ᠬᠠᠪᠤᠷ᠎ᠤᠨ ᠬᠤᠭᠤᠰ᠎ᠤᠨ ᠰᠠᠯᠬᠢᠨ
2023-03-29 10:50:45
ᠵᠣᠬᠢᠶᠠᠭ᠍ᠴᠢ᠄
ᠦᠷᠴᠠᠢᠬᠤ
ᠣᠩᠱᠢᠭ᠍ᠰᠠᠨ ᠣᠳᠠᠭ᠎ᠠ᠄
★★★☆☆

ᠦᠨᠳᠦᠷ ᠠᠭᠤᠯᠠ ᠵᠢ ᠳᠠᠪᠠᠨ ᠦᠷᠭᠡᠨ ᠮᠦᠷᠡᠨ ᠢ᠋ ᠭᠠᠳᠤᠯᠵᠦ ᠤᠷᠢᠬᠠᠨ ᠬᠠᠪᠤᠷ ᠠᠶᠠᠨ᠎ᠤ ᠰᠢᠪᠠᠭᠤᠳ ᠲᠠᠢ ᠪᠠᠨ ᠬᠠᠮᠳᠤ ᠡᠮᠦᠨ᠎ᠡ ᠵᠦᠭ ᠡᠴᠡ ᠲᠡᠮᠡᠦᠯᠦᠭᠰᠡᠭᠡᠷ ᠦᠨᠳᠦᠷᠯᠢᠭ ᠤ᠋ᠨ ᠦᠷᠦᠴᠡᠨ ᠳ᠋ᠦ ᠰᠠᠭᠠᠳᠠᠳᠠᠭ᠃ ᠡᠷᠬᠡ ᠠᠯᠢᠶᠠᠬᠠᠨ ᠬᠠᠪᠤᠷ᠎ᠤᠨ ᠰᠠᠯᠬᠢᠨ ᠬᠠᠪᠤᠷ᠎ᠤᠨ ᠬᠤᠭᠤᠰ ᠪᠤᠯᠬᠤ ᠦᠶᠡᠰ ᠤᠮᠠᠷ᠎ᠠ ᠵᠢᠨ ᠡᠭᠡ ᠭᠠᠵᠠᠷ ᠲᠦ᠍  ᠪᠤᠷᠤᠭᠠᠨ ᠰᠢᠪᠡᠷᠡᠭᠦᠯᠵᠦ ᠰᠡᠷᠪᠡᠭᠡᠨᠡᠨ᠎ᠡ᠂ ᠴᠠᠰᠤ ᠰᠢᠭᠤᠷᠠᠭᠤᠯᠵᠤ ᠲᠡᠷᠪᠡᠯᠵᠡᠨ᠎ᠡ᠂ ᠡᠯᠡᠰᠦ ᠪᠤᠵᠢᠭᠢᠨᠠᠭᠤᠯᠤᠨ ᠭᠤᠩᠬᠠᠯᠵᠠᠨ᠎ᠠ᠃ ᠬᠠᠪᠤᠷ᠎ᠤᠨ ᠰᠠᠯᠬᠢᠨ᠎ᠤ ᠦᠰᠪᠦᠷᠢ ᠵᠢᠨ ᠵᠢᠭᠠᠯ ᠰᠢᠬ᠎ᠤᠬᠢᠯᠠᠬᠤ ᠢᠨᠢᠶᠡᠬᠦ ᠪᠠᠶᠠᠰᠬᠤ ᠲᠠᠭᠤᠨ᠎ᠳᠤ ᠠᠮᠢᠵᠢᠷᠠᠯ᠎ᠤᠨ ᠪᠠᠶᠠᠰᠤᠯ ᠨᠢᠭᠤᠭᠳᠠᠵᠦ ᠪᠠᠢᠬᠤ ᠪᠤᠯᠬᠤᠷ ᠡᠭᠡ ᠭᠠᠵᠠᠷ᠂ ᠠᠮᠢᠳᠠᠨ ᠵᠢᠷᠭᠤᠭᠠᠨ ᠵᠦᠢᠯ ᠬᠦᠭᠡᠷᠦᠯᠳᠦᠨ᠎ᠡ᠂ ᠬᠦᠰᠡᠨ᠎ᠡ᠂ ᠦᠬᠦᠭᠡᠷᠳᠡᠨ᠎ᠡ᠃ ᠠᠯᠢᠶ᠎ᠠ ᠲᠦᠢᠳᠭᠡᠷ ᠭᠡᠦᠭᠡᠳ ᠵᠢᠡᠨ ᠬᠡᠨ ᠬᠦᠮᠦᠨ ᠴᠦ᠍ ᠠᠳᠠ ᠦᠵᠡᠳᠡᠭ ᠦᠭᠡᠢ ᠬᠠᠷᠢᠨ ᠬᠠᠢᠷ᠎ᠠ ᠵᠢᠨ ᠪᠦᠪᠡᠢ ᠪᠡᠷ ᠵᠢᠡᠨ ᠠᠷᠭᠠᠳᠠᠵᠦ ᠰᠤᠷᠭᠠᠳᠠᠭ ᠰᠢᠬ ᠬᠠᠪᠤᠷ᠎ᠤᠨ ᠬᠤᠭᠤᠰ᠎ᠤᠨ ᠰᠠᠯᠬᠢᠨ᠎ᠢ ᠵᠢᠩ ᠲᠠᠢ ᠭᠡᠵᠦ ᠬᠡᠨ ᠬᠦᠮᠦᠨ ᠴᠦ᠍ ᠠᠳᠠᠯᠠᠳᠠᠭ ᠦᠭᠡᠢ᠃ ᠵᠢᠩᠳᠡᠬᠦᠨ ᠠᠷᠠᠨᠰᠢᠨ᠎ᠤ ᠬᠢᠨᠢ ᠴᠠᠭᠠᠨ᠎ᠠ ᠨᠢᠭᠤᠭᠳᠠᠭᠰᠠᠨ ᠠᠮᠢᠵᠢᠷᠠᠯ᠎ᠤᠨ ᠢᠯᠴᠢ᠂ ᠠᠮᠢᠯᠠᠯ᠎ᠤᠨ ᠴᠢᠬᠢᠭ ᠲᠦ᠍ᠨᠢ ᠲᠠᠳᠠᠭᠳᠠᠵᠦ᠂ ᠬᠦᠮᠦᠰ ᠬᠠᠪᠤᠷ᠎ᠤᠨ ᠰᠠᠯᠬᠢᠨ ᠵᠢᠡᠷ ᠢᠯᠪᠢᠬᠦᠯᠬᠦ ᠲᠤᠷᠠᠳᠠᠢ᠃

ᠭᠡᠭᠡᠷ᠎ᠡ ᠬᠦᠳᠡᠭᠡ ᠭᠠᠷᠴᠤ᠂ ᠴᠢᠬᠢᠭ ᠤ᠋ᠨ ᠦᠨᠦᠷ ᠰᠡᠩᠬᠢᠨᠡᠭᠦᠯᠦᠭᠰᠡᠨ ᠬᠠᠪᠤᠷ ᠤ᠋ᠨ ᠬᠤᠭᠤᠰ᠎ᠤᠨ ᠰᠠᠯᠬᠢᠨ ᠳ᠋ᠦ ᠢᠯᠪᠢᠬᠦᠯᠦᠨ ᠪᠤᠳᠠᠩ ᠲᠠᠳᠠᠭᠰᠠᠨ ᠰᠠᠭᠠᠷᠠᠯ ᠬᠦᠭᠡ ᠲᠡᠭᠷᠢ᠎ᠳᠤ ᠵᠡᠯᠡᠯᠡᠨ ᠨᠢᠰᠴᠦ ᠭᠠᠩᠭᠠᠷ ᠭᠤᠩᠭᠤᠷ ᠭᠠᠩᠭᠠᠨᠠᠯᠳᠤᠬᠤ ᠨᠡᠬᠦᠳᠡᠯ᠎ᠤᠨ ᠰᠢᠪᠠᠭᠤᠳ᠎ᠢ ᠬᠠᠷᠠᠵᠦ᠂ ᠬᠠᠭᠳᠠᠨ᠎ᠤ ᠲᠤᠤᠷ᠎ᠠ ᠡᠴᠡ ᠴᠤᠬᠤᠢᠬᠰᠠᠨ ᠨᠢᠯᠬ᠎ᠠ ᠨᠤᠭᠤᠭ᠎ᠠ᠂ ᠴᠡᠩᠭᠡᠷ ᠢᠷᠭᠤᠢ ᠪᠡᠷ ᠰᠡᠳᠬᠢᠯ ᠵᠢᠡᠨ ᠪᠠᠶᠠᠰᠬᠠᠬᠤ ᠭᠡᠳᠡᠭ ᠤᠷᠳᠤᠬᠠᠨ ᠡᠪᠦᠯ᠎ᠢ ᠲᠤᠭᠤᠯᠤᠭᠰᠠᠨ ᠪᠡᠶ᠎ᠡ ᠰᠡᠳᠬᠢᠯ᠎ᠤᠨ ᠨᠢᠭᠡᠨ ᠶᠤᠰᠤᠨ᠎ᠤ ᠵᠢᠷᠭᠠᠯ ᠪᠤᠶᠤ᠃ ᠬᠠᠰᠢᠶᠠᠨ᠎ᠤ ᠮᠠᠯ ᠬᠦᠯ ᠨᠢᠷᠤᠭᠤ ᠪᠠᠨ ᠵᠢᠬᠢᠯᠭᠡᠵᠦ ᠰᠤᠨᠢᠶᠠᠨ ᠴᠢᠬᠢᠭ᠎ᠤᠨ ᠦᠨᠦᠷ ᠲᠠᠢ ᠰᠠᠯᠬᠢᠨ᠎ᠤ ᠲᠠᠮᠵᠢᠭᠤᠯᠤᠭᠰᠠᠨ ᠨᠤᠭᠤᠭ᠎ᠠ ᠵᠢᠨ ᠦᠨᠦᠷ ᠲᠦ᠍ ᠱᠠᠩᠳᠠᠭᠤᠷᠠᠨ᠎ᠠ᠃ ᠬᠤᠳᠠ ᠲᠦᠬᠦᠷᠡᠩ ᠲᠦᠯ᠎ᠤᠨ ᠲᠠᠭᠤᠨ᠃ ᠬᠠᠪᠤᠷ ᠬᠤᠭᠤᠰᠯᠠᠬᠤ᠎ᠳᠤ ᠲᠦᠯ ᠲᠤᠰᠬᠤ ᠠᠵᠢᠯ ᠰᠢᠪᠳᠤᠷᠠᠭᠠᠨ᠎ᠳᠠᠭᠠᠨ ᠤᠷᠤᠳᠠᠭ ᠴᠦ᠍ ᠲᠠᠭ᠎ᠠ ᠲᠠᠮᠠᠭᠠᠯᠠᠬᠤ᠂ ᠦᠷᠢᠶ᠎ᠡ ᠬᠠᠭᠠᠷᠢᠬᠤ᠂ ᠠᠳᠤᠭᠤ ᠲᠡᠯᠯᠡᠬᠦ᠂ ᠲᠡᠮᠡᠭᠡ ᠰᠠᠮᠨᠠᠬᠤ᠂ ᠬᠤᠷᠠᠭ᠎ᠠ ᠢᠮᠨᠡᠬᠦ ᠠᠵᠢᠯ ᠦᠷᠬᠦᠯᠵᠢᠯᠡᠭᠡᠳ ᠬᠠᠪᠤᠷ᠎ᠤᠨ ᠬᠤᠳᠠ ᠪᠠᠶᠠᠰᠤᠯ᠂ ᠨᠠᠷᠬᠢᠶᠠᠨ ᠵᠢᠡᠷ ᠲᠦᠬᠦᠷᠡᠩ ᠤᠷᠳᠤ ᠡᠳᠦᠷ᠎ᠢ ᠡᠪᠭᠡᠨ᠎ᠡ᠃

ᠦᠷ ᠵᠢᠡᠷ ᠪᠤᠰᠴᠤ ᠲᠦᠯ ᠲᠤᠰᠤᠨ ᠡᠳᠦᠷᠵᠢᠨ ᠶᠠᠭᠠᠷᠠᠭᠰᠠᠨ ᠡᠵᠢ ᠮᠢᠨᠢ ᠭᠤᠯᠤᠩᠬᠠᠢ ᠪᠠᠨ ᠠᠪᠤᠭᠤᠯᠵᠦ᠂ ᠢᠰᠢᠭᠡ ᠬᠤᠷᠠᠭ᠎ᠠ ᠪᠠᠨ ᠤᠬᠵᠢᠬᠤ ᠵᠢᠨ ᠲᠠᠭᠠᠤ ᠲᠠᠰᠢᠩ ᠨᠠᠷᠠᠨ᠎ᠢ ᠬᠠᠷᠠᠭᠠᠳ 《ᠡᠳᠦᠷ ᠨᠡᠯᠢᠶᠡᠳ ᠳᠠᠯᠪᠢᠴᠢᠬᠠᠯ᠎ᠠ》 ᠭᠡᠵᠤ ᠨᠢᠷᠤᠭᠤ ᠪᠠᠨ ᠲᠡᠨᠢᠢᠯᠭᠡᠨ ᠦᠬᠦᠯᠡᠨ᠎ᠡ᠃ ᠬᠤᠶᠠᠷ ᠦᠵᠦᠬᠦᠷ᠎ᠤᠨ ᠨᠠᠷᠠᠨ ᠵᠢᠡᠷ ᠠᠵᠢᠯ ᠠᠳᠠᠯ ᠵᠢᠠᠨ ᠲᠤᠬᠢᠷᠠᠭᠤᠯᠵᠤ ᠶᠠᠪᠤᠳᠠᠭ ᠮᠠᠯᠴᠢᠳ ᠡᠭᠡᠯᠵᠢᠯᠡᠬᠦ ᠤᠯᠠᠷᠢᠯ᠂ ᠡᠷᠬᠢᠬᠦ ᠨᠠᠷᠨ ᠵᠢ ᠠᠨᠳᠠᠬᠤ ᠦᠭᠡᠢ ᠰᠠᠢᠨ ᠮᠡᠳᠡᠳᠡᠭ ᠪᠢᠯᠡ᠃

ᠬᠠᠪᠤᠷ᠎ᠤᠨ ᠬᠤᠭᠤᠰ ᠪᠤᠯᠬᠤ᠎ᠳᠤ ᠬᠦᠯᠳᠡᠬᠦᠦ ᠬᠦᠷᠦᠰᠦ ᠬᠦᠭᠡᠪᠦᠷᠢᠯᠡᠨ ᠭᠡᠰᠴᠤ ᠲᠠᠷᠢᠶᠠᠴᠢᠳ ᠲᠠᠷᠢᠶᠠᠨ ᠭᠠᠵᠠᠷ ᠵᠢᠠᠨ ᠤᠷᠪᠠᠭᠤᠯᠤᠨ᠂ ᠪᠤᠷᠳᠤᠭᠤᠷ ᠤᠷᠤᠭᠤᠯᠵᠤ᠂ ᠲᠠᠷᠢᠶᠠᠨ ᠦᠷ᠎ᠡ ᠰᠤᠩᠭᠤᠨ᠂ ᠲᠠᠷᠢᠶᠠᠯᠠᠩ᠎ᠤᠨ ᠮᠠᠰᠢᠨ ᠵᠢᠡᠨ ᠰᠡᠯᠪᠢᠵᠦ᠂ ᠬᠠᠶᠠ ᠵᠠᠷᠢᠮᠡᠳ ᠨᠢ ᠰᠢᠨ᠎ᠡ ᠵᠢ ᠬᠤᠳᠠᠯᠳᠤᠨ ᠠᠪᠴᠤ ᠤᠨᠳᠠᠵᠤ ᠬᠡᠪᠳᠡᠬᠦ ᠪᠠᠨ ᠤᠮᠠᠷᠳᠠᠨ ᠶᠠᠭᠠᠷᠠᠯᠳᠤᠵᠠᠭᠠᠨ᠎ᠠ᠃《ᠵᠢᠯ᠎ᠤᠨ ᠡᠬᠢᠨ ᠬᠠᠪᠤᠷ ᠲᠠᠭᠠᠨ》 ᠶᠤᠮ ᠴᠢᠨᠢ᠎ᠳᠠ᠃ ᠵᠡᠬᠦᠨ ᠠᠢᠯ᠎ᠤᠨ ᠰᠢᠨ᠎ᠡ ᠠᠪᠤᠭᠰᠠᠨ ᠮᠠᠰᠢᠨ ᠲᠤᠩ ᠰᠠᠢᠨ᠂ ᠡᠨᠡ ᠵᠢᠯ ᠲᠠᠷᠢᠶ᠎ᠠ ᠲᠦᠷᠦᠪᠡᠯ ᠡᠷᠬᠢᠬᠦ ᠵᠢᠯ ᠪᠢ ᠪᠠᠰᠠ ᠨᠢᠭᠡ ᠵᠢ ᠠᠪᠤᠨ᠎ᠠ ᠭᠡᠵᠦ ᠠᠢᠯ᠎ᠤᠨ ᠠᠬ᠎ᠠ ᠠᠳᠠᠭ᠎ᠠ ᠲᠠᠢ ᠨᠢ ᠠᠷᠭ᠎ᠠ ᠦᠭᠡᠢ ᠰᠦᠪᠡᠭᠡ ᠪᠡᠨ ᠲᠤᠯᠵᠦ ᠵᠤᠭᠰᠤᠭᠠᠳ ᠦᠪᠡᠷ ᠲᠦ᠍ ᠪᠠᠨ᠂ ᠡᠰᠡᠬᠦᠯ᠎ᠡ ᠦᠰᠦ ᠭᠡᠵᠢᠭᠡ ᠵᠢ ᠨᠢ ᠦᠷᠪᠦᠢᠯᠭᠡᠨ ᠬᠡᠢᠰᠬᠦ ᠬᠠᠪᠤᠷ᠎ᠤᠨ ᠬᠤᠭᠤᠰ᠎ᠤᠨ ᠰᠠᠯᠬᠢᠨ᠎ᠳᠤ ᠰᠢᠪᠡᠨᠡᠨ᠎ᠡ᠃

ᠡᠯᠡᠰᠦ ᠲᠠᠢ ᠰᠠᠯᠬᠢᠨ ᠳ᠋ᠦ ᠭᠤᠶᠠᠳᠠᠭᠤᠯᠵᠤ᠂ ᠰᠠᠭᠠᠷᠢᠨ ᠬᠠᠴᠠᠷ ᠲᠠᠢ ᠬᠦᠶᠦᠯᠳᠦᠬᠦ ᠬᠡᠦᠬᠡᠳ ᠤ᠋ᠳ 《ᠤᠷᠢᠬᠠᠨ ᠬᠠᠪᠤᠷ ᠢ᠋ ᠬᠡᠨ ᠬᠤᠶᠠᠷ ᠬᠤᠪᠢᠶᠠᠬᠰᠠᠨ ᠪᠤᠢ?》 ᠭᠡᠵᠤ ᠶᠡᠬᠡ ᠬᠦᠮᠦᠨ ᠤ᠋ ᠶᠠᠷᠢᠶᠠᠨ ᠡᠴᠡ ᠬᠡᠰᠡᠭ ᠪᠤᠰᠠᠭ ᠰᠤᠨᠤᠰᠤᠬᠰᠠᠨ ᠵᠢᠠᠨ ᠱᠤᠯᠤᠭᠠᠨᠠᠯᠳᠤᠨ ᠬᠠᠪᠤᠷ ᠤ᠋ᠨ ᠬᠤᠭᠤᠰ ᠢ᠋ ᠢᠳᠡᠭᠡᠨ ᠤᠮᠳᠠᠭᠠᠨ ᠤ᠋ ᠬᠤᠪᠢᠷᠠᠯᠳᠠ ᠪᠡᠷ ᠡᠬᠢᠯᠡᠵᠤ ᠮᠡᠳᠡᠷᠡᠳᠡᠭ᠃ ᠰᠢᠬᠢᠷ ᠪᠤᠤᠪᠤ ᠡᠯᠪᠡᠭ ᠴᠠᠭᠠᠨ ᠰᠠᠷ᠎ᠠ ᠳ᠋ᠦ ᠰᠢᠯᠢᠵᠤ ᠰᠤᠩᠭᠤᠵᠤ ᠢᠳᠡᠳᠡᠭ ᠪᠠᠢᠬᠰᠠᠨ ᠮᠠᠨ ᠤ᠋ ᠪᠢᠴᠢᠬᠠᠨ ᠵᠢᠭᠠᠯ ᠤ᠋ᠳ ᠵᠢᠯ ᠬᠠᠭᠤᠴᠢᠷᠠᠵᠤ᠂ ᠬᠠᠪᠤᠷ ᠬᠠᠭᠠᠰᠯᠠᠵᠤ ᠢᠷᠡᠬᠦ ᠪᠡᠷ ᠬᠠᠮᠤᠭ ᠡᠴᠡ ᠭᠤᠯᠤᠵᠤ ᠪᠠᠢᠬᠰᠠᠨ ᠬᠠᠳᠠᠭᠤ ᠬᠠᠭᠠᠰ ᠪᠤᠤᠪᠤ ᠪᠠᠨ ᠬᠤᠷᠭᠤ ᠵᠢᠨ ᠢᠷᠤᠭᠠᠷ ᠡᠴᠡ ᠡᠷᠢᠨ ᠬᠠᠢᠵᠤ᠂ ᠬᠠᠶᠠ ᠨᠢᠭᠡ ᠬᠤᠶᠠᠷ ᠤᠯᠤᠭᠠᠳ ᠢᠳᠡᠴᠢᠭᠡᠬᠦ ᠶᠤᠮ ᠪᠤᠯ ᠬᠠᠪᠢ ᠵᠢᠨ ᠵᠢᠭᠠᠯ ᠤ᠋ᠳ ᠲᠠᠭᠠᠨ ᠬᠡᠳᠦᠨ ᠬᠤᠨᠤᠭ ᠵᠢᠡᠷ ᠭᠠᠢᠬᠠᠭᠤᠯᠵᠤ ᠭᠠᠷᠳᠠᠭ᠃ ᠪᠠᠩᠰᠢ᠂ ᠱᠠᠯᠪᠢᠩ᠂ ᠮᠢᠬ᠎ᠠ ᠱᠦᠯᠦ ᠵᠢᠨ ᠪᠠᠷ᠎ᠠ ᠬᠤᠭᠤᠯᠠᠨ ᠰᠢᠷᠡᠭᠡᠨ ᠡᠴᠡ ᠳᠠᠰᠤᠷᠠᠵᠤ᠂ ᠵᠠᠷᠢᠮ ᠳ᠋ᠠᠭᠠᠨ ᠴᠠᠭᠠᠨ ᠭᠤᠯᠢᠷ᠂ ᠳᠤᠳᠤᠷᠭ᠎ᠠ ᠪᠤᠳᠠᠭ᠎ᠠ ᠴᠦ᠍ ᠬᠤᠪᠤᠷᠳᠠᠵᠤ᠂ ᠰᠢᠰᠢ ᠵᠢᠨ ᠭᠤᠯᠢᠷ᠂ ᠰᠠᠭᠠᠭ ᠤ᠋ᠨ ᠭᠤᠯᠢᠷ᠂ ᠨᠠᠷᠢᠮᠤ ᠵᠡᠷᠭᠡ ᠨᠢ ᠭᠤᠤᠯᠯᠠᠵᠤ᠂ ᠴᠠᠭ ᠴᠠᠭ ᠬᠤᠪᠢᠷᠠᠳᠠᠭ ᠦᠭᠡᠢ ᠲᠠᠪᠤᠰᠤᠯᠠᠭᠰᠠᠨ ᠨᠤᠭᠤᠭ᠎ᠠ᠂ ᠰᠢᠷ᠎ᠠ ᠪᠤᠷᠴᠠᠭ ᠤ᠋ᠨ ᠵᠠᠭᠤᠰᠢ ᠰᠢᠷᠡᠭᠡᠨ ᠳ᠋ᠦ ᠡᠭᠡᠯᠵᠢᠯᠡᠨ ᠭᠠᠷᠴᠤ᠂ ᠬᠠᠪᠤᠷ᠎ᠤᠨ ᠬᠠᠷᠠᠰᠤ ᠴᠠᠭ᠎ᠤᠨ ᠠᠮᠳᠠ ᠵᠢ ᠮᠡᠳᠡᠷᠡᠬᠦᠯᠦᠨ᠎ᠡ᠃

ᠦᠷᠯᠦᠭᠡᠨ ᠤ᠋ ᠨᠠᠮᠵᠢᠭᠤᠨ ᠪᠠᠢᠳᠠᠯ ᠵᠢᠡᠷ ᠡᠳᠦᠷ ᠤ᠋ᠨ ᠴᠠᠭ ᠠᠭᠤᠷ ᠢ᠋ ᠦᠷᠭᠦᠯᠵᠢ ᠲᠦᠰᠦᠭᠡᠯᠡᠳᠡᠭ ᠡᠮᠡᠭᠡ ᠭᠠᠳᠠᠨ᠎ᠠ ᠲᠤᠮᠤ ᠲᠤᠭᠤᠭᠠᠨ ᠳ᠋ᠦ ᠮᠤᠨᠭᠭᠤᠯ ᠪᠤᠳᠠᠭ᠎ᠠ᠂ ᠡᠷᠳᠡᠨᠢ ᠰᠢᠰᠢ ᠬᠠᠭᠤᠷᠠᠬᠤ ᠪᠡᠷ ᠪᠡᠯᠡᠳᠭᠡᠵᠤ ᠪᠠᠢᠳᠠᠯ᠎ᠠ ᠰᠠᠯᠬᠢᠨ ᠳᠡᠭᠳᠡᠵᠤ᠂ ᠠᠵᠢᠯ ᠢ᠋ ᠨᠢ ᠰᠠᠭᠠᠳᠠᠬᠤ ᠪᠡᠷ 《ᠬᠠᠪᠤᠷ ᠤ᠋ᠨ ᠳᠡᠭᠷᠢ ᠬᠠᠭᠠᠰ ᠲᠠᠢ ᠬᠤᠭᠤᠰ ᠲᠠᠢ》 ᠭᠡᠵᠤ ᠳᠠᠩᠳᠠ ᠪᠠᠨ ᠠᠷᠭ᠎ᠠ ᠪᠠᠷᠠᠬᠳᠠᠨ ᠶᠠᠷᠢᠳᠠᠭ᠃ ᠬᠠᠪᠤᠷ ᠤ᠋ᠨ ᠬᠤᠭᠤᠰ ᠪᠤᠯᠬᠤ ᠪᠡᠷ ᠯᠠ ᠴᠠᠭ ᠠᠭᠤᠷ ᠭᠡᠵᠤ ᠤᠯᠠᠮ ᠯᠠ ᠤᠷᠪᠠᠭᠠᠨ ᠬᠦᠷᠪᠡᠭᠡᠨ ᠲᠠᠢ ᠪᠤᠯᠵᠤ᠂ ᠦᠳᠡ ᠵᠢᠨ ᠡᠮᠦᠨ᠎ᠡ ᠴᠠᠰᠤ ᠬᠠᠶᠠᠯᠠᠨ ᠬᠤᠢᠰᠠᠭᠠᠨᠠᠵᠦ ᠪᠠᠢᠭᠰᠠᠨ ᠵᠢᠡᠨ ᠦᠳᠡ ᠵᠢᠨ ᠬᠤᠢᠨ᠎ᠠ ᠪᠤᠯᠬᠤ᠎ᠳᠤ ᠨᠠᠷᠠᠨ ᠪᠤᠷᠤᠭᠠᠨ ᠲᠠᠢ ᠨᠠᠮᠢᠷᠠᠭᠤᠯᠴᠢᠬᠠᠨ᠎ᠠ᠃ ᠨᠢᠮᠭᠡᠨ ᠵᠦᠭᠡᠯᠡᠨ᠎ᠢ ᠡᠮᠦᠰᠴᠦ᠂ ᠨᠠᠷᠬᠢᠶ᠎ᠠ ᠨᠠᠰᠤᠨ᠎ᠤ ᠭᠠᠯᠪᠢᠷ ᠵᠢᠡᠨ ᠭᠠᠢᠬᠠᠭᠤᠯᠬᠤ ᠭᠡᠵᠦ ᠶᠠᠭᠠᠷᠠᠭᠰᠠᠨ ᠭᠡᠦᠬᠡᠨᠴᠤᠳ 《ᠬᠠᠪᠤᠷ ᠤ᠋ᠨ ᠰᠠᠯᠬᠢᠨ ᠬᠠᠪᠢᠷᠭ᠎ᠠ ᠨᠡᠪᠳᠡᠯᠳᠡᠭ ᠶᠤᠮ》 ᠭᠡᠵᠤ ᠬᠤᠢᠨ᠎ᠠ ᠡᠴᠡ ᠪᠠᠨ ᠡᠵᠢ ᠪᠡᠷ ᠵᠢᠠᠨ ᠨᠡᠭᠡᠭᠦᠯᠵᠤ᠂ ᠳᠠᠭᠤᠯᠭᠠᠵᠤ᠂ ᠪᠠᠰᠠ ᠬᠢᠮᠤᠷᠠᠨ ᠬᠠᠨᠢᠶᠠᠯᠭᠠᠵᠦ ᠪᠠᠢᠪᠠᠴᠤ᠂ ᠪᠤᠯᠵᠤᠭᠠᠨ᠎ᠳᠠᠭᠠᠨ ᠭᠡᠵᠦ 《ᠲᠤᠷ᠎ᠠ᠎ᠳᠤ ᠰᠢᠷ᠎ᠠ ᠦᠭᠡᠢ》  ᠮᠤᠷᠳᠠᠳᠠᠭ᠃

ᠬᠠᠪᠤᠷ 《ᠬᠠᠯᠠ ᠶᠡᠬᠡᠳᠡᠢ》 ᠭᠡᠵᠤ ᠪᠠᠭ᠎ᠠ ᠪᠠᠢᠬᠤ᠎ᠳᠠᠭᠠᠨ ᠵᠤᠨ ᠢᠷᠡᠬᠦ ᠵᠢ ᠡᠳᠦᠷ ᠲᠤᠭᠠᠯᠠᠨ ᠬᠦᠯᠢᠶᠡᠳᠡᠭ ᠪᠠᠢᠬᠰᠠᠨ ᠶᠤᠮ᠃ ᠦᠭᠡᠯᠡᠢ ᠪᠤᠯᠤᠭᠠᠳ ᠯᠠ ᠰᠠᠶᠢ ᠬᠦᠯᠳᠡᠬᠦᠦ ᠵᠢ ᠭᠡᠰᠭᠡᠵᠤ᠂ ᠬᠦᠢᠳᠡᠨ ᠢ᠋ ᠲᠤᠯᠠᠭᠠᠯᠠᠵᠤ᠂ ᠬᠠᠢᠯ ᠤ᠋ᠨ ᠤᠰᠤ ᠵᠢ ᠬᠠᠷᠴᠢᠬᠢᠨᠠᠭᠤᠯᠵᠤ᠂ ᠬᠠᠬᠳᠠ ᠬᠦᠪᠦᠷᠡᠭᠦᠯᠵᠤ᠂ ᠡᠪᠦᠯ ᠤ᠋ᠨ ᠬᠦᠢᠳᠡᠨ ᠰᠠᠯᠬᠢᠨ ᠢ᠋ ᠬᠦᠭᠡᠭᠡᠨ ᠶᠠᠪᠤᠭᠤᠯᠵᠦ ᠦᠩᠰᠢᠭ ᠵᠤᠨ ᠢ᠋ ᠵᠢᠷᠤᠬᠯᠠᠬᠤ ᠵᠢᠨ ᠲᠦᠯᠦᠭᠡ ᠭᠤᠷᠪᠠᠨ ᠰᠠᠷ᠎ᠠ ᠪᠡᠷ ᠳᠡᠮᠡᠴᠡᠯ ᠬᠢᠵᠤ᠂ ᠦᠪᠡᠷ ᠲᠦ᠍ ᠪᠠᠨ ᠪᠠᠢᠳᠠᠭ ᠪᠦᠬᠦ ᠵᠦᠢᠯ ᠢ᠋ ᠡᠬᠡ ᠭᠠᠵᠠᠷ᠂ ᠠᠮᠢᠳᠠᠨ ᠭᠤᠤᠯᠳᠠᠨ ᠳ᠋ᠦ ᠦᠯᠡᠳᠡᠭᠡᠵᠤ᠂ ᠠᠴᠢ ᠭᠠᠪᠢᠶ᠎ᠠ ᠪᠠᠨ ᠵᠤᠨ ᠳ᠋ᠦ ᠦᠭᠬᠦᠭᠡᠳ ᠪᠤᠴᠠᠳᠠᠭ ᠵᠢᠯ᠎ᠤᠨ ᠡᠬᠢᠨ ᠬᠠᠪᠤᠷ ᠬᠠᠮᠤᠭ ᠦᠭᠬᠢᠶᠡᠮᠦᠷᠴᠢ ᠪᠤᠯᠬᠤ ᠵᠢ ᠤᠬᠠᠭᠠᠷᠠᠪᠠ᠃

ᠬᠠᠪᠤᠷ᠎ᠤᠨ ᠬᠤᠭᠤᠰ᠎ᠤᠨ ᠰᠡᠪᠡᠯᠵᠡᠬᠦ ᠰᠠᠯᠬᠢᠨ᠂ ᠬᠠᠴᠠᠷ ᠢ᠋ ᠢᠯᠪᠢᠨ ᠬᠠᠵᠠᠭᠤ ᠳ᠋ᠦ ᠢᠷᠡᠵᠤ᠂ ᠵᠠᠮ ᠤ᠋ᠨ ᠬᠠᠵᠠᠭᠤ ᠵᠢᠨ ᠦᠩᠭᠡᠷᠡᠭᠰᠡᠨ ᠵᠢᠯ ᠤ᠋ᠨ ᠦᠬᠦᠰᠢᠷᠡᠭᠰᠡᠨ ᠨᠠᠪᠴᠢᠰ ᠢ᠋ ᠬᠡᠢᠰᠭᠡᠨ᠂ ᠬᠦᠯᠦᠭᠡᠯᠡᠭᠰᠡᠨ ᠮᠤᠳᠤᠳ᠎ᠤᠨ ᠨᠠᠮᠠᠭ᠎ᠠ ᠲᠠᠢ  ᠶᠠᠭᠤ ᠨᠢᠭᠡ ᠵᠢ ᠰᠢᠪᠡᠨᠡᠯᠳᠦᠨ ᠠᠯᠢᠶᠠᠷᠬᠠᠨ᠎ᠠ᠃ ᠡᠬᠦᠯᠡᠰ ᠡᠪᠬᠡᠷᠡᠯᠳᠦᠨ ᠬᠤᠷ᠎ᠡ ᠵᠢᠨ ᠦᠨᠦᠷ ᠨᠠᠭᠠᠰᠢᠯᠠᠨ᠎ᠠ᠃ ᠬᠠᠪᠤᠷ ᠬᠠᠭᠠᠰᠯᠠᠴᠢᠬᠠᠭᠰᠠᠨ ᠶᠤᠮ ᠴᠢᠨᠢ ᠵᠦᠢᠯ᠎ᠤᠨ ᠴᠡᠴᠡᠭ ᠲᠡᠯᠭᠡᠷᠡᠬᠦ ᠵᠤᠨ ᠢᠷᠡᠬᠦ ᠤᠳᠠᠨ᠎ᠠ ᠤᠤ᠎ᠳᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号