

ᠢᠴᠡᠭᠰᠡᠳ ᠬᠦᠳᠡᠯᠬᠦ᠌ ᠡᠳᠦᠷ ᠬᠦᠮᠦᠰ ᠠᠭᠢ ᠰᠤᠶ᠋ᠢᠬᠠ ᠤᠭᠤᠭᠢᠭᠤᠯᠵᠤ᠂ ᠭᠡᠷ᠎ᠤᠨ᠎ᠢᠶᠠᠨ ᠦᠨᠴᠦᠭ ᠪᠤᠯᠤᠩ ᠦᠯᠡᠳᠡᠭᠡᠯ ᠦᠭᠡᠢ ᠤᠲᠤᠵᠤ ᠠᠷᠢᠭᠤᠳᠬᠠᠬᠤ ᠵᠠᠩᠰᠢᠯ ᠤᠳᠤ ᠴᠦ᠍ ᠮᠠᠨ᠎ᠤ ᠨᠤᠲᠤᠭ᠎ᠢᠶᠠᠷ ᠪᠠᠶ᠋ᠢᠳᠠᠭ ᠪᠢᠯᠡ᠃ ᠢᠴᠡᠭᠰᠡᠳ ᠬᠦᠳᠡᠯᠬᠦ᠌᠎ᠶᠢ ᠵᠠᠷᠢᠮ ᠭᠠᠵᠠᠷ᠎ᠲᠤ᠌ 《ᠬᠤᠶᠠᠳᠤᠭᠠᠷ ᠰᠠᠷ᠎ᠠ᠎ᠶᠢᠨ ᠪᠠᠶᠠᠷ》 ᠭᠡᠳᠡᠭ ᠪᠦᠭᠡᠳ ᠮᠠᠰᠢ ᠤᠯᠠᠨ ᠤᠯᠠᠮᠵᠢᠯᠠᠯᠲᠤ᠌ ᠵᠠᠩ ᠵᠠᠩᠰᠢᠯ᠎ᠲᠠᠢ ᠪᠠᠶ᠋ᠢᠳᠠᠭ᠃

ᠠᠯᠢᠮ᠎ᠠ ᠢᠳᠡᠬᠦ᠂ ᠴᠠᠭᠠᠰᠤᠨ ᠬᠦᠮᠦᠨ ᠴᠤᠬᠢᠬᠤ᠂ ᠬᠤᠷᠤᠬᠠᠢ (ᠡᠷᠳᠡᠨᠢ ᠰᠢᠰᠢ ᠪᠤᠶᠤ ᠰᠢᠷ᠎ᠠ ᠪᠤᠷᠴᠠᠭ) ᠬᠠᠭᠤᠷᠴᠤ᠌ ᠢᠳᠡᠬᠦ᠂ ᠴᠠᠭᠠᠨ ᠪᠠᠷᠰ᠎ᠢ ᠲᠠᠬᠢᠬᠤ᠂ ᠬᠡᠩᠭᠡᠷᠭᠡ ᠪᠦᠷᠢᠬᠦ᠌ ᠁ ᠵᠡᠷᠭᠡ ᠤᠯᠠᠨ ᠭᠠᠵᠠᠷ᠎ᠤᠨ ᠶᠠᠩᠵᠤ ᠶᠠᠩᠵᠤ᠎ᠶᠢᠨ ᠵᠠᠩᠰᠢᠯ᠎ᠠᠴᠠ ᠠᠳᠡ ᠴᠠᠭᠠᠨ ᠪᠠᠷᠰ᠎ᠢ ᠲᠠᠬᠢᠬᠤ ᠪᠠ ᠬᠡᠩᠭᠡᠷᠭᠡ ᠪᠦᠷᠢᠬᠦ᠌ ᠵᠠᠩᠰᠢᠯ᠎ᠠᠴᠠ ᠲᠠᠨᠢᠯᠴᠠᠭᠤᠯᠤᠶ᠎ᠠ᠃
ᠴᠠᠭᠠᠨ ᠪᠠᠷᠰ᠎ᠢ ᠲᠠᠬᠢᠬᠤ
ᠠᠷᠠᠳ᠎ᠤᠨ ᠤᠯᠠᠮᠵᠢᠯᠠᠯ ᠶᠠᠷᠢᠶᠠᠨ᠎ᠳᠤ ᠬᠡᠯᠡ ᠠᠮᠠ᠂ ᠬᠡᠷᠡᠭ ᠵᠠᠷᠭᠤ᠎ᠶᠢᠨ ᠰᠠᠬᠢᠭᠤᠯᠰᠤᠨ᠎ᠨᠢ ᠴᠠᠭᠠᠨ ᠪᠠᠷᠰ ᠭᠡᠵᠦ᠍ ᠬᠡᠯᠡᠳᠡᠭ᠃ ᠲᠡᠷᠡ᠎ᠨᠢ ᠡᠨᠡ ᠡᠳᠦᠷ ᠭᠠᠷᠴᠤ᠌ ᠢᠷᠡᠨ ᠢᠳᠡᠰᠢ ᠡᠷᠢᠬᠦ᠌ ᠪᠦᠭᠡᠳ ᠲᠡᠭᠦᠨ᠎ᠲᠠᠢ ᠲᠠᠭᠠᠷᠠᠭᠰᠠᠨ ᠬᠦᠮᠦᠨ ᠠᠵᠠ ᠪᠤᠰᠤ ᠤᠴᠢᠷ ᠶᠠᠪᠤᠳᠠᠯ᠎ᠳᠤ ᠲᠤᠬᠢᠶᠠᠯᠳᠤᠨ᠂ ᠨᠢᠭᠡ ᠵᠢᠯ᠎ᠤᠨ ᠬᠤᠪᠢ ᠲᠠᠪᠢᠯᠠᠩ᠎ᠨᠢ ᠮᠠᠭᠤ ᠪᠠᠶ᠋ᠢᠳᠠᠭ ᠭᠡᠯᠴᠡᠳᠡᠭ᠃ ᠲᠡᠶ᠋ᠢᠮᠦ᠎ᠠᠴᠠ ᠬᠦᠮᠦᠰ ᠢᠴᠡᠭᠰᠡᠳ ᠬᠦᠳᠡᠯᠬᠦ᠌ ᠡᠳᠦᠷ ᠴᠠᠭᠠᠨ ᠪᠠᠷᠰ᠎ᠢ ᠲᠠᠬᠢᠵᠤ᠂ ᠮᠠᠭᠤ ᠬᠤᠪᠢ ᠵᠠᠶᠠᠭᠠᠨ᠎ᠠᠴᠠ ᠵᠠᠶ᠋ᠢᠯᠠᠬᠤ᠎ᠶᠢ ᠬᠦᠰᠡᠳᠡᠭ ᠠᠵᠢ᠃ ᠴᠠᠭᠠᠨ ᠪᠠᠷᠰ ᠭᠡᠳᠡᠭ᠎ᠨᠢ ᠴᠠᠭᠠᠰᠤ᠎ᠪᠠᠷ ᠬᠢᠭᠰᠡᠨ ᠴᠠᠭᠠᠨ ᠪᠠᠷᠰ᠎ᠢ ᠵᠢᠭᠠᠳᠠᠭ᠃ ᠭᠠᠭ᠍ᠠᠢ᠎ᠶᠢᠨ ᠴᠢᠰᠤ᠎ᠪᠠᠷ ᠲᠡᠭᠦᠨ᠎ᠢ ᠲᠠᠬᠢᠵᠤ᠂ ᠲᠦᠭᠦᠬᠡᠢ ᠭᠠᠭ᠍ᠠᠢ᠎ᠶᠢᠨ ᠮᠢᠬ᠎ᠠ᠎ᠪᠠᠷ ᠠᠮᠠ᠎ᠶᠢ᠎ᠨᠢ ᠪᠢᠯᠳᠠᠵᠤ᠂ ᠬᠡᠵᠢᠶᠡᠳᠡ ᠮᠢᠬ᠎ᠠ ᠲᠤᠰᠤ᠎ᠪᠠᠷ ᠭᠤᠯᠭᠢᠨ᠂ ᠲᠠᠷᠭᠤᠨ ᠴᠠᠳᠬᠤᠯᠠᠩ ᠪᠠᠶ᠋ᠢᠯᠭᠠᠵᠤ᠂ ᠬᠦᠮᠦᠨ᠎ᠢ ᠰᠢᠷᠬᠠᠲᠤᠭᠤᠯᠬᠤ ᠦᠭᠡᠢ ᠪᠤᠯᠭᠠᠨ᠎ᠠ ᠭᠡᠳᠡᠭ᠃

ᠬᠡᠩᠭᠡᠷᠭᠡ ᠪᠦᠷᠢᠬᠦ᠌
ᠲᠡᠭᠷᠢ ᠲᠤᠤᠭᠠᠷᠬᠤ ᠪᠤᠯ ᠢᠴᠡᠭᠰᠡᠳ ᠬᠦᠳᠡᠯᠬᠦ᠌᠎ᠶᠢᠨ ᠴᠢᠬᠤᠯᠠ ᠪᠡᠯᠭᠡ ᠲᠡᠮᠳᠡᠭ ᠶᠤᠮ᠃ ᠡᠷᠲᠡᠨ᠎ᠤ ᠬᠦᠮᠦᠰ ᠠᠶᠤᠩᠭ᠎ᠠ᠎ᠶᠢᠨ ᠰᠠᠬᠢᠭᠤᠯᠰᠤᠨ᠎ᠢ ᠬᠦᠮᠦᠨ᠎ᠤ ᠪᠡᠶ᠎ᠡ᠎ᠲᠠᠢ ᠰᠢᠪᠠᠭᠤᠨ ᠲᠤᠯᠤᠭᠠᠢᠲᠠᠢᠪᠠᠷ ᠳᠦᠷᠰᠦᠯᠡᠳᠡᠭ ᠪᠦᠭᠡᠳ ᠠᠶᠤᠩᠭ᠎ᠠ ᠳᠤᠤᠭᠠᠷᠬᠤ᠎ᠨᠢ ᠠᠶᠤᠩᠭ᠎ᠠ᠎ᠶᠢᠨ ᠰᠠᠬᠢᠭᠤᠯᠰᠤᠨ ᠬᠡᠩᠭᠡᠷᠬᠡᠪᠠᠨ ᠳᠡᠯᠡᠳᠬᠦ᠌ᠠᠴᠠ ᠪᠤᠯᠤᠭᠰᠠᠨ ᠭᠡᠵᠦ᠍ ᠦᠵᠡᠳᠡᠭ᠃ ᠲᠡᠭᠷᠢ ᠳᠡᠭᠡᠷ᠎ᠡ ᠠᠶᠤᠩᠭ᠎ᠠ᠎ᠶᠢᠨ ᠰᠠᠬᠢᠭᠤᠯᠰᠤᠨ ᠬᠡᠩᠭᠡᠷᠭᠡ ᠳᠡᠯᠡᠳᠬᠦ᠌ᠶᠢ ᠲᠤᠬᠢᠶᠠᠯᠳᠤᠭᠤᠯᠤᠨ᠂ ᠬᠦᠮᠦᠰ ᠴᠦ᠍ ᠬᠡᠩᠭᠡᠷᠭᠡ᠎ᠪᠠᠨ ᠪᠦᠷᠢᠵᠦ᠍ ᠠᠪᠳᠠᠭ᠃ ᠬᠤᠷᠤᠬᠠᠢ ᠰᠢᠪᠠᠵᠢ᠎ᠶᠢᠨ ᠠᠮᠢ ᠠᠬᠤᠢ᠎ᠨᠢ ᠳᠦᠷᠪᠡᠨ ᠤᠯᠠᠷᠢᠯ᠎ᠤᠨ ᠤᠷᠴᠢᠯ᠎ᠲᠠᠢ ᠨᠢᠭᠡᠳᠬᠦ᠌ ᠲᠡᠳᠦᠢ ᠦᠭᠡᠢ᠂ ᠠᠮᠢᠲᠠᠨ ᠵᠢᠷᠭᠤᠭᠠᠨ ᠵᠦᠢᠯ᠎ᠤᠨ ᠲᠡᠭᠡᠳᠦ ᠪᠤᠯᠤᠭᠰᠠᠨ ᠬᠦᠮᠦᠨ ᠲᠦᠷᠦᠯᠬᠢᠲᠡᠨ᠎ᠨᠢ ᠴᠦ᠍ ᠲᠡᠭᠷᠢ᠎ᠶᠢᠨ ᠰᠠᠨᠠᠭ᠎ᠠ᠎ᠲᠠᠢ ᠨᠡᠶ᠋ᠢᠴᠡᠭᠦᠯᠬᠦ᠌ᠨᠢ ᠬᠡᠷᠡᠭ ᠤᠴᠢᠷ ᠪᠦᠲᠦᠵᠦ᠍ ᠪᠡᠶᠡᠯᠡᠭᠳᠡᠬᠦ᠌ᠶᠢᠨ ᠰᠢᠯᠲᠠᠭᠠᠨ ᠪᠤᠯᠳᠠᠭ ᠭᠡᠵᠦ᠍ ᠢᠩᠭᠢᠵᠦ᠍ ᠦᠢᠯᠡᠳᠦᠳᠡᠭ ᠤᠴᠢᠷ᠎ᠲᠠᠢ ᠠᠵᠢ᠃
