ᠪᠦᠬᠦ ᠤᠯᠤᠰ ᠤ᠋ᠨ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠪᠠᠢᠩᠭᠤ ᠵᠢᠨ ᠬᠣᠷᠢᠶ᠎ᠠ ᠵᠢᠨ ᠠᠵᠢᠯ ᠤ᠋ᠨ ᠮᠡᠳᠡᠭᠦᠯᠦᠯᠳᠡ ᠵᠢᠨ ᠲᠤᠬᠠᠢ ᠠᠷᠪᠠᠨ ᠳᠥᠷᠪᠡᠳᠦᠭᠡᠷ ᠬᠤᠭᠤᠴᠠᠭᠠᠨ ᠤ᠋ ᠪᠦᠬᠦ ᠤᠯᠤᠰ ᠤ᠋ᠨ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠠᠩᠬᠠᠳᠤᠭᠠᠷ ᠬᠤᠷᠠᠯ᠎ᠤᠨ ᠰᠢᠢᠳᠪᠦᠷᠢ
2023-03-14 11:06:30
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

    (2023 ᠣᠨ᠎ᠤ 3  ᠰᠠᠷ᠎ᠠ᠎ᠶ᠋ᠢᠨ  13 ᠎ᠤ᠋ ᠡᠳᠦᠷ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠠᠩᠬᠠᠳᠤᠭᠠᠷ ᠬᠤᠷᠠᠯ ᠡᠴᠡ ᠪᠠᠲᠤᠯᠠᠪᠠ)

ᠠᠷᠪᠠᠨ ᠳᠥᠷᠪᠡᠳᠦᠭᠡᠷ ᠬᠤᠭᠤᠴᠠᠭᠠᠨ ᠤ᠋ ᠪᠦᠬᠦ ᠤᠯᠤᠰ ᠤ᠋ᠨ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠠᠩᠬᠠᠳᠤᠭᠠᠷ ᠬᠤᠷᠠᠯ ᠡᠴᠡ ᠬᠣᠷᠢᠶᠠᠨ ᠳᠠᠷᠤᠭ᠎ᠠ ᠯᠢ ᠵᠠᠨ ᠱᠦ᠍ ᠵᠢᠨ ᠠᠷᠪᠠᠨ ᠭᠤᠷᠪᠠᠳᠤᠭᠠᠷ ᠬᠤᠭᠤᠴᠠᠭᠠᠨ ᠤ᠋ ᠪᠦᠬᠦ ᠤᠯᠤᠰ ᠤ᠋ᠨ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠪᠠᠢᠩᠭᠤ ᠵᠢᠨ ᠬᠣᠷᠢᠶ᠎ᠠ ᠵᠢᠨ ᠨᠠᠢᠳᠠᠯᠭ᠎ᠠ ᠪᠠᠷ ᠬᠢᠭᠰᠡᠨ ᠠᠵᠢᠯ᠎ᠤ᠋ᠨ ᠮᠡᠳᠡᠭᠦᠯᠦᠯᠳᠡ ᠵᠢ ᠰᠤᠨᠤᠰᠤᠭᠰᠠᠨ ᠪᠦᠭᠡᠳ ᠬᠢᠨᠠᠨ ᠵᠦᠪᠯᠡᠪᠡ᠃  ᠬᠤᠷᠠᠯ ᠡᠴᠡ ᠠᠷᠪᠠᠨ ᠭᠤᠷᠪᠠᠳᠤᠭᠠᠷ ᠬᠤᠭᠤᠴᠠᠭᠠᠨ ᠤ᠋ ᠪᠦᠬᠦ ᠤᠯᠤᠰ ᠤ᠋ᠨ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠪᠠᠢᠩᠭᠤ ᠵᠢᠨ ᠬᠣᠷᠢᠢ᠎ᠠ ᠵᠢᠨ ᠥᠩᠭᠡᠷᠡᠭᠰᠡᠨ ᠲᠠᠪᠤᠨ ᠵᠢᠯ ᠤ᠋ᠨ ᠠᠵᠢᠯ ᠢ᠋ ᠭᠦᠢᠴᠡᠳ ᠨᠤᠲᠠᠯᠠᠵᠤ᠂ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠳᠦᠷᠢᠮ ᠤ᠋ᠨ ᠪᠠᠢᠭᠤᠯᠤᠯᠲᠠ ᠪᠠ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠠᠵᠢᠯ ᠤ᠋ᠨ ᠣᠯᠤᠭᠰᠠᠨ ᠰᠢᠨ᠎ᠡ ᠴᠢᠬᠤᠯᠠ ᠶᠡᠬᠡ ᠠᠬᠢᠴᠠ ᠵᠢ ᠳᠡᠭᠡᠳᠦ ᠬᠡᠮᠵᠢᠢ᠎ᠡ ᠪᠡᠷ ᠦᠨᠡᠯᠡᠨ᠂  ᠮᠡᠳᠡᠭᠦᠯᠦᠯᠳᠡ ᠳ᠋ᠦ᠍ ᠳᠤᠷᠠᠳᠤᠭᠰᠠᠨ ᠬᠣᠢᠰᠢᠳᠠ ᠵᠢᠨ ᠨᠢᠭᠡ ᠵᠢᠯ ᠤ᠋ᠨ ᠠᠵᠢᠯ ᠤ᠋ᠨ ᠰᠠᠨᠠᠭᠤᠯᠭ᠎ᠠ ᠵᠢ ᠵᠥᠪᠰᠢᠶᠡᠷᠡᠵᠦ᠂ ᠡᠨᠡ ᠬᠦ᠌ ᠮᠡᠳᠡᠭᠦᠯᠦᠯᠳᠡ ᠵᠢ ᠵᠥᠪᠰᠢᠶᠡᠷᠡᠬᠦ ᠪᠡᠷ ᠲᠣᠭᠲᠠᠪᠠ ᠃

ᠬᠤᠷᠠᠯ ᠡᠴᠡ᠂ ᠠᠷᠪᠠᠨ ᠳᠥᠷᠪᠡᠳᠦᠭᠡᠷ ᠬᠤᠭᠤᠴᠠᠭᠠᠨ ᠤ᠋ ᠪᠦᠬᠦ ᠤᠯᠤᠰ ᠤ᠋ᠨ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠪᠠᠢᠩᠭᠤ ᠵᠢᠨ ᠬᠣᠷᠢᠶ᠎ᠠ ᠰᠢ ᠵᠢᠨ ᠫᠢᠩ ᠨᠥᠬᠥᠷ ᠵᠢᠡᠷ ᠭᠣᠣᠯ ᠪᠣᠯᠭᠠᠭᠰᠠᠨ ᠨᠠᠮ ᠤ᠋ᠨ ᠲᠥᠪ ᠬᠣᠷᠢᠶ᠎ᠠ᠎ᠶᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠰᠢ ᠵᠢᠨ ᠫᠢᠩ ᠤ᠋ᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠣᠳᠤᠯᠭ᠎ᠠ ᠪᠣᠯᠭᠠᠵᠤ᠂ ᠨᠠᠮ ᠤ᠋ᠨ ᠬᠣᠷᠢᠳᠤᠭᠠᠷ ᠶᠡᠬᠡ ᠬᠤᠷᠠᠯ ᠪᠠ ᠬᠣᠷᠢᠳᠤᠭᠠᠷ ᠬᠤᠭᠤᠴᠠᠭᠠᠨ ᠤ᠋ ᠲᠥᠪ ᠬᠣᠷᠢᠶᠠᠨ ᠤ᠋ ᠨᠢᠭᠡᠳᠦᠭᠡᠷ᠂ ᠬᠣᠶᠠᠳᠤᠭᠠᠷ ᠪᠦᠭᠦᠳᠡ ᠬᠤᠷᠠᠯ ᠤ᠋ᠨ ᠵᠣᠷᠢᠭ ᠰᠠᠨᠠᠭ᠎ᠠ ᠵᠢ ᠪᠦᠬᠦ ᠲᠠᠯ᠎ᠠ ᠪᠠᠷ ᠲᠤᠭᠤᠰᠢᠯᠠᠭᠤᠯᠵᠤ᠂ 《ᠬᠣᠶᠠᠷ ᠢ᠋ ᠲᠣᠭᠲᠠᠭᠠᠬᠰᠠᠨ》 ᠤ᠋ ᠰᠢᠢᠳᠪᠦᠷᠢᠯᠡᠭᠴᠢ ᠴᠢᠨᠠᠷᠳᠠᠢ ᠠᠴᠢ ᠬᠣᠯᠪᠣᠭᠳᠠᠯ ᠢ᠋ ᠭᠦᠨᠵᠡᠭᠡᠢ ᠣᠢᠯᠠᠭᠠᠵᠤ᠂ 《ᠳᠥᠷᠪᠡᠨ ᠤᠬᠠᠮᠰᠠᠷ》 ᠵᠢᠠᠨ ᠴᠢᠩᠭᠠᠳᠭᠠᠵᠤ᠂ 《ᠳᠥᠷᠪᠡᠨ ᠢᠲᠡᠭᠡᠯ》 ᠵᠢᠡᠨ ᠪᠠᠲᠤᠳᠭᠠᠵᠤ᠂ 《ᠬᠣᠶᠠᠷ ᠢ᠋ ᠬᠠᠮᠠᠭᠠᠯᠠᠬᠤ》 ᠵᠢ ᠪᠡᠶᠡᠯᠡᠭᠦᠯᠵᠦ᠂ ᠨᠠᠮ ᠤ᠋ᠨ ᠤᠳᠤᠷᠢᠳᠤᠯᠭ᠎ᠠ᠂ ᠠᠷᠠᠳ ᠲᠦᠮᠡᠨ ᠡᠷᠬᠡ ᠮᠡᠳᠡᠵᠦ ᠡᠵᠡᠨ ᠰᠠᠭᠤᠬᠤ᠂ ᠬᠠᠤᠯᠢ ᠪᠡᠷ ᠤᠯᠤᠰ ᠵᠢᠠᠨ ᠵᠠᠰᠠᠬᠤ ᠵᠢᠨ ᠣᠷᠭᠠᠨᠢᠭ ᠨᠢᠭᠡᠳᠦᠯ ᠢ᠋ ᠪᠠᠷᠢᠮᠲᠠᠯᠠᠵᠤ᠂ ᠪᠦᠬᠦ ᠶᠠᠪᠤᠴᠠ ᠳ᠋ᠡᠬᠢ ᠠᠷᠠᠳ ᠤ᠋ᠨ ᠠᠷᠠᠳᠴᠢᠯᠠᠯ ᠢ᠋ ᠦᠢᠯᠡᠳᠦᠯᠭᠡᠵᠢᠭᠦᠯᠵᠦ᠂ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠳᠦᠷᠢᠮ ᠢ᠋ ᠰᠠᠢᠲᠤᠷ ᠪᠠᠷᠢᠮᠲᠠᠯᠠᠵᠤ᠂ ᠰᠠᠢᠲᠤᠷ ᠲᠡᠭᠦᠯᠳᠡᠷᠵᠢᠭᠦᠯᠵᠦ᠂ ᠰᠠᠢᠲᠤᠷ ᠬᠡᠷᠡᠭᠵᠢᠭᠦᠯᠵᠦ᠂ ᠰᠢᠨ᠎ᠡ ᠴᠠᠭ ᠦᠶ᠎ᠡ ᠰᠢᠨ᠎ᠡ ᠠᠶᠠᠨ  ᠳ᠋ᠠᠬᠢ ᠨᠠᠮ ᠪᠣᠯᠤᠨ ᠤᠯᠤᠰ ᠤ᠋ᠨ ᠭᠣᠣᠯ ᠡᠭᠦᠷᠭᠡ ᠵᠢᠨ ᠲᠣᠭᠣᠷᠢᠨ ᠳ᠋ᠤ᠌ ᠬᠠᠤᠯᠢ ᠶᠣᠰᠣᠭᠠᠷ ᠡᠷᠭᠡ ᠳᠤᠰᠢᠶᠠᠯ ᠪᠠ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠵᠦ᠂ ᠦᠨᠳᠦᠰᠦᠨ ᠬᠠᠤᠯᠢ ᠵᠢᠨ ᠬᠡᠷᠡᠭᠵᠢᠭᠦᠯᠦᠯᠲᠡ ᠪᠠ ᠬᠢᠨᠠᠯᠲᠠ ᠲᠠᠯᠪᠢᠯᠳᠠ ᠵᠢᠨ  ᠬᠢᠷᠢ ᠲᠦᠪᠰᠢᠨ ᠢ᠋ ᠲᠠᠰᠤᠷᠠᠯᠲᠠ ᠥᠬᠡᠢ ᠳᠡᠭᠡᠭᠰᠢᠯᠡᠭᠦᠯᠵᠦ᠂ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠬᠠᠤᠯᠢ ᠴᠠᠭᠠᠵᠠ ᠵᠢᠨ ᠰᠢᠰᠲ᠋ᠧᠮ ᠤ᠋ᠨ ᠨᠡᠩ ᠰᠢᠨᠵᠢᠯᠡᠬᠦ ᠤᠬᠠᠭᠠᠨᠴᠢ ᠪᠦᠷᠢᠨ ᠲᠡᠭᠦᠯᠳᠡᠷ᠂ ᠨᠢᠭᠡᠳᠦᠯᠲᠡᠢ ᠡᠷᠬᠡ ᠰᠦᠷ ᠢ᠋ ᠠᠬᠢᠭᠤᠯᠵᠤ᠂ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠡᠴᠡ ᠵᠠᠰᠠᠭ ᠵᠠᠬᠢᠷᠭᠠᠨ ᠤ᠋ ᠪᠠᠢᠭᠤᠯᠭ᠎ᠠ᠂ ᠬᠢᠨᠠᠨ ᠪᠠᠢᠴᠠᠭᠠᠬᠤ ᠪᠠᠢᠭᠤᠯᠭ᠎ᠠ᠂ ᠰᠢᠭᠦᠨ ᠲᠠᠰᠤᠯᠬᠤ ᠪᠠᠢᠭᠤᠯᠭ᠎ᠠ᠂ ᠪᠠᠢᠴᠠᠭᠠᠬᠤ ᠪᠠᠢᠭᠤᠯᠭ᠎ᠠ ᠳ᠋ᠤ᠌ ᠬᠢᠨᠠᠯᠲᠠ ᠲᠠᠯᠪᠢᠬᠤ ᠳᠦᠷᠢᠮ ᠢ᠋ ᠲᠡᠭᠦᠯᠳᠡᠷᠵᠢᠭᠦᠯᠵᠦ᠂ ᠠᠷᠠᠳ ᠤ᠋ᠨ ᠲᠥᠯᠥᠭᠡᠯᠡᠭᠴᠢ ᠵᠢᠨ ᠦᠢᠯᠡᠳᠦᠯ ᠢ᠋ ᠭᠦᠢᠴᠡᠳ ᠪᠠᠳᠠᠷᠠᠭᠤᠯᠤᠨ᠂ ᠲᠤᠰ ᠪᠡᠶ᠎ᠡ ᠵᠢᠨ ᠪᠠᠢᠭᠤᠯᠤᠯᠲᠠ ᠪᠠᠨ ᠪᠦᠬᠦ ᠲᠠᠯ᠎ᠠ ᠪᠠᠷ ᠴᠢᠩᠭᠠᠳᠭᠠᠵᠤ᠂ ᠤᠷᠢᠳᠤᠬᠢ ᠵᠢ ᠵᠠᠯᠭᠠᠮᠵᠢᠯᠠᠨ ᠬᠣᠢᠲᠤᠬᠢ ᠵᠢ ᠨᠡᠭᠡᠭᠡᠵᠤ᠂ ᠲᠥᠪ ᠶᠣᠰᠣ ᠵᠢ ᠪᠠᠷᠢᠮᠲᠠᠯᠠᠨ ᠰᠢᠨ᠎ᠡ ᠵᠢ ᠡᠭᠦᠳᠴᠦ᠂ ᠠᠷᠠᠳ ᠤ᠋ᠨ ᠲᠥᠯᠥᠭᠡᠯᠡᠭᠴᠢᠳ ᠤ᠋ᠨ ᠶᠡᠬᠡ ᠬᠤᠷᠠᠯ ᠤ᠋ᠨ ᠠᠵᠢᠯ ᠤ᠋ᠨ ᠰᠢᠨ᠎ᠡ ᠪᠠᠢᠳᠠᠯ ᠢ᠋ ᠴᠢᠷᠮᠠᠢᠨ ᠴᠤᠭᠴᠠᠯᠠᠵᠤ᠂ ᠨᠡᠢᠭᠡᠮ ᠵᠢᠷᠤᠮᠳ᠋ᠤ ᠣᠳᠣᠬᠢᠴᠢᠯᠠᠭᠰᠠᠨ ᠤᠯᠤᠰ ᠢ᠋ ᠪᠦᠬᠦ ᠲᠠᠯ᠎ᠠ ᠪᠠᠷ ᠪᠦᠲᠦᠭᠡᠨ ᠪᠠᠢᠭᠤᠯᠬᠤ᠂ ᠳᠤᠮᠳᠠᠳᠤ ᠵᠢᠨ ᠦᠨᠳᠦᠰᠦᠲᠡᠨ᠎ᠦ᠌ ᠠᠭᠤᠤ ᠶᠡᠬᠡ ᠰᠡᠷᠭᠦᠨ ᠮᠠᠨᠳᠤᠯᠲᠠ ᠵᠢ ᠪᠦᠬᠦ ᠲᠠᠯ᠎ᠠ ᠪᠠᠷ ᠠᠬᠢᠭᠤᠯᠬᠤ ᠳ᠋ᠤ᠌ ᠰᠢᠨ᠎ᠡ ᠬᠤᠪᠢ ᠨᠡᠮᠡᠷᠢ ᠦᠵᠡᠭᠦᠯᠬᠦ ᠬᠡᠷᠡᠭᠳᠠᠢ ᠭᠡᠵᠤ ᠱᠠᠭᠠᠷᠳᠠᠪᠠ᠃

( ᠰᠢᠨᠬᠤᠸᠠ ᠬᠤᠷᠢᠶ᠎ᠠ ᠵᠢᠨ ᠪᠡᠭᠡᠵᠢᠩ ᠤ᠋ᠨ 3 ᠰᠠᠷ᠎ᠠ ᠵᠢᠨ 13 ᠤ᠋ ᠴᠠᠬᠢᠯᠭᠠᠨ ᠮᠡᠳᠡᠭᠡ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠱᠢᠡᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号