ᠮᠸᠩ ᠰᠢᠶᠠᠨ ᠳ᠋ᠦᠩ ᠬᠤᠷᠠᠯ ᠢ᠋ ᠡᠷᠬᠢᠯᠡᠵᠠᠢ
6 ᠰᠠᠷ᠎ᠠ ᠵᠢᠨ 11 ᠤ᠋ ᠡᠳᠦᠷ᠂ ᠲᠦᠩᠯᠢᠶᠤᠤ ᠬᠤᠳᠠ ᠵᠢᠨ ᠨᠠᠮ ᠤ᠋ᠨ ᠬᠤᠷᠢᠶ᠎ᠠ ᠵᠢᠨ ᠪᠠᠢᠩᠭᠤ ᠵᠢᠨ ᠬᠤᠷᠢᠶ᠎ᠠ ᠬᠤᠷᠠᠯ ᠬᠤᠷᠠᠯᠳᠤᠭᠤᠯᠵᠤ᠂ ᠶᠡᠷᠦᠩᠬᠡᠢ ᠱᠦᠵᠢ ᠰᠢ ᠵᠢᠨ ᠫᠢᠩ ᠤ᠋ᠨ ᠦᠪᠦᠷ ᠮᠤᠩᠭᠤᠯ ᠳ᠋ᠤ ᠰᠢᠨᠵᠢᠯᠡᠨ ᠪᠠᠢᠴᠠᠭᠠᠬᠤ ᠦᠶ᠎ᠡ ᠵᠢᠨ ᠴᠢᠬᠤᠯᠠ ᠵᠢᠭᠠᠪᠤᠷᠢ ᠴᠢᠬᠤᠯᠠ ᠶᠠᠷᠢᠶ᠎ᠠ ᠵᠢᠨ ᠵᠤᠷᠢᠬ ᠰᠠᠨᠠᠭ᠎ᠠ ᠵᠢ ᠤᠯᠠᠮᠵᠢᠯᠠᠨ ᠰᠤᠷᠤᠯᠴᠠᠪᠠ᠃
ᠦᠪᠡᠷᠳᠡᠬᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ ᠵᠢᠨ ᠪᠠᠢᠩᠭᠤ ᠵᠢᠨ ᠬᠡᠰᠢᠬᠦᠨ᠂ ᠲᠦᠩᠯᠢᠶᠤᠤ ᠬᠤᠳᠠ ᠵᠢᠨ ᠨᠠᠮ ᠤ᠋ᠨ ᠬᠤᠷᠢᠶ᠎ᠠ ᠵᠢᠨ ᠱᠦᠵᠢ ᠮᠸᠩ ᠰᠢᠶᠠᠨ ᠳ᠋ᠦᠩ ᠬᠤᠷᠠᠯ ᠢ᠋ ᠡᠷᠬᠢᠯᠡᠭᠰᠡᠨ ᠪᠦᠬᠡᠳ ᠶᠠᠷᠢᠶ᠎ᠠ ᠲᠠᠯᠪᠢᠵᠠᠢ᠃
ᠬᠤᠷᠠᠯ ᠡᠴᠨ᠂ ᠬᠤᠳᠠ ᠲᠠᠶᠠᠭᠠᠷ ᠵᠢᠡᠨ ᠶᠡᠷᠦᠩᠬᠡᠢ ᠱᠦᠵᠢ ᠰᠢ ᠵᠢᠨ ᠫᠢᠩ ᠤ᠋ᠨ ᠦᠪᠦᠷ ᠮᠤᠩᠭᠤᠯ ᠳ᠋ᠤ ᠰᠢᠨᠵᠢᠯᠡᠨ ᠪᠠᠢᠴᠠᠭᠠᠬᠰᠠᠨ ᠬᠦᠨᠳᠦ ᠴᠢᠬᠤᠯᠨ ᠠᠴᠢ ᠬᠤᠯᠪᠤᠬᠳᠠᠯ ᠢ᠋ ᠬᠦᠨᠵᠡᠬᠡᠢ ᠲᠠᠨᠢᠵᠤ᠂ ᠦᠨᠡᠨ ᠬᠦ᠌ ᠶᠡᠷᠦᠩᠬᠡᠢ ᠱᠦᠵᠢ ᠰᠢ ᠵᠢᠨ ᠫᠢᠩ ᠤ᠋ᠨ ᠲᠤᠳᠤᠨᠤ ᠬᠦᠰᠡᠯ ᠨᠠᠢᠳᠠᠯᠭ᠎ᠠ ᠵᠢ ᠲᠦᠩᠯᠢᠶᠤᠤ ᠵᠢᠨ ᠠᠵᠢᠯ ᠢ᠋ ᠰᠠᠢᠳᠤᠷ ᠬᠢᠬᠦ ᠬᠦᠴᠦᠷᠭᠡᠭ ᠶᠡᠬᠡ ᠬᠦᠳᠡᠯᠬᠡᠬᠦ ᠬᠦᠴᠦᠨ ᠪᠤᠯᠭᠠᠨ ᠬᠤᠪᠢᠷᠠᠭᠤᠯᠵᠤ᠂ 《ᠲᠠᠪᠤᠨ ᠶᠡᠬᠡ ᠡᠬᠦᠷᠬᠡ》 ᠵᠢ ᠨᠠᠢᠳᠠᠪᠤᠷᠢᠵᠢᠭᠤᠯᠬᠤ ᠪᠤᠯᠤᠨ 《ᠵᠢᠱ᠌ᠢᠶᠡᠴᠢ ᠦᠪᠡᠷᠳᠡᠬᠡᠨ ᠵᠠᠰᠠᠬᠤ ᠤᠷᠤᠨ》 ᠢ᠋ ᠪᠦᠬᠦ ᠲᠠᠯ᠎ᠠ ᠪᠡᠷ ᠪᠦᠳᠦᠭᠡᠨ ᠪᠠᠢᠭᠤᠯᠬᠤ ᠬᠤᠶᠠᠷ ᠶᠡᠬᠡ ᠶᠠᠪᠤᠳᠠᠯ ᠢ᠋ ᠰᠠᠢᠳᠤᠷ ᠬᠢᠵᠦ᠂ ᠲᠤᠮᠳᠠᠳᠤ ᠤᠯᠤᠰ ᠤ᠋ᠨ ᠮᠠᠶᠢᠭ ᠤ᠋ᠨ ᠤᠳᠤᠬᠢᠴᠢᠯᠠᠯᠳᠠ ᠵᠢᠨ ᠦᠪᠦᠷ ᠮᠤᠩᠭᠤᠯ ᠤ᠋ᠨ ᠰᠢᠨ᠎ᠡ ᠬᠠᠭᠤᠳᠠᠰᠤ ᠵᠢ ᠪᠢᠴᠢᠭᠯᠡᠬᠦ ᠳ᠋ᠤ ᠲᠦᠩᠯᠢᠶᠤᠤ ᠵᠢᠨ ᠬᠠᠷᠢᠭᠤᠴᠠᠯᠭ᠎ᠠ ᠵᠢ ᠡᠬᠦᠷᠬᠡᠯᠡᠨ᠂ ᠲᠦᠩᠯᠢᠶᠤᠤ ᠵᠢᠨ ᠵᠢᠳᠬᠦᠯ ᠴᠢᠷᠮᠠᠢᠯᠭ᠎ᠠ ᠵᠢ ᠢᠯᠡᠷᠡᠬᠦᠯᠬᠦ ᠬᠡᠷᠡᠭᠳᠡᠢ᠃ ᠶᠡᠷᠦᠩᠬᠡᠢ ᠱᠦᠵᠢ ᠰᠢ ᠵᠢᠨ ᠫᠢᠩ ᠤ᠋ᠨ ᠴᠢᠬᠤᠯᠠ ᠵᠢᠭᠠᠪᠤᠷᠢ ᠴᠢᠬᠤᠯᠠ ᠶᠠᠷᠢᠶ᠎ᠠ ᠵᠢᠨ ᠱᠠᠭᠠᠷᠳᠠᠯᠭ᠎ᠠ ᠲᠠᠢ ᠪᠠᠷᠢᠮᠵᠢᠶᠠᠯᠠᠨ ᠬᠠᠷᠭᠤᠭᠤᠯᠵᠤ᠂ ᠬᠦᠭᠵᠢᠯᠳᠡ ᠵᠢᠨ ᠰᠡᠳᠬᠢᠴᠡ ᠪᠤᠯᠤᠨ ᠠᠵᠢᠯ ᠤ᠋ᠨ ᠠᠷᠭ᠎ᠠ ᠬᠡᠮᠵᠢᠶ᠎ᠡ ᠪᠡᠨ ᠲᠡᠬᠦᠯᠳᠡᠷᠵᠢᠬᠦᠯᠦᠨ᠂ ᠴᠢᠨᠠᠷ ᠰᠠᠢᠳᠠᠢ ᠬᠦᠭᠵᠢᠯᠳᠡ ᠵᠢ ᠪᠦᠬᠦ ᠬᠦᠴᠦᠨ ᠵᠢᠡᠷ ᠵᠢᠡᠨ ᠠᠬᠢᠭᠤᠯᠵᠤ᠂ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢ ᠦᠷᠬᠦᠯᠵᠢᠯᠡᠨ ᠪᠠᠳᠤ ᠴᠤᠬᠴᠠᠯᠠᠵᠤ᠂ ᠬᠠᠮᠳᠤ ᠪᠡᠷ ᠪᠠᠶᠠᠵᠢᠬᠤ ᠵᠢ ᠢᠳᠡᠪᠬᠢᠳᠡᠢ ᠠᠬᠢᠭᠤᠯᠤᠨ᠂ ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠡᠷᠡᠰ ᠪᠠᠳᠤ ᠴᠤᠬᠴᠠᠯᠠᠵᠤ᠂ ᠨᠠᠮ ᠤ᠋ᠨ ᠰᠤᠷᠳᠠᠯ ᠨᠠᠮᠤᠨ ᠰᠠᠬᠢᠯᠭ᠎ᠠ ᠪᠠᠳᠤ ᠵᠢ ᠴᠢᠩᠳᠠᠯᠠᠨ᠂ ᠴᠡᠷᠢᠭ ᠠᠩᠬᠢ ᠵᠢᠨ ᠪᠦᠳᠦᠬᠡᠨ ᠪᠠᠢᠭᠤᠯᠤᠯᠳᠠ ᠵᠢ ᠬᠠᠯᠠᠮᠵᠢᠯᠠᠨ ᠲᠡᠮᠵᠢᠵᠦ᠂ ᠠᠵᠢᠯ ᠤ᠋ᠨ ᠪᠤᠳᠠᠳᠤ ᠬᠢᠷᠢ ᠪᠦᠳᠦᠮᠵᠢ ᠪᠡᠷ ᠵᠢᠡᠨ ᠶᠡᠷᠦᠩᠬᠡᠢ ᠱᠦᠵᠢ ᠰᠢ ᠵᠢᠨ ᠫᠢᠩ ᠪᠤᠯᠤᠨ ᠨᠠᠮ ᠤ᠋ᠨ ᠲᠦᠪ ᠬᠤᠷᠢᠶ᠎ᠠ ᠳ᠋ᠤ ᠬᠠᠨᠤᠮᠵᠢᠳᠠᠢ ᠬᠠᠷᠢᠭᠤᠯᠳᠠ ᠵᠢᠨ ᠬᠠᠭᠤᠳᠠᠰᠤ ᠲᠤᠰᠢᠶᠠᠬᠤ ᠬᠡᠷᠡᠭᠳᠡᠢ ᠬᠡᠵᠦ ᠵᠢᠭᠠᠵᠤ ᠭᠠᠷᠭᠠᠪᠠ᠃