ᠨᠠᠮᠤᠷ ᠎ᠤᠨ ᠬᠤᠭᠤᠰ
2023-09-20 11:23:55
ᠵᠣᠬᠢᠶᠠᠭ᠍ᠴᠢ᠄
ᠲᠦᠷᠪᠡᠳ ᠡᠷᠳᠡᠨᠢᠪᠠᠶᠠᠷ
ᠣᠩᠱᠢᠭ᠍ᠰᠠᠨ ᠣᠳᠠᠭ᠎ᠠ᠄
★★★☆☆

ᠠᠢ ᠳ᠋ᠠ ᠠᠶᠠᠯᠭᠤ ᠲᠠᠭᠤᠣ ᠱᠢᠭ᠋ ᠨᠠᠮᠣᠷ ᠮᠢᠨᠢ᠂ ᠠᠯᠢ ᠭᠠᠯᠪᠠ᠎ᠶ᠋ᠢᠨ ᠣᠷᠴᠢᠯᠠᠩ᠎ᠤᠨ ᠡᠷᠭᠢᠯᠳᠡ ᠮᠢᠨᠢ᠂ ᠵᠢᠯ ᠵᠢᠯ ᠵᠢᠷᠭᠢᠵᠦ᠍ ᠢᠷᠡᠳᠡᠭ ᠠᠯᠳᠠᠷᠠᠢ ᠮᠢᠨᠢ᠂ ᠵᠢᠷ᠎ᠤᠨ ᠡᠭᠡᠯᠬᠡᠨ ᠵᠢᠷᠦᠬᠡᠨ᠎ᠤ ᠴᠣᠬᠢᠯᠭ᠎ᠠ ᠮᠢᠨᠢ᠂ ᠢᠴᠢᠮᠡᠬᠡᠢ ᠬᠦᠭᠡᠷᠦᠬᠦᠨ ᠴᠢ ᠮᠢᠨᠢ᠂ ᠦᠷᠯᠦᠭᠡ ᠦᠳᠡᠰᠢ ᠪᠡᠷ ᠰᠡᠮ ᠰᠡᠮᠬᠡᠨ ᠮᠢᠱᠢᠶᠡᠵᠦ᠍ ᠢᠷᠡᠵᠡᠢ᠃ ᠨᠠᠮᠤᠷ ᠬᠤᠭᠤᠰᠯᠠᠬᠤ᠎ᠳᠤ ᠰᠡᠷᠢᠭᠦᠦ ᠲᠠᠲᠠᠭᠠᠳ ᠯᠡ ᠴᠡᠮᠴᠡᠭ᠌ᠡᠨᠡᠭ᠌ᠰᠡᠨ ᠠᠢᠷᠠᠭ ᠮᠡᠳᠦ᠃ ᠬᠦᠨ ᠨᠠᠮᠤᠷ᠎ᠤᠨ ᠠᠮᠠᠷᠠᠭ ᠰᠡᠳᠬᠢᠯ ᠢᠭᠳᠦᠯᠤᠭᠡᠳ ᠲᠠᠭᠠᠲᠠᠢ ᠰᠠᠢᠬᠠᠨ ᠭᠡᠳᠡᠭ᠎ᠨᠢ᠃

ᠲᠡᠭ᠌ᠷᠢ ᠣᠯᠠᠮ ᠠᠯᠣᠰ ᠴᠡᠩᠬᠡᠷᠳᠦᠭᠡᠳ᠂ ᠴᠢᠮᠡᠭᠡ ᠢᠮᠡᠭᠡ ᠦᠭᠡᠢ ᠢᠯᠦᠮ ᠵᠢᠯᠦᠮ  ᠪᠣᠯᠣᠭᠠᠳ᠂ ᠭᠦᠨ ᠪᠤᠳᠤᠯᠭᠠᠰᠢᠷᠠᠯ᠎ᠳᠤ ᠣᠷᠣᠭ᠍ᠰᠡᠨ ᠮᠡᠳᠦ᠃  ᠴᠢ ᠪᠢᠳᠡ ᠴᠦ᠍ ᠳᠠᠭᠠᠭᠠᠳ ᠰᠡᠳᠭᠢᠬᠦ᠌ ᠮᠡᠳᠦ᠃ ᠠᠯᠣᠰ᠎ᠤᠨ ᠠᠭᠤᠯᠠᠰ᠎ᠤᠨ ᠣᠷᠣᠢ᠂ ᠠᠷᠣ ᠬᠢᠩᠭ᠎ᠠ᠎ᠶ᠋ᠢᠨ ᠱᠢᠭᠤᠢ᠂ ᠬᠤᠸᠠ ᠲᠣᠯᠣᠭᠠᠳ᠎ᠤᠨ ᠣᠷᠣᠢ᠂ ᠬᠤᠯᠡ ᠲᠡᠷᠳᠡᠭᠡ᠎ᠶ᠋ᠢᠨ ᠲᠠᠪᠠᠭ᠎ᠠ ᠦᠯᠦ᠍ ᠮᠡᠳᠡᠭ᠌ᠬᠡᠨ ᠱᠢᠷᠭᠠᠯᠳᠣᠨ ᠱᠢᠵᠢᠷᠳᠦᠵᠦ᠍ ᠡᠬᠢᠯᠡᠵᠡᠢ᠃

ᠨᠠᠮᠣᠷ ᠮᠢᠨᠢ ᠴᠢ ᠠᠯᠲᠠᠨ ᠱᠢᠷᠭᠠᠯ ᠦᠩᠬᠡ᠎ᠶ᠋ᠢᠨ ᠠᠶᠠᠯᠭᠤ ᠲᠠᠭᠤᠣ᠎ᠶᠢᠨ ᠨᠠᠢᠷᠠᠯ ᠶᠣᠮ᠎ᠤᠤ ᠳ᠋ᠠ! ᠬᠤᠩᠭᠤᠷ ᠰᠠᠯᠬᠢᠨ᠎ᠤ ᠦᠩᠭᠡ ᠱᠢᠷᠭᠠᠯ᠂ ᠬᠤᠳᠠ ᠠᠢᠯ᠎ᠤᠨ ᠪᠠᠷ᠎ᠠ ᠱᠢᠷᠭᠠᠯ᠂ ᠬᠤᠳᠠᠴᠢ ᠨᠣᠬᠠᠢ᠎ᠶ᠋ᠢᠨ ᠲᠠᠭᠤ ᠱᠢᠷᠭᠠᠯ᠂ ᠬᠤᠯᠡ᠎ᠶ᠋ᠢ ᠵᠣᠷᠢᠭ᠍ᠰᠠᠨ  ᠬᠦᠰᠡᠯ ᠱᠢᠷᠭᠠᠯ᠂ ᠬᠤᠶᠠᠷ ᠰᠡᠳᠭᠢᠯ᠎ᠤᠨ ᠢᠯᠴᠢ ᠴᠦ᠍ ᠱᠢᠷᠭᠠᠯ᠂ ᠬᠤᠣᠰ ᠦᠭᠡᠢ ᠬᠠᠢᠷ᠎ᠠ᠎ᠶ᠋ᠢᠨ ᠠᠢᠵᠠᠮ ᠴᠦ᠍ ᠱᠢᠷᠭᠠᠯ ᠁  ᠬᠤᠩᠭᠤᠷᠬᠠᠨ ᠱᠢᠷᠭᠠᠯ ᠨᠠᠮᠣᠷ ᠮᠢᠨᠢ ᠳ᠋ᠧ!

ᠠᠢ᠎ᠠ᠂ ᠨᠠᠮᠣᠷ ᠮᠢᠨᠢ

ᠠᠶᠠᠯᠭᠤᠯᠠᠨ ᠲᠠᠭᠤᠯᠠᠭᠠᠳ ᠪᠠᠢᠨᠠᠣ ᠳ᠋ᠠ

ᠠᠰᠭᠠᠷᠠᠭᠤᠯᠣᠨ ᠮᠡᠯᠮᠡᠷᠡᠭᠦᠯᠦᠭᠡᠳ  ᠪᠠᠢᠨᠠᠣ ᠳ᠋ᠠ  ᠴᠢ ᠮᠢᠨᠢ

ᠨᠠᠭᠤᠷ ᠨᠣᠭᠤᠰᠣ ᠬᠤᠶᠠᠷ ᠪᠡᠶ᠎ᠡ ᠪᠡᠶ᠎ᠡ ᠵᠦᠭ᠎ᠶ᠋ᠢᠡᠨ ᠲᠡᠷᠪᠡᠭᠡᠳ᠂ ᠨᠣᠳᠤᠭ ᠭᠡᠳᠡᠭ  ᠲᠡᠷᠡᠭᠡᠨ ᠬᠤᠷᠣᠮ᠎ᠳᠤ ᠨᠢᠯᠪᠣᠰᠣᠨ ᠲᠣᠳᠣᠷ᠎ᠠ  ᠪᠠᠭ᠍ᠲᠠᠨ ᠪᠦᠮᠪᠦᠷᠢᠭᠡᠳ᠃ ᠰᠡᠳᠭᠢᠯ ᠭᠡᠭᠡᠯᠵᠡᠭᠡᠳ ᠯᠡ᠂ ᠰᠡᠷᠢᠭᠦᠨ ᠰᠡᠯᠬᠢ  ᠪᠠᠷᠢᠨ ᠲᠠᠭᠤᠣ ᠠᠶᠠᠯᠣᠮᠠᠷ  ᠶᠣᠮ ᠳ᠋ᠠ᠂ ᠨᠠᠮᠣᠷ ᠮᠢᠨᠢ᠃ ᠰᠠᠷᠠᠨ᠎ᠤ ᠴᠠᠭᠠᠨ ᠲᠣᠶᠠᠭᠠᠨ᠎ᠳᠤ ᠴᠠᠢᠷᠠᠨ ᠮᠡᠯᠳᠡᠯᠵᠡᠬᠦ᠌ ᠰᠦ ᠱᠢᠭ ᠠᠷᠢᠭᠤᠨ ᠨᠠᠭᠤᠷ ᠨᠣᠭᠤ᠎ᠠᠴᠠ᠎ᠪᠠᠨ ᠰᠠᠯᠵᠦ᠍ ᠶᠠᠳᠠᠨ ᠭᠠᠩᠭᠠᠨᠠᠯᠳᠣᠬᠤ ᠨᠠᠮᠣᠷ᠎ᠤᠨ ᠱᠢᠪᠠᠭᠤᠳ᠎ᠤᠨ ᠡᠯᠢᠭᠡ ᠡᠮᠳᠡᠷᠡᠮᠡᠷ ᠲᠡᠷᠡ ᠭᠠᠩᠭᠠᠨᠠᠭ᠎ᠠ᠎ᠶ᠋ᠢ  ᠶᠠᠮᠠᠷ ᠠᠶᠠᠯᠭᠤ ᠭᠡᠬᠦ᠌ ᠶᠣᠮ ᠪᠣᠢ? ᠠᠮᠠᠷᠠᠭ ᠮᠢᠨᠢ᠂ ᠲᠦᠷᠦᠭ᠌ᠰᠡᠨ ᠨᠣᠳᠤᠭ  ᠯᠡ ᠭᠡᠬᠦ᠌ ᠳ᠋ᠡ᠃ ᠦᠭᠡᠷ᠎ᠡ ᠶᠠᠭᠤ ᠬᠡᠬᠦ᠌ ᠪᠣᠢ ? ᠬᠡᠨ᠎ᠤ ᠦᠷ᠎ᠡ᠂ ᠬᠠᠮᠢᠭᠠᠬᠢ ᠨᠣᠳᠤᠭ᠎ᠲᠤ ᠦᠨᠦᠴᠢᠨ ᠰᠠᠷᠠᠨ᠎ᠤ ᠲᠣᠣᠷ᠎ᠠ  ᠪᠦᠷᠳᠦᠢᠨ ᠶᠠᠪᠣᠬᠤ᠎ᠶ᠋ᠢ ᠪᠣᠳᠣᠬᠤ ᠡᠴᠡ ᠨᠢᠳᠦ  ᠵᠠᠢᠷᠳᠣᠨ᠎ᠠ᠃

ᠴᠠᠭᠠᠨ ᠡᠭᠦᠯᠡ ᠬᠦᠬᠡ ᠲᠡᠭ᠌ᠷᠢ ᠬᠤᠶᠠᠷ᠎ᠢ ᠰᠡᠳᠭᠢᠯ ᠪᠢᠳᠡᠨ᠎ᠳᠤ ᠵᠣᠬᠢᠴᠠᠭᠤᠯᠵᠠᠢ᠃ ᠬᠡᠨ ᠨᠢᠭᠡᠨ᠎ᠤ ᠬᠦᠴᠦᠨ ᠪᠣᠶᠣ  ᠶᠠᠮᠠᠷ ᠨᠢᠭᠡᠨ ᠵᠢᠷᠣᠭᠠᠴᠢ ᠲᠡᠭᠡᠵᠦ᠍ ᠵᠣᠬᠢᠴᠠᠭᠤᠯᠵᠦ᠍ ᠴᠢᠳᠠᠬᠤ ᠦᠭᠡᠢ ᠶᠣᠮ ᠡ᠃ ᠠᠮᠠᠷᠠᠭ ᠮᠢᠨᠢ ᠴᠢ ᠬᠠᠮᠢᠭ᠎ᠠ ᠨᠢᠭᠡ ᠠᠭᠤᠯᠡ᠎ᠶ᠋ᠢᠨ ᠬᠢᠷ᠎ᠡ᠂ ᠭᠤᠣᠯ᠎ᠤᠨ ᠲᠣᠬᠤᠢ᠎ᠠᠴᠠ ᠨᠠᠮᠣᠷ ᠴᠠᠭ᠎ᠤᠨ ᠬᠦᠬᠡ ᠲᠡᠭ᠌ᠷᠢ᠂ ᠴᠠᠭᠠᠨ ᠡᠭᠦᠯᠡ᠎ᠶ᠋ᠢ ᠱᠢᠷᠳᠡᠭᠡᠷᠡᠢ᠂ ᠲᠠᠬᠢᠨ ᠲᠦᠷᠦᠵᠦ᠍ ᠪᠠᠢᠭ᠎ᠠ᠎ᠪᠠᠨ ᠮᠡᠳᠡᠷᠡᠬᠦ᠌ ᠶᠣᠮ᠂ ᠲᠠᠩᠳᠠ ᠠᠯᠣᠰ ᠬᠢᠵᠠᠭᠠᠷ ᠲᠦ᠍ ᠲᠡᠮᠡᠣᠯᠬᠦ᠌ ᠬᠦᠰᠡᠯ᠎ᠳᠤ ᠠᠪᠳᠠᠬᠤ ᠶᠣᠮ᠂ ᠠᠷᠢᠭᠤᠨ ᠪᠠᠢᠭᠠᠯᠢ᠎ᠶ᠋ᠢᠨ ᠰᠠᠢᠨ ᠰᠠᠢᠬᠠᠨ᠎ᠳᠤ ᠠᠷᠢᠭᠤᠰᠭᠤ ᠶᠣᠮ᠃ ᠠᠭᠤᠣ ᠭᠦᠨ ᠪᠣᠳᠣᠯ᠎ᠳᠤ ᠪᠡᠶ᠎ᠡ ᠪᠠᠨ ᠲᠠᠬᠢᠨ ᠲᠠᠬᠢᠨ ᠱᠢᠨᠵᠢᠨ᠂ ᠰᠡᠳᠭᠢᠯ ᠵᠢᠷᠦᠬᠡ᠎ᠪᠠᠨ ᠲᠢᠭ᠌ᠯᠡᠨ᠂ ᠠᠭᠤᠵᠢᠮ ᠰᠠᠷᠠᠭᠤᠯ ᠵᠦᠭ ᠠᠶᠠᠯᠠᠭᠠᠷᠠᠢ ᠠᠮᠠᠷᠠᠭ ᠮᠢᠨᠢ᠂ ᠬᠠᠴᠢᠨ ᠰᠠᠢᠬᠠᠨ ᠭᠠᠢᠬᠠᠮᠱᠢᠭ ᠲᠡᠨᠳᠡ ᠪᠠᠢᠨ᠎ᠠ᠃ ᠵᠣᠨᠵᠢᠨ ᠪᠣᠷᠣᠭᠠᠯᠠᠭ᠍ᠰᠠᠨ ᠲᠡᠷᠡ ᠡᠭᠦᠯᠡᠰ ᠠᠷᠢᠭᠤᠰᠴᠠᠢ᠃ ᠲᠠᠬᠢᠨ ᠲᠠᠬᠢᠨ ᠣᠭᠢᠶᠠᠭ᠍ᠰᠠᠭᠠᠷ ᠪᠠᠢᠭᠠᠳ᠂ ᠲᠠᠬᠢᠨ ᠲᠠᠬᠢᠨ ᠪᠢᠱᠢᠯᠭᠠᠭ᠍ᠰᠠᠭᠠᠷ ᠪᠠᠢᠭᠠᠳ ᠣᠨᠴᠠ᠎ᠶ᠋ᠢᠨ ᠴᠠᠭᠠᠨ᠂ ᠨᠠᠮ ᠲᠦᠯᠭᠡᠬᠡᠨ ᠬᠤᠨ ᠴᠠᠭᠠᠨ ᠨᠠᠮᠣᠷ᠎ᠤᠨ ᠡᠭᠦᠯᠡ ᠣᠷᠭᠤᠵᠠᠢ᠃ ᠨᠠᠮᠣᠷ᠎ᠤᠨ ᠡᠭᠦᠯᠡ ᠱᠢᠭ ᠴᠠᠭᠠᠨ ᠡᠭᠦᠯᠡ  ᠦᠭᠡᠷ᠎ᠡ ᠤᠯᠠᠷᠢᠯ᠎ᠳᠤ ᠪᠠᠢᠬᠤ ᠦᠭᠡᠢ ᠠᠮᠠᠷᠠᠭ ᠮᠢᠨᠢ᠃

ᠨᠠᠮᠣᠷ᠎ᠤᠨ ᠬᠤᠩᠭᠤᠷ ᠰᠠᠯᠬᠢ  ᠵᠢᠷᠣᠭᠠᠴᠢ ᠶᠣᠮ᠃ ᠠᠭᠤᠯᠡ ᠲᠠᠯ᠎ᠠ᠂ ᠡᠪᠡᠰᠦ ᠮᠣᠳᠣ ᠲᠡᠷᠡ ᠪᠦᠬᠦᠨ᠎ᠢ ᠪᠣᠳᠣᠬᠯᠠᠵᠦ᠍ ᠰᠠᠭᠤᠨ᠎ᠠ ᠲᠡᠷᠡ᠃ ᠭᠠᠯ ᠣᠯᠠᠭᠠᠨ᠂ ᠠᠯᠲᠠᠨ ᠱᠢᠷ᠎ᠠ᠂ ᠭᠦᠨ ᠬᠦᠷᠡᠩ᠂  ᠬᠠᠯᠢᠭᠤᠨ ᠬᠦᠷᠡᠩ᠂ ᠣᠯᠠᠭᠠᠨ ᠱᠢᠷᠭᠠᠯ᠂ ᠬᠠᠯᠲᠠᠷ  ᠬᠠᠯᠢᠭᠤᠨ ᠁ ᠭᠡᠳ ᠮᠢᠨᠣ ᠨᠡᠷᠡᠯᠡᠬᠦ᠌ ᠣᠶᠣᠨ ᠣᠬ᠍ᠠᠭᠠᠨ ᠲᠣᠲᠠᠵᠦ᠍ ᠢᠷᠠᠨ᠎ᠠ᠂ ᠠᠮᠠᠷᠠᠭ ᠮᠢᠨᠢ᠃ ᠨᠠᠢᠷᠠᠯᠭ᠎ᠠ ᠵᠤᠬᠢᠴᠠᠭᠰᠠᠨ ᠦᠩᠭᠡ ᠪᠡᠨ ᠨᠠᠳᠠ᠎ᠳᠤ᠂ ᠴᠢᠮ᠎ᠠ᠎ᠳᠤ ᠪᠡᠯᠡᠭ᠌ᠯᠡᠵᠦ᠍ ᠪᠠᠢᠳᠠᠭ᠎ᠨᠠᠮᠤᠷ ᠮᠢᠨᠢ ᠲᠡᠩᠳᠡᠬᠦᠦ ᠦᠭᠯᠢᠭᠡᠴᠢ᠃ ᠪᠣᠷᠬᠠᠨ᠎ᠤ ᠪᠡᠯᠡᠭ᠌ᠯᠡᠭ᠌ᠰᠡᠨ ᠨᠢᠭᠦᠯ ᠦᠭᠡᠢ ᠭᠤᠸ᠎ᠠ ᠰᠠᠢᠬᠠᠨ ᠎ᠢ ᠮᠡᠳᠡᠷᠡᠵᠦ᠍ ᠪᠠᠶᠠᠰᠣᠨ ᠵᠢᠷᠭᠠᠵᠦ᠍ ᠰᠣᠷᠣᠭᠠᠴᠢ ᠠᠮᠠᠷᠠᠭ ᠮᠢᠨᠢ! ᠴᠢ ᠠᠯᠲᠠᠨ ᠲᠡᠯᠡᠬᠡᠢ᠎ᠶ᠋ᠢᠨ ᠠᠷᠢᠭᠤᠨ ᠨᠢᠴᠦᠭᠦᠨ ᠦᠷ᠎ᠡ ᠣᠳᠣᠮ ᠣᠴᠢᠷ᠎ᠠᠴᠠ ᠰᠠᠢᠬᠠᠨ ᠱᠢᠦ᠃ ᠴᠢ ᠮᠢᠨᠢ ᠴᠣᠩᠬᠤ᠎ᠪᠠᠨ ᠨᠡᠭᠡᠭᠡᠵᠦ᠍ ᠨᠠᠮᠣᠷ᠎ᠢ ᠣᠷᠣᠭᠣᠯᠣᠭᠠᠴᠢ᠂ ᠬᠤᠳᠠ᠎ᠶ᠋ᠢᠨ ᠲᠡᠭᠦᠷᠬᠡ ᠳ᠋ᠦ ᠬᠦᠷᠴᠦ᠍ ᠲᠡᠭᠦᠨ᠎ᠲᠠᠢ ᠠᠭᠤᠯᠵᠠᠭᠠᠷᠠᠢ᠂ ᠲᠡᠨᠳᠡ ᠨᠠᠮᠣᠷ ᠴᠢᠮ᠎ᠠ ᠵᠢ ᠨᠠᠳᠠ ᠰᠢᠬ ᠬᠦᠯᠢᠶᠡᠵᠦ᠍ ᠪᠣᠢ᠃ ᠬᠦᠯᠢᠶᠡᠵᠦ ᠶᠠᠳᠠᠭᠰᠠᠨ ᠨᠠᠮᠤᠷ ᠪᠢᠳᠠ ᠬᠤᠶᠠᠭᠤᠯᠠ ᠵᠠᠮ᠎ᠤᠨ ᠬᠠᠵᠠᠭᠤ᠎ᠶ᠋ᠢᠨ ᠮᠣᠳᠣᠳ᠎ᠢ ᠲᠠᠭᠠᠨ ᠴᠢᠨᠦ ᠵᠦᠭ ᠶᠠᠪᠣᠵᠦ᠍ ᠪᠠᠢᠨ᠎ᠠ᠃

ᠵᠢᠷᠬᠢᠷ᠎ᠠ᠎ᠶ᠋ᠢᠨ ᠲᠦᠮᠡᠨ ᠣᠨ᠎ᠤ ᠰᠣᠩᠭᠤᠳᠠᠭ ᠬᠦᠭ᠌ᠵᠢᠮ᠎ᠳᠤ ᠨᠠᠮᠣᠷ᠎ᠤᠨ ᠰᠠᠷᠠᠨ᠎ᠤ ᠴᠠᠭᠠᠨ ᠲᠣᠶᠠᠭ᠎ᠠ ᠣᠷᠣᠰᠴᠦ᠍ ᠪᠠᠢᠨᠠᠮ᠃ ᠨᠠᠮᠣᠷ᠎ᠤᠨ ᠰᠠᠷᠠᠨ᠎ᠤ ᠴᠠᠭᠠᠨ ᠲᠣᠶᠠᠭᠠᠨ᠎ᠳᠤ ᠴᠦ᠍ ᠵᠢᠷᠬᠢᠷ᠎ᠡ᠎ᠶ᠋ᠢᠨ ᠰᠣᠩᠭᠤᠳᠠᠭ ᠬᠦᠭ᠌ᠵᠢᠮ ᠣᠷᠣᠰᠴᠦ᠍ ᠢᠷᠡᠨᠡᠮ᠃ ᠡᠢᠮᠦ᠍ ᠢᠷᠡᠭᠤ ᠡᠭᠡᠱᠢᠭ᠎ᠢ ᠨᠠᠮᠤᠷ ᠴᠢ ᠯᠡ ᠰᠠᠷᠠᠨ᠎ᠤ ᠴᠠᠭᠠᠨ ᠲᠣᠶᠠᠭᠠᠨ᠎ᠳᠤ ᠰᠦᠯᠡᠵᠦ᠍ ᠴᠢᠳᠠᠨ᠎ᠠ᠃ ᠨᠠᠮᠣᠷ᠎ᠤᠨ ᠴᠠᠭᠠᠨ ᠰᠦᠨᠢ ᠬᠡᠨ᠎ᠤ ᠬᠦᠷᠭᠡᠭ᠌ᠰᠡᠨ  ᠪᠡᠯᠡᠭ ᠶᠣᠮ ᠪᠣᠢ᠂ ᠠᠮᠠᠷᠠᠭ ᠮᠢᠨᠢ᠃ ᠠᠯᠣᠰ᠎ᠤᠨ ᠠᠭᠤᠯᠠᠨ᠎ᠳᠤ ᠪᠣᠭᠤ ᠣᠷᠣᠮᠳᠠᠨ᠎ᠠ᠂ ᠠᠳᠣᠭᠤ ᠢᠨᠴᠠᠭᠠᠨ᠎ᠠ᠂ ᠣᠷᠳᠣ᠎ᠶ᠋ᠢᠨ ᠲᠠᠭᠤᠣ ᠰᠢᠷᠤᠩᠬᠠᠢᠯᠠᠭᠳᠠᠨ᠎ᠠ᠃ ᠠᠢ ᠪᠠᠢᠵᠠ᠂ ᠠᠢᠷᠠᠭ ᠱᠣᠣᠭᠢᠨ᠎ᠠ᠂ ᠠᠯᠢᠰᠣ ᠨᠠᠢᠭᠤᠨ᠎ᠠ᠂ ᠠᠯᠲᠠᠨ ᠡᠯᠡᠰᠦ ᠲᠣᠭ᠍ᠬᠢᠨ᠎ᠠ᠂ ᠠᠢᠯ᠎ᠤᠳ ᠭᠡᠷᠡᠯᠳᠦᠨ᠎ᠡ ᠁ ᠪᠠᠰᠠ ᠪᠣᠯᠤᠭ᠎ᠠ ᠦᠭᠡᠢ᠂ ᠣᠢᠷ᠎ᠠ᠎ᠶ᠋ᠢᠨ ᠱᠢᠭᠤᠢ ᠎ᠳᠤ  ᠪᠣᠯᠪᠠᠰᠣᠷᠠᠭ᠍ᠰᠠᠨ ᠵᠢᠮᠢᠰ ᠫᠦᠳᠭᠢᠨ ᠣᠨᠠᠨ᠎ᠠ᠂ ᠠᠯᠢᠶ᠎ᠠ ᠬᠡᠷᠡᠮᠦ᠍ ᠴᠣᠴᠠᠰᠭᠢᠨ ᠵᠢᠭᠤᠲᠠᠨ᠎ᠠ᠃ ᠠᠯᠲᠠᠷᠠᠭ᠍ᠰᠠᠨ ᠨᠠᠪᠴᠢᠰ᠎ᠤᠨ ᠤᠨᠠᠬᠤ ᠴᠢᠮᠡᠭᠡ ᠶᠣᠮ᠎ᠤᠤ ᠳ᠋ᠠ ᠨᠠᠮᠣᠷ ᠮᠢᠨᠢ᠂ ᠡᠮᠵᠩ ᠡᠩᠬᠦᠷᠡᠢ ᠭᠡᠳᠡᠭ᠎ᠨᠢ᠃ ᠨᠣᠳᠤᠭ ᠨᠣᠭᠤ ᠬᠦᠷᠡᠩᠲᠡᠨ ᠱᠢᠷᠭᠠᠯᠳᠣᠵᠦ᠍ ᠠᠷᠭ᠎ᠠ ᠦᠭᠡᠢ ᠯᠡ ᠨᠠᠮᠣᠷ  ᠪᠣᠯᠵᠦ᠍ ᠳ᠋ᠠ ᠬᠦᠭᠡᠷᠦᠬᠦᠢ᠃

ᠪᠣᠯᠪᠠᠰᠣᠷᠠᠭ᠍ᠰᠠᠨ ᠡᠪᠡᠰᠦᠨ᠎ᠤ ᠦᠨᠦᠷ ᠪᠣᠶᠣ ᠡᠵᠢ᠎ᠶ᠋ᠢᠨ ᠮᠢᠨᠢ ᠰᠠᠭᠠᠯᠢ᠎ᠶ᠋ᠢᠨ ᠲᠠᠪᠠᠯ᠎ᠤᠨ ᠠᠩᠬᠢᠯᠤᠮ᠎ᠠ ᠨᠠᠮᠣᠷ ᠶᠣᠮ ᠳ᠋ᠠ ᠠᠮᠠᠷᠠᠭ ᠮᠢᠨᠢ᠂ ᠱᠠᠩᠳᠠᠭᠤᠨ ᠡᠶᠡᠷᠱᠢᠭᠦᠨ᠂ ᠦᠭᠡᠬᠦ᠌ ᠲᠣᠰᠣ ᠪᠢᠯᠬᠠᠷᠠᠭ᠍ᠰᠠᠨ᠂ ᠦᠷᠦᠮ᠎ᠡ ᠲᠣᠰᠣ ᠦᠳᠭᠡᠷᠡᠭ᠌ᠰᠡᠨ ᠦᠶᠦᠭ  ᠴᠠᠳᠭᠤᠯᠠᠩ ᠨᠠᠮᠣᠷ ᠵᠢᠡᠷ ᠰᠡᠳᠭᠢᠯ ᠢᠳᠡᠭᠡᠯ ᠨᠠᠯᠠᠢᠭᠠᠳ᠃ ᠰᠠᠷᠢᠭᠦᠨ ᠲᠠᠭᠠᠲᠠᠢ ᠲᠤᠷᠭ᠎ᠠ ᠰᠢᠬ ᠣᠷᠢᠬᠠᠨ ᠬᠤᠩᠭᠤᠷ ᠰᠠᠯᠬᠢᠨ᠎ᠢᠶᠠᠷ ᠪᠢᠳᠠ ᠪᠦᠬᠦᠨ᠎ᠢ ᠢᠯᠪᠢᠵᠦ᠍ ᠯᠡ ᠪᠠᠢᠳᠠᠭ ᠨᠠᠮᠣᠷ ᠮᠢᠨᠢ ᠴᠢ ᠣᠨ ᠵᠢᠯ᠎ᠤᠨ ᠣᠷᠣᠰᠭᠠᠯ ᠶᠣᠮ᠎ᠤᠤ᠎ᠳᠠ? ᠬᠢᠩᠭ᠎ᠠ᠎ᠶ᠋ᠢᠨ ᠠᠭᠤᠯᠠᠨ᠎ᠳᠠᠭᠠᠨ ᠰᠠᠭᠤᠭᠠᠳ ᠪᠢ ᠴᠢᠮ᠎ᠠ ᠵᠢ ᠴᠢᠮᠡᠭᠡ ᠦᠭᠡᠢ ᠮᠡᠳᠡᠷᠡᠵᠦ᠍ ᠪᠠᠢᠨ᠎ᠠ᠃ ᠶᠢᠰᠦᠨ ᠱᠢᠳᠢ᠎ᠶ᠋ᠢᠨ ᠦᠩᠭᠡ᠎ᠪᠠᠷ᠎ᠢᠶᠠᠨ ᠣᠷᠣᠱᠢᠵᠦ᠍ ᠪᠠᠢᠭ᠎ᠠ ᠠᠭᠤᠯᠠᠰ᠎ᠢ ᠣᠩᠱᠢᠨ ᠣᠢᠯᠠᠭᠠᠬᠤ ᠭᠡᠳᠡᠭ ᠰᠠᠢᠬᠠᠨ᠃ ᠪᠢ ᠡᠰ ᠴᠢᠰᠦᠨ᠎ᠳᠤ ᠱᠢᠩᠭᠡᠭ᠌ᠰᠡᠨ ᠳᠦᠷᠦᠯᠬᠢ ᠮᠡᠳᠡᠷᠡᠮᠵᠢ᠎ᠪᠠᠷ᠎ᠢᠶᠠᠨ ᠴᠢᠮᠠᠶ᠋ᠢ ᠮᠡᠳᠡᠷᠡᠵᠦ᠍ ᠪᠠᠢᠨᠠᠮ᠃ ᠨᠣᠳᠤᠭ᠎ᠤᠨ ᠪᠣᠭᠤᠷᠣᠯ ᠨᠠᠮᠣᠷ ᠮᠢᠨᠢ!

ᠨᠠᠮᠣᠷ ᠮᠢᠨᠢ ᠴᠢ ᠮᠢᠨᠢ ᠶᠡᠭᠡ ᠪᠠᠢᠭᠠᠯᠢ ᠵᠢᠨ ᠬᠠᠢᠷ᠎ᠠ᠎ᠶ᠋ᠢᠨ ᠣᠷᠴᠢᠯ ᠶᠣᠮ᠃ ᠴᠢ ᠬᠠᠢᠷ᠎ᠠ᠎ᠶ᠋ᠢᠨ ᠣᠷᠣᠰᠭᠠᠯ ᠪᠣᠯᠬᠤᠷ ᠣᠶᠣᠨ ᠣᠬᠠᠭᠠᠨ᠎ᠳᠤ ᠨᠠᠪᠳᠠᠷᠠᠨ ᠪᠠᠢᠳᠠᠭ᠃ ᠪᠢᠳᠠ ᠨᠠᠮᠣᠷ᠎ᠤᠨ ᠢᠪᠢᠯᠦᠭ᠌ᠰᠡᠨ ᠬᠠᠢᠷᠠᠨ᠎ᠳᠤ ᠣᠷᠣᠰᠢᠵᠦ᠍ ᠪᠠᠢᠨ᠎ᠠ᠃ ᠬᠠᠢᠷ᠎ᠠ ᠯᠡ ᠬᠤᠷᠸ᠎ᠠ᠎ᠶ᠋ᠢ ᠵᠢᠷᠭᠠᠭᠠᠳᠠᠭ ᠳ᠋ᠠ᠃ ᠲᠦᠮᠡᠨ ᠪᠣᠳᠠᠰ ᠨᠢᠭᠡᠨ ᠨᠢᠭᠡᠨ᠎ᠤ᠎ᠪᠠᠨ ᠣᠷᠣᠱᠢᠬᠤᠢ ᠶᠣᠮ᠃ ᠬᠡᠨ ᠨᠢᠭᠡᠨ ᠴᠦ᠍ ᠲᠦᠮᠡᠨ ᠪᠣᠳᠠᠰ᠎ᠤᠨ ᠬᠠᠢᠷ᠎ᠠ᠎ᠶ᠋ᠢᠨ ᠭᠡᠷᠡᠯ᠎ᠳᠤ ᠣᠷᠣᠱᠢᠵᠦ᠍ ᠪᠣᠢ᠃ ᠬᠠᠷᠢᠯᠴᠠᠨ ᠬᠠᠢᠷ᠎ᠠ᠎ᠪᠠᠨ ᠦᠭ᠌ᠭᠦᠨ ᠣᠷᠣᠱᠢᠵᠦ᠍ ᠪᠠᠢᠳᠠᠭ᠎ᠢ ᠪᠢ ᠨᠠᠮᠣᠷ᠎ᠠᠴᠠ ᠯᠡ ᠰᠣᠷᠣᠭ᠍ᠰᠠᠨ ᠡ᠃ ᠪᠢᠳᠠ ᠴᠢᠨᠣ ᠬᠠᠢᠷ᠎ᠠ᠎ᠪᠠᠷ ᠲᠦᠮᠡᠨ ᠪᠣᠳᠠᠰ᠎ᠢ ᠬᠠᠢᠷᠠᠯᠠᠨ᠎ᠠ ᠰᠢᠦ᠂ ᠡᠵᠢ ᠨᠠᠮᠣᠷ ᠮᠢᠨᠢ᠃

ᠴᠢ ᠬᠡᠨ᠎ᠤ ᠵᠡᠭᠦᠳᠦ ᠶᠣᠮ ᠪᠣᠢ ᠨᠠᠮᠣᠷ ᠮᠢᠨᠢ᠃ ᠡᠰᠡᠭᠦᠯ᠎ᠡ ᠪᠢᠳᠠ ᠨᠠᠮᠣᠷ᠎ᠤᠨ ᠵᠡᠭᠦᠳᠦ ᠶᠣᠮ᠎ᠤᠤ? ᠮᠢᠨᠣ ᠵᠡᠭᠦᠳᠦᠨ᠎ᠳᠤ ᠬᠡᠳᠦᠨ ᠨᠠᠪᠴᠢ ᠠᠯᠲᠠᠷᠠᠨ ᠣᠨᠠᠵᠠᠢ᠂ ᠠᠯᠲᠠᠨ ᠭᠡᠷᠡᠯ᠎ᠢᠶᠠᠨ ᠰᠠᠴᠣᠷᠠᠭᠤᠯᠣᠨ ᠠᠶᠠᠯᠭᠤ ᠲᠠᠭᠤᠣ᠎ᠲᠠᠢ ᠣᠨᠠᠵᠠᠢ᠃ ᠠᠮᠠᠷᠠᠭ ᠮᠢᠨᠢ ᠲᠡᠷᠡ ᠨᠠᠪᠴᠢ᠎ᠶ᠋ᠢ ᠲᠣᠰᠣᠨ ᠠᠪᠴᠦ᠍ ᠪᠣᠢ᠃ ᠨᠠᠮᠣᠷ ᠮᠢᠨᠢ᠂ ᠠᠮᠢ ᠨᠠᠰᠣᠨ᠎ᠤ ᠭᠡᠷᠡᠯ ᠭᠢᠯᠪᠠᠭ᠎ᠠ ᠶᠣᠮ᠎ᠤᠤ ᠳ᠋ᠠ᠂ ᠠᠮᠢ ᠨᠠᠰᠣᠨ᠎ᠤ ᠣᠷᠴᠢᠯ  ᠶᠣᠮ᠎ᠤᠤ ᠴᠢ ᠁ ᠴᠢᠨᠣ ᠠᠮᠢ ᠨᠠᠰᠣᠨ᠎ᠤ ᠭᠡᠷᠡᠯ ᠰᠠᠨᠰᠠᠷ᠎ᠲᠤ ᠱᠢᠵᠢᠷᠳᠦᠵᠦ᠍ ᠪᠠᠢᠨᠠᠮ᠃ ᠴᠢᠨᠣ ᠠᠮᠢ ᠨᠠᠰᠣᠨ᠎ᠤ ᠭᠢᠯᠪᠠᠭ᠎ᠠ᠎ᠶ᠋ᠢ ᠪᠠᠭ᠍ᠠᠳᠣᠨ ᠰᠠᠭᠤᠬᠤ ᠰᠠᠢᠬᠠᠨ ᠪᠠᠢᠨᠠᠮ᠃

ᠪᠠᠶᠠᠨ ᠲᠠᠩᠰᠤᠭ ᠨᠠᠮᠣᠷ ᠮᠢᠨᠢ ᠬᠤᠷᠣᠳ ᠲᠣᠰᠣ ᠪᠤᠯᠤᠭᠠᠳ ᠲᠡᠭᠡᠪᠦᠷ ᠬᠠᠨᠠᠨ᠎ᠠᠴᠠ ᠬᠠᠩᠬᠤᠯᠵᠦ᠍ ᠪᠠᠢᠨᠠᠮ᠂ ᠭᠤᠸᠠ ᠵᠢᠮᠢᠰ ᠪᠤᠯᠤᠭᠠᠳ ᠲᠠᠪᠢᠯᠭ᠎ᠠ ᠱᠢᠷᠡᠭᠡᠨ᠎ᠳᠤ ᠭᠡᠷᠡᠯᠳᠦᠵᠦ᠍ ᠪᠠᠢᠨᠠᠮ᠂ ᠰᠦᠷᠦᠭ᠎ᠤᠨ ᠦᠩᠬᠡ ᠪᠤᠯᠤᠭᠠᠳ ᠦᠰᠦ ᠨᠣᠣᠰᠦᠨ᠎ᠳᠤᠨᠢ ᠭᠢᠯᠳᠠᠭᠠᠨᠠᠵᠦ᠍ ᠪᠠᠢᠨᠠᠮ᠃ ᠣᠷᠭ᠎ᠠ ᠬᠠᠳᠣᠭᠤᠷ᠎ᠤᠨ ᠡᠱᠢᠨ᠎ᠳᠤ ᠭᠦᠯᠬᠢᠷᠲᠡᠵᠦ᠍ ᠭᠡᠷᠡᠯᠳᠦᠵᠦ᠍ ᠪᠠᠢᠨᠠᠮ᠂ ᠣᠨᠣᠭ᠍ᠰᠠᠨ ᠬᠦᠯᠦᠭ᠎ᠤᠨ ᠮᠢᠨᠢ ᠰᠣᠷᠮᠣᠣᠰᠣᠨ᠎ᠳᠤ ᠰᠡᠮᠡᠷᠡᠵᠦ᠍ ᠴᠤᠪᠬᠤᠴᠢᠵᠦ ᠪᠠᠢᠨᠠᠮ᠃ ᠱᠢᠷᠭᠠᠯᠳᠣᠨ ᠬᠦᠷᠡᠩᠳᠡᠬᠦ᠌  ᠬᠦᠨᠳᠡᠢ᠎ᠳᠤ ᠪᠦᠳᠦᠭᠦᠨ ᠪᠦᠳᠦᠭᠦᠨ ᠠᠮᠢᠰᠭᠤᠬᠤ ᠦᠭᠡᠷ᠎ᠤᠳ᠂  ᠬᠠᠵᠠᠭᠤ ᠬᠢᠷ᠎ᠠ᠎ᠪᠠᠷ ᠬᠡᠪᠳᠡᠭ᠌ᠰᠡᠨ ᠰᠡᠭᠦᠯ ᠳ᠋ᠡᠭᠡᠨ ᠲᠠᠲᠠᠭ᠍ᠳᠠᠭ᠍ᠰᠠᠨ ᠬᠤᠨᠢᠳ᠂  ᠦᠰᠦ ᠰᠣᠷ ᠎ᠨᠢ ᠭᠢᠯᠳᠠᠭᠠᠨᠠᠭ᠍ᠰᠠᠨ ᠠᠳᠣᠭᠤᠳ ᠁ ᠪᠦᠷ ᠨᠠᠮᠣᠷ ᠲᠠᠨ᠎ᠤ ᠲᠣᠳᠣᠷ᠎ᠠ ᠵᠢᠷᠭᠠᠵᠦ᠍ ᠪᠠᠢᠨᠠᠮ᠂  ᠠᠮᠠᠷᠠᠭ ᠮᠢᠨᠢ᠃

ᠨᠠᠮᠣᠷ  ᠮᠢᠨᠢ ᠴᠢ ᠲᠠᠷᠢᠶ᠎ᠠ ᠪᠣᠯᠣᠨ  ᠪᠣᠯᠪᠠᠰᠣᠷᠠᠵᠦ᠍᠂ ᠲᠣᠰᠣ ᠪᠣᠯᠣᠨ ᠱᠢᠷᠭᠠᠯᠳᠣᠵᠦ᠍᠂ ᠲᠠᠭᠤᠣ ᠪᠣᠯᠣᠨ ᠣᠶᠠᠩᠭᠠᠷᠠᠵᠦ᠍᠂ ᠢᠷᠦᠭᠡᠯ ᠪᠣᠯᠣᠨ ᠣᠷᠣᠰᠴᠦ ᠪᠠᠢᠨ᠎ᠠ᠃ ᠴᠢᠮᠠᠶ᠋ᠢ ᠲᠠᠭᠠᠭᠠᠳ ᠪᠢᠳᠠ ᠬᠦᠳᠡᠯᠮᠦᠷᠢ ᠪᠤᠯᠤᠭᠠᠳ ᠣᠷᠣᠰᠴᠦ᠍ ᠪᠠᠢᠨ᠎ᠠ᠃ ᠬᠡᠣᠬᠡᠳ᠎ᠤᠳ ᠰᠣᠷᠭᠠᠭᠤᠯᠢ ᠵᠦᠭ᠎ᠢᠶᠠᠨ᠂  ᠵᠠᠯᠠᠭᠤᠰ ᠮᠠᠯ ᠰᠦᠷᠦᠭ  ᠵᠦᠭ᠎ᠢᠶᠠᠨ᠂ ᠲᠠᠷᠢᠶᠠᠴᠢᠳ ᠦᠳᠦᠷᠮ᠎ᠡ ᠵᠦᠭ᠎ᠢᠶᠠᠨ᠂ ᠦᠬᠢᠳ ᠪᠡᠷᠢᠶᠡᠳ  ᠵᠡᠯ᠎ᠡ ᠵᠦᠭ᠎ᠢᠶᠠᠨ᠂  ᠬᠦᠭ᠌ᠰᠢᠳ ᠨᠠᠰᠤᠳᠠᠳ ᠬᠦᠷᠳᠡᠯ᠎ᠡ ᠭᠡᠷ᠎ᠤᠨ ᠰᠡᠭᠦᠳᠡᠷ ᠬᠢᠯᠭᠠᠰᠣ ᠨᠣᠣᠰᠦ ᠰᠣᠪᠣᠵᠦ᠍᠂ ᠨᠠᠷ᠎ᠠ᠎ᠶᠢ᠎ᠨᠢ ᠦᠯᠦ᠍ ᠮᠡᠳᠡᠬᠦ᠌ ᠲᠠᠭᠤᠣ ᠭᠢᠩᠱᠢᠵᠦ᠍ ᠪᠠᠢᠨ᠎ᠠ᠃

ᠠᠭᠤᠯᠠ ᠲᠠᠯ᠎ᠠ᠎ᠳᠤ ᠮᠦᠩᠭᠦᠨ ᠬᠢᠷᠠᠭᠤ ᠴᠠᠪᠴᠠᠢᠵᠦ᠍᠂ ᠣᠨᠣᠭ᠍ᠰᠠᠨ ᠬᠦᠯᠦᠭ ᠮᠢᠨᠢ ᠴᠢᠳᠦᠷ ᠲᠠᠢ᠎ᠪᠠᠨ ᠬᠤᠯᠡ ᠬᠤᠨᠣᠵᠦ᠍᠂ ᠠᠷᠭᠠᠯ ᠎ᠤᠨ ᠣᠳᠤᠭ᠎ᠠ ᠲᠣᠯᠠᠭᠠᠬᠠᠨ  ᠰᠠᠨᠠᠭ᠍ᠳᠠᠵᠦ᠍᠂ ᠠᠷᠭ᠎ᠠ ᠦᠭᠡᠢ ᠯᠡ ᠨᠠᠮᠣᠷ ᠪᠣᠯᠵᠦ᠍ ᠳ᠋ᠠ᠃ ᠰᠡᠳᠭᠢᠯ ᠵᠢᠷᠦᠬᠡ᠎ᠶ᠋ᠢ ᠮᠢᠨᠢ ᠭᠡᠭᠡᠯᠵᠡᠭᠦᠯᠦᠭ᠌ᠡᠳ ᠦᠩᠭᠡ ᠲᠦᠷᠰᠦ ᠲᠠᠭᠤᠨ ᠲᠣᠯᠭᠢᠶᠠᠨ᠎ᠢᠶᠠᠷ᠎ᠢᠶᠠᠨ ᠰᠡᠳᠭᠢᠯ᠎ᠢ ᠮᠢᠨᠢ ᠠᠷᠭᠠᠳᠠᠵᠦ᠍᠂ ᠦᠨᠡᠨ ᠬᠤᠭᠤᠰᠣᠨ᠎ᠢ  ᠮᠡᠳᠡᠷᠡᠭᠦᠯᠦᠭ᠌ᠴᠢ ᠡᠷᠬᠢᠮ ᠠᠭᠤᠣ ᠨᠠᠮᠣᠷ ᠮᠢᠨᠢ ᠳ᠋ᠧ᠃ ᠲᠡᠪᠡᠷᠢᠶ᠎ᠡ ᠴᠢᠮᠠᠶ᠋ᠢ᠎ᠪᠠᠨ᠃ ᠨᠠᠮᠣᠷ ᠮᠢᠨᠢ ᠴᠢ ᠴᠠᠭ ᠬᠤᠭᠤᠴᠠᠭ᠎ᠠ᠂ ᠣᠷᠣᠨ ᠵᠠᠢ᠎ᠶ᠋ᠢᠨ ᠨᠠᠢᠷᠠᠯ ᠶᠣᠮ᠎ᠤᠤ ᠳ᠋ᠠ᠂ ᠴᠢᠩᠨᠠᠵᠦ᠍ ᠰᠠᠭᠤᠭ᠍ᠰᠠᠨ ᠰᠡᠳᠭᠢᠯ ᠴᠦ᠍ ᠶᠣᠮ᠎ᠤᠤ ᠳ᠋ᠠ᠂ ᠰᠠᠢᠬᠠᠨ ᠭᠡᠳᠡᠭ᠎ᠨᠢ᠃

ᠠᠷᠠᠳ ᠎ᠤᠨ ᠲᠠᠭᠤᠣ  ᠱᠢᠭ᠋ ᠰᠠᠢᠬᠠᠨ ᠨᠠᠮᠣᠷ ᠮᠢᠨᠢ

ᠠᠰᠭᠠᠷᠠᠭᠤᠯᠣᠨ ᠮᠡᠯᠮᠡᠷᠡᠭᠦᠯᠦᠭᠡᠳ ᠯᠡ ᠪᠠᠢᠨᠠᠣ ᠳ᠋ᠠ

ᠠᠶᠠᠯᠭᠤᠯᠠᠨ  ᠱᠢᠷᠣᠩᠬᠠᠢᠯᠠᠭᠠᠳ ᠯᠡ ᠪᠠᠢᠨᠠᠣ ᠳ᠋ᠠ

ᠠᠯᠲᠠᠨ ᠨᠠᠮᠣᠷ ᠢᠪᠢᠯᠦᠭ᠌ᠰᠡᠨ ᠰᠡᠳᠭᠢᠯ ᠮᠢᠨᠢ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号