠯ᠎ᠠ᠎ᠪᠠᠷ ᠠᠬᠢᠭᠤᠯᠬᠤ ᠪᠣᠯ ᠪᠦᠬᠦ᠌ ᠨᠠᠮ ᠪᠦᠬᠦ᠌ ᠤᠯᠤᠰ᠎ᠤᠨ ᠠᠷᠠᠳ ᠲᠦᠮᠡᠨ᠎ᠦ ᠭᠣᠣᠯ ᠡᠭᠦᠷᠭᠡ ᠮᠥᠨ᠃ ᠤᠯᠤᠰ ᠵᠢᠡᠨ ᠬᠦᠴᠦᠷᠬᠡᠭᠵᠢᠬᠦᠯᠬᠦ ᠪᠦᠳᠦᠬᠡᠨ ᠪᠠᠢᠭᠤᠯᠤᠯᠳᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠪᠤᠤᠬᠢᠶ᠎ᠠ ᠨᠢ ᠳᠡᠥᠬᠡᠳᠤ ᠴᠢᠨᠠᠷᠳᠠᠢ ᠪᠡᠷ ᠮᠠᠨ᠎ᠤ ᠡᠨᠡ ᠨᠢᠭᠡ ᠦᠶ᠎ᠡ᠎ᠶ᠋ᠢᠨ ᠬᠥᠮᠦᠰ᠎ᠦᠨ ᠪᠡᠶ᠎ᠡ ᠳᠡᠭᠡᠷ᠎ᠡ ᠲᠠᠯᠪᠢᠭ᠍ᠳᠠᠪᠠ᠃ ᠪᠢᠳᠡ ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠪᠠᠢᠯᠳᠤᠬᠤ ᠪᠤᠳᠤᠯᠭ᠎ᠠ᠎ᠶ᠋ᠢᠨ ᠪᠠᠢᠷᠢᠯᠠᠭᠤᠯᠤᠯᠲᠠ ᠶᠣᠰᠣᠭᠠᠷ᠂《ᠲᠠᠪᠤ᠎ᠶ᠋ᠢ ᠨᠢᠭᠡ ᠴᠤᠭ᠍ᠴᠠᠵᠢᠭᠤᠯᠬᠤ》ᠶᠡᠷᠦᠩᠬᠡᠢ ᠪᠠᠢᠷᠢᠰᠢᠭᠤᠯᠤᠯᠲᠠ᠎ᠶ᠋ᠢ ᠨᠢᠭᠡᠳᠦᠯᠲᠡᠢ ᠳᠦᠯᠦᠪᠵᠢᠬᠦᠯᠦᠨ ᠠᠬᠢᠭᠤᠯᠬᠤ᠎ᠶ᠋ᠢ ᠪᠠᠷᠢᠮᠲᠠᠯᠠᠵᠤ᠂ 《ᠲᠦᠷᠪᠡᠨ ᠪᠦᠬᠦ᠌ ᠲᠠᠯ᠎ᠠ》 ᠶ᠋ᠢᠨ ᠪᠠᠢᠯᠳᠤᠬᠤ ᠪᠤᠳᠤᠯᠭ᠎ᠠ᠎ᠶ᠋ᠢᠨ ᠪᠠᠢᠷᠢᠯᠠᠭᠤᠯᠤᠯᠲᠠ᠎ᠶ᠋ᠢ ᠵᠣᠬᠢᠴᠠᠭᠤᠯᠤᠨ ᠠᠬᠢᠭᠤᠯᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠬᠤ ᠪᠦᠳᠦᠭᠡᠨ ᠪᠠᠢᠭᠤᠯᠤᠯᠲᠠ᠎ᠶ᠋ᠢ ᠲᠦᠷᠭᠡᠳᠬᠡᠨ ᠠᠬᠢᠭᠤᠯᠵᠤ᠂ ᠪᠦᠯᠬᠦᠮᠳᠡᠨ ᠲᠡᠮᠡᠴᠡᠵᠦ᠍᠂ ᠵᠠᠮ ᠨᠡᠭᠡᠭᠡᠨ ᠱᠢᠨ᠎ᠡ᠎ᠶ᠋ᠢ ᠡᠭᠦᠳᠴᠦ᠍᠂ ᠱᠢᠨ᠎ᠡ ᠠᠶᠠᠨ᠎ᠳᠠᠭᠠᠨ ᠴᠠᠭ ᠦᠶ᠎ᠡ ᠳ᠋ᠤ ᠤᠰᠤᠯᠳᠠᠯ ᠦᠬᠡᠢ᠂ ᠲᠡᠦᠬᠡ ᠳ᠋ᠤ ᠤᠰᠤᠯᠳᠠᠯ ᠦᠬᠡᠢ ᠂ ᠠᠷᠠᠳ ᠲᠦᠮᠡᠨ᠎ᠳᠦ ᠣᠰᠣᠯᠳᠠᠯ ᠦᠭᠡᠢ ᠪᠡᠷ ᠠᠮᠵᠢᠯᠲᠠ ᠪᠦᠲᠦᠮᠵᠢ ᠭᠠᠷᠭᠠᠵᠤ ᠂ ᠤᠯᠤᠰ ᠵᠢᠡᠨ ᠬᠦᠴᠦᠷᠬᠡᠭᠵᠢᠬᠦᠯᠬᠦ ᠪᠦᠳᠦᠬᠡᠨ ᠪᠠᠢᠭᠤᠯᠤᠯᠳᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢ ᠠᠬᠢᠭᠤᠯᠬᠤ᠎ᠳᠤ ᠮᠠᠨ᠎ᠤ ᠡᠨᠡ ᠦᠶ᠎ᠡ᠎ᠶ᠋ᠢᠨ ᠬᠥᠮᠦᠰ᠎ᠦᠨ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠡᠨ ᠦᠵᠡᠭᠦᠯᠬᠦ᠌ ᠬᠡᠷᠡᠭ᠌ᠲᠡᠢ!
ᠲᠥᠯᠥᠭᠡᠯᠡᠭ᠌ᠴᠢᠳ ᠡ!
ᠤᠯᠤᠰ ᠵᠢᠡᠨ ᠬᠦᠴᠦᠷᠬᠡᠭᠵᠢᠬᠦᠯᠬᠦ ᠪᠦᠳᠦᠬᠡᠨ ᠪᠠᠢᠭᠤᠯᠤᠯᠳᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠱᠢᠨ᠎ᠡ ᠠᠶᠠᠨ᠎ᠳᠤ᠂ ᠪᠢᠳᠡ ᠴᠢᠨᠠᠷ ᠰᠠᠢᠲᠠᠢ ᠬᠥᠭ᠌ᠵᠢᠯᠲᠡ᠎ᠶ᠋ᠢ ᠭᠤᠢᠪᠢᠰᠢ ᠦᠭᠡᠢ ᠠᠬᠢᠭᠤᠯᠬᠤ ᠬᠡᠷᠡᠭ᠌ᠲᠡᠢ᠃ ᠱᠢᠨ᠎ᠡ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠪᠦᠷᠢᠨ ᠪᠦᠲᠦᠨ᠂ ᠵᠦᠪ ᠣᠨᠣᠪᠴᠢᠲᠠᠢ᠂ ᠪᠦᠬᠦ᠌ ᠲᠠᠯ᠎ᠠ᠎ᠪᠠᠷ ᠲᠤᠭᠤᠱᠢᠯᠠᠭᠤᠯᠵᠤ᠂ ᠱᠢᠨ᠎ᠡ ᠬᠥᠭ᠌ᠵᠢᠯᠲᠡ᠎ᠶ᠋ᠢᠨ ᠪᠠᠢᠷᠢᠱᠢᠯ᠎ᠢ ᠲᠦᠷᠭᠡᠳᠭᠡᠨ ᠪᠠᠢᠭᠤᠯᠵᠤ᠂ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠢᠶᠡᠷ ᠤᠯᠤᠰ᠎ᠢᠶᠠᠨ ᠮᠠᠨᠳᠤᠭᠤᠯᠬᠤ ᠪᠠᠢᠯᠳᠤᠬᠤ ᠪᠤᠳᠤᠯᠭ᠎ᠠ᠂ ᠴᠢᠳᠠᠪᠤᠷᠢᠲᠠᠨ᠎ᠢᠶᠠᠷ ᠤᠯᠤᠰ᠎ᠢᠶᠠᠨ ᠬᠦᠴᠦᠷᠬᠡᠭ᠌ᠵᠢᠭᠦᠯᠬᠦ᠌ ᠪᠠᠢᠯᠳᠤᠬᠤ ᠪᠤᠳᠤᠯᠭ᠎ᠠ᠂ ᠱᠢᠨ᠎ᠡ᠎ᠶ᠋ᠢ ᠡᠭᠦᠳᠬᠦ᠌᠎ᠪᠡᠷ ᠬᠥᠭ᠌ᠵᠢᠯᠲᠡ᠎ᠶ᠋ᠢᠨ ᠬᠥᠳᠡᠯᠭᠡᠭᠦᠷ ᠪᠣᠯᠭᠠᠬᠤ ᠪᠠᠢᠯᠳᠤᠬᠤ ᠪᠤᠳᠤᠯᠭ᠎ᠠ᠎ᠶ᠋ᠢ ᠭᠦᠨᠵᠡᠭᠡᠢ ᠬᠡᠷᠡᠭ᠌ᠵᠢᠭᠦᠯᠵᠦ᠍᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠳᠠᠯ᠎ᠠ ᠪᠡᠷ ᠪᠡᠶ᠎ᠡ᠎ᠪᠡᠨ ᠳᠠᠭᠠᠭᠠᠵᠤ ᠥᠪᠡᠷ᠎ᠢ᠎ᠪᠡᠨ ᠬᠦᠴᠦᠷᠬᠡᠭ᠌ᠵᠢᠭᠦᠯᠬᠦ᠌ ᠴᠢᠳᠠᠪᠤᠷᠢ᠎ᠶ᠋ᠢ ᠬᠦᠴᠦᠯᠡᠨ ᠳᠡᠭᠡᠭ᠌ᠰᠢᠯᠡᠭᠦᠯᠵᠦ᠍᠂ ᠠᠵᠤ ᠦᠢᠯᠡᠰ᠎ᠦᠨ ᠬᠡᠯᠪᠡᠷᠢ᠎ᠶ᠋ᠢ ᠬᠤᠪᠢᠷᠠᠭᠤᠯᠤᠨ ᠲᠡᠰ ᠳᠡᠪᠱᠢᠭᠦᠯᠬᠦ᠌᠎ᠶ᠋ᠢ ᠠᠬᠢᠭᠤᠯᠵᠤ᠂ ᠬᠤᠳᠠ ᠬᠥᠳᠡᠭᠡ ᠣᠷᠣᠨ ᠪᠦᠰᠡ᠎ᠶ᠋ᠢᠨ ᠵᠣᠬᠢᠴᠠᠩᠭᠤᠢ ᠬᠥᠭ᠌ᠵᠢᠯᠲᠡ᠎ᠶ᠋ᠢ ᠠᠬᠢᠭᠤᠯᠵᠤ᠂ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠪᠣᠬᠢᠷᠲᠤᠯ ᠦᠭᠡᠢ᠂ ᠪᠠᠭ᠎ᠠ ᠨᠡᠭᠦᠷᠡᠰᠦᠲᠥ᠋ᠷᠥᠭ᠌ᠴᠢᠲᠦ ᠳᠡᠢᠰᠢ ᠬᠤᠪᠢᠷᠠᠬᠤ ᠵᠢ ᠠᠬᠢᠭᠤᠯᠵᠤ᠂ ᠠᠵᠤ ᠠᠬᠤᠢ᠎ᠶ᠋ᠢᠨ ᠶᠠᠰᠤ ᠴᠢᠨᠠᠷ᠎ᠤᠨ ᠪᠦᠲᠦᠮᠵᠢᠲᠡᠢ ᠳᠡᠭᠡᠭ᠌ᠰᠢᠯᠡᠯᠲᠡ ᠪᠠ ᠲᠤᠭ᠎ᠠ ᠬᠡᠮᠵᠢᠶᠡᠨ᠎ᠦ ᠵᠣᠬᠢᠰᠲᠠᠢ ᠨᠡᠮᠡᠭ᠌ᠳᠡᠯ᠎ᠢ ᠪᠡᠶᠡᠯᠡᠭᠦᠯᠬᠦ᠌᠎ᠶ᠋ᠢ ᠠᠬᠢᠭᠤᠯᠵᠤ᠂ ᠮᠠᠨ᠎ᠤ ᠤᠯᠤᠰ᠎ᠤᠨ ᠠᠵᠤ ᠠᠬᠤᠢ᠎ᠶ᠋ᠢᠨ ᠪᠣᠳᠠᠲᠤ ᠬᠦᠴᠦᠨ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠪᠣᠳᠠᠲᠤ ᠬᠦᠴᠦᠨ᠂ ᠶᠡᠷᠦᠩᠬᠡᠢᠯᠡᠭ᠌ᠰᠡᠨ ᠤᠯᠤᠰ᠎ᠤᠨ ᠬᠦᠴᠦᠨ᠎ᠢ ᠲᠠᠰᠤᠷᠠᠯᠳᠠ ᠦᠭᠡᠢ ᠪᠤᠵᠠᠭᠠᠢᠷᠠᠭᠤᠯᠬᠤ ᠬᠡᠷᠡᠭ᠌ᠲᠡᠢ᠃
ᠪᠢᠳᠡ ᠠᠷᠠᠳ ᠲᠦᠮᠡᠨ᠎ᠢ ᠳᠡᠭᠡᠳᠦᠯᠡᠬᠦ᠌᠎ᠶ᠋ᠢ ᠢᠮᠠᠭ᠍ᠲᠠ ᠪᠠᠷᠢᠮᠲᠠᠯᠠᠬᠤ ᠬᠡᠷᠡᠭ᠌ᠲᠡᠢ᠃ ᠨᠡᠢᠭᠡᠮ ᠵᠢᠷᠤᠮᠳᠤ ᠣᠳᠣᠬᠢᠴᠢᠯᠠᠭ᠍ᠰᠠᠨ ᠬᠦᠴᠦᠷᠬᠡᠭ ᠤᠯᠤᠰ᠎ᠢ ᠪᠦᠬᠦ᠌ ᠲᠠᠯ᠎ᠠ᠎ᠪᠠᠷ ᠪᠦᠳᠦᠭᠡᠨ ᠪᠠᠢᠭᠤᠯᠬᠤ᠎ᠳᠤ ᠠᠷᠠᠳ ᠲᠦᠮᠡᠨ ᠪᠣᠯ ᠱᠢᠢᠳᠪᠦᠷᠢᠯᠡᠭ᠌ᠴᠢ ᠴᠢᠨᠠᠷᠲᠠᠢ ᠬᠦᠴᠦᠨ ᠮᠥᠨ᠃ ᠪᠦᠬᠦ᠌ ᠶᠠᠪᠤᠴᠠ᠎ᠶ᠋ᠢᠨ ᠠᠷᠠᠳ᠎ᠤᠨ ᠠᠷᠠᠳᠴᠢᠯᠠᠯ᠎ᠢ ᠢᠳᠡᠪᠬᠢᠲᠡᠢ ᠬᠥᠭ᠌ᠵᠢᠭᠦᠯᠵᠦ᠍᠂ ᠨᠠᠮ᠎ᠤᠨ ᠤᠳᠤᠷᠢᠳᠤᠯᠭ᠎ᠠ ᠂ ᠠᠷᠠᠳ ᠲᠦᠮᠡᠨ ᠡᠵᠡᠨ ᠰᠠᠭᠤᠵᠤ ᠡᠷᠬᠡ ᠮᠡᠳᠡᠬᠦ᠌᠂ ᠬᠠᠤᠯᠢ᠎ᠪᠠᠷ ᠤᠯᠤᠰ᠎ᠢᠶᠠᠨ ᠵᠠᠰᠠᠬᠤ᠎ᠶ᠋ᠢ ᠣᠷᠭᠠᠨᠢᠭ᠎ᠢᠶᠠᠷ ᠨᠢᠭᠡᠳᠭᠡᠬᠦ᠌᠎ᠶ᠋ᠢ ᠪᠠᠷᠢᠮᠲᠠᠯᠠᠵᠤ᠂ ᠠᠷᠠᠳ ᠲᠦᠮᠡᠨ ᠡᠵᠡᠨ ᠰᠠᠭᠤᠵᠤ ᠡᠷᠬᠡ ᠮᠡᠳᠡᠬᠦ᠌ ᠳᠦᠷᠢᠮ᠎ᠦᠨ ᠱᠢᠰᠲ᠋ᠧᠮ᠎ᠢ ᠪᠦᠷᠢᠨᠱᠢᠬᠦᠯᠵᠤ᠂ ᠠᠷᠠᠳ ᠲᠦᠮᠡᠨ᠎ᠦ ᠬᠦᠰᠡᠯ ᠵᠣᠷᠢᠯᠲᠠ᠎ᠶ᠋ᠢ ᠪᠡᠶᠡᠯᠡᠭᠦᠯᠵᠦ᠍᠂ ᠠᠷᠠᠳ ᠲᠦᠮᠡᠨ᠎ᠦ ᠡᠷᠬᠡ ᠠᠱᠢᠭ᠎ᠢ ᠪᠠᠲᠤᠯᠠᠵᠤ᠂ ᠪᠦᠬᠦ᠌ ᠠᠷᠠᠳ ᠲᠦᠮᠡᠨ᠎ᠦ ᠢᠳᠡᠪᠬᠢᠵᠢᠯ ᠰᠠᠨᠠᠭᠠᠴᠢᠯᠠᠭᠠᠲᠤ ᠴᠢᠨᠠᠷ ᠪᠦᠲᠦᠭᠡᠯᠴᠢ ᠴᠢᠨᠠᠷ᠎ᠢ ᠭᠦᠢᠴᠡᠳ ᠬᠥᠭ᠌ᠵᠢᠭᠡᠬᠦ᠌ ᠬᠡᠷᠡᠭ᠌ᠲᠡᠢ᠃ ᠠᠷᠠᠳ ᠲᠦᠮᠡᠨ᠎ᠢᠶᠡᠷ ᠭᠣᠣᠯ ᠪᠣᠯᠭᠠᠬᠤ ᠬᠥᠭ᠌ᠵᠢᠯᠲᠡ᠎ᠶ᠋ᠢᠨ ᠦᠵᠡᠯ ᠰᠠᠨᠠᠭ᠎ᠠ᠎ᠶ᠋ᠢ ᠲᠤᠭᠤᠱᠢᠯᠠᠭᠤᠯᠵᠤ᠂ ᠬᠤᠪᠢᠶᠠᠷᠢᠯᠠᠯᠲᠠ᠎ᠶ᠋ᠢᠨ ᠲᠦᠷᠢᠮ᠎ᠢ ᠲᠡᠭᠦᠯᠳᠡᠷᠵᠢᠭᠦᠯᠦᠨ᠂ ᠨᠡᠢᠭᠡᠮ᠎ᠦᠨ ᠪᠠᠲᠤᠯᠠᠭ᠎ᠠ᠎ᠶ᠋ᠢᠨ ᠱᠢᠰᠲ᠋ᠧᠮ᠎ᠢ ᠪᠦᠷᠢᠨᠱᠢᠬᠦᠯᠵᠤ᠂ ᠤᠯᠠᠨ ᠨᠡᠢᠲᠡ᠎ᠶ᠋ᠢᠨ ᠦᠨᠳᠦᠰᠦᠨ ᠦᠢᠯᠡᠴᠢᠯᠡᠭᠡ᠎ᠶ᠋ᠢ ᠴᠢᠩᠭᠠᠳᠭᠠᠨ᠂ ᠠᠷᠠᠳ᠎ᠤᠨ ᠠᠮᠢᠳᠤᠷᠠᠯ᠎ᠤᠨ ᠬᠣᠷᠢᠭ᠎ᠠ ᠱᠤᠭᠤᠮ᠎ᠢ ᠪᠠᠲᠤ ᠰᠠᠬᠢᠵᠤ᠂ ᠠᠷᠠᠳ ᠤᠯᠠᠨ᠎ᠤ ᠪᠠᠴᠢᠮᠳᠡᠵᠥ ᠳᠦᠪᠡᠭᠳᠡᠵᠥ ᠵᠤᠪᠠᠨᠢᠵᠥ ᠬᠦᠰᠡᠵᠥ ᠪᠠᠢᠭ᠎ᠠ ᠠᠰᠠᠭᠤᠳᠠᠯ᠎ᠢ ᠰᠠᠢᠲᠤᠷ ᠱᠢᠢᠳᠪᠦᠷᠢᠯᠡᠨ᠂ ᠣᠳᠣᠬᠢᠴᠢᠯᠠᠬᠤ ᠪᠦᠳᠦᠭᠡᠨ ᠪᠠᠢᠭᠤᠯᠤᠯᠲᠠ᠎ᠶ᠋ᠢᠨ ᠦᠷ᠎ᠡ ᠪᠦᠲᠦᠭᠡᠯ᠎ᠢ ᠪᠦᠬᠦ᠌ ᠠᠷᠠᠳ ᠲᠦᠮᠡᠨ᠎ᠳᠦ ᠨᠡᠩ ᠤᠯᠠᠨ ᠨᠡᠩ ᠭᠣᠣᠯᠴᠢ᠎ᠪᠠᠷ ᠬᠦᠷᠲᠡᠭᠡᠵᠦ᠍᠂ ᠪᠦᠬᠦ᠌ ᠠᠷᠠᠳ ᠲᠦᠮᠡᠨ᠎ᠦ ᠬᠠᠮᠲᠤ᠎ᠪᠠᠷ ᠪᠠᠶᠠᠵᠢᠬᠤ ᠶ᠋ᠢ ᠠᠬᠢᠭᠤᠯᠬᠤ ᠲᠠᠯ᠎ᠠ᠎ᠪᠠᠷ ᠲᠠᠰᠤᠷᠠᠯᠳᠠ ᠦᠭᠡᠢ ᠨᠡᠩ ᠢᠯᠡᠷᠬᠡᠢ ᠮᠥᠨ ᠴᠢᠨᠠᠷ᠎ᠤᠨ ᠠᠬᠢᠴᠠ ᠲᠠᠢ ᠪᠤᠯᠭᠠᠬᠤ ᠬᠡᠷᠡᠭ᠌ᠲᠡᠢ᠃ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠶᠡᠬᠡ ᠪᠦᠯᠬᠦᠮᠳᠡᠯ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠳᠤᠮᠳᠠᠳᠤ᠎ᠶ᠋ᠢᠨ ᠬᠥᠪᠡᠭᠦᠳ ᠥᠬᠢᠳ᠎ᠦᠨ ᠶᠡᠬᠡ ᠪᠦᠯᠬᠦᠮᠳᠡᠯ᠎ᠢ ᠲᠠᠰᠤᠷᠠᠯᠳᠠ ᠦᠭᠡᠢ ᠪᠡᠬᠢᠵᠢᠭᠦᠯᠦᠨ ᠬᠥᠭ᠌ᠵᠢᠭᠦᠯᠵᠦ᠍᠂ ᠢᠳᠡᠪᠬᠢ ᠬᠦᠴᠦᠨ ᠵᠦᠢᠯ ᠪᠦᠬᠦᠨ᠎ᠢ ᠭᠦᠢᠴᠡᠳ ᠲᠠᠢ᠌ᠴᠢᠯᠠᠨ᠂ ᠤᠯᠤᠰ ᠵᠢᠡᠨ ᠬᠦᠴᠦᠷᠬᠡᠭᠵᠢᠬᠦᠯᠬᠦ ᠪᠦᠳᠦᠬᠡᠨ ᠪᠠᠢᠭᠤᠯᠤᠯᠳᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠰᠦᠷ ᠳᠠᠯᠠᠢᠴᠠᠲᠠᠢ ᠬᠦᠴᠦᠨ᠎ᠢ ᠨᠢᠭ᠍ᠲᠠᠷᠠᠭᠤᠯᠬᠤ ᠬᠡᠷᠡᠭ᠌ᠲᠡᠢ᠃
ᠪᠢᠳᠠ ᠬᠥᠭ᠌ᠵᠢᠯᠲᠡ ᠪᠠ ᠠᠮᠤᠷ ᠲᠦᠪᠱᠢᠨ᠎ᠢ ᠨᠠᠩ ᠰᠠᠢᠳᠤᠷ ᠨᠢᠭᠡᠳᠦᠯᠲᠡᠶ ᠲᠥᠯᠥᠪᠵᠢᠬᠦᠯᠬᠦ ᠬᠡᠷᠡᠭ᠌ᠲᠡᠶ᠃ ᠠᠮᠤᠷ ᠲᠦᠪᠱᠢᠨ ᠪᠣᠯ ᠬᠥᠭ᠌ᠵᠢᠯᠲᠡ᠎ᠶ᠋ᠢᠨ ᠰᠠᠭᠤᠷᠢ ᠮᠥᠨ᠂ ᠲᠣᠭ᠍ᠲᠠᠭᠤᠨ ᠪᠠᠢᠬᠤ ᠪᠣᠯ ᠬᠦᠴᠦᠷᠬᠡᠭ᠌ᠵᠢᠨ ᠮᠠᠨᠳᠤᠬᠤ᠎ᠶ᠋ᠢᠨ ᠤᠷᠢᠲᠠᠯ ᠮᠥᠨ᠃ ᠤᠯᠤᠰ᠎ᠤᠨ ᠶᠡᠷᠦᠩᠬᠡᠢ ᠠᠮᠤᠷ ᠲᠦᠪᠱᠢᠨ᠎ᠦ ᠦᠵᠡᠯᠲᠡ᠎ᠶ᠋ᠢ ᠲᠤᠭᠤᠱᠢᠯᠠᠭᠤᠯᠵᠤ᠂ ᠤᠯᠤᠰ᠎ᠤᠨ ᠠᠮᠤᠷ ᠲᠦᠪᠱᠢᠨ᠎ᠦ ᠱᠢᠰᠲ᠋ᠧᠮ᠎ᠢ ᠪᠦᠷᠢᠨᠱᠢᠬᠦᠯᠤᠨ᠂ ᠤᠯᠤᠰ᠎ᠤᠨ ᠠᠮᠤᠷ ᠲᠦᠪᠱᠢᠨ᠎ᠢ ᠬᠠᠮᠠᠭᠠᠯᠠᠬᠤ ᠴᠢᠳᠠᠪᠤᠷᠢ᠎ᠶ᠋ᠢ ᠴᠢᠩᠭᠠᠳᠭᠠᠵᠤ᠂ ᠤᠯᠠᠨ ᠨᠡᠢᠲᠡ᠎ᠶ᠋ᠢᠨ ᠠᠮᠤᠷ ᠲᠦᠪᠱᠢᠨ᠎ᠦ ᠵᠠᠰᠠᠯᠲᠠ᠎ᠶ᠋ᠢᠨ ᠲᠦᠪᠱᠢᠨ᠎ᠢ ᠳᠡᠭᠡᠭ᠌ᠰᠢᠯᠡᠭᠦᠯᠦᠨ᠂ ᠨᠡᠢᠭᠡᠮ᠎ᠦᠨ ᠵᠠᠰᠠᠯᠲᠠ᠎ᠶ᠋ᠢᠨ ᠱᠢᠰᠲ᠋ᠧᠮ᠎ᠢ ᠲᠡᠭᠦᠯᠳᠡᠷᠵᠢᠭᠦᠯᠵᠦ᠍᠂ ᠱᠢᠨ᠎ᠡ ᠠᠮᠤᠷ ᠲᠦᠪᠱᠢᠨ᠎ᠦ ᠪᠠᠢᠷᠢᠱᠢᠯ᠎ᠢᠶᠠᠷ ᠱᠢᠨ᠎ᠡ ᠬᠥᠭ᠌ᠵᠢᠯᠲᠡ᠎ᠶ᠋ᠢᠨ ᠪᠠᠢᠷᠢᠱᠢᠯ᠎ᠢ ᠪᠠᠲᠤᠯᠠᠬᠤ ᠬᠡᠷᠡᠭ᠌ᠲᠡᠢ᠃ ᠤᠯᠤᠰ᠎ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠨᠭᠭᠢ᠎ᠶ᠋ᠢᠨ ᠣᠳᠣᠬᠢᠴᠢᠯᠠᠬᠤ ᠪᠦᠳᠦᠭᠡᠨ ᠪᠠᠢᠭᠤᠯᠤᠯᠲᠠ᠎ᠶ᠋ᠢ ᠪᠦᠬᠦ᠌ ᠲᠠᠯ᠎ᠠ᠎ᠪᠠᠷ ᠠᠬᠢᠭᠤᠯᠵᠤ᠂ ᠠᠷᠠᠳ᠎ᠤᠨ ᠴᠡᠷᠢᠭ ᠠᠨᠭᠭᠢ᠎ᠶ᠋ᠢ ᠤᠯᠤᠰ ᠣᠷᠣᠨ᠎ᠤ ᠡᠷᠬᠡ ᠮᠡᠳᠡᠯ᠂ ᠠᠮᠤᠷ ᠲᠦᠪᠱᠢᠨ᠂ ᠬᠥᠭ᠌ᠵᠢᠯᠲᠡ᠎ᠶ᠋ᠢᠨ ᠠᠱᠢᠭ ᠲᠤᠰᠠ᠎ᠶ᠋ᠢ ᠪᠦᠲᠦᠮᠵᠢᠲᠡᠢ ᠬᠠᠮᠠᠭᠠᠯᠠᠬᠤ ᠪᠠᠲᠤ ᠪᠡᠬᠢ ᠤᠷᠳᠤ ᠴᠠᠭᠠᠨ ᠬᠡᠷᠡᠮ ᠪᠣᠯᠭᠠᠨ ᠪᠦᠳᠦᠭᠡᠨ ᠪᠠᠢᠭᠤᠯᠬᠤ ᠬᠡᠷᠡᠭ᠌ᠲᠡᠢ᠃
ᠪᠢᠳᠡ 《ᠨᠢᠭᠡ ᠤᠯᠤᠰ᠎ᠲᠤ ᠬᠣᠶᠠᠷ ᠪᠠᠢᠭᠤᠯᠤᠯ᠎ᠢ ᠬᠡᠷᠡᠭ᠌ᠵᠢᠭᠦᠯᠬᠦ᠌ 》 ᠦᠢᠯᠡᠳᠦᠯᠭᠡ ᠪᠠ ᠡᠬᠡ ᠣᠷᠣᠨ᠎ᠢᠶᠠᠨ ᠨᠢᠭᠡᠳᠭᠡᠬᠦ᠌ ᠶᠡᠬᠡ ᠦᠢᠯᠡᠰ᠎ᠢ ᠯᠠᠪᠳᠠᠭᠤᠨ ᠪᠠᠲᠤᠲᠠᠢ ᠠᠬᠢᠭᠤᠯᠬᠤ ᠬᠡᠷᠡᠭ᠌ᠲᠡᠢ᠃ ᠤᠯᠤᠰ ᠵᠢᠡᠨ ᠬᠦᠴᠤᠷᠭᠡᠭᠵᠢᠬᠦᠯᠬᠦ ᠪᠦᠳᠦᠭᠡᠨ ᠪᠠᠢᠭᠤᠯᠤᠯᠲᠠ᠎ᠶ᠋ᠢ ᠠᠬᠢᠭᠤᠯᠬᠤ᠎ᠳᠤ ᠱᠢᠶᠠᠩᠭᠠᠩ᠂ ᠣᠣᠮᠧᠨ᠎ᠦ ᠤᠷᠳᠤ ᠬᠤᠭᠤᠴᠠᠭᠠᠨ᠎ᠤ ᠴᠡᠴᠡᠭ᠌ᠯᠡᠯ ᠬᠥᠭ᠌ᠵᠢᠯ ᠪᠠ ᠲᠣᠭ᠍ᠲᠠᠭᠤᠨ ᠪᠠᠢᠳᠠᠯ᠎ᠡᠴᠡ ᠰᠠᠯᠵᠤ ᠴᠢᠳᠠᠬᠤ ᠦᠭᠡᠢ ᠶᠤᠮ᠃ 《ᠨᠢᠭᠡ ᠤᠯᠤᠰ᠎ᠲᠤ ᠬᠣᠶᠠᠷ ᠪᠠᠢᠭᠤᠯᠤᠯ᠎ᠢ ᠬᠡᠷᠡᠭ᠌ᠵᠢᠭᠦᠯᠬᠦ᠌》᠂ 《ᠱᠢᠶᠠᠩᠭᠠᠩᠴᠤᠳᠱᠢᠶᠠᠩᠭᠠᠩᠢ ᠵᠠᠰᠠᠬᠤ》 ᠂ 《ᠣᠣᠮᠧᠨᠴᠤᠳ ᠣᠣᠮᠧᠨ᠎ᠢ ᠵᠠᠰᠠᠬᠤ》᠂ ᠳᠡᠭᠡᠳᠦ ᠬᠡᠮᠵᠢᠶ᠎ᠡ᠎ᠪᠡᠷ ᠥᠪᠡᠷᠲᠡᠭᠡᠨ ᠵᠠᠰᠠᠬᠤ ᠴᠢᠭ᠌ᠯᠡᠯᠲᠡ᠎ᠶ᠋ᠢ ᠪᠦᠬᠦ᠌ ᠲᠠᠯ᠎ᠠ᠎ᠪᠠᠷ ᠣᠨᠣᠪᠴᠢᠲᠠᠢ᠂ ᠭᠤᠢᠪᠢᠰᠢ ᠦᠭᠡᠢ ᠲᠤᠭᠤᠱᠢᠯᠠᠭᠤᠯᠵᠤ᠂ ᠬᠠᠤᠯᠢ ᠪᠡᠷ ᠱᠢᠶᠠᠩᠭᠠᠩ ᠣᠣᠮᠧᠨ᠎ᠢ ᠵᠠᠰᠠᠬᠤ᠎ᠶ᠋ᠢ ᠪᠠᠷᠢᠮᠲᠠᠯᠠᠨ᠂ ᠱᠢᠶᠠᠩᠭᠠᠩ᠂ ᠣᠣᠮᠧᠨ᠎ᠦ ᠤᠨᠴᠠᠭᠠᠢ ᠵᠠᠰᠠᠭ ᠵᠠᠬᠢᠷᠭᠠᠨ᠎ᠤ ᠣᠷᠣᠨ᠎ᠤ ᠠᠵᠤ ᠠᠬᠤᠢ᠎ᠪᠠᠨ ᠬᠥᠭ᠌ᠵᠢᠭᠦᠯᠬᠦ᠌᠂ ᠠᠷᠠᠳ᠎ᠤᠨ ᠠᠮᠢᠳᠤᠷᠠᠯ᠎ᠢᠶᠠᠨ ᠰᠠᠢᠵᠢᠷᠠᠭᠤᠯᠬᠤ᠎ᠶ᠋ᠢ ᠳᠡᠮᠵᠢᠵᠦ᠍᠂ ᠤᠯᠤᠰ ᠣᠷᠣᠨ᠎ᠤ ᠬᠥᠭ᠌ᠵᠢᠯᠲᠡ᠎ᠶ᠋ᠢᠨ ᠶᠡᠬᠡ ᠲᠠᠯ᠎ᠠ᠎ᠳᠤ ᠨᠡᠩ ᠰᠠᠢᠲᠤᠷ ᠠᠭᠤᠰᠤᠯᠴᠠᠭᠤᠯᠬᠤ ᠬᠡᠷᠡᠭ᠌ᠲᠡᠢ᠃ ᠡᠬᠡ ᠤᠷᠤᠨ ᠤ᠋ ᠪᠦᠷᠢᠨ ᠨᠢᠭᠡᠳᠦᠯ᠎ᠢ ᠪᠡᠶᠡᠯᠡᠭᠦᠯᠬᠦ᠌ ᠪᠣᠯ ᠪᠦᠬᠦ᠌ ᠳᠤᠮᠳᠠᠳᠤ᠎ᠶ᠋ᠢᠨ ᠬᠥᠪᠡᠭᠦᠳ ᠥᠬᠢᠳ᠎ᠦᠨ ᠬᠠᠮᠲᠤ᠎ᠶ᠋ᠢᠨ ᠬᠦᠰᠡᠯ ᠡᠷᠡᠮᠡᠯᠵᠡᠯ ᠮᠥᠨ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠰᠡᠳᠦᠪ ᠳᠣᠲᠣᠷᠠᠬᠢ ᠠᠭᠤᠯᠭ᠎ᠠ ᠮᠥᠨ᠃ ᠱᠢᠨ᠎ᠡ ᠴᠠᠭ ᠦᠶ᠎ᠡ᠎ᠶ᠋ᠢᠨ ᠨᠠᠮ᠎ᠤᠨ ᠲᠠᠢᠸᠠᠨ᠎ᠤ ᠠᠰᠠᠭᠤᠳᠠᠯ᠎ᠢ ᠱᠢᠢᠳᠪᠦᠷᠢᠯᠡᠬᠦ᠌ ᠶᠡᠷᠦᠩᠬᠡᠢ ᠠᠷᠭ᠎ᠠ ᠪᠤᠳᠤᠯᠭ᠎ᠠ᠎ᠶ᠋ᠢ ᠲᠤᠭᠤᠱᠢᠯᠠᠭᠤᠯᠵᠤ᠂ ᠨᠢᠭᠡ ᠯᠡ ᠳᠤᠮᠳᠠᠳᠤ ᠤᠯᠤᠰ ᠪᠠᠢᠬᠤ ᠵᠠᠷᠴᠢᠮ ᠪᠠ 《ᠶᠡᠷᠡᠨ ᠬᠣᠶᠠᠷ ᠣᠨ᠎ᠤ ᠬᠠᠮᠲᠤ᠎ᠶ᠋ᠢᠨ ᠲᠠᠨᠢᠯᠲᠠ》 ᠶ᠋ᠢ ᠪᠠᠷᠢᠮᠲᠠᠯᠠᠨ᠂ ᠲᠠᠢᠸᠠᠨ ᠬᠣᠭᠣᠯᠠᠢ᠎ᠶ᠋ᠢᠨ ᠬᠤᠶᠠᠷ ᠬᠦᠪᠡᠭᠡ ᠵᠢᠨ ᠬᠠᠷᠢᠴᠠᠭ᠎ᠠ᠎ᠶ᠋ᠢᠨ ᠨᠠᠢᠷᠠᠮᠳᠠᠯ᠎ᠢᠶᠠᠷ ᠬᠥᠭ᠌ᠵᠢᠬᠦ᠌᠎ᠶ᠋ᠢ ᠢᠳᠡᠪᠬᠢᠲᠡᠢ ᠠᠬᠢᠭᠤᠯᠵᠤ᠂ ᠭᠠᠳᠠᠭᠠᠳᠤ᠎ᠶ᠋ᠢᠨ ᠬᠦᠴᠦᠨ᠎ᠦ ᠭᠠᠷ ᠲᠦᠷᠦᠭᠦ᠌ ᠪᠠ 《ᠲᠠᠢᠸᠠᠨ᠎ᠢ ᠲᠤᠰᠠᠭᠠᠷ ᠲᠣᠭ᠍ᠲᠠᠨᠢᠭᠤᠯᠬᠤ》 ᠬᠠᠭᠠᠴᠠᠭᠤᠯᠬᠤ ᠠᠵᠢᠯᠯᠠᠭ᠎ᠠ᠎ᠶ᠋ᠢ ᠡᠷᠡᠰ ᠡᠰᠡᠷᠭᠦᠴᠡᠵᠦ᠍᠂ ᠡᠬᠡ ᠣᠷᠣᠨ᠎ᠢᠶᠠᠨ ᠨᠢᠭᠡᠳᠭᠡᠬᠦ᠌ ᠠᠬᠢᠴᠠ᠎ᠶ᠋ᠢ ᠭᠤᠢᠪᠢᠰᠢ ᠦᠭᠡᠢ ᠠᠬᠢᠭᠤᠯᠬᠤ ᠬᠡᠷᠡᠭ᠌ᠲᠡᠢ᠃
ᠪᠢᠳᠠ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ᠎ᠶ᠋ᠢ ᠴᠢᠷᠮᠠᠢᠨ ᠠᠬᠢᠭᠤᠯᠬᠤ ᠬᠡᠷᠡᠭ᠌ᠲᠡᠢ᠃ ᠳᠤᠮᠳᠠᠳᠤ ᠤᠯᠤᠰ᠎ᠤᠨ ᠬᠥᠭ᠌ᠵᠢᠯᠲᠡ ᠳᠡᠯᠡᠬᠡᠢ ᠳ᠋ᠠᠬᠢᠨ᠎ᠳᠤ ᠠᠱᠢᠭ ᠬᠦᠷᠲᠡᠭᠡᠵᠦ᠍᠂ ᠳᠤᠮᠳᠠᠳᠤ ᠤᠯᠤᠰ᠎ᠤᠨ ᠬᠥᠭ᠌ᠵᠢᠯᠲᠡ ᠳᠡᠯᠡᠬᠡᠢ ᠳ᠋ᠠᠬᠢᠨ᠎ᠡᠴᠡ ᠰᠠᠯᠵᠤ ᠴᠢᠳᠠᠬᠤ ᠦᠭᠡᠢ ᠶᠤᠮ᠃ ᠪᠢᠳᠠ ᠥᠨᠳᠥᠷ ᠲᠦᠪᠱᠢᠨ ᠪᠦᠬᠦᠢ ᠭᠠᠳᠠᠭᠠᠳᠤ ᠨᠡᠭᠡᠭᠡᠯᠳᠠ᠎ᠶ᠋ᠢ ᠯᠠᠪᠳᠠᠭᠤᠨ ᠪᠠᠲᠤᠲᠠᠢ ᠠᠬᠢᠭᠤᠯᠵᠤ᠂ ᠪᠦᠬᠦ᠌ ᠪᠥᠮᠪᠥᠷᠴᠡᠭ᠎ᠦᠨ ᠵᠠᠬ᠎ᠠ ᠳᠡᠯᠭᠡᠭᠦᠷ ᠪᠣᠯᠤᠨ ᠡᠬᠢ ᠪᠠᠶᠠᠯᠢᠭ᠎ᠢ ᠰᠠᠢᠲᠤᠷ ᠠᠱᠢᠭ᠍ᠯᠠᠨ ᠥᠪᠡᠷ᠎ᠢ᠎ᠪᠡᠨ ᠬᠥᠭ᠌ᠵᠢᠭᠦᠯᠬᠦ᠌ ᠪᠥᠭᠡᠳ ᠳᠡᠯᠡᠬᠡᠢ᠎ᠶ᠋ᠢᠨ ᠬᠠᠮᠲᠤ᠎ᠶ᠋ᠢᠨ ᠬᠥᠭ᠌ᠵᠢᠯᠲᠡ᠎ᠶ᠋ᠢ ᠠᠬᠢᠭᠤᠯᠬᠤ ᠬᠡᠷᠡᠭ᠌ᠲᠡᠢ᠃ ᠪᠢᠳᠡ ᠡᠩᠬᠡ ᠲᠠᠢᠪᠤᠩ᠂ ᠬᠥᠭ᠌ᠵᠢᠯᠲᠡ᠂ ᠬᠠᠮᠲᠤᠷᠠᠯᠴᠠᠭ᠎ᠠ᠂ ᠬᠠᠮᠲᠤ᠎ᠪᠠᠷ ᠠᠱᠢᠭ ᠭᠥᠷᠳᠡᠬᠦ᠌ ᠲᠣᠭ᠎ᠢ ᠥᠨᠳᠥᠷ ᠮᠠᠨᠳᠤᠭᠤᠯᠵᠤ᠂ ᠢᠮᠠᠭ᠍ᠲᠠ ᠲᠡᠦᠬᠡ᠎ᠶ᠋ᠢᠨ ᠵᠥᠪ ᠲᠠᠯ᠎ᠠ᠎ᠳᠤ ᠵᠣᠭ᠍ᠰᠣᠵᠤ᠂ ᠵᠢᠩᠬᠢᠨᠢ ᠣᠯᠠᠨ ᠲᠠᠯᠠᠲᠤ ᠦᠵᠡᠯ᠎ᠢ ᠦᠶ᠋ᠯᠡᠳᠦᠯᠭᠡᠵᠢᠭᠦᠯᠵᠦ᠍᠂ ᠪᠥᠬᠥ᠌ ᠬᠥᠮᠦᠨ ᠲᠥᠷᠥᠯᠬᠢᠲᠡᠨ᠎ᠦ ᠬᠠᠮᠲᠤ᠎ᠶ᠋ᠢᠨ ᠥᠷᠲᠡᠭ᠎ᠢ ᠦᠶ᠋ᠯᠡᠳᠦᠯᠭᠡᠵᠢᠭᠦᠯᠵᠦ᠍᠂ ᠪᠥᠬᠥ᠌ ᠪᠥᠮᠪᠥᠷᠴᠡᠭ᠎ᠦᠨ ᠵᠠᠰᠠᠯᠲᠠ᠎ᠶ᠋ᠢᠨ ᠱᠢᠰᠲ᠋ᠧᠮ᠎ᠦᠨ ᠥᠭᠡᠷᠡᠴᠢᠯᠡᠯᠲᠡ ᠪᠠ ᠪᠥᠲᠥᠭᠡᠨ ᠪᠠᠢᠭᠤᠯᠤᠯᠲᠠ᠎ᠳᠤ ᠢᠳᠡᠪᠬᠢᠲᠡᠶ ᠣᠷᠣᠯᠴᠠᠵᠤ᠂ ᠨᠡᠭᠡᠭᠡᠯᠲᠡᠲᠦ ᠬᠡᠯᠪᠡᠷᠢ᠎ᠶ᠋ᠢᠨ ᠳᠡᠯᠡᠬᠡᠶ᠎ᠶ᠋ᠢᠨ ᠠᠵᠤ ᠠᠬᠤᠶ᠎ᠶ᠋ᠢᠨ ᠪᠥᠲᠥᠭᠡᠨ ᠪᠠᠢᠭᠤᠯᠤᠯᠲᠠ᠎ᠶ᠋ᠢ ᠠᠬᠢᠭᠤᠯᠵᠤ᠂ ᠪᠥᠬᠥ᠌ ᠪᠥᠮᠪᠥᠷᠴᠡᠭ᠎ᠦᠨ ᠬᠥᠭ᠌ᠵᠢᠯᠲᠡ᠎ᠶ᠋ᠢᠨ ᠰᠠᠨᠠᠭᠠᠴᠢᠯᠠᠭ᠎ᠠ᠂ ᠪᠥᠬᠥ᠌ ᠪᠥᠮᠪᠥᠷᠴᠡᠭ᠎ᠦᠨ ᠠᠮᠤᠷ ᠲᠦᠪᠱᠢᠨ᠎ᠦ ᠰᠠᠨᠠᠭᠠᠴᠢᠯᠠᠭ᠎ᠠ᠎ᠶ᠋ᠢ ᠨᠠᠢᠳᠠᠪᠤᠷᠢᠵᠢᠭᠤᠯᠬᠤ᠎ᠶ᠋ᠢ ᠠᠬᠢᠭᠤᠯᠵᠤ᠂ ᠳᠡᠯᠡᠬᠡᠶ᠎ᠶ᠋ᠢᠨ ᠡᠩᠬᠡ ᠲᠠᠢᠪᠤᠩ ᠬᠥᠭ᠌ᠵᠢᠯᠲᠡ᠎ᠳᠦ ᠨᠠᠩ ᠣᠯᠠᠨ ᠲᠣᠭ᠍ᠲᠠᠭᠤᠨ ᠴᠢᠨᠠᠷ ᠪᠠ ᠢᠳᠡᠪᠬᠢ ᠬᠦᠴᠦᠨ᠎ᠢ ᠨᠡᠮᠡᠭ᠌ᠳᠡᠭᠦᠯᠵᠦ᠍᠂ ᠮᠠᠨ᠎ᠤ ᠤᠯᠤᠰ᠎ᠤᠨ ᠬᠥᠭ᠌ᠵᠢᠯᠲᠡ᠎ᠳᠦ ᠰᠠᠢᠨ ᠰᠠᠢᠬᠠᠨ ᠳᠡᠯᠡᠬᠡᠶ᠎ᠶ᠋ᠢᠨ ᠣᠷᠴᠢᠨ ᠨᠥᠬᠥᠴᠡᠯ᠎ᠢ ᠪᠣᠶ ᠪᠣᠯᠭᠠᠬᠤ ᠬᠡᠷᠡᠭ᠌ᠲᠡᠶ᠃
ᠲᠥᠯᠥᠭᠡᠯᠡᠭ᠌ᠴᠢᠳ ᠡ!
ᠤᠯᠤᠰ᠎ᠢ ᠵᠠᠰᠠᠬᠤ᠎ᠳᠤ ᠡᠷᠬᠡᠪᠰᠢ ᠤᠷᠢᠳ ᠵᠢᠡᠷ ᠨᠠᠮ᠎ᠢ ᠵᠠᠰᠠᠬᠤ ᠬᠡᠷᠡᠭ᠌ᠲᠡᠢ᠂ ᠨᠠᠮ ᠮᠠᠨᠳᠤᠪᠠᠯ ᠰᠠᠶᠢ ᠤᠯᠤᠰ ᠬᠦᠴᠦᠷᠬᠡᠭ᠌ᠵᠢᠵᠦ᠍ ᠴᠢᠳᠠᠨ᠎ᠠ᠃ ᠤᠯᠤᠰ ᠵᠢᠡᠨ ᠬᠦᠴᠤᠷᠭᠡᠭᠵᠢᠬᠦᠯᠬᠦ ᠪᠦᠳᠦᠭᠡᠨ ᠪᠠᠢᠭᠤᠯᠤᠯᠲᠠ᠎ᠶ᠋ᠢ ᠠᠬᠢᠭᠤᠯᠬᠤ᠎ᠳᠤ᠂ ᠡᠷᠬᠡᠪᠰᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠪᠣᠯᠤᠨ ᠨᠠᠮ᠎ᠤᠨ ᠲᠥᠪ ᠬᠣᠷᠢᠶ᠎ᠠ ᠵᠢᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ᠎ᠶ᠋ᠢ ᠪᠠᠷᠢᠮᠲᠠᠯᠠᠵᠤ᠂ ᠨᠠᠮ᠎ᠤᠨ ᠪᠠᠢᠭᠤᠯᠤᠯᠲᠠ᠎ᠶ᠋ᠢ ᠦᠨᠡᠨ ᠬᠦ᠌ ᠴᠢᠩᠭᠠᠳᠭᠠᠬᠤ ᠬᠡᠷᠡᠭ᠌ᠲᠡᠢ᠃ ᠲᠤᠮᠤ ᠨᠠᠮ᠎ᠤᠨ ᠥᠪᠡᠷᠮᠢᠴᠡ ᠬᠦᠴᠢᠷ ᠠᠰᠠᠭᠤᠳᠠᠯ᠎ᠢ ᠱᠢᠢᠳᠪᠦᠷᠢᠯᠡᠬᠦ᠌ ᠰᠡᠷᠭᠡᠭ ᠴᠢᠨᠠᠷ ᠪᠠ ᠡᠷᠡᠰ ᠪᠠᠲᠤ ᠴᠢᠨᠠᠷ᠎ᠢ ᠴᠠᠭ ᠢᠮᠠᠭ᠍ᠲᠠ ᠪᠠᠲᠤᠯᠠᠵᠤ ᠂ ᠵᠣᠷᠢᠭ᠍ᠲᠠᠢ᠎ᠪᠠᠷ ᠥᠪᠡᠷ ᠪᠡᠶ᠎ᠡ᠎ᠵᠢᠨ ᠬᠤᠪᠢᠰᠭᠠᠯ ᠬᠢᠵᠦ᠍᠂ ᠨᠢᠭᠡ ᠮᠦᠴᠡ ᠴᠤ᠌ ᠵᠤᠬᠰᠤᠰᠢ ᠦᠭᠡᠢ ᠪᠡᠷ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠵᠤ᠂ ᠢᠯᠵᠠᠷᠠᠯ᠎ᠢ ᠭᠤᠢᠪᠢᠰᠢ ᠦᠭᠡᠢ ᠡᠰᠡᠷᠭᠦᠴᠡᠵᠦ᠍᠂ ᠨᠠᠮ᠎ᠤᠨ ᠪᠦᠯᠬᠦᠮᠳᠡᠯ ᠨᠢᠭᠡᠳᠦᠯ᠎ᠢ ᠢᠮᠠᠭ᠍ᠲᠠ ᠪᠠᠲᠤᠯᠠᠵᠤ᠂ ᠨᠠᠮ᠎ᠤᠨ ᠡᠭᠦᠷᠢᠳᠡ ᠴᠢᠨᠠᠷ ᠬᠤᠪᠢᠷᠠᠬᠤ ᠦᠭᠡᠢ᠂ ᠦᠨᠭ᠌ᠭᠡ ᠬᠤᠪᠢᠷᠠᠬᠤ ᠦᠭᠡᠢ᠂ ᠰᠤᠷᠳᠠᠯ ᠬᠤᠪᠢᠷᠠᠬᠤ ᠦᠭᠡᠢ ᠪᠠᠢᠬᠤ᠎ᠶ᠋ᠢ ᠦᠨᠡᠨ ᠬᠦ᠌ ᠪᠠᠲᠤᠯᠠᠵᠤ᠂ ᠤᠯᠤᠰ᠎ᠢᠶᠠᠨ ᠬᠦᠴᠦᠷᠬᠡᠭ᠌ᠵᠢᠭᠦᠯᠬᠦ᠌ ᠪᠦᠳᠦᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠳᠤ ᠪᠠᠲᠤ ᠴᠢᠩᠭ᠎ᠠ ᠪᠠᠲᠤᠯᠠᠭ᠎ᠠ ᠬᠠᠩᠭᠠᠬᠤ ᠬᠡᠷᠡᠭ᠌ᠲᠡᠢ᠃
ᠲᠥᠯᠥᠭᠡᠯᠡᠭ᠌ᠴᠢᠳ ᠡ!
ᠤᠯᠤᠰ᠎ᠢᠶᠠᠨ ᠬᠦᠴᠦᠷᠬᠡᠭ᠌ᠵᠢᠭᠦᠯᠬᠦ᠌ ᠪᠦᠳᠦᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠠᠤᠭ᠎ᠠ ᠬᠠᠷᠠᠯᠲᠠ ᠬᠥᠮᠦᠰ᠎ᠢ ᠵᠣᠷᠢᠭ᠍ᠵᠢᠭᠤᠯᠵᠤ᠂ ᠡᠷᠡᠮᠡᠭᠡᠢᠯᠡᠨ ᠤᠷᠤᠭ᠍ᠰᠢᠯᠠᠭᠤᠯᠵᠤ ᠪᠠᠢᠨ᠎ᠠ᠃ ᠪᠢᠳᠡ ᠥᠷᠯᠥᠭᠡ ᠦᠳᠡᠰᠢ᠎ᠶ᠋ᠢ ᠲᠡᠮᠡᠴᠡᠨ᠂ ᠲᠡᠦᠬᠡ᠎ᠶ᠋ᠢᠨ ᠢᠲᠡᠭᠡᠯ᠎ᠢᠶᠡᠨ ᠪᠠᠲᠤᠳᠭᠠᠵᠤ᠂ ᠲᠡᠦᠬᠡ᠎ᠶ᠋ᠢᠨ ᠰᠠᠨᠠᠭᠠᠴᠢᠯᠠᠭᠠᠲᠤ ᠴᠢᠨᠠᠷ᠎ᠢᠶᠠᠨ ᠴᠢᠩᠭᠠᠳᠭᠠᠨ᠂ ᠲᠥᠪ ᠶᠣᠰᠣ᠎ᠶ᠋ᠢ ᠪᠠᠷᠢᠮᠲᠠᠯᠠᠨ ᠱᠢᠨ᠎ᠡ᠎ᠶ᠋ᠢ ᠡᠭᠦᠳᠴᠦ᠍᠂ ᠪᠠᠢᠯᠳᠤᠬᠤ ᠪᠣᠳᠣᠯᠭ᠎ᠠ᠎ᠶ᠋ᠢᠨ ᠲᠣᠭ᠍ᠲᠠᠯ ᠬᠦᠴᠦᠨ᠎ᠢᠶᠡᠨ ᠪᠠᠲᠤᠯᠠᠨ᠂ ᠲᠡᠮᠡᠴᠡᠯ᠎ᠦᠨ ᠵᠣᠷᠢᠭ ᠰᠠᠨᠠᠭ᠎ᠠ᠎ᠪᠠᠨ ᠪᠠᠳᠠᠷᠠᠭᠤᠯᠵᠤ ᠂ ᠵᠣᠷᠢᠭ᠍ᠲᠠᠶ᠎ᠪᠠᠷ ᠬᠦᠴᠢᠷ᠎ᠢ ᠳᠤᠭᠤᠯᠤᠨ ᠪᠡᠷᠬᠡ᠎ᠶ᠋ᠢ ᠳᠠᠪᠠᠵᠤ᠂ ᠤᠯᠤᠰ᠎ᠢᠶᠠᠨ ᠬᠦᠴᠦᠷᠬᠡᠭ᠌ᠵᠢᠭᠦᠯᠬᠦ᠌ ᠪᠥᠲᠥᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠠᠭᠤᠤ ᠦᠶ᠋ᠯᠡᠰ᠎ᠲᠦ ᠲᠠᠰᠤᠷᠠᠯᠲᠠ ᠥᠬᠡᠶ ᠬᠦᠴᠦ᠍ ᠨᠡᠮᠡᠷᠢᠯᠡᠨ ᠬᠡᠷᠡᠯ ᠭᠢᠯᠪᠠᠭ᠎ᠠ ᠨᠡᠮᠡᠷᠢᠯᠡᠬᠦ᠌ ᠬᠡᠷᠡᠭ᠌ᠲᠡᠶ!
ᠲᠠ ᠪᠦᠬᠦᠨ᠎ᠳᠤ ᠪᠠᠶᠠᠷᠯᠠᠯ᠎ᠠ!
(ᠱᠢᠨᠬᠤᠸᠠ ᠬᠣᠷᠢᠶ᠎ᠠ ᠵᠢᠨ ᠪᠡᠭᠡᠵᠢᠩ᠎ᠦᠨ 3 ᠰᠠᠷ᠎ᠠ᠎ᠶ᠋ᠢᠨ 13 ᠤ᠋ ᠴᠠᠬᠢᠯᠭᠠᠨ ᠮᠡᠳᠡᠭᠡ)