ᠠᠮᠢ ᠠᠬᠤᠢ ᠢ᠋ᠢᠨ ᠠᠮᠤᠷ ᠲᠦᠪᠰᠢᠨ ᠤ᠋ ᠬᠠᠯᠬᠠᠪᠴᠢ ᠢ᠋ᠢᠨ ᠪᠦᠳᠦᠭᠡᠨ ᠪᠠᠢᠭᠤᠯᠤᠯᠳᠡ ᠳ᠋ᠤ ᠮᠡᠷᠭᠡᠵᠢᠯ ᠤ᠋ᠨ ᠲᠤᠯᠭᠠᠭᠤᠷᠢᠯᠡᠯ ᠬᠠᠨᠭᠭᠠᠨ᠎ᠠ
2023-06-19 11:14:52
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠶᠡᠷᠦᠩᠬᠡᠢ ᠱᠦᠵᠢ᠎ᠰᠢ ᠢ᠋ᠢᠨ ᠫᠢᠩ ᠤ᠋ᠨ ᠴᠢᠬᠤᠯᠠ ᠵᠢᠭᠠᠪᠤᠷᠢ ᠪᠣᠯᠤᠨ ᠴᠢᠬᠤᠯᠠ ᠶᠠᠷᠢᠶᠠᠨ ᠤ᠋ ᠵᠣᠷᠢᠭ ᠰᠠᠨᠠᠭ᠎ᠠ ᠢ᠋ᠢ ᠰᠤᠷᠤᠯᠴᠠᠨ ᠲᠤᠭᠤᠰᠢᠯᠠᠭᠤᠯᠬᠤ ᠳ᠋ᠤ᠂  ᠤᠢ ᠱᠢᠭᠤᠢ ᠪᠣᠯᠤᠨ ᠴᠦᠯᠯᠡᠷᠭᠡᠭ᠌ᠵᠢᠯ᠎ᠢ ᠰᠡᠷᠭᠡᠢᠯᠡᠨ ᠵᠠᠰᠠᠬᠤ ᠬᠦᠷᠢᠶᠡᠨ᠎ᠦ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠠᠵᠢᠯᠳᠠᠨ ᠪᠣᠯᠤᠭ᠍ᠰᠠᠨ ᠤ᠋ ᠬᠤᠪᠢ᠎ᠳᠤ᠂ ᠬᠠᠷᠢᠭᠤᠴᠠᠯᠭ᠎ᠠ ᠬᠦᠨᠳᠦ ᠭᠡᠳᠡᠭ᠎ᠵᠢᠡᠨ  ᠨᠠᠡᠭ ᠬᠦᠨᠵᠡᠭᠡᠢ ᠤᠢᠯᠠᠭᠠᠵᠤ ᠮᠡᠳᠡᠵᠡᠢ᠃ ᠮᠠᠨ ᠤ᠋ ᠣᠷᠣᠨ ᠤ᠋ ᠣᠶ ᠱᠢᠭᠤᠶ ᠨᠤᠳᠤᠭ ᠪᠡᠯᠴᠢᠭᠡᠷ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠹᠷᠣᠨᠲ ᠤ᠋ᠨ ᠲᠠᠭᠠᠭᠤᠯᠤᠭᠴᠢ ᠪᠠ ᠭᠣᠣᠯ ᠬᠦᠴᠦᠨ ᠪᠣᠯᠤᠭ᠍ᠰᠠᠨ ᠤ᠋ ᠬᠤᠪᠢ᠎ᠳᠤ᠂ ᠡᠷᠭᠡᠪᠰᠢ ᠤᠯᠤᠰ ᠪᠠ ᠥᠪᠡᠷᠲᠡᠭᠡᠨ ᠵᠠᠰᠠᠬᠤ ᠣᠷᠣᠨ ᠤ᠋ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠭᠣᠣᠯᠳᠠᠯᠭ᠎ᠠ᠎ᠲᠠᠶ ᠡᠭᠦᠷᠭᠡ ᠢ᠋ᠢᠨ ᠲᠣᠭᠣᠷᠢᠨ ᠳ᠋ᠤ᠂ ᠱᠢᠨᠵᠢᠯᠡᠭᠡᠨ ᠤ᠋ ᠰᠠᠯᠠᠭ᠎ᠠ᠂ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠲᠠᠪᠴᠠᠩ ᠪᠣᠯᠤᠨ ᠲᠤᠰᠭᠠᠶ ᠮᠡᠷᠭᠡᠵᠢᠯ ᠤ᠋ᠨ ᠴᠢᠳᠠᠪᠤᠷᠢᠲᠠᠨ ᠤ᠋ ᠡᠩᠨᠡᠭᠡᠨ ᠤ᠋ ᠳᠠᠪᠠᠭᠤᠯᠢᠭ ᠢ᠋ ᠭᠦᠢᠴᠡᠳ ᠪᠠᠳᠠᠷᠠᠭᠤᠯᠵᠤ᠂ ᠱᠢᠨᠵᠢᠯᠡᠭᠡᠨ ᠤ᠋ ᠪᠠᠢᠭᠤᠯᠤᠯᠲᠠ᠎ᠪᠠᠷ ᠲᠦᠱᠢᠭ ᠪᠣᠯᠭᠠᠨ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠢ᠋ᠢ ᠡᠭᠦᠳᠬᠦ᠌᠎ᠪᠡᠷ ᠤᠳᠤᠷᠢᠳᠤᠮᠵᠢ ᠪᠣᠯᠭᠠᠵᠤ᠂ ᠤᠢ ᠱᠢᠭᠤᠶ ᠢ᠋ᠢᠨ ᠠᠮᠢ ᠠᠬᠤᠶ ᠢ᠋ᠢᠨ ᠪᠥᠳᠥᠭᠡᠨ ᠪᠠᠢᠭᠤᠯᠤᠯᠲᠠ ᠪᠣᠯᠤᠨ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠢ᠋ᠢ ᠡᠭᠦᠳᠬᠦ᠌ ᠬᠦᠨᠳᠦ ᠡᠭᠦᠷᠭᠡ ᠢ᠋ᠢ ᠦᠨᠡᠨ ᠬᠦ᠌ ᠡᠬᠦᠷᠭᠡᠯᠡᠬᠦ ᠭᠡᠷᠡᠭᠳᠡᠢ᠃

ᠱᠢᠨᠵᠢᠯᠡᠬᠦ᠌ ᠤᠬᠠᠭᠠᠨ ᠤ᠋ ᠰᠤᠳᠤᠯᠭᠠᠨ ᠦᠷᠨᠢᠬᠦᠯᠬᠦ᠂ ᠬᠦᠴᠢᠷ ᠠᠰᠠᠭᠤᠳᠠᠯ ᠢ᠋ ᠱᠢᠢᠳᠪᠦᠷᠢᠯᠡᠬᠦ᠌ ᠲᠠᠯ᠎ᠠ ᠪᠡᠷ ᠬᠦᠴᠦ᠍ ᠲᠠᠯᠪᠢᠵᠤ᠂ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠢ᠋ᠢᠨ ᠬᠠᠨᠳᠤᠯᠭᠠᠲᠤ ᠴᠢᠨᠠᠷ ᠪᠠ ᠪᠣᠯᠤᠮᠵᠢᠲᠤ ᠴᠢᠨᠠᠷ᠎ᠢ ᠳᠡᠭᠡᠭ᠌ᠰᠢᠯᠡᠭᠦᠯᠵᠦ᠍᠂ ᠱᠢᠨᠵᠢᠯᠡᠬᠦ᠌ ᠤᠬᠠᠭᠠᠨᠴᠢ᠎ᠪᠠᠷ ᠡᠯᠡᠰᠦ ᠢ᠋ᠢ ᠵᠠᠰᠠᠬᠤ ᠲᠦᠪᠱᠢᠨ᠎ᠢ ᠳᠡᠭᠡᠭ᠌ᠰᠢᠯᠡᠭᠦᠯᠬᠦ ᠭᠡᠷᠡᠭᠳᠡᠢ᠃ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠪᠦᠯᠬᠦᠮ ᠎ᠢ ᠵᠣᠬᠢᠶᠠᠨ ᠪᠠᠢᠭᠤᠯᠵᠤ ᠮᠠᠨ ᠤ᠋ ᠣᠷᠣᠨ ᠤ᠋ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠨᠢᠭᠡᠳᠦᠭᠡᠷ ᠹᠷᠣᠨᠲ᠎ᠲᠤ ᠭᠦᠨᠵᠡᠭᠡᠢᠷᠡᠭᠦᠯᠤᠨ᠂ ᠨᠢᠭᠡᠨᠲᠡ ᠪᠠᠢᠭ᠎ᠠ ᠰᠠᠭᠤᠷᠢ ᠰᠤᠳᠤᠯᠭᠠᠨ ᠤ᠋ ᠲᠠᠯ᠎ᠠ᠎ᠪᠠᠷ ᠡᠯᠡᠰᠦᠷᠬᠡᠭ ᠣᠷᠣᠨ ᠤ᠋ ᠣᠳᠣᠬᠢ ᠪᠠᠢᠳᠠᠯ᠎ᠢ ᠤᠯᠠᠮ ᠨᠢᠭᠡ ᠠᠯᠬᠤᠮ ᠲᠣᠳᠣᠷᠬᠠᠶ ᠣᠢᠯᠠᠭᠠᠵᠤ᠂ ᠡᠯᠡᠰᠦᠷᠬᠡᠭ ᠭᠠᠵᠠᠷ᠎ᠢ ᠵᠠᠰᠠᠭ᠍ᠰᠠᠨ ᠦᠷ᠎ᠡ ᠪᠦᠲᠦᠮᠵᠢ ᠵᠢᠴᠢ ᠭᠤᠤᠯ ᠪᠣᠯᠬᠤ ᠮᠡᠷᠭᠡᠵᠢᠯ ᠤ᠋ᠨ ᠵᠠᠭ᠍ᠪᠤᠷ᠎ᠢ ᠪᠠᠢᠴᠠᠭᠠᠨ ᠦᠨᠡᠯᠡᠬᠦ᠌ ᠪᠠ ᠠᠮᠢ ᠠᠬᠤᠶ ᠢ᠋ᠢ ᠰᠡᠷᠭᠦᠭᠡᠬᠦ᠌᠂ ᠠᠵᠤ ᠦᠶ᠋ᠯᠡᠰ᠎ᠢ ᠬᠥᠭ᠌ᠵᠢᠭᠦᠯᠬᠦ᠌ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠡᠷᠡᠭ᠌ᠴᠡᠭᠡ ᠱᠠᠭᠠᠷᠳᠠᠯᠭ᠎ᠠ ᠢ᠋ᠢᠨ ᠪᠠᠢᠴᠠᠭᠠᠨ ᠰᠤᠳᠤᠯᠤᠯᠳᠡ ᠢ᠋ᠢ ᠥᠷᠨᠢᠭᠦᠯᠵᠦ᠍᠂ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠶᠠᠪᠤᠴᠠ᠎ᠳᠤ ᠣᠷᠣᠱᠢᠵᠤ ᠪᠠᠢᠭ᠎ᠠ ᠬᠦᠴᠢᠷ ᠠᠰᠠᠭᠤᠳᠡᠯ ᠢ᠋ ᠣᠨᠣᠪᠴᠢᠲᠠᠶ ᠡᠵᠡᠮᠳᠡᠵᠤ᠂ ᠮᠠᠨ᠎ᠤ  ᠤᠷᠤᠨ᠎ᠤ ᠡᠯᠡᠰᠦᠷᠭᠡᠭᠵᠢᠯ᠎ᠢ ᠰᠡᠷᠭᠡᠢᠯᠡᠨ ᠡᠯᠡᠰᠤ᠎ᠵᠢ ᠵᠠᠰᠠᠬᠤ᠎ᠵᠢᠨ ᠰᠢᠨᠵᠢᠯᠡᠬᠦ ᠤᠬᠠᠭᠠᠨᠴᠢ ᠴᠢᠨᠠᠷ ᠪᠠ ᠭᠡᠷᠡᠭᠵᠢᠬᠦᠯᠦᠰᠢᠳᠠᠢ ᠴᠢᠨᠠᠷ᠎ᠢ ᠲᠡᠭᠡᠭᠰᠢᠯᠡᠬᠦᠯᠬᠦ ᠭᠡᠷᠡᠭᠳᠡᠢ᠃


QQ截图20230619110553.png


     ᠴᠢᠨ ᠹᠦ ᠼᠠᠨᠭ᠌

   ᠦᠪᠦᠷ ᠮᠤᠨᠭᠭᠤᠯ ᠎ᠤᠨ ᠦᠪᠡᠷᠳᠡᠭᠡᠨ ᠵᠠᠰᠠᠬᠤ ᠤᠷᠤᠨ ᠤ᠋ ᠤᠢ ᠰᠢᠭᠤᠢ ᠢ᠋ᠢᠨ  ᠰᠢᠨᠵᠢᠯᠡᠬᠦ ᠤᠬᠠᠭᠠᠨ ᠤ᠋ ᠬᠦᠷᠢᠶᠡᠯᠡᠨᠭ ᠤ᠋ᠨ ᠲᠠᠷᠤᠭ᠎ᠠ


ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠱᠢᠨ᠎ᠡ ᠮᠡᠷᠭᠡᠵᠢᠯ ᠤ᠋ᠨ ᠰᠤᠳᠤᠯᠤᠨ ᠨᠡᠭᠡᠭᠡᠬᠦ᠌ ᠠᠬᠢᠴᠠ ᠢ᠋ᠢ ᠲᠦᠷᠭᠡᠳᠭᠡᠵᠦ᠍᠂ ᠠᠷᠭ᠎ᠠ ᠪᠣᠯᠤᠨ ᠵᠠᠭ᠍ᠪᠤᠷ ᠎ᠵᠢᠡᠨ ᠰᠢᠨᠠᠴᠢᠯᠠᠵᠤ᠂ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠮᠡᠷᠭᠡᠵᠢᠯ ᠤ᠋ᠨ ᠲᠦᠪᠰᠢᠨ ᠢ᠋ ᠲᠡᠭᠡᠭᠰᠢᠯᠡᠬᠦᠯᠬᠦ ᠭᠡᠷᠡᠭᠳᠡᠢ᠃ ᠳᠠᠪᠠᠭᠤᠯᠢᠭ ᠰᠢᠨᠵᠢᠯᠡᠬᠡᠨ ᠤ᠋ ᠲᠥᠷᠥᠯ ᠤ᠋ᠨ ᠳᠠᠢᠴᠢᠯᠠᠬᠤ ᠦᠶ᠋ᠯᠡᠳᠦᠯ᠎ᠢ ᠪᠠᠳᠠᠷᠠᠭᠤᠯᠵᠤ᠂ ᠠᠭᠤᠯᠠ ᠤᠰᠤ ᠣᠶ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠢ᠋ᠢ ᠨᠢᠭᠡ ᠴᠤᠭ᠍ᠴᠠᠵᠢᠭᠤᠯᠤᠨ ᠬᠠᠮᠠᠭᠠᠯᠠᠬᠤ ᠪᠠ ᠱᠢᠰᠲ᠋ᠧᠮ᠎ᠲᠡᠶ ᠵᠠᠰᠠᠬᠤ ᠢ᠋ᠢ ᠪᠠᠷᠢᠮᠲᠠᠯᠠᠨ᠂ ᠤᠰᠤ᠎ᠪᠠᠷ ᠭᠤᠤᠯ ᠪᠣᠯᠭᠠᠵᠤ᠂ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠱᠢᠨ᠎ᠡ ᠣᠨᠣᠯ᠎ᠢ ᠰᠤᠳᠤᠯᠤᠨ᠂ ᠱᠢᠨ᠎ᠡ ᠬᠥᠭ᠌ᠵᠢᠯᠲᠡ ᠢ᠋ᠢᠨ ᠤᠢᠯᠠᠭᠠᠭᠳᠠᠬᠤᠨ᠎ᠳᠤ ᠵᠣᠬᠢᠴᠠᠭ᠍ᠰᠠᠨ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠱᠢᠨ᠎ᠡ ᠮᠡᠷᠭᠡᠵᠢᠯ ᠂ ᠱᠢᠨ᠎ᠡ ᠠᠷᠭ᠎ᠠ᠂ ᠱᠢᠨ᠎ᠡ ᠵᠠᠭ᠍ᠪᠤᠷ᠎ᠢ ᠬᠠᠢᠨ ᠰᠦᠪᠡᠭ᠌ᠴᠢᠯᠡᠵᠦ᠍᠂ ᠮᠠᠨ ᠤ᠋ ᠣᠷᠣᠨ ᠤ᠋ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠮᠡᠷᠭᠡᠵᠢᠯ ᠤ᠋ᠨ ᠰᠢᠨᠡᠴᠢᠯᠡᠯᠳᠡ ᠢ᠋ᠢ ᠠᠬᠢᠭᠤᠯᠵᠤ᠂ ᠡᠯᠡᠰᠤ᠎ᠵᠢ ᠰᠡᠷᠭᠡᠢᠯᠡᠨ ᠡᠯᠡᠰᠤ᠎ᠵᠢ ᠵᠠᠰᠠᠬᠤ ᠠᠵᠢᠯ᠎ᠤᠨ ᠦᠷ᠎ᠠ ᠪᠦᠳᠤᠮᠵᠢ᠎ᠵᠢ ᠲᠡᠭᠡᠭᠰᠢᠯᠡᠬᠦᠯᠬᠦ ᠭᠡᠷᠡᠭᠳᠡᠢ᠃

ᠱᠢᠨ᠎ᠡ ᠨᠢᠭᠡ ᠡᠭᠡᠯᠵᠢ ᠢ᠋ᠢᠨ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠢᠨᠵᠧᠨᠧᠷᠢᠩ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠦᠢᠯᠡᠴᠢᠯᠡᠭᠡᠨ᠎ᠦ ᠠᠵᠢᠯ᠎ᠢ ᠪᠦᠬᠦ᠌ ᠬᠦᠴᠦᠨ᠎ᠢᠶᠡᠷ᠎ᠢᠶᠡᠨ ᠰᠠᠢᠲᠤᠷ ᠦᠷᠨᠢᠬᠦᠯᠬᠦ ᠭᠡᠷᠡᠭᠳᠡᠢ᠃ ᠠᠮᠢ ᠠᠬᠤᠶ ᠢ᠋ᠢᠨ ᠪᠠᠢᠷᠢ ᠲᠤᠭᠳᠠᠭᠠᠯᠳᠡ ᠢ᠋ᠢᠨ ᠥᠷᠲᠡᠭᠡ᠂ ᠬᠡᠭᠡᠷ᠎ᠡ ᠭᠠᠳᠠᠨ᠎ᠠ ᠣᠷᠳᠣ ᠬᠤᠭᠤᠴᠠᠭ᠎ᠠ᠎ᠪᠠᠷ ᠲᠣᠭ᠍ᠲᠠᠮᠠᠯ ᠦᠯᠢᠬᠡᠷ ᠬᠢᠨᠡᠨ ᠬᠡᠮᠵᠢᠬᠦ ᠭᠠᠵᠠᠷ ᠤ᠋ᠨ ᠣᠯᠠᠨ ᠵᠢᠯ ᠤ᠋ᠨ ᠬᠤᠷᠠᠮᠳᠤᠭᠤᠯᠤᠭ᠍ᠰᠠᠨ ᠱᠢᠨᠵᠢᠯᠡᠬᠦ᠌ ᠤᠬᠠᠭᠠᠨ ᠤ᠋ ᠲᠣᠭ᠎ᠠ ᠪᠠᠷᠢᠮᠲᠠ ᠵᠢᠴᠢ ᠣᠲᠣ ᠢ᠋ᠢᠨ ᠪᠠᠢᠭ᠎ᠠ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠦᠷ᠎ᠡ ᠪᠦᠲᠦᠭᠡᠯ᠎ᠢ ᠭᠦᠶ᠋ᠴᠡᠳ ᠠᠱᠢᠭ᠍ᠯᠠᠨ᠂ 《 ᠤᠮᠠᠷᠠᠳᠤ ᠢ᠋ᠢᠨ ᠭᠤᠷᠪᠡᠨ ᠤᠷᠤᠨ 》 ᠤ᠋ ᠢᠨᠵᠧᠨᠧᠷᠢᠩ᠂ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠢᠨᠵᠧᠨᠧᠷᠢᠩ ᠤ᠋ᠨ ᠲᠥᠯᠥᠪᠵᠢᠭᠦᠯᠭᠡ ᠲᠥᠯᠥᠪᠯᠡᠭᠡ᠎ᠳᠦ ᠲᠣᠭ᠎ᠠ ᠪᠠᠷᠢᠮᠲᠠ ᠪᠠ ᠮᠡᠷᠭᠡᠵᠢᠯ ᠤ᠋ᠨ ᠲᠤᠯᠭᠠᠭᠤᠷᠢᠯᠠᠯ ᠬᠠᠩᠭᠠᠨ᠎ᠠ᠃ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠠᠵᠢᠯᠳᠠᠳ ᠢ᠋ ᠭᠦᠶ᠋ᠴᠡᠳ ᠳᠠᠢᠴᠢᠯᠠᠨ 《 ᠤᠮᠠᠷᠠᠳᠤ ᠢ᠋ᠢᠨ ᠭᠤᠷᠪᠡᠨ ᠤᠷᠤᠨ》  ᠤ᠋ ᠢᠨᠵᠧᠨᠧᠷᠢᠩ ᠤ᠋ᠨ ᠱᠢᠨ᠎ᠡ ᠨᠢᠭᠡ ᠡᠭᠡᠯᠵᠢ ᠢ᠋ᠢᠨ ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠢᠨᠵᠧᠨᠧᠷᠢᠩ ᠤ᠋ᠨ ᠪᠦᠬᠦ᠌ ᠶᠠᠪᠤᠴᠠ᠎ᠳᠤ ᠣᠷᠣᠯᠴᠠᠭᠤᠯᠵᠤ᠂ ᠮᠡᠷᠭᠡᠵᠢᠯ ᠤ᠋ᠨ ᠵᠢᠯᠣᠭᠣᠳᠤᠯᠭ᠎ᠠ ᠬᠠᠨᠭᠭᠠᠨ᠎ᠠ᠃ ᠢᠨᠵᠧᠨᠧᠷᠢᠩ ᠤ᠋ᠨ ᠬᠡᠷᠡᠭ᠌ᠵᠢᠭᠦᠯᠦᠯᠲᠡ ᠢ᠋ᠢᠨ ᠶᠡᠷᠦᠩᠬᠡᠢᠯᠡᠭ᠌ᠰᠡᠨ ᠦᠷ᠎ᠡ ᠠᠱᠢᠭ᠎ᠢ ᠬᠢᠨᠠᠨ ᠬᠡᠮᠵᠢᠬᠦ᠌ ᠪᠠ ᠦᠨᠡᠯᠡᠨ ᠵᠢᠱ᠌ᠢᠬᠦ᠌ ᠠᠵᠢᠯ᠎ᠢ ᠦᠷᠨᠢᠬᠦᠯᠵᠤ᠂  ᠡᠯᠡᠰᠦᠷᠬᠡᠭ᠌ᠵᠢᠯ ᠢ᠋ ᠰᠡᠷᠬᠡᠢᠯᠡᠨ ᠡᠯᠡᠰᠦ ᠢ᠋ᠢ ᠵᠠᠰᠠᠬᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠵᠢᠱ᠌ᠢᠶ᠎ᠡ ᠦᠵᠡᠭᠦᠯᠦᠨ ᠳᠡᠯᠭᠡᠷᠡᠭᠦᠯᠬᠦ᠌ ᠠᠵᠢᠯ᠎ᠢ ᠥᠷᠨᠢᠭᠦᠯᠤᠨ᠎ᠠ᠃ ᠤᠯᠠᠨ ᠤᠯᠤᠰ ᠤ᠋ᠨ ᠰᠣᠯᠢᠯᠴᠠᠭ᠎ᠠ ᠬᠠᠮᠲᠤᠷᠠᠯᠴᠠᠭ᠎ᠠ ᠢ᠋ᠢ ᠥᠷᠭᠡᠨ᠎ᠲᠡᠯᠬᠡᠷ ᠦᠷᠨᠢᠬᠦᠯᠵᠤ᠂ ᠬᠠᠮᠢᠶ᠎ᠠ ᠪᠥᠬᠥᠶ ᠤᠯᠤᠰ ᠤ᠋ᠨ ᠴᠦᠯᠯᠡᠷᠭᠡᠭ᠌ᠵᠢᠯ ᠎ᠢ ᠶᠡᠷᠤᠨᠭᠬᠡᠢᠯᠡᠨ ᠰᠡᠷᠭᠡᠢᠯᠡᠨ ᠵᠠᠰᠠᠬᠤ ᠲᠠᠯ᠎ᠠ ᠢ᠋ᠢᠨ ᠮᠡᠳᠡᠭᠡ ᠵᠠᠩᠭᠢ ᠪᠣᠯᠤᠨ ᠮᠡᠷᠭᠡᠵᠢᠯ᠎ᠢ ᠬᠠᠮᠲᠤ᠎ᠪᠠᠷ ᠡᠳ᠋ᠯᠡᠬᠦ᠌ ᠢ᠋ᠢ ᠴᠢᠨᠭᠭᠠᠳᠬᠠᠬᠤ ᠭᠡᠷᠡᠭᠳᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号