ᠴᠠᠭᠠᠨ ᠱᠢᠬᠦᠳᠡᠷᠢ ᠶ᠋ᠢᠨ ᠪᠤᠯᠵᠤᠭ᠎ᠠ
2023-09-13 11:20:41
ᠵᠣᠬᠢᠶᠠᠭ᠍ᠴᠢ᠄
ᠪ ·ᠠᠯᠳᠠᠨᠴᠡᠴᠡᠭ
ᠣᠩᠱᠢᠭ᠍ᠰᠠᠨ ᠣᠳᠠᠭ᠎ᠠ᠄
★★★☆☆

ᠬᠦᠮᠡᠯᠢ ᠲᠠᠭᠠᠨ᠎ᠠ᠎ᠶ᠋ᠢᠨ ᠴᠠᠭᠠᠨ ᠶᠠᠭᠠᠨ ᠴᠡᠴᠡᠭ᠎ᠤᠳ ᠲᠡᠯ᠎ᠡ ᠬᠦᠨᠳᠡᠢ᠎ᠪᠠᠷ ᠪᠦᠷᠬᠦᠨ᠂ ᠦᠳᠭᠡᠨ ᠵᠡᠷᠭᠡᠯᠭᠡᠨ ᠦᠶᠡᠯᠵᠡᠵᠦ᠍᠂ ᠠᠳᠡ ᠲᠡᠨᠳᠡ ᠦᠭᠡᠢ ᠴᠠᠷᠴᠠ ᠴᠠᠷᠬᠢᠨ᠂ ᠭᠤᠯᠢᠶ᠎ᠠ ᠵᠢᠷᠵᠢᠬᠢᠨᠡᠭᠡᠳ ᠴᠠᠭᠠᠨ ᠱᠢᠬᠦᠳᠡᠷᠢ᠎ᠶ᠋ᠢᠨ ᠪᠤᠯᠵᠤᠭ᠎ᠠ ᠨᠠᠯᠠᠭᠠᠷ ᠭᠤᠪᠢ᠎ᠶ᠋ᠢᠨ ᠠᠢᠯ᠎ᠤᠳ᠎ᠢᠶᠠᠷ ᠠᠢᠯᠰᠠᠩᠬᠠᠨ ᠪᠠᠭᠤᠯ᠎ᠠ᠃

ᠬᠡᠬᠦᠦ ᠢᠪᠢᠯᠭᠡᠬᠦ ᠨᠠᠷᠠᠨ᠎ᠢᠶᠠᠷ ᠲᠦᠮᠡᠨ ᠪᠤᠳᠠᠰ᠎ᠤᠨ ᠰᠡᠬᠦᠳᠡᠷ ᠵᠡᠬᠦᠨ ᠤᠷᠤᠭ᠍ᠰᠢ᠎ᠪᠠᠨ ᠰᠤᠨᠵᠤ᠂ ᠲᠠᠭᠠᠨᠠᠳᠤ᠎ᠶ᠋ᠢᠨ ᠵᠣ᠎ᠶ᠋ᠢᠨ ᠲᠠᠯᠪᠢᠭᠤᠨ ᠬᠦᠨᠳᠡᠢ᠎ᠪᠠᠷ ᠪᠡᠷ᠎ᠡ ᠪᠡᠷ᠎ᠡ᠎ᠪᠠᠨ ᠬᠠᠷᠠᠨ ᠰᠠᠭᠤᠷᠢᠱᠢᠭ᠍ᠰᠠᠨ ᠠᠢᠯ ᠎ᠤᠳ ᠎ᠤᠨ ᠮᠠᠯ ᠰᠦᠷᠦᠭ᠎ᠤᠳ ᠪᠡᠯᠴᠢᠭᠡᠷ᠎ᠠᠴᠠ᠎ᠪᠠᠨ ᠨᠠᠯᠠᠢᠨ ᠨᠡᠬᠦᠳᠡᠯᠯᠡᠭ᠌ᠰᠡᠭᠡᠷ ᠬᠤᠳᠠ᠎ᠪᠠᠨ ᠵᠠᠬᠠᠯᠠᠨ᠂ ᠬᠡᠪᠳᠡᠬᠦ᠌᠎ᠨᠢ ᠬᠡᠪᠳᠡᠵᠦ᠍᠂ ᠡᠪᠡᠬᠦ᠌᠎ᠨᠢ ᠡᠪᠡᠭᠡᠳ ᠪᠠᠢᠭᠠᠯᠢ ᠲᠡᠯᠡᠬᠡᠢ ᠠᠮᠤᠭᠤᠯᠠᠩ ᠲᠠᠢᠪᠤᠩ᠎ᠳᠤ ᠠᠭᠤᠰᠴᠠᠢ᠃

ᠴᠠᠭᠠᠨ ᠱᠠᠭᠠᠵᠠᠩ᠎ᠢᠶᠠᠷ ᠨᠢᠭᠤᠷᠯᠠᠭ᠍ᠰᠠᠨ ᠤᠯᠠᠭᠠᠨ ᠲᠤᠭᠤᠰᠭᠠᠨ ᠪᠠᠢᠱᠢᠩ᠎ᠤᠨ ᠰᠡᠬᠦᠳᠡᠷ᠎ᠲᠤ ᠬᠤᠳᠳᠤᠭ ᠤᠰᠤ ᠨᠢᠬᠡᠳᠡᠢ ᠬᠤᠶᠠᠷ ᠡᠪᠦᠭᠡᠨ ᠢᠰᠡᠬᠡᠢ ᠲᠡᠪᠢᠰᠦᠨ᠂ ᠢᠳᠡᠭᠡᠱᠢᠭ ᠱᠢᠷᠭᠠᠯ ᠴᠠᠢ ᠤᠭᠤᠴᠢᠯᠠᠵᠤ᠂ ᠬᠤᠯᠠ ᠤᠢᠷ᠎ᠠ᠎ᠶ᠋ᠢᠨ ᠰᠤᠨᠢᠨ᠎ᠢ ᠬᠠᠭᠤᠴᠢᠯᠠᠨ᠎ᠠ᠃

ᠠᠯᠤᠰ᠎ᠲᠤ ᠴᠠᠷᠴᠠ ᠴᠠᠷᠬᠢᠬᠤ᠎ᠶ᠋ᠢ ᠰᠤᠨᠤᠰᠤᠭ᠍ᠰᠠᠨ ᠪᠤᠭᠤᠷᠤᠯ ᠲᠤᠯᠤᠭᠠᠢ᠎ᠲᠠᠢ ᠪᠠᠯᠳᠠᠨ ᠡᠪᠦᠬᠡᠨ᠄ 《ᠴᠠᠷᠴᠠ ᠴᠠᠷᠬᠢᠭᠠᠳ ᠨᠠᠮᠤᠷᠱᠢᠬᠤ᠎ᠨᠢ ᠤᠤ ᠳ᠋ᠠ⁈》 ᠭᠡᠰᠡᠨ᠎ᠳᠤ᠂ 《ᠡᠳᠦᠷ ᠬᠤᠨᠤᠭ ᠴᠦ᠍ ᠬᠤᠷᠳᠤᠨ ᠦᠩᠭᠡᠷᠡᠬᠦ᠌ ᠶᠤᠮ᠃ ᠬᠡᠵᠢᠶᠡᠨᠡᠢ ᠦᠭᠡᠢ ᠴᠠᠭᠠᠨ ᠱᠢᠬᠦᠳᠡᠷᠢ ᠪᠤᠯᠴᠢᠬᠠᠭ᠍ᠰᠠᠨ ᠬᠡᠪᠳᠡᠨ᠎ᠡ!》 ᠭᠡᠳ ᠰᠠᠮᠳᠠᠨ ᠡᠪᠦᠬᠡᠨ ᠨᠠᠷᠢᠬᠠᠨ ᠱᠢᠯᠪᠢ᠎ᠲᠠᠢ ᠶᠠᠨᠵᠤᠤᠷ ᠠᠰᠠᠭᠠᠪᠠ᠃

《ᠴᠠᠭ᠎ᠤᠨ ᠶᠠᠭᠤᠮ᠎ᠠ ᠴᠠᠭ ᠲᠠᠭᠠᠨ ᠭᠡᠵᠤ᠂ ᠤᠷᠳᠤ ᠨᠠᠯᠠᠭᠠᠷ ᠨᠠᠮᠤᠷ ᠴᠦ᠍ ᠪᠠᠰᠠ ᠠᠶᠠᠳᠠᠢᠬᠠᠨ ᠱᠢᠤ᠃ ᠪᠢᠳᠠᠨ᠎ᠢ ᠵᠠᠯᠠᠭᠤ᠎ᠳᠤ ᠪᠤᠷᠤᠭ᠎ᠠ ᠬᠤᠷ᠎ᠠ ᠡᠯᠪᠡᠭ᠂ ᠡᠪᠡᠰᠦ ᠬᠠᠳᠤᠯᠠᠩ ᠰᠠᠬᠤᠯᠢᠭ᠂ ᠮᠠᠯ᠎ᠤᠨ ᠲᠠᠷᠭᠤ ᠬᠦᠴᠦ᠍ ᠰᠠᠢᠨ᠂ ᠮᠠᠯᠴᠢᠳ᠎ᠤᠨ ᠰᠠᠨᠠᠭ᠎ᠠ ᠰᠡᠳᠭᠢᠯ ᠦᠭᠡᠳᠡᠷᠭᠡᠭ ᠮᠦᠨᠴᠦ᠍ ᠰᠠᠢᠬᠠᠨ ᠪᠠᠢᠯ᠎ᠠ᠃ ᠨᠠᠮᠤᠷ᠎ᠤᠨ ᠲᠡᠷᠢᠬᠦᠨ ᠰᠠᠷ᠎ᠠ ᠭᠠᠷᠤᠩᠭᠤᠳᠠ ᠯᠠ ᠤᠯᠠᠨ ᠵᠠᠯᠠᠭᠤᠰ ᠬᠠᠳᠤᠯᠠᠩ ᠭᠡᠵᠤ ᠬᠦᠭᠡᠷᠦᠯᠳᠦᠨ ᠤᠷᠤᠯᠳᠤᠭᠠᠨ ᠵᠠᠷᠯᠠᠨ ᠪᠤᠵᠢᠬᠢᠨᠠᠯᠳᠤᠭᠠᠳ ᠠᠵᠢᠯ ᠬᠦᠳᠡᠯᠮᠦᠷᠢ ᠶᠠᠪᠤᠭᠤᠷᠢ᠎ᠲᠠᠢ ᠲᠡᠭᠡᠷ᠎ᠡ᠎ᠪᠠᠨ ᠰᠠᠨᠠᠭ᠎ᠠ ᠰᠡᠳᠭᠢᠯ᠎ᠢᠶᠠᠨ  ᠤᠯᠤᠯᠴᠠᠭ᠍ᠰᠠᠨ᠎ᠨᠢ ᠠᠢᠯ ᠡᠷᠦᠬᠡ ᠪᠤᠰᠭᠠᠭᠠᠳ ᠁》  ᠭᠡᠳᠡᠯ᠎ᠡ ᠰᠠᠮᠳᠠᠨ ᠡᠪᠦᠬᠡᠨ ᠦᠬᠡ᠎ᠶ᠋ᠢ᠎ᠨᠢ ᠱᠢᠬᠦᠷᠡᠨ᠄ 《ᠲᠡᠭᠡᠯ ᠦᠭᠡᠢ ᠶᠠᠭᠠᠬᠢᠬᠤ ᠪᠤᠢ᠃ ᠲᠠᠯᠠᠨ ᠭᠤᠷᠪᠠᠨ ᠤᠨ᠎ᠤ ᠨᠠᠮᠤᠷ ᠦᠯᠦᠩᠳᠡᠢ᠎ᠶ᠋ᠢᠨ ᠬᠠᠳᠤᠯᠠᠩ ᠲᠡᠭᠡᠷ᠎ᠡ ᠬᠤᠷᠯᠤ᠂ ᠲᠠᠨ᠎ᠤ ᠬᠤᠶᠠᠷ ᠦᠶᠡᠷᠭᠡᠨ ᠠᠢᠯ ᠡᠷᠦᠬᠡ ᠪᠤᠰᠭᠠᠵᠤ ᠪᠤᠨᠳᠤᠭᠤᠷ ᠴᠠᠭᠠᠨ ᠬᠦᠦ᠍᠎ᠲᠠᠢ ᠪᠤᠯᠤᠭᠰᠠᠨ ᠪᠢᠰᠢᠦ》  ᠬᠡᠯ᠎ᠡ᠃

《ᠬᠠᠳᠤᠯᠠᠩ ᠲᠡᠭᠡᠷ᠎ᠡ ᠡᠮᠡᠭᠡᠨ᠎ᠲᠠᠢ᠎ᠪᠠᠨ ᠲᠠᠨᠢᠯᠴᠠᠭ᠍ᠰᠠᠨ᠎ᠢᠶᠠᠨ ᠲᠤᠪᠤᠢᠯᠭᠠᠬᠤ ᠭᠡᠰᠡᠨ ᠶᠤᠮᠱᠢᠭ ᠡᠪ ᠦᠭᠡᠢ ᠶᠠᠭᠤᠮ᠎ᠠ ᠪᠤᠯᠴᠢᠬᠠᠪᠠ ᠤᠤ ᠳ᠋ᠠ᠂ ᠡᠨᠡ ᠴᠢᠨᠢ!》ᠭᠡᠮᠡᠨ ᠡᠪ ᠦᠬᠡᠢᠷᠭᠡᠭ᠌ᠰᠡᠨ ᠪᠠᠯᠳᠠᠨ ᠡᠪᠦᠬᠡᠨ᠄ 《ᠵᠠᠯᠠᠭᠤ ᠴᠠᠬ ᠲᠠᠭᠠᠨ ᠪᠢᠳᠠ ᠴᠢᠨᠢ ᠱᠠᠭᠢᠵᠤ ᠶᠠᠪᠤᠭ᠍ᠰᠠᠨ ᠳ᠋ᠠ᠃ ᠴᠢᠨᠦ᠍ ᠤᠨᠠᠭᠠᠨ ᠬᠦᠷᠡᠩ ᠭᠡᠵᠤ ᠶᠤᠰᠤᠳᠠᠢ ᠡᠷ᠎ᠡ᠎ᠶ᠋ᠢᠨ ᠬᠡᠢᠮᠦᠷᠢ ᠬᠤᠷᠤᠢᠯᠠᠭ᠍ᠰᠠᠨ ᠠᠵᠢᠨᠠᠢ ᠪᠠᠢᠯ᠎ᠠ᠃ ᠴᠤᠢᠯᠤᠭ᠍ᠰᠠᠨ ᠤᠷᠤᠭᠠᠨ᠎ᠤ ᠬᠤᠢᠨ᠎ᠠ᠎ᠠᠴᠠ ᠬᠡᠳᠦᠬᠡᠨ ᠬᠠᠷᠠᠢᠭᠠᠳ ᠯᠡ ᠬᠦᠢᠴᠡᠵᠦ᠍ ᠤᠴᠢᠨ ᠪᠦᠭᠡᠷᠡᠨ᠎ᠳᠤᠨᠢ ᠲᠡᠯᠢᠬᠦᠦ ᠱᠢᠭ ᠨᠠᠭᠠᠯᠳᠤᠨ᠎ᠠ᠃ ᠤᠷᠤᠭ᠎ᠠ ᠬᠠᠩᠭᠠᠯ᠎ᠤᠨ ᠲᠤᠯᠤᠭᠠᠢ᠎ᠳᠤ ᠴᠢᠨᠦ᠍ ᠬᠠᠶᠠᠭ᠍ᠰᠠᠨ ᠰᠤᠷᠤᠨ ᠨᠤᠭ᠍ᠳᠤ ᠴᠠᠭᠠᠷᠢᠭ ᠲᠠᠳᠠᠨ ᠤᠷᠤᠬᠤ᠎ᠳᠤ ᠤᠨᠠᠭᠠᠨ ᠬᠦᠷᠡᠩ ᠬᠤᠢᠳᠤ ᠬᠦᠯ ᠲᠡᠭᠡᠷ᠎ᠡ᠎ᠪᠠᠨ ᠰᠠᠭᠤᠨ ᠲᠤᠰᠴᠤ᠌᠂ ᠲᠦᠷᠪᠡᠨ ᠲᠤᠭᠤᠷᠠᠢ᠎ᠪᠠᠷ᠎ᠢᠶᠠᠨ ᠭᠠᠵᠠᠷ ᠵᠦᠰᠦᠭᠡᠳ ᠮᠦᠨ ᠴᠦ᠍ ᠭᠠᠢᠬᠠᠯ᠎ᠲᠠᠢ᠃ ᠶᠠᠮᠠᠷ ᠠᠷᠳᠠᠭ ᠲᠤᠭ᠍ᠰᠢᠨ ᠴᠦ᠍ ᠨᠤᠮᠤᠬᠠᠷᠠᠵᠤ ᠯᠡ ᠲᠠᠭᠠᠷᠠᠨ᠎ᠠ᠃ ᠬᠠᠷᠠᠭ᠍ᠰᠠᠨ ᠪᠤᠯᠭᠠᠨ 〈ᠡᠷ᠎ᠡ ᠴᠦ᠍ ᠡᠷ᠎ᠡ᠂ ᠮᠤᠷᠢ ᠴᠦ᠍ ᠮᠤᠷᠢ!〉 ᠬᠡᠮᠡᠨ ᠲᠠᠭᠤ ᠠᠯᠳᠠᠵᠤ ᠪᠢᠱᠢᠷᠡᠨ ᠱᠠᠭ᠍ᠰᠢᠷᠠᠳᠠᠭ ᠰᠠᠨ!》  ᠭᠡᠳ ᠪᠠᠯᠳᠠᠨ ᠡᠪᠦᠬᠡᠨ᠎ᠤ ᠰᠡᠳᠭᠢᠯ᠎ᠨᠢ ᠭᠦᠭᠡᠷᠦᠨ ᠲᠠᠭᠤ᠎ᠨᠢ ᠴᠢᠩᠭᠠᠷᠠᠪᠠ᠃

《ᠠᠢ ᠳ᠋ᠠ᠂ ᠦᠳᠡᠯᠦᠭᠡ ᠨᠠᠰᠤ ᠬᠠᠶᠠᠭᠠᠨ᠎ᠳᠤ ᠵᠠᠯᠠᠷᠠᠵᠤ᠂ ᠵᠠᠯᠠᠭᠤ ᠨᠠᠰᠤ ᠨᠠᠮᠤᠷ᠎ᠤᠨ ᠬᠢᠷᠠᠭᠤ ᠱᠢᠭ᠋ ᠵᠠᠮᠬᠠᠷᠠᠵᠤ ᠤᠳᠤᠯ᠎ᠠ᠃ ᠵᠠᠯᠠᠭᠤ ᠴᠠᠭ᠎ᠲᠤ ᠰᠠᠨ ᠪᠤᠯ ᠶᠠᠭᠠᠬᠢᠯ᠎ᠠ ᠭᠡᠵᠤ ᠭᠡᠷ᠎ᠤᠨ ᠰᠡᠬᠦᠳᠡᠷ ᠪᠠᠷᠠᠳᠠᠨ ᠲᠡᠪᠤᠷ᠎ᠡ᠎ᠲᠠᠢ ᠴᠠᠢ ᠬᠦᠵᠡᠭᠡᠯᠡᠵᠦ᠍ ᠰᠠᠭᠤᠬᠤ ᠪᠤᠢ ᠳ᠋ᠠ᠂ ᠰᠠᠷᠠ᠎ᠶ᠋ᠢᠨ ᠰᠠᠷᠠᠭᠤᠯ᠎ᠳᠤ ᠬᠠᠩᠭᠠᠯ ᠠᠭ᠍ᠳᠠ᠎ᠶ᠋ᠢᠨ ᠨᠢᠷᠤᠭᠤᠨ ᠲᠡᠭᠡᠷ᠎ᠡ ᠬᠠᠩᠬᠢᠨᠠᠳᠠᠯ᠎ᠠ ᠲᠠᠭᠤᠯᠠᠨ᠂ ᠵᠢᠩᠬᠢᠨᠡᠳᠡᠯ᠎ᠡ ᠢᠰᠭᠡᠷᠦᠭᠡᠳ ᠭᠠᠯᠭᠢᠭᠤᠯᠵᠤ ᠶᠠᠪᠤᠬᠤ ᠦᠭᠡᠢ ᠤᠤ》 ᠭᠡᠳ ᠰᠠᠮᠳᠠᠨ ᠡᠪᠦᠬᠡᠨ ᠬᠦᠩᠭᠡᠨ ᠰᠡᠬᠦᠷᠡᠰᠦᠯᠡᠪᠡ᠃

ᠲᠡᠭᠡᠳᠡᠯ᠎ᠡ ᠪᠠᠯᠳᠠᠨ ᠡᠪᠤᠬᠡᠨ᠎ᠤ ᠬᠦᠦ᠂ ᠪᠡᠷᠢ ᠬᠤᠶᠠᠷ ᠨᠠᠢᠷ ᠨᠠᠭᠠᠳᠤᠮ᠎ᠳᠤ ᠶᠠᠪᠤᠬᠤ ᠭᠡᠵᠤ ᠪᠠᠢᠬᠤ ᠱᠢᠭ᠋ ᠵᠠᠰᠠᠵᠤ ᠭᠤᠶᠤᠯᠠᠭᠠᠳ ᠭᠠᠷᠴᠤ᠌ ᠢᠷᠡᠯ᠎ᠡ᠃

《ᠨᠠᠷᠠ ᠱᠢᠩᠭᠡᠬᠦ᠌ ᠭᠡᠵᠤ ᠪᠠᠢᠬᠤ᠎ᠳᠤ᠂ ᠬᠠᠮᠢᠭ᠎ᠠ ᠶᠠᠪᠤᠬᠤ ᠭᠡᠵᠤ ᠪᠠᠢᠬᠤ ᠶᠤᠮ?ᠨᠠᠢᠷ ᠴᠦᠭᠡᠷᠡᠭᠰᠡᠨ ᠨᠠᠮᠤᠷ ᠪᠤᠯᠤᠭᠰᠠᠨ ᠪᠠᠢᠳᠠᠯ᠎ᠠ》ᠭᠡᠰᠡᠨ᠎ᠳᠤ᠂ ᠬᠦᠦ᠍᠎ᠨᠢ᠄ 《ᠪᠦᠷᠢᠨ ᠠᠬ᠎ᠠ᠎ᠶ᠋ᠢᠨ ᠬᠦᠦ᠍᠎ᠶ᠋ᠢᠨ ᠭᠤᠷᠪᠠᠨ ᠨᠠᠰᠤᠨ᠎ᠤ ᠦᠷᠪᠤᠬᠡᠨ ᠨᠠᠢᠷ ᠲᠡᠭᠡᠷ᠎ᠡ  〈ᠮᠤᠷᠢ᠎ᠲᠠᠢ ᠠᠶᠠᠯᠠᠯ〉 ᠠᠳᠤᠭᠤᠨ ᠰᠤᠶᠤᠯ᠎ᠤᠨ ᠠᠵᠢᠯᠯᠠᠭ᠎ᠠ ᠦᠷᠨᠢᠬᠦᠯᠬᠦ ᠶᠤᠮ ᠭᠡᠨ᠎ᠡ᠃ ᠡᠷ᠎ᠡ᠎ᠶ᠋ᠢᠨ ᠭᠤᠷᠪᠠᠨ ᠨᠠᠭᠠᠳᠤᠮ᠎ᠠᠴᠠ ᠭᠠᠳᠠᠨ᠎ᠠ ᠵᠢᠷᠤᠭ᠎ᠠ ᠮᠤᠷᠢᠨ᠎ᠤ ᠤᠷᠤᠯᠳᠤᠭᠠᠨ᠂ ᠮᠤᠷᠢᠨ᠎ᠤ ᠠᠯᠬᠤᠭ᠎ᠠ ᠤᠷᠤᠯᠳᠤᠭᠠᠨ᠂ ᠡᠮᠨᠢᠭ ᠰᠤᠷᠭᠠᠬᠤ᠂ ᠬᠤᠤᠰ ᠬᠤᠶᠠᠷ᠎ᠤᠨ ᠭᠤᠶᠤᠯᠠᠯ ᠵᠡᠬᠦᠰᠭᠡᠯ᠎ᠢ ᠠᠳᠠᠯᠢᠳᠭᠠᠬᠤ ᠁ ᠭᠡᠳ ᠪᠢᠱᠢᠬᠦᠢ ᠠᠷᠪᠢᠨ ᠬᠦᠳᠡᠯᠬᠡᠬᠡᠨ᠎ᠲᠠᠢ᠃ ᠮᠠᠷᠭᠠᠰᠢ ᠨᠤᠮᠤᠬᠠᠨ᠎ᠢᠶᠠᠷ᠎ᠨᠢ ᠬᠠᠯᠢᠭᠤᠨ ᠠᠯᠠᠭ᠂ ᠪᠦᠳᠡᠩ ᠬᠤᠶᠠᠷ᠎ᠢᠶᠠᠨ ᠪᠠᠷᠢᠶ᠎ᠠ᠃ ᠠᠢᠯ᠎ᠤᠨ ᠠᠪᠤᠭᠠᠢ᠂ ᠲᠠ ᠬᠤᠶᠠᠷ ᠠᠯᠬᠤᠭ᠎ᠠ ᠤᠷᠤᠯᠳᠤᠭᠠᠨ᠎ᠳᠤ ᠠᠢᠷᠠᠭ᠍ᠳᠠᠵᠤ ᠮᠡᠳᠡᠨ᠎ᠡ ᠱᠢᠤ》ᠭᠡᠳ ᠢᠵᠢᠯᠢᠭᠡᠨ ᠬᠤᠩᠭᠤᠷ ᠮᠤᠷᠢ᠎ᠪᠠᠷ ᠭᠤᠶᠤᠯᠠᠭ᠍ᠰᠠᠨ ᠬᠤᠶᠠᠷ ᠵᠠᠯᠠᠭᠤ ᠱᠢᠩᠭᠡᠬᠦ᠌ ᠨᠠᠷᠠᠨ᠎ᠤ ᠱᠢᠷᠭᠠᠯ ᠲᠤᠶᠠᠭᠠᠨ᠎ᠳᠤ ᠤᠮᠪᠠᠩᠬᠠᠨ ᠤᠳᠪᠠ᠃

ᠬᠤᠤᠰ ᠬᠤᠶᠠᠷ᠎ᠤᠨ ᠰᠤᠷᠳᠤᠭᠤᠯᠢᠭ ᠲᠦᠷᠢ᠎ᠶ᠋ᠢ ᠪᠠᠭ᠍ᠠᠷᠬᠠᠨ ᠬᠠᠷᠠᠭ᠍ᠰᠠᠨ ᠰᠠᠮᠳᠠᠨ ᠡᠪᠦᠭᠡᠨ᠎ᠤ ᠰᠡᠳᠭᠢᠯ᠎ᠨᠢ ᠬᠦᠭ᠌ᠰᠡᠵᠦ᠍᠄ 《〈ᠲᠤᠭᠤᠷᠠᠢ᠎ᠶ᠋ᠢᠨ ᠴᠢᠮᠡᠭᠡ᠎ᠪᠠᠷ ᠭᠤᠯᠢᠶ᠎ᠠ ᠫᠦᠷᠴᠢᠬᠢᠨᠡᠨ ᠨᠢᠰᠴᠦ᠍᠂ ᠵᠢᠷᠵᠢᠬᠢᠨᠡᠨ ᠲᠤᠤᠭᠠᠷᠬᠤ᠎ᠪᠠᠷ ᠤᠨᠤᠭ᠍ᠰᠠᠨ ᠮᠤᠷᠢᠨ᠎ᠤ ᠴᠢᠬᠢ᠎ᠨᠢ ᠰᠤᠷᠳᠤᠯᠵᠠᠨ ᠬᠦᠯ᠎ᠨᠢ ᠬᠦᠩᠬᠡᠷᠡᠭᠡᠳ ᠱᠤᠮᠳᠠᠢ ᠱᠢᠤ᠃ ᠨᠡᠩ ᠴᠦ᠍ ᠰᠠᠷᠠ᠎ᠶ᠋ᠢᠨ ᠰᠠᠷᠠᠭᠤᠯ᠎ᠳᠤ ᠬᠦᠩᠬᠡᠨ ᠠᠶ᠎ᠠ᠎ᠲᠠᠢ ᠴᠤᠭ᠍ᠯᠢᠭ ᠲᠠᠭᠤᠤ᠎ᠶ᠋ᠢ ᠭᠤᠯᠢᠶᠠᠨ᠎ᠤ ᠲᠠᠭᠤᠨ᠎ᠲᠠᠢ ᠬᠤᠤᠰᠯᠠᠭᠤᠯᠤᠨ ᠢᠰᠭᠡᠷᠬᠦ᠌ ᠶᠤᠮ ᠪᠤᠯ ᠮᠤᠷᠢᠨ᠎ᠳᠤ ᠶᠠᠪᠤᠳᠠᠯ ᠤᠷᠤᠭᠤᠯᠵᠤ ᠶᠠᠳᠠᠬᠤ᠎ᠪᠠᠷ ᠶᠠᠭᠤ ᠪᠠᠢᠬᠤ ᠪᠤᠢ! ᠬᠦᠦ᠂ ᠪᠡᠷᠢ ᠬᠤᠶᠠᠷ ᠴᠢᠨᠢ 〈ᠬᠤᠤᠰ ᠬᠤᠶᠠᠷ᠎ᠤᠨ ᠠᠳᠠᠯᠢᠳᠭᠠᠯ〉 ᠳ᠋ᠦ᠍ ᠡᠩᠬᠡᠷ᠎ᠢᠶᠠᠨ ᠮᠢᠯᠢᠶᠠᠯᠭᠠᠨ᠎ᠠ ᠳ᠋ᠠ》 ᠭᠡᠯ᠎ᠡ᠃

《ᠢᠷᠦᠬᠡᠯ ᠤᠷᠤᠱᠢᠬᠤ ᠪᠤᠯᠳᠤᠭᠠᠢ!》ᠭᠡᠵᠤ ᠪᠠᠯᠳᠠᠨ ᠡᠪᠦᠬᠡᠨ ᠬᠦᠭ᠌ᠰᠢᠨ ᠲᠠᠢ ᠪᠠᠨ ᠬᠤᠶᠠᠭᠤᠯᠠ ᠵᠡᠷᠭᠡ ᠱᠢᠬᠠᠮ ᠲᠤᠤᠭᠠᠷᠪᠠ᠃ ᠢᠷᠦᠭᠡᠯ ᠵᠦᠩᠨᠡᠯ᠂ ᠪᠡᠯᠬᠡ ᠲᠡᠮᠪᠡᠷᠢᠯ ᠭᠡᠵᠤ ᠡᠢᠮᠦ᠍ ᠯᠡ ᠷᠢᠳᠢ ᠱᠢᠳᠢ᠎ᠲᠠᠢ ᠪᠠᠢᠳᠠᠭ ᠰᠠᠨᠵᠠᠢ᠃

ᠲᠡᠷᠭᠡᠯ ᠰᠡᠷᠡ ᠲᠤᠨᠤᠷᠠᠭ᠍ᠰᠠᠨ ᠲᠡᠷᠡ ᠨᠢᠬᠡᠨ ᠰᠠᠷᠠᠭᠤᠯᠬᠠᠨ ᠦᠳᠡᠰᠢ ᠬᠠᠨᠢ᠎ᠪᠠᠨ ᠲᠠᠭᠠᠭᠤᠯᠤᠨ᠄

《ᠠ ᠁

ᠤᠰᠤᠨ ᠵᠢᠷᠤᠭ᠎ᠠ ᠮᠤᠷᠢᠨ᠎ᠳᠠᠭᠠᠨ ᠮᠤᠷᠳᠠᠭᠠᠳ ᠭᠠᠷᠪᠠᠯ ᠬᠦᠶᠢ

ᠤᠷᠤᠯᠳᠤᠨ ᠲᠠᠪᠬᠢᠭᠤᠯᠤᠭᠠᠳ ᠵᠤᠭ᠍ᠰᠤᠨ᠎ᠠ ᠭᠡᠮᠡᠨ ᠪᠠᠢᠨ᠎ᠠ ᠤᠤ ᠳ᠋ᠠ

ᠤᠳᠠᠰᠤᠳᠤ ᠰᠠᠢᠬᠠᠨ ᠬᠤᠪᠢᠰ ᠬᠦᠭ᠌ᠵᠢᠮ᠎ᠢᠶᠠᠨ ᠴᠢᠪᠬᠠᠳᠠᠩᠬᠠᠨ ᠰᠠᠭᠤᠪᠠᠯ ᠬᠦᠶᠢ

ᠤᠶᠠᠩᠭᠠᠯᠠᠨ ᠲᠠᠭᠤᠯᠠᠭᠠᠳ ᠵᠤᠭ᠍ᠰᠤᠨ᠎ᠠ ᠭᠡᠮᠡᠨ ᠪᠠᠢᠨ᠎ᠠ ᠤᠤ ᠳ᠋ᠠ

ᠬᠦᠭ᠌ᠵᠢᠯᠳᠦ ᠰᠠᠢᠠᠬ᠍ᠨ ᠬᠦᠳᠡᠭᠡ ᠨᠤᠳᠤᠭ᠎ᠢᠶᠠᠨ ᠪᠠᠭ᠍ᠠᠷᠬᠠᠬᠤ ᠲᠤᠳᠤᠮ᠎ᠢᠶᠠᠨ

ᠡᠨᠡᠷᠢᠯᠳᠦ ᠨᠠᠮ᠎ᠤᠨ᠎ᠢᠶᠠᠨ ᠠᠴᠢ᠎ᠶ᠋ᠢ ᠮᠠᠭ᠍ᠳᠠᠨ ᠲᠠᠭᠤᠯᠠᠭᠠᠳ ᠪᠠᠷᠠᠨ᠎ᠠ ᠤᠤ ᠳ᠋ᠠ ᠬᠦᠶᠢ᠁ 》ᠬᠡᠮᠡᠨ ᠤᠶᠠᠩᠭᠠᠯᠠᠭᠤᠯᠤᠨ ᠲᠠᠭᠤᠯᠠᠵᠤ᠂ ᠪᠠᠷᠢᠭᠠᠳᠠ᠎ᠶ᠋ᠢᠨ ᠬᠠᠳᠤᠯᠠᠩ ᠤᠷᠤᠭᠤ ᠵᠤᠤᠵᠠᠢ ᠬᠤᠯᠪᠤᠨ ᠶᠦᠷᠭᠡᠬᠦᠯᠵᠦ᠍ ᠶᠠᠪᠤᠭ᠍ᠰᠠᠨ᠎ᠢᠶᠠᠨ ᠲᠤᠷᠠᠰᠤᠨ ᠰᠠᠨᠠᠭᠠᠯᠵᠠᠵᠤ᠂ ᠦᠳᠭᠡᠨ ᠱᠢᠷᠭᠠᠯ ᠰᠦ᠎ᠶ᠋ᠢ ᠬᠦᠬᠡᠰᠦᠷᠡᠬᠦᠯᠦᠨ ᠬᠦᠬᠡᠰᠦᠷᠡᠬᠦᠯᠦᠨ ᠰᠠᠮᠤᠷᠬᠤ ᠡᠮᠡᠭᠡᠨ᠎ᠢᠶᠠᠨ ᠬᠠᠢᠷ᠎ᠠ᠎ᠶ᠋ᠢᠨ ᠨᠢᠳᠦ᠍᠎ᠪᠠᠷ ᠡᠩᠬᠦᠷᠡᠢᠯᠡᠨ ᠬᠠᠷᠠᠭᠠᠳ᠄ 《ᠨᠠᠰᠤ ᠨᠠᠮᠪᠠᠭ᠎ᠠ᠎ᠳᠠᠭᠠᠨ ᠵᠤᠬᠢᠴᠠᠨ ᠤᠯᠠᠮ ᠴᠦ᠍ ᠠᠶᠠᠳᠠᠢᠬᠠᠨ ᠪᠤᠯᠴᠢᠬᠠᠵᠤ ᠤᠤ ᠳ᠋ᠠ》 ᠭᠡᠮᠡᠨ ᠬᠦᠶᠦᠯᠬᠡᠨ ᠪᠤᠳᠤᠭ᠍ᠰᠠᠨ᠎ᠢᠶᠠᠨ᠂ ᠰᠠᠮᠳᠠᠨ ᠤᠷᠤᠭᠤ ᠬᠠᠷᠠᠵᠤ᠄ 《ᠦᠭᠡᠢ᠂ ᠪᠢᠳᠠ ᠬᠤᠶᠠᠷ ᠴᠢᠨᠢ ᠦᠳᠡᠯᠦᠭ᠌ᠰᠡᠨ ᠪᠤᠯᠬᠤ᠎ᠠᠴᠠ ᠦᠬᠦᠭ᠌ᠰᠡᠨ ᠪᠢᠰᠢ᠂ ᠬᠡᠦᠬᠡᠳ᠎ᠤᠨ ᠤᠷᠮ᠎ᠠ ᠪᠠᠢᠨ᠎ᠠ᠃ ᠬᠠᠯᠢᠭᠤᠨ ᠠᠯᠠᠭ᠂ ᠪᠦᠳᠡᠩ ᠬᠤᠶᠠᠷ᠎ᠢᠶᠠᠷ ᠭᠠᠯᠭᠢᠭᠤᠯᠵᠤ ᠦᠵᠡᠬᠦ᠌ ᠤᠤ⁈ ᠲᠡᠷᠡ ᠬᠤᠶᠠᠷ᠎ᠤᠨ ᠠᠯᠢ ᠠᠯᠢ᠎ᠨᠢ ᠬᠦᠶᠦᠮ᠎ᠠ ᠬᠠᠷ᠎ᠠ ᠠᠯᠬᠤᠭ᠎ᠠ ᠮᠤᠯᠳᠤᠯᠬᠤ ᠦᠭᠡᠢ ᠱᠢᠤ》 ᠬᠡᠯ᠎ᠡ᠃

《ᠵᠠ᠂ ᠲᠡᠭᠡᠶ᠎ᠡ᠂ ᠪᠤᠯᠤᠯᠬᠦᠢ ᠶᠠᠭᠠᠬᠢᠬᠤ ᠪᠤᠢ! ᠬᠠᠷᠢᠵᠤ ᠰᠡᠬᠦᠵᠢ᠎ᠪᠠᠨ ᠠᠮᠠᠷᠠᠭᠠᠭᠠᠳ ᠡᠷᠳᠡᠭᠡᠨ ᠪᠤᠰᠴᠤ᠌᠂ ᠡᠮᠡᠭᠡᠯ ᠬᠠᠵᠠᠭᠠᠷ᠂ ᠤᠯᠤᠩ ᠵᠢᠷᠢᠮ᠎ᠢᠶᠠᠨ ᠶᠠᠩᠵᠤᠯᠠᠶ᠎ᠠ! ᠶᠡᠷᠦ᠍᠎ᠨᠢ ᠦᠬᠡ ᠤᠯᠠᠳᠠᠵᠤ᠂ ᠦᠬᠡᠷ ᠬᠤᠯᠠᠳᠠᠬᠤ᠎ᠨᠢ ᠁》 ᠭᠡᠳ ᠪᠤᠰᠪᠠ᠃

ᠠᠪᠤ ᠡᠵᠢ᠎ᠶ᠋ᠢᠨ᠎ᠢᠶᠠᠨ ᠴᠢᠮᠡᠭᠡ᠎ᠶ᠋ᠢ ᠠᠨᠢᠷᠯᠠᠨ ᠵᠤᠭ᠍ᠰᠤᠵᠤ ᠪᠠᠢᠭ᠍ᠰᠠᠨ ᠤᠮᠪᠤᠯᠤ᠎ᠨᠢ᠄ 《ᠡᠪᠦᠭᠡ ᠡ!ᠠᠯᠤᠰ᠎ᠲᠤ ᠴᠠᠷᠴᠠ ᠴᠠᠷᠬᠢᠵᠤ ᠪᠠᠢᠨ᠎ᠠ》 ᠭᠡᠰᠡᠨ᠎ᠳᠤ᠂ 《〈ᠨᠠᠮᠤᠷ ᠪᠤᠯᠵᠤ ᠰᠡᠷᠢᠬᠦᠨ ᠤᠷᠤᠬᠤ᠎ᠨᠢ᠂ ᠰᠤᠭᠤ ᠴᠠᠪᠢ᠎ᠪᠠᠨ ᠬᠠᠮᠬᠢ!〉ᠬᠡᠮᠡᠨ ᠤᠭ᠍ᠰᠠᠭ᠎ᠠ ᠲᠦᠷᠦᠯ᠎ᠤᠨ᠎ᠬᠢᠨ᠎ᠳᠡᠭᠡᠨ ᠵᠠᠷᠯᠠᠵᠤ ᠪᠠᠢᠭ᠎ᠠ᠎ᠨᠢ ᠲᠡᠷᠡ ᠡ》 ᠭᠡᠳ ᠲᠤᠬᠤ᠎ᠶ᠋ᠢ᠎ᠨᠢ ᠦᠨᠦᠰᠦᠨ ᠦᠬᠦᠭᠡᠷᠳᠡᠭᠰᠡᠨ ᠵᠢᠡᠨ᠄ 《ᠵᠠ᠂ ᠡᠪᠦᠭᠡ᠎ᠶ᠋ᠢᠨ᠎ᠢᠶᠠᠨ ᠡᠪᠦᠷ᠎ᠲᠤ ᠲᠤᠬᠵᠢᠷᠠᠵᠤ ᠤᠷᠬᠢ》ᠬᠡᠯ᠎ᠡ᠃

ᠰᠠᠷᠠᠨ᠎ᠤ ᠬᠡᠷᠡᠯ᠎ᠳᠤ ᠰᠦᠯᠡᠭ᠌ᠳᠡᠭ᠌ᠰᠡᠨ ᠰᠦᠮᠡᠭᠡᠷ ᠴᠡᠭᠡᠨ ᠤᠳᠤᠳ ᠰᠦᠮᠡᠯᠵᠡᠩᠬᠡᠨ ᠰᠦᠮᠡᠯᠵᠡᠭ᠌ᠰᠡᠭᠡᠷ ᠬᠡᠦᠬᠡᠳ ᠬᠦᠭ᠌ᠰᠢᠳ᠎ᠢ ᠨᠤᠢᠷ᠎ᠤᠨ ᠶᠢᠷᠳᠢᠨᠴᠤ᠎ᠳᠤ ᠰᠠᠭᠠᠳᠠᠭᠤᠯᠤᠩᠬᠠᠨ ᠤᠳᠤᠯ᠎ᠠ᠃

《ᠲᠦᠷᠦᠭᠡᠨ ᠲᠡᠭᠡᠷ᠎ᠡ᠎ᠪᠠᠨ ᠦᠨᠳᠡᠢᠭᠡᠳ

ᠵᠤᠤᠵᠠᠢ ᠬᠤᠯᠪᠤᠨ ᠶᠦᠷᠭᠡᠬᠦᠯᠦᠭᠡᠳ

ᠲᠡᠩᠳᠡᠬᠦᠦ ᠱᠠᠪᠠᠢ ᠴᠢᠮ᠎ᠠ᠎ᠪᠠᠷ᠎ᠢᠶᠠᠨ

ᠭᠠᠢᠬᠠᠭᠤᠯᠵᠤ ᠯᠠ ᠶᠠᠪᠤᠯ᠎ᠠ ᠁》 ᠬᠡᠬᠦ᠌ ᠴᠤᠭ᠍ᠯᠢᠭ ᠠᠶ᠎ᠠ᠎ᠲᠠᠢ ᠰᠠᠢᠬᠠᠨ ᠲᠠᠭᠤᠤ᠎ᠶ᠋ᠢ ᠮᠤᠷᠢᠨ᠎ᠤ ᠶᠠᠪᠤᠳᠠᠯ᠎ᠳᠤ ᠵᠤᠬᠢᠴᠠᠭᠤᠯᠤᠨ ᠢᠰᠭᠡᠷᠴᠦ᠍ ᠰᠠᠢᠪᠤᠷᠯᠠᠭᠤᠯᠤᠩᠬᠠᠨ ᠠᠯᠬᠤᠯᠠᠭᠤᠯᠤᠭ᠍ᠰᠠᠭᠠᠷ ᠬᠤᠤᠰ ᠬᠤᠶᠠᠷ ᠭᠠᠳᠠᠨ᠎ᠠ᠎ᠪᠠᠨ ᠪᠠᠭᠤᠪᠠ᠃

ᠪᠠᠢᠭᠠᠯᠢ ᠲᠡᠯᠡᠬᠡᠢ᠎ᠲᠠᠢ᠎ᠪᠠᠨ ᠠᠮᠢᠨ ᠬᠤᠯᠪᠤᠭ᠎ᠠ ᠲᠠᠢ ᠨᠠᠯᠠᠭᠠᠷ ᠭᠤᠪᠢ᠎ᠶ᠋ᠢᠨ ᠨᠠᠮᠤᠷᠵᠢᠶᠠᠨ ᠎ᠤ ᠬᠤᠳᠠ ᠠᠢᠯ᠎ᠤᠨ᠎ᠬᠢᠨ ᠡᠢᠨᠬᠦ᠌ ᠡᠬᠡ ᠤᠷᠤᠨ ᠎ᠤ ᠪᠠᠨ ᠲᠤᠷᠭᠠᠨ ᠬᠦᠷᠦᠰᠦᠨ ᠲᠡᠭᠡᠷ᠎ᠡ ᠰᠠᠨᠠᠭ᠎ᠠ ᠰᠡᠳᠭᠢᠯ ᠰᠠᠷᠠᠭᠤᠯ᠂ ᠰᠠᠨᠠᠭ᠍ᠰᠠᠨ ᠦᠢᠯᠡᠰ ᠦᠬᠡᠳᠡᠷᠭᠡᠭ᠂ ᠠᠵᠠ ᠬᠡᠢᠮᠦᠷᠢ᠎ᠲᠠᠢ ᠠᠮᠢᠳᠤᠷᠠᠨ ᠵᠢᠷᠭᠠᠬᠤ᠎ᠨᠢ ᠶᠠᠭᠤᠳᠠᠢ ᠵᠢᠷᠭᠠᠯᠳᠠᠢ᠂ ᠶᠠᠭᠤᠳᠠᠢ ᠪᠠᠭ᠍ᠠᠷᠬᠠᠯᠳᠠᠢ ᠠᠵᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号