— ᠶᠡᠷᠦᠩᠬᠡᠢ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠳᠤ ᠱᠢᠨᠵᠢᠯᠡᠨ ᠪᠠᠢᠴᠠᠭᠠᠬᠤ ᠦᠶ᠎ᠠ ᠵᠢᠨ ᠴᠢᠬᠤᠯᠠ ᠵᠢᠭᠠᠪᠤᠷᠢ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠲᠤᠭᠤᠱᠢᠯᠠᠭᠤᠯᠬᠤ ᠲᠤᠬᠠᠢ ᠨᠢᠭᠡᠨᠲᠡ ᠥᠭᠦᠯᠡᠬᠦ᠌ ᠨᠢ
6 ᠰᠠᠷ᠎ᠠ᠎ᠶ᠋ᠢᠨ13 ᠤ᠋ ᠡᠳᠦᠷ᠂ ᠥᠪᠡᠷᠲᠡᠭᠡᠨ ᠵᠠᠰᠠᠬᠤ ᠣᠷᠣᠨ ᠪᠥᠬᠥ᠌ ᠣᠷᠣᠨ᠎ᠤ ᠤᠳᠤᠷᠢᠳᠭᠤ ᠺᠠᠳ᠋ᠷᠴᠤᠳ᠎ᠤᠨ ᠶᠡᠬᠡ ᠬᠤᠷᠠᠯ ᠬᠤᠷᠠᠯᠳᠤᠭᠤᠯᠵᠤ᠂ ᠶᠡᠷᠦᠩᠬᠡᠶ ᠱᠦᠵᠢ ᠰᠢ ᠵᠢᠨ ᠫᠢᠩ᠎ᠦᠨ ᠮᠠᠨ᠎ᠤ ᠣᠷᠣᠨ᠎ᠳᠤ ᠱᠢᠨᠵᠢᠯᠡᠨ ᠪᠠᠢᠴᠠᠭᠠᠬᠤ ᠦᠶ᠎ᠠ ᠵᠢᠨ ᠴᠢᠬᠤᠯᠠ ᠵᠢᠭᠠᠪᠤᠷᠢ ᠪᠣᠯᠤᠨ ᠴᠦᠯᠯᠡᠷᠭᠡᠭ᠌ᠵᠢᠯ᠎ᠢ ᠶᠡᠷᠦᠩᠬᠡᠢᠯᠡᠨ ᠰᠡᠷᠭᠡᠢᠯᠡᠨ ᠵᠠᠰᠠᠬᠤ᠎ᠶ᠋ᠢ ᠴᠢᠩᠭᠠᠳᠭᠠᠬᠤ ᠪᠠ《ᠤᠮᠠᠷᠠᠲᠤ᠎ᠶ᠋ᠢᠨ ᠭᠤᠷᠪᠠᠨ ᠣᠷᠣᠨ》 ᠵᠡᠷᠭᠡ ᠭᠤᠤᠯᠳᠠᠯᠭ᠎ᠠ᠎ᠲᠠᠶ ᠠᠮᠢ ᠠᠬᠤᠶ᠎ᠶ᠋ᠢᠨ ᠢᠨᠵᠧᠨᠧᠷᠢᠩ᠎ᠦᠨ ᠪᠥᠲᠥᠭᠡᠨ ᠪᠠᠢᠭᠤᠯᠤᠯᠲᠠ᠎ᠶ᠋ᠢ ᠠᠬᠢᠭᠤᠯᠬᠤ ᠶᠠᠷᠢᠯᠴᠠᠬᠤ ᠬᠤᠷᠠᠯ ᠳᠡᠭᠡᠷᠡᠬᠢ ᠴᠢᠬᠤᠯᠠ ᠶᠠᠷᠢᠶ᠎ᠠ᠎ᠶ᠋ᠢ ᠤᠯᠠᠮᠵᠢᠯᠠᠨ ᠰᠤᠷᠤᠯᠴᠠᠵᠤ᠂ ᠲᠤᠭᠤᠱᠢᠯᠠᠭᠤᠯᠤᠨ ᠨᠠᠢᠳᠠᠪᠤᠷᠢᠵᠢᠭᠤᠯᠬᠤ ᠠᠵᠢᠯ᠎ᠢ ᠲᠣᠬᠢᠷᠠᠭᠤᠯᠤᠨ ᠪᠠᠢᠷᠢᠯᠠᠭᠤᠯᠪᠠ᠃ ᠶᠡᠷᠦᠩᠬᠡᠢ ᠱᠦᠵᠢ ᠰᠢ ᠵᠢᠨ ᠫᠢᠩ᠎ᠦᠨ ᠴᠢᠬᠤᠯᠠ ᠵᠢᠭᠠᠪᠤᠷᠢ ᠪᠣᠯᠤᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠲᠤᠭᠤᠱᠢᠯᠠᠭᠤᠯᠬᠤ ᠪᠣᠯ ᠣᠳᠣᠬᠠᠨ᠎ᠤ ᠪᠠ ᠬᠣᠢᠱᠢᠳᠠ᠎ᠶ᠋ᠢᠨ ᠬᠡᠰᠡᠭ ᠬᠤᠭᠤᠴᠠᠭᠠᠨ᠎ᠤ ᠪᠦᠬᠦ᠌ ᠣᠷᠣᠨ ᠤ᠋ ᠲᠡᠷᠢᠭᠦᠨ ᠴᠢᠬᠤᠯᠠ ᠶᠡᠬᠡ ᠶᠠᠪᠤᠳᠠᠯ ᠪᠣᠯᠤᠨ᠎ᠠ᠃ ᠪᠢᠳᠡ ᠶᠡᠷᠦᠩᠬᠡᠶ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠳᠤ ᠱᠢᠨᠵᠢᠯᠡᠨ ᠪᠠᠢᠴᠠᠭᠠᠭᠰᠠᠨ ᠴᠢᠬᠤᠯᠠ ᠶᠡᠬᠡ ᠠᠴᠢ ᠬᠣᠯᠪᠣᠭ᠍ᠳᠠᠯ᠎ᠢ ᠭᠦᠨᠵᠡᠭᠡᠶ ᠲᠠᠨᠢᠵᠤ᠂ ᠦᠵᠡᠯ ᠰᠠᠨᠠᠭ᠎ᠠ ᠪᠠ ᠦᠶ᠋ᠯᠡ ᠠᠵᠢᠯᠯᠠᠭ᠎ᠠ᠎ᠪᠠᠨ ᠶᠡᠷᠦᠩᠬᠡᠶ ᠱᠦᠵᠢ ᠰᠢ ᠵᠢᠨ ᠫᠢᠩ᠎ᠦᠨ ᠴᠢᠬᠤᠯᠠ ᠵᠢᠭᠠᠪᠤᠷᠢ ᠪᠣᠯᠤᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠲᠠᠶ ᠦᠨᠡᠨ ᠬᠦ᠌ ᠨᠢᠭᠡᠳᠭᠡᠬᠦ᠌ ᠬᠡᠷᠡᠭ᠌ᠲᠡᠶ᠃
ᠨᠠᠮ᠎ᠤᠨ ᠬᠣᠷᠢᠳᠤᠭᠠᠷ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠪᠦᠬᠦ᠌ ᠲᠠᠯ᠎ᠠ᠎ᠪᠠᠷ ᠰᠤᠷᠤᠯᠴᠠᠨ ᠲᠤᠭᠤᠰᠢᠯᠠᠭᠤᠯᠵᠤ ᠪᠠᠢᠭ᠎ᠠ ᠡᠬᠢᠯᠡᠯᠲᠡ᠎ᠶ᠋ᠢᠨ ᠵᠢᠯ᠂ ᠭᠣᠣᠯ ᠰᠡᠳᠦᠪᠲᠦ ᠬᠥᠮᠦᠵᠢᠯ᠎ᠢ ᠭᠦᠨᠵᠡᠭᠡᠢ ᠥᠷᠨᠢᠭᠦᠯᠵᠤ ᠪᠠᠢᠭ᠎ᠠ ᠵᠠᠩᠭᠢᠯᠠᠭ᠎ᠠ᠎ᠶ᠋ᠢᠨ ᠴᠠᠭ ᠮᠥᠴᠡ᠎ᠳᠦ᠂ ᠶᠡᠷᠦᠩᠬᠡᠢ ᠱᠦᠵᠢ ᠰᠢ ᠵᠢᠨ ᠫᠢᠩ ᠳᠠᠬᠢᠨᠲᠠ ᠥᠪᠥᠷ ᠮᠣᠩᠭᠣᠯ᠎ᠳᠤ ᠪᠡᠶ᠎ᠡ ᠪᠡᠷ᠎ᠢᠶᠡᠨ ᠱᠢᠨᠵᠢᠯᠡᠨ ᠪᠠᠢᠴᠠᠭᠠᠭᠰᠠᠨ ᠨᠢ ᠥᠪᠥᠷ ᠮᠣᠩᠭᠣᠯ᠎ᠤᠨ ᠬᠥᠭ᠌ᠵᠢᠯᠲᠡ᠎ᠳᠦ ᠲᠤᠢᠯ᠎ᠤᠨ ᠴᠢᠬᠤᠯᠠ ᠠᠴᠢ ᠬᠣᠯᠪᠣᠭ᠍ᠳᠠᠯ᠎ᠲᠠᠶ ᠶᠤᠮ᠃ ᠶᠡᠷᠦᠩᠬᠡᠢ ᠱᠦᠵᠢ ᠰᠢ ᠵᠢᠨ ᠫᠢᠩ᠎ᠦᠨ ᠴᠢᠬᠤᠯᠠ ᠵᠢᠭᠠᠪᠤᠷᠢ ᠪᠣᠯᠤᠨ ᠴᠢᠬᠤᠯᠠ ᠶᠠᠷᠢᠶ᠎ᠠ ᠨᠢ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠪᠦᠬᠦ᠌ ᠲᠠᠯ᠎ᠠ ᠡᠴᠡ ᠪᠢᠳᠡᠨ᠎ᠳᠦ ᠴᠢᠭ᠌ᠯᠡᠯ᠎ᠢ ᠵᠢᠭᠠᠵᠤ᠂ ᠠᠷᠭ᠎ᠠ ᠵᠠᠮ᠎ᠢ ᠲᠤᠳᠤᠷᠬᠠᠢᠯᠠᠵᠤ ᠥᠭ᠌ᠭᠦᠭ᠌ᠰᠡᠨ ᠪᠥᠭᠡᠳ ᠪᠠᠰᠠ ᠥᠪᠥᠷ ᠮᠣᠩᠭᠣᠯ ᠤᠨ ᠪᠣᠳᠠᠲᠤ ᠪᠠᠢᠳᠠᠯ᠎ᠳᠤ ᠰᠠᠭᠤᠷᠢᠯᠠᠨ ᠪᠢᠳᠡᠨ᠎ᠳᠦ ᠡᠭᠦᠷᠭᠡ ᠲᠤᠰᠢᠶᠠᠵᠤ᠂ ᠱᠠᠭᠠᠷᠳᠠᠯᠭ᠎ᠠ ᠳᠤᠷᠠᠳᠴᠤ᠌᠂ ᠥᠪᠥᠷ ᠮᠣᠩᠭᠣᠯ᠎ᠤᠨ ᠠᠵᠢᠯ᠎ᠢ ᠰᠠᠢᠲᠤᠷ ᠬᠢᠬᠦ᠌᠎ᠳᠦ ᠪᠦᠬᠦ᠌ ᠲᠠᠯ᠎ᠠ᠎ᠶ᠋ᠢᠨ ᠴᠢᠨᠠᠷᠲᠠᠢ᠂ ᠦᠨᠳᠦᠰᠦᠨ ᠴᠢᠨᠠᠷᠲᠠᠢ᠂ ᠪᠠᠢᠯᠳᠤᠬᠤ ᠪᠤᠳᠤᠯᠭ᠎ᠠ᠎ᠶ᠋ᠢᠨ ᠴᠢᠨᠠᠷᠲᠠᠢ ᠵᠢᠯᠣᠭᠣᠳᠭᠤ ᠠᠴᠢ ᠬᠣᠯᠪᠣᠭ᠍ᠳᠠᠯ᠎ᠲᠠᠶ ᠶᠤᠮ᠃ ᠪᠦᠬᠦ᠌ ᠣᠷᠣᠨ᠎ᠤ ᠡᠯ᠎ᠡ ᠱᠠᠲᠤᠨ᠎ᠤ ᠬᠢᠨ ᠤᠯᠤᠰ ᠲᠦᠷᠦ᠍ ᠵᠢᠨ᠂ ᠪᠠᠢᠯᠳᠤᠬᠤ ᠪᠤᠳᠤᠯᠭ᠎ᠠ ᠵᠢᠨ᠂ ᠪᠦᠬᠦ᠌ ᠲᠠᠯ᠎ᠠ᠎ᠶ᠋ᠢᠨ ᠦᠨᠳᠦᠷᠴᠡ ᠡᠴᠡ ᠶᠡᠷᠦᠩᠬᠡᠢ ᠱᠦᠵᠢ ᠰᠢ ᠵᠢᠨ ᠫᠢᠩ᠎ᠦᠨ ᠴᠢᠬᠤᠯᠠ ᠵᠢᠭᠠᠪᠤᠷᠢ ᠪᠣᠯᠤᠨ ᠴᠢᠬᠤᠯᠠ ᠶᠠᠷᠢᠶ᠎ᠠ ᠵᠢᠨ ᠵᠣᠷᠢᠭ ᠰᠠᠨᠠᠭᠠᠨ᠎ᠤ ᠪᠠᠶᠠᠯᠢᠭ ᠠᠭᠤᠯᠤᠭ᠍ᠳᠠᠬᠤᠨ᠎ᠢ ᠭᠦᠨᠵᠡᠭᠡᠢ ᠣᠢᠯᠠᠭᠠᠵᠤ᠂ ᠤᠬᠠᠮᠰᠠᠷ᠎ᠡᠴᠡ᠎ᠪᠠᠨ ᠦᠵᠡᠯ ᠰᠠᠨᠠᠭ᠎ᠠ᠎ᠪᠠᠨ ᠨᠢᠭᠡᠳᠭᠡᠬᠦ᠌᠂ ᠵᠣᠷᠢᠭ ᠰᠠᠨᠠᠭ᠎ᠠ᠎ᠪᠠᠨ ᠨᠢᠭᠡᠳᠭᠡᠬᠦ᠌᠂ ᠦᠢᠯᠡ ᠠᠵᠢᠯᠯᠠᠭ᠎ᠠ᠎ᠪᠠᠨ ᠨᠢᠭᠡᠳᠭᠡᠬᠦ᠌᠎ᠳᠦ ᠬᠡᠷᠡᠭ᠌ᠯᠡᠵᠦ᠍᠂ ᠶᠡᠷᠦᠩᠬᠡᠢ ᠱᠦᠵᠢ ᠰᠢ ᠵᠢᠨ ᠫᠢᠩ᠎ᠦᠨ ᠵᠢᠭᠠᠭ᠍ᠰᠠᠨ ᠴᠢᠭ᠌ᠯᠡᠯ᠎ᠢᠶᠡᠷ ᠡᠷᠡᠰ ᠭᠤᠢᠪᠢᠰᠢ ᠦᠭᠡᠢ ᠡᠷᠡᠮᠡᠬᠡᠢᠯᠡᠨ ᠤᠷᠤᠭ᠍ᠰᠢᠯᠠᠬᠤ ᠬᠡᠷᠡᠭ᠌ᠲᠡᠢ᠃
ᠴᠢᠩ ᠰᠡᠳᠭᠢᠯ᠎ᠦᠨ ᠬᠦᠰᠡᠯ ᠨᠠᠢᠳᠠᠯᠭ᠎ᠠ ᠲᠦᠢᠯ᠎ᠤᠨ ᠬᠦᠨᠳᠤ ᠴᠢᠬᠤᠯᠠ ᠶᠤᠮ᠃ ᠶᠡᠷᠦᠩᠬᠡᠶ ᠱᠦᠵᠢ ᠰᠢ ᠵᠢᠨ ᠫᠢᠩ ᠡᠨᠡ ᠤᠳᠠᠭ᠎ᠠ ᠥᠪᠥᠷ ᠮᠣᠩᠭᠣᠯ᠎ᠳᠤ ᠱᠢᠨᠵᠢᠯᠡᠨ ᠪᠠᠢᠴᠠᠭᠠᠭᠰᠠᠨ ᠨᠢ ᠰᠢ ᠵᠢᠨ ᠫᠢᠩ ᠨᠥᠬᠥᠷ᠎ᠢᠶᠡᠷ ᠭᠤᠤᠯ ᠪᠣᠯᠭᠠᠭ᠍ᠰᠠᠨ ᠨᠠᠮ᠎ᠤᠨ ᠲᠥᠪ ᠬᠣᠷᠢᠶ᠎ᠠ᠎ᠡᠴᠡ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠢ ᠭᠦᠨ ᠬᠠᠯᠠᠮᠵᠢᠯᠠᠵᠤ ᠪᠠᠢᠭ᠎ᠠ᠂ ᠥᠪᠥᠷ ᠮᠣᠩᠭᠣᠯ᠎ᠤᠨ ᠠᠵᠢᠯ᠎ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ ᠪᠠᠢᠬᠤ᠎ᠶ᠋ᠢ ᠭᠦᠶ᠋ᠴᠡᠳ ᠢᠯᠡᠷᠡᠭᠦᠯᠪᠡ᠃ ᠶᠡᠷᠦᠩᠬᠡᠶ ᠱᠦᠵᠢ ᠰᠢ ᠵᠢᠨ ᠫᠢᠩ ᠣᠢᠷ᠎ᠠ᠎ᠶ᠋ᠢᠨ ᠵᠢᠯ᠎ᠦᠨ ᠲᠤᠷᠱᠢᠬᠢ ᠥᠪᠥᠷ ᠮᠣᠩᠭᠣᠯ᠎ᠤᠨ ᠡᠯ᠎ᠡ ᠵᠦᠶ᠋ᠯ᠎ᠦᠨ ᠠᠵᠢᠯ ᠦᠶ᠋ᠯᠡᠰ᠎ᠦᠨ ᠬᠥᠭ᠌ᠵᠢᠯᠲᠡ ᠢᠯᠠᠩᠭᠤᠶ᠎ᠠ 《ᠲᠠᠪᠤᠨ ᠶᠡᠬᠡ ᠡᠭᠦᠷᠭᠡ》᠎ᠶ᠋ᠢ ᠨᠠᠢᠳᠠᠪᠤᠷᠢᠵᠢᠭᠤᠯᠬᠤ ᠪᠠ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》 ᠢ᠋ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠬᠣᠶᠠᠷ ᠶᠡᠬᠡ ᠶᠠᠪᠤᠳᠠᠯ᠎ᠢ ᠰᠠᠢᠳᠤᠷ ᠬᠢᠬᠦ ᠲᠤᠬᠠᠢ ᠨᠤᠲᠠᠯᠠᠵᠤ᠂ ᠪᠢᠳᠡᠨ᠎ᠦ ᠪᠠᠢᠯᠳᠤᠬᠤ ᠪᠣᠳᠣᠯᠭ᠎ᠠ᠎ᠶ᠋ᠢᠨ ᠪᠠᠢᠷᠢ ᠲᠣᠭ᠍ᠲᠠᠭᠠᠯᠲᠠ᠎ᠲᠠᠶ ᠨᠢᠭ᠍ᠲᠠ ᠤᠶᠠᠯᠳᠤᠭᠤᠯᠤᠨ ᠡᠯ᠎ᠡ ᠵᠦᠶ᠋ᠯ᠎ᠦᠨ ᠠᠵᠢᠯ᠎ᠢᠶᠠᠨ ᠰᠠᠢᠲᠤᠷ ᠬᠢᠬᠦ᠌᠎ᠳᠦ ᠴᠢᠭ᠌ᠯᠡᠯ ᠪᠠ ᠠᠷᠭ᠎ᠠ ᠵᠠᠮ᠎ᠢ ᠤᠯᠠᠮ ᠴᠢᠨᠠᠭᠰᠢᠳᠠ ᠲᠣᠳᠣᠷᠬᠠᠶ ᠵᠢᠭᠠᠨ ᠥᠭ᠌ᠴᠦ᠂ ᠪᠥᠬᠥ᠌ ᠣᠷᠣᠨ᠎ᠤ ᠥᠷᠭᠡᠨ ᠣᠯᠠᠨ ᠺᠠᠳ᠋ᠷ ᠣᠯᠠᠨ ᠲᠦᠮᠡᠨ᠎ᠦ ᠦᠵᠡᠰᠭᠦᠯᠡᠩᠲᠦ ᠰᠠᠢᠬᠠᠨ ᠥᠪᠥᠷ ᠮᠣᠩᠭᠣᠯ᠎ᠢᠶᠠᠨ ᠪᠥᠲᠥᠭᠡᠨ ᠪᠠᠢᠭᠤᠯᠬᠤ ᠢᠲᠡᠭᠡᠯ ᠵᠣᠷᠢᠭ᠎ᠢ ᠲᠤᠢᠯ᠎ᠤᠨ ᠶᠡᠬᠡᠪᠡᠷ ᠬᠥᠪᠴᠢᠯᠡᠵᠦ᠍᠂ ᠪᠢᠳᠡᠨ᠎ᠦ ᠬᠣᠶᠠᠷ ᠶᠡᠬᠡ ᠶᠠᠪᠤᠳᠠᠯ᠎ᠢᠶᠠᠷ ᠭᠤᠤᠯ ᠭᠠᠷᠳᠠᠴᠠ ᠪᠣᠯᠭᠠᠵᠤ᠂ ᠨᠢᠭᠡᠨ ᠵᠢᠷᠤᠭ ᠲᠥᠰᠦᠪ᠎ᠢ ᠡᠴᠦᠰ᠎ᠲᠦᠨᠢ ᠲᠤᠯᠲᠠᠯ᠎ᠠ ᠵᠢᠷᠤᠭ᠍ᠯᠠᠵᠤ ᠪᠥᠬᠥ᠌ ᠲᠠᠯ᠎ᠠ᠎ᠶ᠋ᠢᠨ ᠣᠳᠣᠬᠢᠴᠢᠯᠠᠯᠲᠠ᠎ᠶ᠋ᠢ ᠠᠬᠢᠭᠤᠯᠬᠤ ᠡᠷᠡᠰ ᠵᠣᠷᠢᠭ᠎ᠢ ᠨᠠᠩ ᠪᠠᠲᠤᠳᠭᠠᠪᠠ᠃ ᠶᠡᠷᠦᠩᠬᠡᠢ ᠱᠦᠵᠢ ᠰᠢ ᠵᠢᠨ ᠫᠢᠩ᠎ᠦᠨ ᠭᠦᠨ ᠵᠤᠵᠠᠭᠠᠨ ᠬᠠᠢᠷ᠎ᠠ ᠰᠡᠳᠭᠢᠯᠭᠡ ᠪᠣᠯ ᠪᠦᠬᠦ᠌ ᠣᠷᠣᠨ᠎ᠤ 2400 ᠭᠠᠷᠤᠢ ᠲᠦᠮᠡᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠬᠢᠵᠠᠭᠠᠯᠠᠰᠢ ᠦᠭᠡᠢ ᠢᠷᠠᠭᠤ ᠠᠯᠳᠠᠷ ᠮᠥᠨ᠃ ᠶᠡᠷᠦᠩᠬᠡᠢ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠳᠠᠬᠢ ᠰᠦᠮᠪᠦᠷ ᠠᠭᠤᠯᠠ ᠡᠴᠡ ᠦᠨᠳᠦᠷ᠂ ᠰᠦᠨ ᠲᠠᠯᠠᠢ ᠡᠴᠡ ᠭᠦᠨ ᠬᠠᠢᠷ᠎ᠠ ᠰᠡᠳᠭᠢᠯᠭᠡ᠎ᠶ᠋ᠢ ᠭᠦᠨᠵᠡᠭᠡᠢ ᠣᠢᠯᠠᠭᠠᠵᠤ᠂ ᠶᠡᠷᠦᠩᠬᠡᠢ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠤᠨ ᠠᠵᠢᠯ᠎ᠤᠨ ᠲᠤᠬᠠᠢ ᠨᠤᠲᠠᠯᠠᠯᠲᠠ ᠵᠣᠷᠢᠭ᠍ᠵᠢᠭᠤᠯᠤᠯ ᠪᠣᠯᠤᠨ ᠶᠡᠷᠦᠩᠬᠡᠢ ᠱᠠᠭᠠᠷᠳᠠᠯᠭ᠎ᠠ᠎ᠶ᠋ᠢ ᠭᠦᠨᠵᠡᠭᠡᠢ ᠣᠢᠯᠠᠭᠠᠬᠤ᠎ᠳᠤ᠂ ᠤᠬᠠᠮᠰᠠᠷ᠎ᠡᠴᠡ᠎ᠪᠠᠨ ᠶᠡᠷᠦᠩᠬᠡᠢ ᠱᠦᠵᠢ ᠰᠢ ᠵᠢᠨ ᠫᠢᠩ᠎ᠦᠨ ᠭᠦᠨ ᠵᠤᠵᠠᠭᠠᠨ ᠬᠠᠢᠷ᠎ᠠ ᠬᠠᠯᠠᠮᠵᠢ᠎ᠶ᠋ᠢ ᠠᠵᠢᠯ ᠬᠢᠵᠦ᠍ ᠦᠢᠯᠡᠰ ᠪᠤᠰᠭᠠᠬᠤ ᠬᠦᠴᠦᠷᠬᠡᠭ ᠶᠡᠬᠡ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠵᠤ᠂ ᠱᠢᠨ᠎ᠡ ᠴᠠᠭ ᠦᠶ᠎ᠡ᠎ᠳᠦ ᠭᠠᠪᠢᠶ᠎ᠠ ᠪᠠᠢᠭᠤᠯᠬᠤ ᠣᠮᠣᠭ ᠵᠣᠷᠢᠭ ᠪᠣᠯᠭᠠᠨ ᠬᠤᠪᠢᠷᠠᠭᠤᠯᠵᠤ᠂ ᠡᠯ᠎ᠡ ᠵᠦᠢᠯ᠎ᠦᠨ ᠠᠵᠢᠯ᠎ᠢᠶᠠᠨ ᠨᠡᠩ ᠯᠠᠪᠳᠠᠭᠤᠨ ᠪᠠᠲᠤᠲᠠᠢ ᠪᠦᠲᠦᠮᠵᠢᠲᠡᠢ ᠰᠠᠢᠲᠤᠷ ᠬᠢᠵᠦ᠍᠂ ᠪᠣᠳᠠᠲᠤ ᠠᠵᠢᠯᠯᠠᠭ᠎ᠠ᠎ᠪᠠᠷ᠎ᠢᠶᠠᠨ 《ᠬᠣᠶᠠᠷ᠎ᠢ ᠲᠤᠭᠳᠠᠭᠠᠭᠰᠠᠨ》 ᠢ᠋ ᠬᠦᠷᠢᠶᠡᠯᠡᠵᠦ᠍᠂ 《 ᠬᠣᠶᠠᠷ᠎ᠢ ᠬᠠᠮᠠᠭᠠᠯᠠᠬᠤ》 ᠵᠢ ᠦᠢᠯᠡᠳᠦᠯᠭᠡᠵᠢᠭᠦᠯᠬᠦ᠌ ᠬᠡᠷᠡᠭ᠌ᠲᠡᠢ᠃
ᠠᠯᠢᠪᠠ ᠠᠮᠵᠢᠯᠲᠠ᠎ᠶ᠋ᠢ ᠪᠦᠷ ᠪᠢᠳᠡᠨ᠎ᠦ ᠬᠠᠮᠲᠤ᠎ᠶ᠋ᠢᠨ ᠴᠢᠷᠮᠠᠢᠯᠭ᠎ᠠ᠎ᠪᠠᠷ ᠲᠠᠮᠵᠢᠨ ᠲᠡᠮᠡᠴᠡᠨ ᠣᠯᠤᠨ᠎ᠠ᠃ ᠡᠨᠡ ᠤᠳᠠᠭ᠎ᠠ᠎ᠶ᠋ᠢᠨ ᠶᠡᠷᠦᠩᠬᠡᠶ ᠱᠦᠵᠢ ᠰᠢ ᠵᠢᠨ ᠫᠢᠩ᠎ᠦᠨ ᠮᠠᠨ᠎ᠤ ᠣᠷᠣᠨ᠎ᠳᠤ ᠱᠢᠨᠵᠢᠯᠡᠨ ᠪᠠᠢᠴᠠᠭᠠᠬᠤ ᠦᠶ᠎ᠠ ᠵᠢᠨ ᠴᠢᠬᠤᠯᠠ ᠵᠢᠭᠠᠪᠤᠷᠢ ᠪᠣᠯᠤᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠨᠢ ᠡᠭᠦᠨ᠎ᠡᠴᠡ ᠡᠮᠦᠨᠡᠬᠢ ᠥᠪᠥᠷ ᠮᠣᠩᠭᠣᠯ᠎ᠤᠨ ᠲᠤᠬᠠᠶ ᠠᠯᠢ ᠣᠯᠠᠨ ᠴᠢᠬᠤᠯᠠ ᠵᠢᠭᠠᠪᠤᠷᠢ ᠱᠠᠭᠠᠷᠳᠠᠯᠭ᠎ᠠ᠎ᠲᠠᠶ ᠬᠠᠷᠢᠯᠴᠠᠨ ᠨᠡᠪᠲᠡᠷᠡᠯᠴᠡᠵᠦ᠍᠂ ᠢᠮᠠᠭ᠍ᠲᠠ ᠲᠤᠭᠤᠱᠢᠯᠠᠭᠳᠠᠭᠰᠠᠨ ᠶᠤᠮ᠂ ᠪᠥᠬᠥ᠌ ᠣᠷᠣᠨ ᠳᠠᠶᠠᠭᠠᠷ᠎ᠢᠶᠠᠨ ᠨᠡᠪᠲᠡᠷᠡᠲᠡᠯ᠎ᠡ ᠰᠤᠷᠤᠯᠴᠠᠨ ᠣᠢᠯᠠᠭᠠᠵᠤ᠂ ᠪᠦᠬᠦᠯᠢ ᠴᠣᠭ᠍ᠴᠠ᠎ᠪᠠᠷ᠎ᠨᠢ ᠡᠵᠡᠮᠳᠡᠨ᠂ ᠨᠢᠭᠡ ᠴᠣᠭ᠍ᠴᠠᠵᠢᠭᠤᠯᠤᠨ ᠨᠠᠢᠳᠠᠪᠤᠷᠢᠵᠢᠭᠤᠯᠵᠤ᠂ ᠬᠣᠶᠠᠷ ᠶᠡᠬᠡ ᠶᠠᠪᠤᠳᠠᠯ᠎ᠢ ᠡᠷᠡᠰ ᠭᠤᠢᠪᠢᠰᠢ ᠥᠬᠡᠶ᠂ ᠴᠥᠬᠥᠷᠡᠰᠢ ᠥᠬᠡᠶ᠎ᠪᠡᠷ ᠰᠠᠢᠲᠤᠷ ᠬᠢᠵᠦ᠍᠂ ᠡᠭᠦᠨ᠎ᠢᠶᠡᠷ ᠶᠡᠷᠦᠩᠬᠡᠶ ᠱᠦᠵᠢ ᠰᠢ ᠵᠢᠨ ᠫᠢᠩ᠎ᠦᠨ ᠴᠢᠬᠤᠯᠠ ᠵᠢᠭᠠᠪᠤᠷᠢ ᠱᠠᠭᠠᠷᠳᠠᠯᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠵᠤ ᠦᠷ᠎ᠡ ᠪᠦᠲᠦᠮᠵᠢ ᠭᠠᠷᠭᠠᠬᠤ᠎ᠶ᠋ᠢ ᠬᠥᠲᠥᠯᠦᠨ ᠠᠬᠢᠭᠤᠯᠬᠤ ᠬᠡᠷᠡᠭ᠌ᠲᠡᠶ᠃ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ᠎ᠦᠨ᠎ᠬᠢᠨ ᠲᠦᠷᠭᠡᠨ ᠬᠥᠳᠡᠯᠦᠯᠴᠡᠵᠦ᠍᠂ ᠠᠵᠢᠯᠯᠠᠵᠤ᠂ ᠰᠠᠨᠠᠭᠠᠴᠢᠯᠠᠭ᠎ᠠ᠎ᠡᠴᠡ᠎ᠪᠠᠨ ᠪᠠᠢᠷᠢ ᠲᠣᠭ᠍ᠲᠠᠭᠠᠯᠲᠠ᠎ᠪᠠᠨ ᠡᠷᠢᠵᠦ᠍᠂ ᠡᠭᠦᠷᠭᠡ᠎ᠪᠡᠨ ᠡᠷᠢᠵᠦ᠍᠂ ᠳᠠᠷᠤᠯᠲᠠ᠎ᠪᠠᠨ ᠨᠡᠮᠡᠭ᠌ᠳᠡᠭᠦᠯᠵᠦ᠍ ᠬᠦᠴᠦ ᠪᠡᠨ ᠨᠡᠮᠡᠭᠳᠡᠭᠦᠯᠵᠦ ᠪᠠᠢᠭᠠᠳ《ᠲᠠᠪᠤᠨ ᠶᠡᠬᠡ ᠡᠭᠦᠷᠭᠡ》 ᠶ᠋ᠢ ᠠᠬᠢᠭᠤᠯᠵᠤ᠂ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》 ᠢ᠋ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠵᠤ᠂ ᠠᠵᠤ ᠦᠶ᠋ᠯᠡᠰ᠎ᠦᠨ ᠪᠦᠲᠦᠴᠡ᠎ᠶ᠋ᠢ ᠳᠣᠭᠢᠷᠠᠭᠤᠯᠤᠨ ᠱᠢᠯᠢᠳᠡᠭ᠌ᠵᠢᠭᠦᠯᠬᠦ ᠵᠢ ᠲᠦᠷᠭᠡᠳᠭᠡᠵᠦ᠂ ᠬᠦᠴᠦᠨ᠎ᠢᠶᠡᠨ ᠲᠥᠪᠯᠡᠷᠡᠭᠦᠯᠦᠨ 《ᠤᠮᠠᠷᠠᠲᠤ᠎ᠶᠢᠨ ᠭᠤᠷᠪᠠᠨ ᠤᠷᠤᠨ》 ᠤ᠋ ᠢᠨᠵᠧᠨᠧᠷᠢᠩ᠎ᠦᠨ ᠪᠣᠭᠣᠮᠲᠠ ᠱᠢᠪᠲᠤᠯᠬᠤ ᠳᠠᠢᠯᠠᠯᠳᠤᠭᠠᠨ᠎ᠤ ᠢᠯᠠᠯᠲᠠ᠎ᠶ᠋ᠢ ᠣᠯᠵᠤ᠂ ᠠᠷᠠᠳ᠎ᠤᠨ ᠠᠮᠢᠳᠤᠷᠠᠯ᠎ᠢ ᠪᠠᠲᠤᠯᠠᠨ ᠰᠠᠢᠵᠢᠷᠠᠭᠤᠯᠬᠤ ᠠᠵᠢᠯ᠎ᠢ ᠰᠠᠢᠲᠤᠷ ᠬᠢᠵᠦ᠍᠂ ᠭᠤᠤᠯ ᠰᠡᠳᠦᠪᠲᠦ ᠬᠥᠮᠦᠵᠢᠯ᠎ᠦᠨ ᠭᠦᠨᠵᠡᠭᠡᠢᠷᠡᠨ ᠪᠣᠳᠠᠲᠠᠢᠵᠢᠬᠤ᠎ᠶ᠋ᠢ ᠠᠬᠢᠭᠤᠯᠵᠤ᠂ ᠣᠷᠭᠢᠯᠤᠮ᠎ᠠ ᠬᠠᠯᠠᠭᠤᠨ ᠰᠡᠳᠭᠢᠯᠭᠡ᠂ ᠤᠮᠤᠭ ᠳᠡᠭᠦᠯᠳᠡᠷ ᠲᠡᠮᠡᠴᠡᠯ᠎ᠦᠨ ᠵᠣᠷᠢᠭ᠂ ᠭᠦᠶ᠋ᠴᠡᠳ ᠡᠷᠴᠢ ᠵᠣᠷᠢᠭ᠎ᠢᠶᠠᠷ ᠳᠤᠮᠳᠠᠳᠤ ᠤᠯᠤᠰ᠎ᠤᠨ ᠮᠠᠶᠢᠭ᠎ᠤᠨ ᠤᠳᠤᠬᠢᠴᠢᠯᠠᠯᠳᠠ ᠵᠢᠨ ᠦᠪᠦᠷ ᠮᠤᠩᠭᠤᠯ᠎ᠤᠨ ᠰᠢᠨ᠎ᠡ ᠬᠠᠭᠤᠳᠠᠰᠤ ᠵᠢ ᠴᠢᠷᠮᠠᠢᠨ ᠪᠢᠴᠢᠭᠯᠡᠬᠦ ᠬᠡᠷᠡᠭᠳᠡᠢ᠃
ᠲᠠᠷᠢᠶᠠᠯᠠᠩ᠎ᠤᠨ ᠠᠵᠢᠯ ᠬᠠᠮᠤᠭ᠎ᠤᠨ ᠶᠠᠭᠠᠷᠠᠯᠲᠠᠢ ᠪᠤᠭᠤᠳᠠᠢ ᠪᠤᠯᠪᠠᠰᠤᠷᠠᠬᠤ ᠦᠶ᠎ᠠ ᠪᠡᠷ᠂ ᠶᠡᠷᠦᠩᠬᠡᠢ ᠱᠦᠵᠢ ᠰᠢ ᠵᠢᠨ ᠫᠢᠩ ᠮᠢᠩᠭᠠᠨ ᠭᠠᠵᠠᠷ᠎ᠤᠨ ᠲᠠᠯ᠎ᠠ ᠨᠤᠲᠤᠭ᠎ᠲᠤ ᠡᠷᠡᠮᠡᠯᠵᠡᠯ ᠪᠢᠯᠬᠠᠭᠰᠠᠨ ᠬᠦᠰᠡᠯ᠎ᠤᠨ ᠦᠷ᠎ᠡ᠎ᠶ᠋ᠢ ᠰᠠᠴᠤᠪᠠ᠃ ᠬᠦᠰᠡᠯ ᠨᠠᠢᠳᠠᠯᠭ᠎ᠠ᠎ᠶ᠋ᠢ ᠪᠠᠲᠤ ᠴᠡᠭᠡᠵᠢᠯᠡᠵᠦ᠍᠂ ᠠᠴᠢ ᠡᠨᠡᠷᠢᠯ᠎ᠳᠦ ᠲᠠᠯᠠᠷᠬᠠᠨ ᠡᠷᠡᠮᠡᠬᠡᠢᠯᠡᠨ ᠤᠷᠤᠭ᠍ᠰᠢᠯᠠᠵᠤ᠂ ᠶᠡᠷᠦᠩᠬᠡᠢ ᠱᠦᠵᠢ ᠰᠢ ᠵᠢᠨ ᠫᠢᠩ᠎ᠦᠨ ᠵᠢᠭᠠᠭ᠍ᠰᠠᠨ ᠴᠢᠭ᠌ᠯᠡᠯ᠎ᠢᠶᠡᠷ ᠡᠷᠡᠰ ᠭᠤᠢᠪᠢᠰᠢ ᠦᠭᠡᠢ᠎ᠪᠡᠷ ᠡᠷᠡᠮᠡᠬᠡᠢᠯᠡᠨ ᠤᠷᠤᠭ᠍ᠰᠢᠯᠠᠵᠤ᠂ ᠵᠣᠷᠢᠭ᠍ᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠍᠂ ᠰᠠᠨᠠᠭᠠᠴᠢᠯᠠᠭ᠎ᠠ᠎ᠡᠴᠡ᠎ᠪᠠᠨ ᠵᠢᠳᠬᠦᠯ ᠴᠢᠷᠮᠠᠢᠯᠭ᠎ᠠ ᠭᠠᠷᠭᠠᠵᠤ᠂ ᠨᠢᠭᠡ ᠰᠡᠳᠭᠢᠯ ᠨᠢᠭᠡ ᠵᠣᠷᠢᠭ᠎ᠢᠶᠠᠷ ᠪᠣᠳᠠᠲᠤ ᠶᠠᠪᠤᠳᠠᠯ ᠬᠢᠵᠦ᠍᠂ ᠬᠠᠲᠠᠭᠤ᠎ᠲᠠᠶ ᠨᠢ ᠬᠠᠯᠳᠠᠵᠤ ᠬᠦᠴᠢᠷ ᠠᠰᠠᠭᠤᠳᠠᠯ᠎ᠢ ᠱᠢᠢᠳᠪᠦᠷᠢᠯᠡᠨ᠂ ᠪᠣᠳᠠᠲᠠᠢ ᠠᠳᠭᠤᠨ ᠲᠦᠷᠭᠡᠨ ᠠᠵᠢᠯᠯᠠᠵᠤ ᠦᠷ᠎ᠡ ᠪᠦᠲᠦᠭᠡᠯ ᠣᠯᠪᠠᠯ ᠪᠢᠳᠡ ᠨᠠᠮ ᠪᠣᠯᠤᠨ ᠠᠷᠠᠳ ᠲᠦᠮᠡᠨ᠎ᠳᠦ ᠬᠢᠷᠢ ᠲᠡᠩᠴᠡᠭ᠌ᠰᠡᠨ ᠬᠠᠷᠢᠭᠤᠯᠲᠠ᠎ᠶ᠋ᠢᠨ ᠬᠠᠭᠤᠳᠠᠰᠤ᠎ᠶ᠋ᠢ ᠯᠠᠪᠲᠠᠢ ᠲᠤᠱᠢᠶᠠᠵᠤ ᠴᠢᠳᠠᠨ᠎ᠠ᠃