

ᠴᠡᠩᠭᠡᠷ ᠤ᠋ᠨ ᠴᠡᠩᠭᠡᠷ ᠡᠴᠡ ᠲᠠᠰᠤᠷᠠᠬᠤ
ᠴᠡᠴᠡᠭᠡᠰ ᠤ᠋ᠨ ᠤᠷᠤᠭᠤᠯ ᠲᠡᠭᠡᠷᠡ ᠪᠤᠳᠤᠭ ᠲᠦᠷᠬᠢᠭᠴᠢ ᠨᠢ
ᠪᠤᠷᠤᠭᠠ
ᠠᠷᠪᠠᠨ ᠨᠠᠢ᠍ᠮᠠᠨ ᠨᠠᠰᠤ ᠠᠬᠢᠭᠠᠳ ᠲᠡᠯᠭᠡᠷᠡᠨᠡ
ᠠᠮᠠᠷᠠᠭ ᠤ᠋ᠨ ᠤᠷᠤᠭᠤᠯ ᠡᠴᠡ ᠪᠠᠯ ᠲᠤᠯᠢᠶᠠᠬᠤ ᠳ᠋ᠤ᠌
ᠪᠤᠷᠤᠭᠠ ᠯᠡ ᠦᠨᠦᠷᠳᠦᠨᠡ
ᠨᠠᠮᠵᠢᠭᠤᠨ ᠰᠦᠨᠢ ᠶ᠋ᠢᠨ ᠪᠤᠷᠤᠭᠠ
ᠨᠠᠪᠴᠢᠨ ᠤ ᠰᠤᠨᠤᠷ ᠲᠤ᠌ ᠲᠡᠯᠭᠡᠷᠡᠬᠦ
ᠡᠭᠦᠯᠡᠰ ᠤ᠋ᠨ ᠭᠤᠨᠢᠭ᠋
ᠴᠢᠮᠡ ᠶ᠋ᠢ ᠰᠠᠨᠠᠭᠰᠠᠨ ᠴᠡᠩᠬᠡᠷᠬᠡᠨ ᠦᠳᠡᠰᠢ ᠶ᠋ᠢᠨ ᠪᠤᠷᠤᠭᠠ
ᠴᠢᠬᠢᠨ ᠰᠤᠨᠤᠷ ᠴᠢᠮᠡᠬᠦ
ᠴᠡᠴᠡᠭᠡᠰ ᠤ᠋ᠨ ᠰᠢᠪᠡᠨᠡᠭᠡ
ᠭᠠᠵᠠᠷ ᠨᠢᠯᠬᠠᠷᠠᠵᠤ ᠡᠪᠡᠰᠤ ᠢᠨᠢᠶᠡᠮᠰᠦᠭᠯᠡᠬᠦ ᠳ᠋ᠤ᠌
ᠴᠢᠯᠠᠭᠤ ᠴᠡᠴᠡᠭᠯᠡᠨᠡ
ᠪᠤᠷᠤᠭᠠ
ᠵᠤᠨ ᠤ ᠪᠤᠷᠤᠭᠠ
ᠵᠢᠷᠤᠭ ᠤ᠋ᠨ ᠪᠠᠭ᠍ᠰᠢ ᠳ᠋ᠤ᠌ ᠪᠤᠳᠤᠭ ᠵᠢᠭᠤᠷᠠᠵᠤ ᠶᠠᠭᠠᠷᠠᠨᠠ
ᠴᠤᠬᠤᠮ ᠳ᠋ᠠᠭᠠᠨ ᠶᠠᠭᠤ ᠬᠡᠵᠤ ?
ᠭᠤᠶᠤᠵᠤ ᠭᠤᠶᠤᠵᠤ
ᠭᠤᠶᠤᠯᠠᠯ ᠬᠦᠷᠳᠡᠭᠰᠡᠨ ᠭᠤᠤᠯᠳᠤ ᠪᠤᠷᠤ
ᠪᠤᠷᠤᠭᠠᠨ ᠤ ᠨᠢᠳᠤ ᠪᠡᠷ ᠢᠨᠢᠶᠡᠨᠡ
ᠪᠤᠷᠤ ᠲᠡᠯ ᠲᠠᠢ ᠢᠩᠭᠡ ᠰᠢᠭ ᠡᠭᠦᠯᠡᠨ ᠡᠴᠡ
ᠪᠤᠳᠤᠭᠤᠨ ᠳ᠋ᠠᠭᠠᠨ ᠢᠪᠢᠯᠭᠡᠭᠴᠢ ᠰᠦ ᠪᠤᠯ
ᠪᠤᠷᠤᠭᠠ
ᠦᠨᠳᠦᠰᠤᠨ ᠤ ᠬᠦᠨ ᠤᠷᠤᠭᠤ ᠪᠢᠰᠢᠯᠭᠠᠭ᠍ᠴᠢ
ᠤᠰᠤᠨ ᠤ ᠬᠦᠨ ᠤᠬᠠᠭᠠᠨ ᠨᠢ
ᠪᠤᠷᠤᠭᠠ
ᠭᠠᠵᠠᠷ ᠤ᠋ᠨ ᠢᠯᠴᠢᠨ ᠡᠴᠡ ᠪᠠᠭᠠᠬᠢᠭ᠍ᠰᠠᠨ
ᠲᠡᠭᠷᠢ ᠶ᠋ᠢᠨ ᠬᠦᠯᠤᠰᠤ ᠨᠢ
ᠪᠤᠷᠤᠭᠠ
ᠪᠤᠷᠤᠭᠠ ᠠᠮᠰᠠᠭᠰᠠᠨ ᠪᠤᠷᠤᠭ ᠡᠪᠡᠰᠦᠨ ᠤ ᠨᠢᠳᠤᠨ ᠳ᠋ᠤ᠌
ᠤᠷᠴᠢᠯᠠᠩ ᠪᠠᠭᠳᠠᠨᠠ
ᠤᠷᠴᠢᠯᠠᠩ ᠤ᠋ᠨ ᠨᠢᠳᠤᠨ ᠳ᠋ᠤ᠌ ᠰᠤᠯᠤᠩᠭᠠᠨ ᠵᠢᠷᠤᠭ ᠬᠠᠷᠠᠭᠳᠠᠨᠠ
ᠴᠢᠮᠠ ᠶ᠋ᠢ ᠲᠤᠭᠤᠭᠰᠠᠨ
ᠴᠡᠴᠡᠭᠡᠰ ᠤ᠋ᠨ ᠮᠠᠯᠮᠠᠢ ᠲᠡᠭᠡᠷᠡ ᠰᠤᠷᠮᠤᠤᠰᠤ ᠰᠢᠭ᠋ ᠲᠡᠪᠢᠭᠴᠢ ᠨᠢ
ᠪᠤᠷᠤᠭᠠ
ᠬᠠᠩᠭᠠᠢ ᠦᠮᠦᠯᠵᠡᠭᠦᠯᠦᠭᠰᠡᠨ
ᠪᠤᠷᠤᠭᠠ ᠨᠢ
ᠬᠠᠢᠷᠠ ᠶ᠋ᠢᠨ ᠰᠢᠯᠦᠭ ᠤ᠋ᠨ ᠦᠨᠦᠷ ᠲᠠᠢ
ᠲᠤᠷᠠᠯᠠᠯ ᠳ᠋ᠠᠭᠠᠨ ᠰᠤᠭᠳᠤᠭᠤᠷᠠᠭ᠍ᠴᠢ ᠵᠤᠨ ᠊ᠣ
ᠲᠤᠷᠠᠰᠤᠮᠵᠢ ᠶ᠋ᠢᠨ ᠦᠯᠢᠭᠡᠷ ᠨᠢ
ᠪᠤᠷᠤᠭᠠ
ᠢᠨᠠᠭ ᠤ᠋ᠨ ᠰᠢᠯᠦᠭ ᠤᠩᠰᠢᠬᠤ ᠬᠡᠮᠡᠨ
ᠢᠨᠵᠠᠭᠠᠨ ᠵᠦᠰᠡ
ᠨᠠᠪᠴᠢᠨ ᠤ ᠰᠤᠨᠤᠷ ᠲᠤ᠌ ᠰᠢᠪᠡᠨᠡᠨᠡ
ᠲᠡᠭᠷᠢ ᠶ᠋ᠢᠨ ᠭᠤᠤᠯ ᠦᠶᠡᠷᠯᠡᠵᠤ
ᠬᠡᠯᠬᠢᠶᠡ ᠬᠡᠯᠬᠢᠶᠡ ᠱ᠌ᠢᠷᠤ ᠪᠤᠳᠠᠷᠠᠨᠠ
ᠪᠤᠷᠤᠭᠠ ᠁

ᠬᠤᠷᠪᠤᠢᠵᠤ ᠭᠠᠩᠳᠠᠭᠰᠠᠨ
ᠲᠠᠯᠠᠶᠢᠨ ᠴᠡᠴᠡᠭᠡᠰ
ᠡᠷᠪᠡᠢᠵᠦ ᠰᠡᠷᠪᠡᠢᠵᠦ
ᠬᠠᠪᠤᠷᠤᠨ ᠦᠷᠯᠦᠭᠡ
ᠬᠤᠷᠠ ᠪᠠᠭᠤᠬᠤ ᠰᠠᠢᠬᠠᠨ
ᠣᠢᠳᠴᠤ ᠭᠤᠨᠳᠠᠭᠰᠠᠨ
ᠬᠦᠮᠦᠨᠦ ᠰᠡᠳᠬᠢᠯ
ᠣᠩᠭᠤᠢᠵᠤ ᠴᠤᠩᠭᠤᠢᠵᠦ
ᠬᠠᠪᠤᠷᠤᠨ ᠦᠷᠯᠦᠭᠡ
ᠬᠤᠷᠠ ᠪᠠᠭᠤᠬᠤ ᠰᠠᠢᠬᠠᠨ
ᠠᠯᠤᠰ ᠴᠠᠭᠠᠨᠠ
ᠬᠠᠶᠠ ᠨᠢᠭᠡ
ᠲᠡᠭᠷᠢ ᠳᠤᠤᠭᠠᠷᠴᠤ
ᠠᠯᠲᠠᠨ ᠬᠠᠷᠢᠶᠠᠴᠠᠢ
ᠬᠠᠵᠠᠭᠤ ᠬᠠᠪᠢᠪᠠᠷ
ᠭᠢᠯᠪᠢᠭᠡᠨ ᠰᠢᠭ ᠰᠦᠯᠵᠢᠯᠳᠦᠨ
ᠬᠠᠪᠤᠷᠤᠨ ᠦᠷᠯᠦᠭᠡ
ᠬᠤᠷᠠ ᠪᠠᠭᠤᠬᠤ ᠰᠠᠢᠬᠠᠨ
ᠨᠤᠭᠤᠭᠠᠨ ᠲᠠᠯᠠᠳᠤ
ᠠᠳᠤᠭᠤ ᠮᠠᠯ
ᠲᠠᠢᠪᠤᠭᠤ ᠢᠳᠡᠰᠢᠯᠡᠵᠦ
ᠨᠤᠢᠲᠠᠨ ᠪᠢᠰᠢᠯᠠᠭ
ᠠᠢᠯᠤᠨ ᠭᠡᠷ
ᠲᠠᠪᠠᠭᠲᠤ ᠦᠷᠦᠭᠳᠡᠵᠦ
ᠬᠡᠯᠡᠭᠡᠢ ᠣᠭᠣᠷᠠᠭ
ᠮᠣᠩᠭᠣᠯ ᠭᠡᠷᠦᠨ
ᠲᠡᠭᠡᠪᠦᠷᠲᠦ ᠳᠡᠯᠭᠡᠭᠳᠡᠵᠦ
ᠬᠠᠪᠤᠷᠤᠨ ᠦᠷᠯᠦᠭᠡ
ᠬᠤᠷᠠ ᠪᠠᠭᠤᠬᠤ ᠰᠠᠢᠬᠠᠨ
ᠴᠡᠴᠡᠭ ᠴᠢᠭᠢᠭᠦᠨ
ᠰᠤᠳᠤᠨ ᠦᠨᠦᠷ
ᠬᠠᠮᠠᠷ ᠴᠤᠷᠬᠢᠵᠦ
ᠴᠡᠩᠭᠡᠷ ᠨᠠᠭᠤᠷᠤᠨ
ᠭᠠᠯᠠᠭᠤ ᠰᠢᠪᠠᠭᠤᠳ
ᠭᠠᠩᠭᠠᠨᠠᠯᠳᠤᠨ ᠭᠤᠩᠭᠠᠨᠠᠯᠳᠤᠨ
ᠬᠠᠪᠤᠷᠤᠨ ᠦᠷᠯᠦᠭᠡ
ᠬᠤᠷᠠ ᠪᠠᠭᠤᠬᠤ ᠰᠠᠢᠬᠠᠨ
ᠬᠠᠰᠢᠶᠠ ᠬᠦᠷᠢᠶᠡᠨᠳᠦ
ᠬᠦᠷᠦᠪᠡᠵᠢᠭᠰᠡᠨ ᠲᠥᠯᠤᠳ
ᠳᠡᠭᠳᠡᠨ ᠦᠰᠦᠷᠴᠦ
ᠬᠠᠭᠳᠠᠶᠢᠨ ᠳᠤᠤᠷᠠᠠᠴᠠ
ᠬᠥᠬᠡ ᠨᠤᠭᠤᠭᠠ
ᠴᠤᠬᠤᠢᠨ ᠤᠷᠭᠤᠵᠤ
ᠬᠠᠪᠤᠷᠤᠨ ᠦᠷᠯᠦᠭᠡ
ᠬᠤᠷᠠ ᠪᠠᠭᠤᠬᠤ ᠰᠠᠢᠬᠠᠨ
ᠬᠤᠷᠮᠤᠰᠲᠠ ᠲᠡᠭᠷᠢᠡᠴᠡ
ᠷᠠᠰᠢᠶᠠᠨ ᠪᠠᠭᠤᠵᠦ
ᠬᠠᠮᠤᠭ ᠠᠮᠢᠲᠠᠨᠤ
ᠠᠮᠢᠨ ᠰᠤᠳᠠᠰᠤᠨᠳᠤ
ᠯᠤᠭ᠍ᠰᠢᠨ ᠰᠢᠮᠡᠵᠢᠵᠦ
ᠬᠠᠪᠤᠷᠤᠨ ᠦᠷᠯᠦᠭᠡ
ᠬᠤᠷᠠ ᠪᠠᠭᠤᠬᠤ ᠰᠠᠢᠬᠠᠨ ᠡ

ᠬᠠᠪᠤᠷᠤᠨ ᠨᠠᠷᠠᠨᠳᠤ ᠪᠢ ᠴᠡᠭᠴᠡᠦᠬᠡᠢ ᠲᠠᠢ ᠰᠠᠴᠠᠭᠤ ᠵᠢᠷᠬᠢᠳᠡᠭ
ᠬᠠᠮᠤᠭ ᠰᠠᠢᠬᠠᠨ ᠴᠠᠭ ᠢᠷᠡᠵᠦ ᠬᠤᠷᠠ ᠤᠰᠤ ᠬᠤᠷᠠᠮᠳᠤᠳᠠᠭ
ᠬᠠᠭᠠᠯᠪᠤᠷᠢᠯᠠᠭᠰᠠᠨ ᠭᠠᠵᠠᠷᠲᠤ ᠲᠠᠷᠢᠶᠠᠨ ᠴᠢᠬᠢ ᠪᠦᠷᠢᠳᠦᠨ ᠵᠤᠷᠠᠢᠳᠠᠭ
ᠬᠤᠷᠠᠭᠠ ᠢᠰᠢᠭᠡ ᠪᠣᠢᠵᠢᠭᠠᠳ ᠲᠥᠯᠦᠨ ᠳᠠᠭᠤᠨ ᠪᠠᠶᠠᠷᠯᠠᠭᠤᠯᠳᠠᠭ
ᠭᠠᠵᠠᠷᠤᠨ ᠴᠢᠬᠢᠭ ᠪᠠᠳᠠᠷᠠᠨ ᠰᠣᠨᠢᠨ ᠵᠡᠷᠭᠡᠯᠭᠡᠨ ᠮᠢᠷᠠᠯᠵᠠᠳᠠᠭ
ᠭᠠᠯᠠᠭᠤ ᠰᠢᠪᠠᠭᠤ ᠬᠤᠷᠠᠯᠳᠤᠨ ᠨᠠᠭᠤᠷᠤᠨ ᠮᠠᠨᠳᠠᠯ ᠬᠡᠢᠳᠡᠭ
ᠬᠠᠪᠤᠷᠤᠨ ᠨᠠᠷᠠᠨᠳᠤ ᠪᠢ ᠨᠠᠪᠴᠢ ᠲᠠᠢ ᠰᠠᠴᠠᠭᠤ ᠦᠨᠳᠡᠯᠵᠡᠳᠡᠭ
ᠬᠠᠩᠭᠠᠢᠶᠢᠨ ᠮᠠᠨᠠᠨ ᠠᠯᠠᠭᠯᠠᠵᠤ ᠮᠠᠯᠤᠨ ᠨᠢᠳᠦ ᠰᠦᠮᠡᠢᠳᠡᠭ
ᠬᠦᠷᠬᠢᠷᠡᠬᠦ ᠴᠣᠩᠭᠢᠶᠠᠯᠤᠨ ᠠᠢᠵᠠᠮᠢᠶᠠᠷ ᠰᠢᠨᠡ ᠨᠣᠭᠤᠭᠠ ᠤᠷᠭᠤᠳᠠᠭ
ᠬᠦᠷᠡᠩ ᠲᠣᠯᠣᠭᠠᠳᠢᠶᠠᠨ ᠭᠤᠶᠤᠯᠠᠨ ᠠᠯᠳᠠᠨ ᠬᠠᠷᠠᠭᠠᠨᠠ ᠴᠡᠴᠡᠭᠯᠡᠳᠡᠭ
ᠬᠦᠩᠭᠡᠨ ᠮᠠᠰᠢᠨ ᠭᠡᠨᠡᠳᠲᠡ ᠳᠠᠪᠬᠢᠵᠤ ᠠᠢᠰᠤᠢ ᠰᠢᠭ᠋ ᠰᠠᠨᠠᠭᠳᠠᠳᠠᠭ
ᠬᠦᠮᠦᠨᠦ ᠰᠡᠳᠬᠢᠯ ᠰᠡᠷᠭᠦᠵᠦ ᠠᠳᠠᠯ ᠠᠮᠢᠳᠤᠷᠠᠯᠳᠠᠭᠠᠨ ᠶᠠᠭᠠᠷᠠᠳᠠᠭ
ᠬᠠᠪᠤᠷᠤᠨ ᠨᠠᠷᠠᠨᠳᠤ ᠪᠢ ᠭᠠᠯᠠᠭᠤᠳ ᠲᠠᠢ ᠰᠠᠴᠠᠭᠤ ᠳᠠᠭᠤᠯᠠᠳᠠᠭ
ᠬᠠᠷᠠᠬᠤᠠᠴᠠ ᠢᠯᠲᠠᠮ ᠬᠦᠳᠡᠭᠡ ᠵᠢᠷᠦᠬᠡᠶᠢ ᠤᠶᠠᠷᠠᠭᠠᠨ ᠭᠡᠷᠡᠯᠲᠦᠳᠡᠭ
ᠬᠣᠩᠭᠤᠷ ᠰᠠᠯᠬᠢᠨᠤ ᠰᠡᠪᠡᠯᠵᠡᠭᠡᠪᠡᠷ ᠠᠮᠢᠰᠬᠤᠭᠠ ᠠᠭᠤᠵᠢᠷᠠᠨ ᠬᠦᠭᠰᠡᠳᠡᠭ
ᠬᠣᠨᠤᠭᠤᠨ ᠴᠠᠭᠠᠨ ᠡᠬᠦᠯᠡᠰᠡᠴᠡ ᠪᠣᠷᠤᠭᠠ ᠰᠢᠪᠡᠷᠡᠵᠦ ᠢᠭᠳᠦᠯᠦᠭᠦᠯᠳᠡᠭ
ᠬᠤᠷᠠᠮᠳᠤᠨ ᠢᠷᠡᠭᠰᠡᠨ ᠵᠦᠭᠡᠴᠡ ᠨᠢ ᠮᠦᠷᠦᠭᠡᠳᠦᠯᠦᠨ ᠠᠶᠠᠯᠭᠤ ᠨᠠᠭᠠᠰᠢᠯᠠᠳᠠᠭ
ᠬᠤᠷᠸᠠᠳᠤ ᠠᠭᠤᠯᠵᠠᠭᠠ ᠬᠠᠨᠢᠶᠢᠨ ᠰᠢᠪᠡᠨᠡᠭᠡ ᠴᠢᠬᠢᠨᠳᠦ ᠤᠳᠠᠲᠠᠯᠠ ᠬᠠᠩᠭᠢᠨᠠᠳᠠᠭ
ᠬᠠᠪᠤᠷᠤᠨ ᠨᠠᠷᠠᠨᠳᠤ ᠪᠢ ᠰᠣᠯᠤᠩᠭᠠᠶᠢ ᠬᠠᠷᠠᠨ ᠲᠠᠢᠳᠬᠤᠷᠠᠳᠠᠭ
ᠬᠣᠷᠭᠤᠢ ᠨᠣᠭᠤᠭᠠᠨ ᠲᠠᠯᠠᠳᠤ ᠴᠠᠭᠠᠨ ᠭᠡᠷᠦᠳ ᠵᠢᠭᠳᠡᠷᠡᠳᠡᠭ
ᠬᠦᠬᠡᠮᠳᠦᠭ ᠠᠰᠬᠠ ᠬᠠᠯᠢᠯᠳᠤ ᠴᠡᠩᠭᠡᠷ ᠲᠠᠭᠲᠠᠭᠠ ᠡᠭᠦᠷᠯᠡᠳᠡᠭ
ᠬᠦᠨᠳᠡᠢ ᠴᠢᠮᠡᠭᠰᠡᠨ ᠠᠢᠯᠠᠴᠠ ᠴᠠᠢᠶᠢᠨ ᠦᠨᠦᠷ ᠬᠠᠩᠬᠤᠯᠳᠠᠭ
ᠬᠡᠭᠡᠷᠡᠶᠢᠨ ᠬᠠᠷᠢᠶᠠᠴᠠᠢ ᠰᠦᠯᠵᠢᠯᠳᠦᠨ ᠵᠦᠭᠡᠯᠡᠨ ᠭᠤᠨᠢᠭ᠋ᠢ ᠮᠠᠷᠲᠠᠭᠤᠯᠳᠠᠭ
ᠭᠡᠭᠡᠯᠵᠡᠬᠦ ᠪᠣᠳᠤᠯᠢ ᠨᠢᠯᠬᠠᠷᠠᠭᠤᠯᠤᠨ ᠴᠡᠴᠡᠭᠡᠰ ᠮᠦᠰᠢᠶᠡᠨ ᠳᠡᠯᠭᠡᠷᠡᠳᠡᠭ
ᠬᠠᠪᠤᠷᠤᠨ ᠨᠠᠷᠠᠨᠳᠤ ᠪᠢ ᠰᠠᠯᠬᠢᠨ ᠲᠠᠢ ᠰᠠᠴᠠᠭᠤ ᠴᠡᠩᠬᠡᠷᠯᠡᠳᠡᠭ
ᠬᠠᠴᠢᠨ ᠭᠠᠢᠬᠠᠯᠲᠠᠢ ᠲᠤᠤᠯᠢᠰᠢ ᠨᠢ ᠣᠯᠵᠠᠷᠬᠠᠨ ᠴᠡᠭᠡᠵᠢᠯᠡᠵᠦ ᠬᠠᠢᠯᠠᠳᠠᠭ
ᠬᠠᠶᠠᠭᠠᠨᠳᠤ ᠢᠷᠡᠭᠰᠡᠨ ᠵᠣᠨᠢ ᠨᠠᠮ ᠬᠥᠮᠦᠨ ᠳᠤᠮᠳᠠ ᠬᠦᠯᠢᠶᠡᠳᠡᠭ
ᠬᠠᠪᠤᠯᠢᠭ᠋ ᠭᠣᠶᠤᠮᠰᠤᠭ ᠳᠤᠤᠯᠢᠶᠠᠨ ᠳ᠋ᠤᠨᠢ ᠭᠠᠵᠠᠷᠤᠨ ᠪᠤᠳᠠᠩ ᠠᠷᠢᠯᠠᠳᠠᠭ
ᠬᠠᠷᠠᠩᠭᠤᠢᠳᠤ ᠲᠤᠶᠠᠭᠠᠯᠠᠬᠤ ᠰᠠᠷᠠᠨᠳᠤ ᠬᠠᠢᠷᠠᠪᠠᠨ ᠰᠢᠪᠡᠨᠡᠨ ᠠᠷᠢᠭᠤᠰᠳᠠᠭ
ᠬᠠᠨᠠᠭᠠᠷ ᠣᠷᠴᠢᠯᠠᠩᠢᠶᠠᠷ ᠠᠷᠭᠠᠳᠠᠭᠤᠯᠤᠨ ᠴᠡᠴᠡᠭᠲᠦ ᠵᠡᠬᠦᠳᠦᠪᠡᠨ ᠮᠠᠨᠠᠳᠠᠭ
ᠬᠠᠪᠤᠷᠤᠨ ᠨᠠᠷᠠᠨᠳᠤ ᠪᠢ ᠮᠣᠳᠤᠳ ᠲᠠᠢ ᠰᠠᠴᠠᠭᠤ ᠴᠡᠯᠭᠡᠷᠡᠳᠡᠭ
ᠬᠠᠮᠢᠭᠠ ᠨᠢᠭᠡᠨᠲᠡᠭᠡᠡᠴᠡ ᠰᠢᠪᠠᠭᠤᠳ ᠡᠪᠡᠰᠦ ᠵᠠᠭᠤᠵᠤ ᠡᠭᠦᠷ ᠵᠠᠰᠠᠳᠠᠭ
ᠬᠠᠷᠢᠶᠢᠨ ᠭᠠᠵᠠᠷᠠᠴᠠ ᠠᠳᠤᠭᠤᠳ ᠨᠤᠲᠤᠭ ᠪᠣᠴᠠᠵᠤ ᠢᠨᠴᠠᠭᠠᠳᠠᠭ
ᠬᠦᠷᠬᠢᠷᠡ ᠨᠢ ᠨᠠᠮᠵᠢᠷᠠᠭᠠ ᠴᠤ᠌ ᠭᠣᠣᠯ ᠭᠣᠷᠤᠬᠠ ᠭᠠᠵᠠᠷᠤᠨ ᠬᠢᠵᠠᠭᠠᠷᠢ ᠴᠢᠭᠯᠡᠳᠡᠭ
ᠬᠦᠮᠦᠨᠯᠢᠭ ᠵᠠᠶᠠᠭᠠᠨᠤ ᠡᠩᠬᠡᠶᠢᠨ ᠬᠦᠰᠡᠯ ᠴᠡᠭᠡᠵᠢᠨᠳᠦ ᠠᠮᠢᠯᠠᠨ ᠴᠠᠯᠬᠢᠯᠠᠳᠠᠭ
ᠬᠦᠪᠴᠢ ᠲᠠᠢᠭᠠᠶᠢᠨ ᠦᠩᠭᠡᠪᠡᠷ ᠢᠲᠡᠭᠡᠯᠢᠶᠡᠨ ᠬᠤᠷᠴᠠᠯᠠᠭᠠᠳ ᠣᠯᠵᠠᠷᠬᠠᠳᠠᠭ ᠡ