ᠮᠤᠩᠭᠤᠯ ᠮᠤᠷᠢᠨ᠎ᠤ ᠵᠤᠷᠢᠭ ᠰᠠᠨᠠᠭ᠎ᠡ ᠵᠢ ᠪᠠᠳᠠᠷᠠᠭᠤᠯᠤᠶ᠎ᠡ · ᠦᠯᠢᠭᠡᠷ ᠲᠠᠭᠤᠷᠢᠶᠠᠯ ᠎ᠤᠨ ᠬᠦᠴᠦᠨ
2024-01-22 16:37:01
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠠᠢᠷᠠᠭᠤᠯᠤᠭ᠍ᠴᠢ᠎ᠶ᠋ᠢᠨ ᠦᠭᠡ ᠄

1 ᠰᠠᠷ᠎ᠠ᠎ᠶ᠋ᠢᠨ 12  ᠤ᠋ᠨ ᠡᠳᠦᠷ᠂ ᠥᠪᠥᠷ ᠮᠣᠩᠭᠣᠯ ᠤ᠋ᠨ ᠡᠳᠦᠷ᠎ᠦᠨ ᠰᠣᠨᠢᠨ ᠤ᠋ ᠬᠣᠷᠢᠶ᠎ᠠ᠎ᠠᠴᠠ ᠭᠤᠤᠯᠯᠠᠨ ᠡᠷᠭᠢᠯᠡᠵᠦ᠍᠂ ᠢᠯᠢ ᠪᠦᠯᠦᠭ᠌ᠯᠡᠯ᠎ᠡᠴᠡ ᠳᠡᠮᠵᠢᠭ᠌ᠰᠡᠨ 《ᠲᠦᠮᠡᠨ ᠠᠭ᠍ᠲᠠ᠎ᠲᠦ᠋ᠪᠡᠷᠬᠡᠯᠡᠨ ᠢᠷᠡᠭᠡᠳᠦᠶ ᠢ᠋ᠢ ᠵᠣᠷᠢᠨ ᠲᠡᠬᠦᠯᠢᠨᠡᠮ — 〈ᠮᠣᠩᠭᠣᠯ ᠮᠣᠷᠢᠨ ᠤ᠋ ᠵᠣᠷᠢᠭ ᠰᠠᠨᠠᠭ᠎ᠠ〉 ᠢ᠋ᠢ ᠪᠠᠳᠠᠷᠠᠭᠤᠯᠬᠤ ᠭᠤᠤᠯ ᠰᠡᠳᠦᠪᠲᠦ ᠰᠢᠷᠢᠰ ᠠᠵᠢᠯᠯᠠᠭ᠎ᠠ 》 ᠡᠬᠢᠯᠡᠪᠡ᠃ ᠮᠣᠩᠭᠣᠯ ᠮᠤᠷᠢᠨ ᠤ᠋ ᠵᠣᠷᠢᠭ ᠰᠠᠨᠠᠭ᠎ᠠ᠎ᠶ᠋ᠢᠨ ᠴᠠᠭ ᠦᠶ᠎ᠡ᠎ᠶ᠋ᠢᠨ ᠢᠮ ᠲᠠᠮᠠᠭ᠎ᠠ ᠢ᠋ᠢ ᠡᠷᠢᠨ ᠰᠤᠷᠪᠤᠯᠵᠢᠯᠠᠵᠤ᠂ ᠮᠣᠩᠭᠣᠯ ᠮᠤᠷᠢᠨ ᠤ᠋ ᠵᠣᠷᠢᠭ ᠰᠠᠨᠠᠭ᠎ᠠ᠎ᠶ᠋ᠢᠨ ᠪᠠᠶᠠᠯᠢᠭ ᠠᠭᠤᠯᠤᠭ᠍ᠳᠠᠬᠤᠨ ᠢ᠋ ᠭᠦᠨᠵᠡᠭᠡᠢ ᠠᠭᠤᠳᠠᠯᠤᠨ ᠲᠠᠢᠯᠪᠤᠷᠢᠯᠠᠵᠤ᠂ ᠮᠣᠩᠭᠣᠯ ᠮᠤᠷᠢᠨ ᠤ᠋ ᠵᠣᠷᠢᠭ ᠰᠠᠨᠠᠭ᠎ᠠ ᠢ᠋ᠢ ᠦᠢᠯᠡᠳᠦᠯᠭᠡᠵᠢᠭᠦᠯᠦᠭ᠌ᠰᠡᠨ ᠠᠮᠢᠳᠤᠯᠢᠭ ᠦᠯᠢᠭᠡᠷ ᠢ᠋ ᠬᠦᠤᠷᠨᠢᠵᠤ᠂ ᠲᠦᠮᠡᠨ ᠠᠬ᠍ᠳᠠ ᠲᠦᠪᠡᠷᠬᠡᠯᠡᠭᠰᠡᠨ ᠱᠢᠨ᠎ᠡ ᠴᠠᠭ ᠦᠶ᠎ᠡ᠎ᠶ᠋ᠢᠨ ᠥᠪᠥᠷ ᠮᠣᠩᠭᠣᠯ ᠤ᠋ᠨ ᠱᠢᠨ᠎ᠡ ᠦᠢᠯᠡᠳᠦᠯᠭᠡ ᠱᠢᠨ᠎ᠡ ᠳᠦᠷᠰᠦ ᠪᠠᠢᠳᠠᠯ ᠢ᠋ ᠪᠦᠬᠦ᠌ ᠲᠠᠯ᠎ᠠ᠎ᠪᠠᠷ ᠳᠡᠯᠭᠡᠨ ᠦᠵᠡᠭᠦᠯᠵᠦ᠍᠂ ᠥᠪᠡᠷᠲᠡᠭᠡᠨ ᠵᠠᠰᠠᠬᠤ ᠣᠷᠣᠨ ᠤ᠋ ᠬᠣᠶᠠᠷ ᠶᠡᠬᠡ ᠶᠠᠪᠤᠳᠠᠯ ᠢ᠋ ᠰᠠᠢᠲᠤᠷ ᠬᠢᠬᠦ᠌ ᠪᠠ ᠱᠢᠨ᠎ᠡ ᠵᠠᠮ ᠢ᠋ ᠨᠡᠭᠡᠭᠡᠬᠦ᠌᠂ ᠳᠤᠮᠳᠠ ᠲᠦᠪᠰᠢᠨ᠎ᠳᠤ ᠣᠷᠣᠬᠤ ᠬᠠᠷᠠᠯᠲᠠ ᠢ᠋ᠢ ᠪᠡᠶᠡᠯᠡᠭᠦᠯᠬᠦ᠌᠎ᠳᠦ ᠰᠡᠳᠭᠢᠯ ᠢ᠋ ᠨᠢᠭ᠍ᠲᠠᠷᠠᠭᠤᠯᠤᠨ ᠰᠦᠭ ᠰᠦᠨᠡᠰᠦ ᠢ᠋ᠢ ᠱᠤᠭᠤᠬᠤ᠎ᠶ᠋ᠢᠨ ᠲᠥᠯᠥᠭᠡ᠂ ᠥᠪᠤᠷ ᠮᠤᠩᠭᠤᠯ᠎ᠤᠨ ᠡᠳᠦᠷ᠎ᠤᠨ ᠰᠣᠨᠢᠨ᠎ᠤ ᠮᠤᠩᠭᠤᠯ ᠬᠡᠪᠯᠡᠯ 《ᠮᠣᠩᠭᠣᠯ ᠮᠤᠷᠢᠨ ᠤ᠋ ᠵᠣᠷᠢᠭ ᠰᠠᠨᠠᠭ᠎ᠠ ᠢ᠋ᠢ ᠪᠠᠳᠠᠷᠠᠭᠤᠯᠤᠶ᠎ᠡ·ᠦᠯᠢᠬᠡᠷ ᠳᠠᠭᠤᠷᠢᠶᠠᠯ ᠤ᠋ᠨ ᠬᠦᠴᠦᠨ》 ᠱᠢᠷᠢᠰ ᠤᠨᠴᠡ ᠬᠡᠪᠯᠡᠯ ᠢ᠋ ᠨᠡᠢᠲᠡᠯᠡᠵᠦ᠍᠂ ᠦᠨᠳᠦᠰᠦᠨ ᠱᠠᠲᠤᠨ ᠤ᠋ ᠺᠠᠳ᠋ᠷ ᠤᠯᠠᠨ ᠲᠦᠮᠡᠨ ᠤ᠋ ᠦᠯᠢᠬᠡᠷ ᠢ᠋ ᠶᠠᠷᠢᠵᠤ᠂ ᠳᠡᠷᠭᠡᠳᠡᠬᠢ ᠤᠢᠯᠡ ᠶᠠᠪᠤᠳᠠᠯ ᠢ᠋ᠢᠡᠷ ᠬᠠᠵᠠᠭᠤᠳᠠᠬᠢ ᠬᠥᠮᠦᠰ ᠢ᠋ ᠨᠥᠯᠥᠭᠡᠯᠡᠵᠤ᠂ ᠪᠦᠬᠦ ᠨᠡᠢᠭᠡᠮ᠎ᠤᠨ ᠬᠦᠴᠤᠨ᠎ᠢ ᠲᠠᠢᠴᠢᠯᠡᠨ ᠤᠳᠤᠬᠢᠴᠢᠯᠡᠯᠳᠡ ᠢ᠋ᠢᠨ ᠪᠦᠳᠦᠬᠡᠨ ᠪᠠᠢᠭᠤᠯᠤᠯᠳᠡ ᠢ᠋ᠢᠨ ᠰᠢᠨ᠎ᠡ ᠢᠯᠠᠯᠳᠡ ᠢ᠋ᠢ ᠲᠠᠰᠤᠷᠠᠯᠳᠠ ᠦᠭᠡᠢ ᠲᠡᠮᠡᠴᠡᠨ ᠤᠯᠰᠤᠭᠠᠢ᠃


ᠬᠦᠸᠸ ᠵᠢᠨ ᠯᠦᠩ᠄ ᠡᠭᠡᠯ ᠵᠢᠷ᠎ᠦᠨ ᠠᠵᠢᠯ᠎ᠤᠨ ᠪᠠᠢᠷᠢᠨ᠎ᠳᠠᠭᠠᠨ ᠡᠷᠡᠮᠡᠭᠡᠢᠯᠡᠨ ᠠᠵᠢᠯᠯᠠᠵᠤ ᠤᠷᠠᠨ ᠳᠠᠷᠬᠠᠨ᠎ᠤ ᠬᠦᠰᠡᠯ ᠵᠡᠭᠦᠳᠦ᠍᠎ᠪᠡᠨ ᠲᠡᠷᠭᠡᠯᠱᠢᠭᠦᠯᠤᠨ᠎ᠠ


QQ截图20240122093534.png

                                                      ᠭᠦᠸᠧ ᠢ᠋ᠢᠨ ᠯᠦᠩ


ᠭᠦᠸᠧ ᠢ᠋ᠢᠨ ᠯᠦᠩ ᠪᠣᠯ ᠬᠥᠬᠡᠬᠣᠲᠠ ᠢ᠋ᠢᠨ ᠵᠠᠮ ᠬᠠᠷᠢᠯᠴᠠᠭᠠᠨ᠎ᠤ ᠪᠠᠯᠠ ᠣᠷᠣᠭᠤᠯᠤᠯᠲᠠ ᠢ᠋ᠢᠨ ᠪᠥᠲᠥᠭᠡᠨ ᠪᠠᠢᠭᠤᠯᠤᠯᠲᠠ ᠢ᠋ᠢᠨ ᠪᠦᠯᠦᠭ᠌ᠯᠡᠯ᠎ᠦᠨ ᠬᠢᠵᠠᠭᠠᠷᠲᠤ ᠺᠣᠮᠫᠠᠨᠢ ᠢ᠋ᠢᠨ ᠲᠡᠷᠢᠭᠦᠨ ᠵᠥᠪᠯᠡᠭ᠌ᠴᠢ ᠪᠣᠯᠤᠨ᠎ᠠ᠃ ᠲᠡᠷᠡ ᠤᠯᠠᠨ ᠲᠦᠷᠦᠯ᠎ᠦᠨ ᠲᠤᠮᠤ ᠬᠡᠯᠪᠡᠷᠢ ᠢ᠋ᠢᠨ ᠮᠡᠷᠭᠡᠵᠢᠯ᠎ᠦᠨ ᠪᠣᠭᠣᠮᠲᠠ ᠱᠢᠪᠲᠤᠯᠤᠯᠲᠠ ᠢ᠋ᠢᠨ ᠠᠵᠢᠯ ᠢ᠋ ᠭᠠᠷᠳᠠᠨ ᠬᠦᠢᠴᠡᠳᠭᠡᠵᠤ᠂  ᠤᠷᠢᠳ ᠬᠣᠵᠢᠳ ᠪᠦᠬᠦ᠌ ᠤᠯᠤᠰ᠎ᠤᠨ 《 5·1 》 ᠎ᠤ᠋ ᠬᠥᠳᠡᠯᠮᠦᠷᠢ ᠢ᠋ᠢᠨ ᠱᠠᠩᠨᠠᠯ᠎ᠤᠨ ᠮᠸᠳᠠᠯ᠂ ᠪᠦᠬᠦ ᠤᠯᠤᠰ ᠤ᠋ᠨ ᠠᠵᠢᠯ ᠮᠡᠷᠭᠡᠵᠢᠯ ᠤᠷ᠎ᠡ ᠴᠢᠳᠠᠪᠤᠷᠢ ᠢ᠋ᠢᠨ ᠶᠡᠬᠡ ᠱᠠᠩᠨᠠᠯ᠂  ᠪᠦᠬᠦ᠌ ᠤᠯᠤᠰ᠎ᠤᠨ ᠮᠡᠷᠭᠡᠵᠢᠯ᠎ᠦᠨ ᠴᠢᠳᠠᠪᠤᠷᠢᠲᠠᠨ ᠵᠡᠷᠭᠡ ᠮᠤᠵᠢ ᠶᠠᠮᠤᠨ᠎ᠤ ᠲᠡᠰ᠎ᠠᠴᠠ ᠳᠡᠭᠡᠭ᠌ᠰᠢᠬᠢ 43 ᠲᠦᠷᠦᠯ᠎ᠦᠨ ᠢᠷᠠᠭᠤ ᠠᠯᠳᠠᠷ᠎ᠤ᠋ᠨ ᠱᠠᠨᠭᠨᠠᠯ ᠢ᠋ ᠬᠦᠷᠳᠡᠵᠦ᠍᠂  ᠤᠯᠤᠰ᠎ᠤᠨ ᠡᠬᠦᠳᠦᠨ ᠪᠦᠳᠦᠬᠡᠯᠳᠡ ᠢ᠋ᠢᠨ ᠲᠤᠰᠭᠠᠢ ᠠᠱᠢᠭ ᠢ᠋ 7᠂ ᠬᠡᠷᠡᠭ᠌ᠯᠡᠭᠡᠨ᠎ᠦ ᠱᠢᠨ᠎ᠡ ᠬᠡᠯᠪᠡᠷᠢ ᠢ᠋ᠢᠨ ᠲᠤᠰᠭᠠᠢ ᠠᠱᠢᠭ᠎ᠢ 11 ᠬᠦᠷᠳᠡᠵᠡᠢ᠃ ᠲᠡᠷᠡ ᠪᠠᠰᠠ ᠲᠦᠷᠦ᠍ ᠢ᠋ᠢᠨ ᠶᠠᠪᠤᠳᠠᠯ᠎ᠤᠨ ᠬᠤᠷᠢᠶ᠎ᠡ ᠢ᠋ᠢᠨ ᠤᠨᠴᠡ ᠨᠡᠮᠡᠬᠦᠷᠢ ᠢ᠋ᠢ ᠬᠦᠷᠳᠡᠭ᠌ᠰᠡᠨ ᠢᠨᠵᠧᠨᠧᠷᠢᠩ᠎ᠦᠨ ᠮᠡᠷᠭᠡᠵᠢᠯ᠎ᠦᠨ ᠲᠤᠰᠭᠠᠢ ᠮᠡᠷᠭᠡᠵᠢᠯᠲᠡᠨ ᠪᠠᠢᠵᠤ᠂ ᠤᠯᠤᠰ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠠᠮᠤᠭ᠎ᠤᠨ ᠳᠡᠭᠡᠳᠦ ᠱᠠᠩᠨᠠᠯ ᠣᠯᠭᠣᠬᠤ ᠲᠠᠪᠴᠠᠨᠭ᠌ ᠳ᠋ᠤ᠌ ᠭᠠᠷᠤᠭ᠍ᠰᠠᠨ ᠳᠤᠮᠳᠠᠳᠤ ᠤᠯᠤᠰ᠎ᠤᠨ ᠲᠡᠮᠤᠷ ᠵᠠᠮ᠎ᠤᠨ ᠠᠵᠢᠯᠴᠢᠨ ᠤ᠋ ᠠᠩᠬᠠᠳᠠᠭ᠍ᠴᠢ ᠬᠥᠮᠦᠨ ᠪᠤᠯᠬᠤ ᠶᠤᠮ᠃

1985 ᠣᠨ᠎ᠳᠤ᠂ ᠭᠦᠸᠧ ᠢ᠋ᠢᠨ ᠯᠦᠩ ᠰᠠᠨᠠᠭᠰᠠᠨ ᠶᠤᠰᠤᠭᠠᠷ ᠢᠨᠵᠸᠨ᠋ᠸᠷᠢᠨᠭ᠎ᠤ᠋ᠨ ᠶᠠᠪᠤᠳᠠᠯ᠎ᠤᠨ ᠰᠡᠯᠪᠢᠨ ᠵᠠᠰᠠᠬᠤ ᠦᠢᠯᠡᠳᠪᠦᠷᠢ ᠢ᠋ᠢᠨ ᠴᠠᠬᠢᠯᠭᠠᠨ᠎ᠤ ᠠᠵᠢᠯᠴᠢᠨ ᠪᠤᠯᠵᠡᠢ᠃ ᠲᠡᠷᠡ ᠲᠠᠰᠤᠷᠠᠯᠲᠠ ᠦᠭᠡᠢ ᠥᠪᠡᠷ ᠤ᠋ᠨ ᠪᠡᠶ᠎ᠡ ᠲᠠᠢ᠎ᠪᠡᠨ ᠥᠷᠢᠰᠦᠯᠳᠦᠵᠦ᠍᠂ ᠲᠤᠰᠭᠠᠢ ᠮᠡᠷᠭᠡᠵᠢᠯ᠎ᠤ᠋ᠨ ᠤᠷ᠎ᠡ ᠴᠢᠳᠠᠪᠤᠷᠢ ᠪᠡᠨ ᠦᠷᠭᠦᠯᠵᠢᠯᠡᠨ ᠳᠡᠭᠡᠭ᠌ᠰᠢᠯᠡᠭᠦᠯᠦᠭᠰᠡᠡ ᠡᠴᠡ ᠤᠳᠠᠯ ᠦᠬᠡᠢ ᠲᠡᠮᠤᠷ ᠵᠠᠮ ᠤ᠋ᠨ ᠴᠠᠬᠢᠯᠭᠠᠨ ᠲᠦᠬᠦᠬᠡᠷᠤᠮᠵᠢ ᠢ᠋ᠢ ᠰᠡᠯᠪᠢᠨ ᠵᠠᠰᠠᠬᠤ ᠪᠠ ᠵᠠᠮ ᠲᠡᠮᠤᠷ ᠤ᠋ᠨ ᠭᠠᠨᠭᠨᠠᠯᠳᠡ ᠢ᠋ᠢᠨ ᠮᠡᠷᠬᠡᠵᠢᠯᠳᠡᠨ ᠪᠤᠯᠤᠭᠰᠠᠨ ᠶᠤᠮ᠃

ᠭᠦᠸᠧ ᠢ᠋ᠢᠨ ᠯᠦᠩ᠎ᠤᠨ ᠠᠯᠪᠠᠨ ᠭᠡᠷ᠎ᠦᠨ ᠪᠢᠴᠢᠭ᠎ᠦᠨ ᠬᠣᠷᠭᠣ᠎ᠳᠤ ᠢᠷᠠᠭᠤ ᠠᠯᠳᠠᠷ᠎ᠤᠨ ᠦᠨᠡᠮᠯᠡᠯ ᠲᠦᠬᠦᠷᠡᠨᠭ ᠲᠡᠯᠬᠡᠭᠡᠰᠤᠳᠡᠢ ᠪᠠᠢᠵᠤ᠂ ᠲᠡᠬᠦᠨ ᠤ᠋ ᠲᠤᠳᠤᠷᠡᠬᠢ 《ᠵᠠᠮ ᠲᠡᠮᠤᠷ ᠤ᠋ᠨ ᠭᠠᠨᠭᠨᠠᠭᠠᠰᠦ ᠢ᠋ᠢᠨ ᠬᠣᠣᠰ ᠳᠠᠪᠲᠠᠮᠵᠢᠳᠤ ᠬᠠᠳᠠᠭᠠᠨ ᠵᠢᠷᠤᠮᠵᠢᠭᠤᠯᠬᠤ ᠲᠥᠬᠥᠭᠡᠷᠦᠮᠵᠢ ᠵᠢᠴᠢ ᠮᠡᠷᠬᠡᠰᠢᠯ》 ᠎ᠨᠢ 2010 ᠣᠨ᠎ᠤ ᠤᠯᠤᠰ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠳᠠᠪᠱᠢᠯᠲᠠ ᠢ᠋ᠢᠨ ᠬᠣᠶᠠᠳᠤᠭᠠᠷ ᠳᠡᠰ᠎ᠤᠨ ᠱᠠᠩᠨᠠᠯ᠎ᠨᠢ ᠲᠡᠭᠦᠨ᠎ᠳᠦ ᠬᠠᠮᠤᠭ᠎ᠤᠨ ᠭᠦᠨ ᠰᠠᠭᠤᠭ᠍ᠳᠠᠯ ᠦᠯᠡᠳᠡᠬᠡᠵᠡᠢ᠃ 《ᠬᠦᠴᠢᠷ᠎ᠪᠤᠯᠬᠤᠷ ᠡᠷᠬᠢᠮᠯᠡᠨ ᠨᠠᠨᠳᠢᠨᠭᠨᠠᠳᠠᠭ》 ᠬᠡᠵᠤ ᠭᠦᠸᠧ ᠢ᠋ᠢᠨ ᠯᠦᠩ ᠬᠡᠯᠡᠵᠤ ᠪᠠᠢᠯ᠎ᠡ᠂ ᠲᠡᠬᠦᠨ ᠤ᠋ ᠬᠡᠯᠡᠬᠦ ᠪᠡᠷ ᠡᠨᠡ ᠬᠦ᠌ ᠰᠡᠳᠦᠪ᠎ᠢ ᠡᠬᠢᠯᠡᠨ ᠰᠤᠳᠤᠯᠬᠤ ᠦᠶ᠎ᠡ᠎ᠳᠦ ᠂ ᠰᠤᠳᠤᠯᠭᠠᠨ᠎ᠤ ᠪᠦᠯᠬᠦᠮ ᠪᠤᠯᠤᠨ ᠪᠠᠯᠠ ᠮᠥᠩᠭᠥ ᠢ᠋ᠢᠨ ᠲᠠᠯ᠎ᠠ ᠢ᠋ᠢᠨ ᠲᠤᠳᠠᠭᠳᠡᠯ ᠨᠢ ᠲᠡᠭᠦᠨ ᠳ᠋ᠤ᠌ ᠶᠡᠬᠡ ᠲᠠᠷᠤᠭᠠᠰᠤ ᠪᠤᠯᠵᠤ ᠪᠡᠢᠵᠡᠢ᠃ ᠰᠠᠷ᠎ᠠ ᠢ᠋ᠢᠨ ᠣᠷᠣᠯᠭ᠎ᠠ 500 ᠭᠠᠷᠤᠢ ᠲᠥᠭᠥᠷᠢᠭ ᠪᠠᠢᠭ᠍ᠰᠠᠨ ᠲᠡᠷᠡ ᠦᠶ᠎ᠡ᠎ᠳᠦ᠂ ᠭᠦᠸᠧ ᠢ᠋ᠢᠨ ᠯᠦᠩ ᠥᠪᠡᠷ᠎ᠢᠶᠡᠨ 30 ᠲᠦᠮᠡᠨ ᠲᠥᠭᠥᠷᠢᠭ ᠱᠢᠬᠠᠮ ᠵᠣᠭᠣᠰ ᠴᠤᠭ᠍ᠯᠠᠭᠤᠯᠵᠤ᠂ ᠪᠡᠭᠡᠵᠢᠩ᠎ᠦᠨ ᠠᠦ᠋ᠲ᠋ᠣᠴᠢᠯᠠᠭ᠍ᠰᠠᠨ ᠲᠥᠬᠥᠭᠡᠷᠦᠮᠵᠢ ᠢ᠋ᠢᠨ ᠦᠢᠯᠡᠳᠪᠦᠷᠢ ᠢ᠋ᠢᠨ ᠲᠠᠯᠠᠪᠤᠷ᠎ᠢ ᠵᠢᠭᠡᠯᠡᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠲᠤᠷᠱᠢᠯᠲᠠ ᠬᠢᠭ᠌ᠰᠡᠨ ᠪᠥᠭᠡᠳ ᠤᠯᠠᠨ ᠭᠠᠵᠠᠷ᠎ᠲᠤ ᠬᠦᠷᠴᠦ᠍ ᠰᠤᠷᠤᠯᠴᠠᠨ ᠪᠠᠢᠴᠠᠭᠠᠨ ᠰᠤᠳᠤᠯᠤᠯᠲᠠ ᠬᠢᠵᠡᠢ᠃ ᠬᠠᠮᠤᠭ ᠡᠴᠦᠰ᠎ᠲᠦ᠂ 3 ᠵᠢᠯ᠎ᠦᠨ ᠬᠤᠭᠤᠴᠠᠭ᠎ᠠ ᠬᠡᠷᠡᠭ᠌ᠰᠡᠵᠦ᠍ ᠪᠠᠢᠭᠠᠳ Ⅱᠬᠡᠯᠪᠡᠷᠢ ᠢ᠋ᠢᠨ ᠵᠠᠮ ᠲᠡᠮᠤᠷ ᠤ᠋ᠨ ᠭᠠᠨᠭᠨᠠᠭᠠᠰᠤ ᠢ᠋ᠢᠨ ᠬᠣᠣᠰ ᠲᠡᠪᠳᠡᠮᠵᠢᠳᠦ ᠬᠠᠳᠠᠭᠠᠨ ᠵᠢᠷᠤᠮᠵᠢᠭᠤᠯᠬᠤ ᠲᠥᠬᠥᠭᠡᠷᠦᠮᠵᠢ ᠵᠢᠴᠢ ᠮᠡᠷᠭᠡᠱᠢᠯ᠎ᠢ ᠪᠡᠶᠡᠯᠡᠭᠦᠯᠵᠦ᠍᠂ ᠲᠤᠷᠱᠢᠯᠲᠠ᠎ᠪᠠᠷ ᠲᠡᠮᠵᠢᠠ ᠵᠠᠮ ᠲᠡᠮᠤᠷ ᠤ᠋ᠨ ᠦᠢᠯᠡᠳᠪᠦᠷᠢᠯᠡᠯ᠎ᠦᠨ ᠱᠤᠭᠤᠮ᠎ᠳ᠋ᠤ ᠬᠡᠷᠡᠭ᠌ᠯᠡᠪᠡ᠃

ᠳᠤᠮᠳᠠᠳᠤ ᠤᠯᠤᠰ᠎ᠤᠨ ᠲᠡᠮᠦᠷ ᠵᠠᠮ᠎ᠤᠨ ᠬᠥᠬᠡᠬᠣᠲᠠ ᠢ᠋ᠢᠨ ᠲᠣᠪᠴᠢᠶ᠎ᠠ ᠢ᠋ᠢᠨ ᠪᠦᠯᠦᠭ᠌ᠯᠡᠯ᠎ᠦᠨ ᠬᠢᠵᠠᠭᠠᠷᠲᠤ ᠺᠣᠮᠫᠠᠨᠢ ᠢ᠋ᠢᠨ ᠲᠡᠷᠢᠭᠦᠨ ᠲᠸᠭᠨᠢᠭᠴᠢ ᠶᠠᠨ ᠼᠦᠨ ᠵᠧᠨ ᠄ 《 ᠭᠦᠸᠧ ᠪᠠᠭ᠍ᠰᠢ᠎ᠠᠨᠭᠬ᠎ᠠ ᠵᠡᠷᠬᠡ ᠢ᠋ᠢᠨ ᠲᠤᠮᠳᠠᠳᠤ ᠰᠤᠷᠭᠠᠭᠤᠯᠢ ᠢ᠋ᠢᠨ ᠨᠠᠮᠳᠠᠷ ᠲᠠᠢ ᠪᠤᠯᠬᠤᠷ ᠮᠡᠳᠡᠯᠬᠡ  ᠢ᠋ᠢᠨ ᠰᠠᠭᠤᠷᠢ ᠨᠢᠮᠬᠡᠨ᠂ ᠲᠤᠰᠭᠠᠶ ᠮᠡᠷᠭᠡᠵᠢᠯ᠎ᠦᠨ ᠮᠡᠳᠡᠯᠭᠡ᠎ᠶ᠋ᠢ ᠦᠨᠳᠦᠰᠦᠨ᠎ᠳᠡᠭᠡᠨ ᠪᠦᠷ ᠥᠪᠡᠷ᠎ᠢᠶᠡᠨ ᠰᠣᠷᠣᠭ᠍ᠰᠠᠨ ᠶᠤᠮ᠂  ᠲᠡᠷᠡ ᠠᠨᠭ᠌ᠭ᠌ᠯᠢ ᠬᠡᠯᠡᠨ᠎ᠦ ᠲᠣᠯᠢ ᠪᠢᠴᠢᠭ ᠪᠠ ᠫᠷᠤᠭ᠌ᠷᠠᠮ ᠨᠠᠢᠷᠠᠭᠤᠯᠬᠤ ᠨᠣᠮ ᠪᠢᠴᠢᠭ᠎ᠢ ᠨᠢᠭᠡ ᠨᠢᠭᠡ ᠦᠰᠦᠭ᠎ᠢᠶᠡᠷ ᠰᠤᠷᠴᠤ᠌᠂ ᠦᠨᠡᠬᠡᠷ ᠬᠠᠲᠠᠭᠤᠵᠢᠯᠲᠠᠶ ᠴᠢᠷᠮᠠᠢᠯᠭ᠎ᠠ ᠭᠠᠷᠭᠠᠵᠡᠢ᠂ ᠲᠡᠬᠦᠨ ᠤ᠋ ᠬᠦᠴᠢᠷ ᠪᠡᠷᠬᠡᠰᠢᠶᠡᠯ ᠡᠴᠡ ᠠᠶᠤᠬᠤ ᠦᠬᠡᠢ᠂ ᠴᠤᠴᠠᠯᠲᠠ ᠦᠭᠡᠢ ᠤᠷᠤᠭ᠍ᠰᠢᠯᠠᠬᠤ ᠵᠣᠷᠢᠭ ᠰᠠᠨᠠᠭ᠎ᠠ᠎ᠨᠢ  ᠲᠤᠰᠭᠠᠢ ᠮᠡᠷᠬᠡᠵᠢᠯᠳᠡᠨ ᠪᠤᠯᠬᠤ᠎ᠳᠤ ᠠᠬᠢᠭᠤᠯᠬᠤ ᠦᠢᠯᠡᠳᠤᠯ ᠦᠵᠡᠬᠦᠯᠵᠠᠢ》 ᠭᠡᠵᠤ ᠭᠦᠸᠧ ᠢ᠋ᠢᠨ ᠯᠦᠩ᠎ᠤᠨ ᠲᠤᠬᠠᠢ ᠪᠤᠳᠤᠯ ᠰᠠᠨᠠᠯ᠎ᠵᠢᠡᠨ ᠲᠡᠯᠭᠡᠵᠤ ᠭᠠᠷᠤᠯ᠎ᠠ᠃

2018 ᠣᠨ᠎ᠳᠤ ᠭᠦᠸᠧ ᠢ᠋ᠢᠨ ᠯᠦᠩ ᠠᠵᠢᠯ᠎ᠠᠴᠠ᠎ᠪᠠᠨ ᠠᠮᠠᠷᠠᠪᠠ᠂  ᠲᠡᠷᠡ ᠤᠯᠠᠨ ᠮᠤᠵᠢ ᠬᠤᠳᠠ ᠢ᠋ᠢᠨ ᠠᠵᠤ ᠠᠬᠤᠢᠯᠠᠯ᠎ᠤᠨ ᠥᠨᠳᠥᠷ ᠴᠠᠯᠢᠩ᠎ᠲᠠᠶ ᠤᠷᠢᠯᠭ᠎ᠠ᠎ᠶ᠋ᠢ ᠲᠡᠪᠴᠢᠵᠤ᠂  ᠡᠳᠦᠭᠡ ᠥᠪᠡᠷ᠎ᠦᠨ ᠮᠡᠷᠭᠡᠵᠢᠯ᠎ᠦᠨ ᠳᠠᠪᠠᠭᠤᠯᠢᠭ᠎ᠢᠶᠠᠨ ᠠᠱᠢᠭ᠍ᠯᠠᠨ ᠮᠠᠨ ᠤ᠋ ᠤᠷᠤᠨ ᠤ᠋ ᠵᠢᠮᠳᠤ ᠵᠠᠮ ᠬᠠᠷᠢᠯᠴᠠᠭᠠᠨ᠎ᠤ ᠦᠢᠯᠡᠰ᠎ᠦᠨ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠳᠦ ᠦᠷᠭᠦᠯᠵᠢᠯᠡᠨ ᠬᠦᠴᠦᠨ ᠴᠢᠳᠠᠯ᠎ᠢᠶᠠᠨ ᠨᠡᠮᠡᠷᠢᠯᠡᠵᠤ᠂ ᠬᠥᠬᠡᠬᠣᠲᠠ ᠢ᠋ᠢᠨ ᠬᠤᠳᠠ ᠢ᠋ᠢᠨ ᠬᠥᠭ᠌ᠵᠢᠯᠲᠡ ᠪᠣᠯᠤᠨ ᠤᠷ᠎ᠠ ᠮᠡᠷᠭᠡᠵᠢᠯ᠎ᠦᠨ ᠬᠦᠴᠦᠷᠬᠡᠭ ᠤᠯᠤᠰ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠬᠦᠴᠦᠷᠬᠡᠭ ᠤᠯᠤᠰ᠎ᠲᠤ ᠥᠪᠡᠷ᠎ᠦᠨ ᠬᠤᠪᠢ ᠨᠡᠮᠡᠷᠢ ᠪᠡᠨ ᠬᠠᠨᠳᠢᠪᠯᠠᠵᠤ ᠪᠠᠢᠨ᠎ᠠ᠃   (ᠭᠦᠸᠧ ᠴᠧᠩ )


ᠵᠠᠩ ᠾᠸ ᠫᠢᠩ᠄ ᠰᠦᠨ ᠬᠦᠴᠢᠯ ᠤ᠋ᠨ ᠪᠠᠺᠲ᠋ᠧᠷᠢ ᠢ᠋ᠢᠨ ᠦᠢᠯᠡᠳᠪᠤᠷᠢᠯᠠᠯ ᠵᠢᠭᠠᠨ ᠰᠤᠷᠭᠠᠯᠳᠠ ᠰᠤᠳᠤᠯᠭᠠᠨ᠎ᠤ ᠨᠡᠭᠡᠭᠡᠨ ᠠᠰᠢᠬᠯᠠᠯᠳᠠ᠎ᠳᠤ ᠬᠦᠴᠤᠨ ᠨᠠᠮᠠᠷᠢᠯᠡᠨ᠎ᠠ


QQ截图20240122093556.png

                                                         ᠵᠠᠩ ᠾᠧ ᠫᠢᠩ

ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠢ᠋ᠢᠨ ᠴᠠᠭᠠᠨ ᠢᠳᠡᠭᠡᠨ᠎ᠦ ᠠᠮᠢᠳᠤ ᠪᠣᠳᠠᠰ᠎ᠤᠨ ᠮᠡᠷᠭᠡᠵᠢᠯ ᠬᠢᠭᠡᠳ ᠢᠨᠵᠧᠨᠧᠷᠢᠩ ᠤ᠋ᠨ ᠰᠤᠷᠭᠠᠨ ᠬᠥᠮᠦᠵᠢᠯ ᠤ᠋ᠨ ᠶᠠᠮᠤᠨ᠎ᠤ ᠭᠤᠤᠯᠳᠠᠯᠭ᠎ᠠ᠎ᠲᠠᠶ ᠲᠤᠷᠱᠢᠯᠲᠠ ᠢ᠋ᠢᠨ ᠲᠠᠰᠤᠭ᠎ᠲᠤ ᠨᠢᠬᠡᠨ ᠮᠢᠺᠷᠣᠪ᠎ᠤᠨ ᠦᠷ᠎ᠡ ᠡᠳ᠋ ᠤ᠋ᠨ ᠡᠬᠢ ᠪᠠᠶᠠᠯᠢᠭ᠎ᠤᠨ ᠬᠥᠮᠥᠷᠭᠡ  ᠪᠠᠢᠳᠠᠭ᠃ 47573 ᠰᠦᠨ ᠬᠦᠴᠢᠯ ᠤ᠋ᠨ ᠪᠠᠺᠲ᠋ᠧᠷᠢ ᠬᠠᠳᠠᠭᠠᠯᠠᠵᠤ ᠪᠠᠢᠭ᠎ᠠ ᠲᠤᠰ ᠬᠦᠮᠦᠷᠬᠡ ᠪᠤᠯ ᠣᠳᠣᠬᠠᠨ᠎ᠤ ᠪᠥᠬᠥ᠌ ᠪᠦᠮᠪᠤᠷᠴᠡᠭ ᠤ᠋ᠨ ᠬᠠᠮᠤᠭ᠎ᠤᠨ ᠶᠡᠬᠡ᠂ ᠲᠥᠷᠥᠯ ᠵᠦᠶ᠋ᠯ ᠢ᠋ᠢᠡᠷ ᠬᠠᠮᠤᠭ᠎ᠤᠨ ᠪᠦᠷᠢᠨ ᠰᠦᠨ ᠬᠦᠴᠢᠯ ᠤ᠋ᠨ ᠪᠠᠺᠲ᠋ᠧᠷᠢ ᠢ᠋ᠢᠨ ᠦᠷ᠎ᠡ ᠡᠳ᠋ ᠤ᠋ᠨ ᠡᠬᠢ ᠪᠠᠶᠠᠯᠢᠭ᠎ᠤᠨ ᠬᠥᠮᠥᠷᠭᠡ ᠪᠠᠢᠵᠤ᠂ ᠪᠠᠰᠠ ᠴᠤ᠌ ᠤᠯᠤᠰ᠎ᠤᠨ ᠲᠦᠷᠦᠬᠦᠦ ᠪᠦᠯᠦᠭ ᠤ᠋ᠨ ᠲᠠᠷᠢᠶᠠᠯᠠᠩ᠎ᠤᠨ ᠮᠢᠺᠷᠣᠪ᠎ᠤᠨ ᠡᠬᠢ ᠪᠠᠶᠠᠯᠢᠭ᠎ᠤᠨ ᠬᠥᠮᠥᠷᠭᠡ ᠪᠤᠯᠤᠨ᠎ᠡ᠃

ᠰᠦᠨ ᠬᠦᠴᠢᠯ ᠤ᠋ᠨ ᠪᠠᠺᠲ᠋ᠧᠷᠢ ᠢ᠋ᠢᠨ ᠦᠷ᠎ᠡ ᠡᠳ᠋ ᠤ᠋ᠨ ᠡᠬᠢ ᠪᠠᠶᠠᠯᠢᠭ᠎ᠤᠨ ᠬᠥᠮᠥᠷᠭᠡ ᠨᠢ ᠵᠠᠩ ᠡᡁᠸ ᠫᠢᠩ ᠵᠢᠴᠢ ᠲᠡᠭᠦᠨ᠎ᠦ ᠪᠦᠯᠬᠦᠮ ᠤ᠋ᠨ 30 ᠭᠠᠷᠤᠢ ᠵᠢᠯ ᠤ᠋ᠨ ᠲᠤᠷᠰᠢᠬᠢ ᠬᠦᠴᠢᠷ ᠪᠡᠷᠬᠡ ᠢ᠋ᠢ ᠬᠦᠯᠢᠴᠡᠨ ᠲᠠᠭᠠᠭᠠᠵᠤ᠂ ᠴᠤᠴᠠᠯᠳᠡ ᠦᠬᠡᠢ ᠤᠷᠤᠭᠰᠢᠯᠠᠬᠤ ᠱᠢᠷᠭᠠᠭᠤ ᠬᠠᠲᠠᠭᠤᠵᠢᠯᠲᠠᠢ ᠴᠢᠷᠮᠠᠢᠯᠭ᠎ᠠ᠎ᠶ᠋ᠢ ᠨᠢᠭᠳᠠᠷᠠᠭᠤᠯᠤᠭᠰᠠᠨ ᠶᠤᠮ᠃ 1989 ᠣᠨ᠎ᠳᠤ ᠵᠠᠩ ᠾᠧ ᠫᠢᠩ ᠥᠪᠥᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠢ ᠢ᠋ᠢᠨ ᠳᠡᠭᠡᠳᠦ ᠰᠤᠷᠭᠠᠭᠤᠯᠢ (1999 ᠣᠨ᠎ᠳᠤ ᠥᠪᠥᠷ ᠮᠣᠩᠭᠣᠯ᠎ᠤᠨ ᠤᠢ ᠱᠢᠭᠤᠢ ᠢ᠋ᠢᠨ ᠳᠡᠭᠡᠳᠦ ᠰᠤᠷᠭᠠᠭᠤᠯᠢ᠎ᠲᠠᠶ ᠨᠡᠢᠯᠡᠭᠡᠳ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠪᠣᠯᠪᠠ)ᠡᠴᠡ ᠲᠡᠬᠦᠰᠦᠬᠡᠳ ᠰᠤᠷᠭᠠᠭᠤᠯᠢ᠎ᠳᠠᠭᠠᠨ ᠦᠯᠡᠳᠡᠵᠦ᠍ ᠪᠠᠭ᠍ᠰᠢᠯᠠᠪᠠ᠂ ᠤᠳᠤ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠢ᠋ᠢᠨ ᠴᠠᠭᠠᠨ ᠢᠳᠡᠭᠡᠨ᠎ᠦ ᠠᠮᠢᠳᠤ ᠪᠣᠳᠠᠰ᠎ᠤᠨ ᠮᠡᠷᠭᠡᠵᠢᠯ ᠬᠢᠭᠡᠳ ᠢᠨᠵᠧᠨᠧᠷᠢᠩ ᠤ᠋ᠨ ᠰᠤᠷᠭᠠᠨ ᠬᠥᠮᠦᠵᠢᠯ ᠤ᠋ᠨ ᠶᠠᠮᠤᠨ᠎ᠤ ᠭᠣᠣᠯᠳᠠᠯᠭ᠎ᠠ᠎ᠲᠠᠶ ᠲᠤᠷᠱᠢᠯᠲᠠ ᠢ᠋ᠢᠨ ᠲᠠᠰᠤᠭ᠎ᠤᠨ ᠡᠷᠬᠢᠯᠡᠭ᠌ᠴᠢ ᠢ᠋ᠢᠨ ᠲᠤᠱᠢᠶᠠᠯ᠎ᠢ ᠬᠠᠷᠢᠭᠤᠴᠠᠵᠤ᠂ ᠰᠦᠨ ᠬᠦᠴᠢᠯ ᠤ᠋ᠨ ᠪᠠᠺᠲ᠋ᠧᠷᠢ ᠪᠡᠷ ᠰᠤᠳᠤᠯᠭᠠᠨ᠎ᠤ ᠭᠣᠣᠯ ᠴᠢᠭ᠌ᠯᠡᠯ᠎ᠢᠶᠡᠨ ᠪᠤᠯᠭᠠᠵᠡᠢ᠃

ᠵᠠᠩ ᠾᠧ ᠫᠢᠩ ᠪᠦᠯᠬᠦᠮ᠎ᠢᠶᠡᠨ ᠳᠠᠭᠠᠭᠤᠯᠤᠨ ᠪᠦᠬᠦ᠌ ᠪᠦᠮᠪᠤᠷᠴᠡᠭ ᠤ᠋ᠨ 32 ᠤᠯᠤᠰ᠎ᠠᠴᠠ ᠠᠶᠠᠨᠳᠠᠭᠠᠨ ᠢᠰᠦᠭᠰᠡᠨ ᠰᠦ ᠢ᠋ᠢᠨ ᠪᠦᠳᠦᠬᠡᠭᠳᠡᠬᠦᠨ ᠵᠡᠷᠭᠡ 6202 ᠬᠤᠪᠢ ᠦᠯᠢᠭᠡᠷ ᠡᠳ᠋᠎ᠢ ᠴᠤᠭ᠍ᠯᠠᠭᠤᠯᠵᠤ᠂ ᠡᠭᠦᠨ᠎ᠦ ᠳᠣᠲᠣᠷ᠎ᠠ᠎ᠠᠴᠠ 47573 ᠰᠦᠨ ᠬᠦᠴᠢᠯ ᠤ᠋ᠨ ᠪᠠᠺᠲ᠋ᠧᠷᠢ᠎ᠶ᠋ᠢ ᠰᠠᠯᠭᠠᠵᠤ ᠬᠢᠨᠠᠨ ᠲᠤᠭᠳᠠᠭᠠᠨ ᠬᠠᠳᠠᠭᠠᠯᠠᠵᠤ᠂ ᠠᠭᠠᠵᠢᠮ᠎ᠢᠶᠠᠷ ᠰᠦᠨ ᠬᠦᠴᠢᠯ ᠤ᠋ᠨ ᠪᠠᠺᠲ᠋ᠧᠷᠢ ᠢ᠋ᠢᠨ ᠦᠷ᠎ᠡ ᠡᠳ᠋ ᠤ᠋ᠨ ᠡᠬᠢ ᠪᠠᠶᠠᠯᠢᠭ᠎ᠤᠨ ᠬᠥᠮᠥᠷᠭᠡ ᠢ᠋ᠢᠨ 《ᠡᠳ᠋ ᠬᠥᠷᠥᠩᠭᠡ 》 ᠵᠢ ᠡᠯᠪᠡᠭ᠌ᠵᠢᠭᠦᠯᠪᠡ ᠃

2018 ᠣᠨ᠎ᠳᠤ ᠵᠠᠩ ᠾᠧ ᠫᠢᠩ ᠪᠦᠯᠬᠦᠮ᠎ᠢᠶᠡᠨ ᠳᠠᠭᠠᠭᠤᠯᠤᠨ ᠳᠡᠯᠡᠬᠡᠶ ᠳ᠋ᠤ᠌ ᠲᠦᠷᠦᠬᠦᠯᠡᠨ 《ᠰᠦᠨ ᠬᠦᠴᠢᠯ ᠤ᠋ᠨ ᠪᠠᠺᠲ᠋ᠧᠷᠢ ᠢ᠋ᠢᠨ ᠲᠦᠮᠡᠨ ᠰᠠᠭᠤᠷᠢ ᠭᠧᠨ᠎ᠦ ᠪᠦᠯᠦᠭ ᠤ᠋ᠨ ᠲᠥᠯᠥᠪᠯᠡᠭᠡ 》 ᠵᠢ ᠡᠬᠢᠯᠡᠭᠦᠯᠵᠦ᠍᠂ ᠪᠥᠬᠥ᠌ ᠪᠥᠮᠪᠥᠷᠴᠡᠭ ᠤ᠋ᠨ ᠠᠩᠬᠠᠳᠠᠭ᠍ᠴᠢ ᠰᠦᠨ ᠬᠦᠴᠢᠯ ᠤ᠋ᠨ ᠪᠠᠺᠲ᠋ᠧᠷᠢ ᠢ᠋ᠢᠨ ᠭᠧᠨ᠎ᠦ ᠪᠦᠯᠦᠭ ᠤ᠋ᠨ ᠲᠣᠭ᠎ᠠ ᠪᠠᠷᠢᠮᠲᠠ ᠬᠢᠭᠡᠳ ᠴᠢᠳᠠᠮᠵᠢ ᠢ᠋ᠢᠨ ᠰᠤᠳᠤᠯᠭᠠᠨ᠎ᠢ ᠨᠢᠭᠡ ᠴᠣᠭ᠍ᠴᠠᠵᠢᠭᠤᠯᠤᠭ᠍ᠰᠠᠨ ᠬᠠᠮᠲᠤ᠎ᠪᠠᠷ ᠡᠳ᠋ᠯᠡᠬᠦ᠌ ᠲᠠᠪᠴᠠᠩ iLABdb ᠳ᠋ᠠᠢᠲ᠋ᠠ ᠬᠥᠮᠥᠷᠭᠡ᠎ᠶ᠋ᠢ ᠪᠠᠢᠭᠤᠯᠪᠠ᠃ ᠡᠨᠡ ᠬᠦ᠌ ᠴᠢᠬᠤᠯᠠ ᠶᠡᠬᠡ ᠦᠷ᠎ᠡ ᠪᠦᠲᠦᠭᠡᠯ ᠨᠢ ᠮᠠᠨ᠎ᠤ ᠤᠯᠤᠰ᠎ᠤᠨ ᠮᠢᠺᠷᠣᠪ᠎ᠤᠨ ᠰᠤᠳᠤᠯᠤᠯ᠎ᠤᠨ ᠬᠦᠷᠢᠶᠡᠨ᠎ᠳᠡᠬᠢ ᠲᠦᠷᠦᠬᠦᠯᠡᠬᠦ ᠪᠠᠢᠷᠢ ᠰᠠᠭᠤᠷᠢ ᠪᠠ ᠳᠡᠯᠡᠬᠡᠶ ᠳ᠋ᠡᠬᠢ ᠨᠥᠯᠥᠭᠡᠯᠡᠬᠦ᠌ ᠬᠦᠴᠦᠨ᠎ᠢ ᠢᠯᠡᠷᠡᠭᠦᠯᠦᠭ᠌ᠰᠡᠨ ᠪᠠᠢᠨ᠎ᠠ᠃

ᠣᠯᠠᠨ ᠵᠢᠯ ᠤ᠋ᠨ ᠲᠤᠷᠰᠢ ᠂ ᠵᠠᠩ ᠾᠧ ᠫᠢᠩ ᠵᠢᠭᠠᠨ ᠰᠤᠷᠭᠠᠯᠳᠡ ᠪᠠ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠡᠮᠦᠨ᠎ᠡ ᠹᠷᠤᠨᠲ ᠲᠦ᠍ ᠦᠨᠳᠦᠰᠦᠯᠡᠨ᠂ ᠱᠠᠪᠢ ᠨᠠᠷ ᠢ᠋ᠢᠡᠨ ᠨᠠᠷᠢᠨ ᠨᠢᠮᠪᠠᠶ ᠬᠥᠮᠦᠵᠢᠭᠦᠯᠵᠦ᠍᠂ ᠰᠦᠨ ᠬᠦᠴᠢᠯ ᠤ᠋ᠨ ᠪᠠᠺᠲ᠋ᠧᠷᠢ᠎ᠶ᠋ᠢ ᠱᠢᠯᠢᠨ ᠰᠣᠩᠭᠣᠬᠤ ᠪᠠ ᠰᠦ ᠢ᠋ᠢᠨ ᠪᠦᠳᠦᠬᠡᠭᠳᠡᠬᠦᠨ ᠤ᠋ ᠢᠰᠭᠡᠯᠲᠡ ᠢ᠋ᠢᠨ ᠮᠡᠷᠭᠡᠵᠢᠯ ᠤ᠋ᠨ ᠤᠯᠤᠰ᠎ᠤᠨ ᠣᠷᠣᠨ ᠨᠤᠲᠤᠭ᠎ᠤᠨ ᠬᠠᠮᠲᠤᠷᠠᠭ᠍ᠰᠠᠨ ᠢᠨᠵᠧᠨᠧᠷᠢᠩ ᠤ᠋ᠨ ᠲᠤᠷᠱᠢᠯᠲᠠ ᠢ᠋ᠢᠨ ᠲᠠᠰᠤᠭ ᠵᠡᠷᠭᠡ 15 ᠮᠤᠵᠢ ᠶᠠᠮᠤᠨ᠎ᠤ ᠲᠠᠰ᠎ᠠᠴᠠ ᠳᠡᠭᠡᠭ᠌ᠰᠢᠬᠢ ᠲᠠᠪᠴᠠᠩ᠎ᠢ ᠪᠠᠢᠭᠤᠯᠵᠤ᠂ 《ᠰᠦᠨ ᠬᠦᠴᠢᠯ ᠤ᠋ᠨ ᠪᠠᠺᠲ᠋ᠧᠷᠢ ᠪᠠ ᠢᠰᠭᠡᠭ᠌ᠰᠡᠨ ᠰᠦ ᠢ᠋ᠢᠨ ᠪᠦᠳᠦᠬᠡᠭᠳᠡᠬᠦᠨ》 ᠎ᠤ᠋ ᠪᠦᠯᠬᠦᠮ ᠨᠡᠢᠲᠡ᠎ᠶ᠋ᠢ ᠳᠠᠭᠠᠭᠤᠯᠤᠨ ᠰᠤᠷᠭᠠᠨ ᠬᠥᠮᠦᠵᠢᠯ ᠤ᠋ᠨ ᠶᠠᠮᠤᠨ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠶᠠᠮᠤᠨ᠂ ᠬᠥᠳᠡᠭᠡ ᠠᠵᠤ ᠠᠬᠤᠶ ᠬᠥᠳᠡᠭᠡ ᠲᠣᠰᠭᠣᠨ᠎ᠤ ᠶᠠᠮᠤᠨ᠎ᠤ ᠱᠢᠨ᠎ᠡ᠎ᠶ᠋ᠢ ᠡᠭᠦᠳᠬᠦ᠌ ᠪᠦᠯᠬᠦᠮ ᠨᠡᠢᠲᠡ᠎ᠳᠦ ᠰᠣᠩᠭᠣᠭ᠍ᠳᠠᠵᠤ᠂ ᠪᠦᠯᠬᠦᠮ ᠨᠡᠢᠲᠡ᠎ᠨᠢ ᠪᠠᠰᠠ《ᠪᠥᠬᠥ᠌ ᠤᠯᠤᠰ᠎ᠤᠨ ᠲᠤᠰᠭᠠᠶ ᠮᠡᠷᠭᠡᠵᠢᠯ ᠤ᠋ᠨ ᠴᠢᠳᠠᠪᠤᠷᠢᠲᠠᠨ᠎ᠤ ᠲᠡᠷᠢᠭᠦᠨ᠎ᠦ ᠬᠠᠮᠲᠤ ᠨᠢᠭᠡᠴᠢ》 ᠂ 《ᠱᠸᠨᠭ ᠨᠦᠩ ᠳᠤᠮᠳᠠᠳᠤ ᠢ᠋ᠢᠨ ᠱᠢᠯᠢᠳᠡᠭ ᠱᠢᠨ᠎ᠡ᠎ᠶ᠋ᠢ ᠡᠭᠦᠳᠬᠦ᠌ ᠪᠦᠯᠬᠦᠮ ᠨᠡᠢᠲᠡ》 ᠎ᠪᠠᠷ ᠦᠨᠡᠯᠡᠭ᠌ᠳᠡᠵᠡᠢ᠃

ᠵᠠᠩ ᠾᠧ ᠫᠢᠩ ᠪᠦᠯᠬᠦᠮ᠎ᠢᠶᠡᠨ ᠳᠠᠭᠠᠭᠤᠯᠤᠨ 2025 ᠣᠨ ᠪᠣᠯᠬᠤ᠎ᠳᠤ 4 ᠲᠦᠮᠡᠨ ᠰᠦᠨ ᠬᠦᠴᠢᠯ ᠤ᠋ᠨ ᠪᠠᠺᠲ᠋ᠧᠷᠢ ᠢ᠋ᠢᠨ ᠭᠧᠨ᠎ᠦ ᠪᠦᠯᠦᠭ ᠤ᠋ᠨ ᠵᠢᠭᠰᠠᠯ᠎ᠢ ᠬᠡᠮᠵᠢᠵᠦ᠍᠂ ᠨᠠᠩ ᠣᠯᠠᠨ ᠰᠦᠨ ᠬᠦᠴᠢᠯ ᠤ᠋ᠨ ᠪᠠᠺᠲ᠋ᠧᠷᠢ ᠢ᠋ᠢᠨ ᠣᠯᠠᠨ ᠶᠠᠩᠵᠤᠲᠤ ᠴᠢᠨᠠᠷ᠎ᠤᠨ ᠲᠠᠷᠬᠠᠯᠲᠠ ᠢ᠋ᠢᠨ ᠠᠮᠢ ᠠᠬᠤᠶ ᠢ᠋ᠢᠨ ᠤᠬᠠᠭᠠᠨ᠎ᠤ ᠵᠢᠮ᠎ᠡ ᠶᠣᠰᠣ᠎ᠶ᠋ᠢ ᠢᠯᠡᠷᠡᠭᠦᠯᠵᠦ᠍᠂ ᠦᠷᠭᠦᠯᠵᠢᠯᠡᠨ ᠰᠦᠨ ᠬᠦᠴᠢᠯ ᠤ᠋ᠨ ᠪᠠᠺᠲ᠋ᠧᠷᠢ᠎ᠶ᠋ᠢ ᠬᠠᠨᠳᠤᠯᠭᠠᠲᠤ ᠴᠢᠨᠠᠷᠲᠠᠶ᠎ᠪᠠᠷ ᠨᠡᠭᠡᠭᠡᠨ ᠠᠱᠢᠭ᠍ᠯᠠᠬᠤ᠎ᠪᠠᠷ ᠲᠥᠯᠥᠪᠯᠡᠵᠦ᠍ ᠪᠣᠶ᠃

                                        ( ᠡᠸ᠋ ᠹᠸᠩ )


ᠸᠠᠩ ᠼᠦᠢ ᠯᠢ᠄ ᠬᠦᠭᠡᠮᠳᠦᠭ ᠨᠤᠭᠤᠭᠠᠨ ᠠᠭᠤᠯᠠ ᠤᠰᠤ ᠪᠠᠨ ᠰᠠᠬᠢᠨ ᠬᠠᠮᠠᠭᠠᠯᠠᠬᠤ ᠤᠭ ᠰᠠᠨᠠᠭ᠎ᠠ ᠪᠠᠨ ᠪᠠᠷᠢᠮᠳᠠᠯᠠᠨ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠨ᠎ᠠ 


QQ截图20240122093725.png

                                                          ᠸᠠᠩ ᠼᠦᠢ ᠯᠢ


2024 ᠣᠨ ᠤ᠋ ᠴᠠᠰᠤ ᠶᠡᠭᠡ ᠬᠢᠩᠭᠠᠨ ᠳᠠᠪᠠᠭ᠎ᠠ ᠵᠢᠨ ᠱᠢᠭᠤᠢᠲᠤ ᠣᠷᠣᠨ ᠳ᠋ᠦ ᠨᠠᠮ ᠭᠦᠮ ᠢ᠋ ᠠᠪᠴᠢᠷᠠᠯ᠎ᠠ᠃ ᠠᠷᠤ ᠭᠤᠣᠯ ᠤ᠋ᠨ ᠤᠢ ᠱᠢᠭᠤᠢ ᠵᠢᠨ ᠠᠵᠤ ᠦᠢᠯᠡᠳᠪᠦᠷᠢ ᠵᠢᠨ ᠺᠣᠮᠫᠠᠨᠢ ᠵᠢᠨ ᠤᠢ ᠮᠣᠳᠣᠨ ᠤ᠋ ᠦᠷ᠎ᠡ ᠪᠠ ᠴᠢᠬᠢ ᠮᠣᠳᠣᠨ ᠤ᠋ ᠲᠥᠪ᠎ᠲᠤ᠌ 50 ᠵᠢᠨ ᠳᠠᠪᠠᠭ᠎ᠠ ᠵᠢ ᠳᠠᠪᠠᠵᠤ ᠪᠠᠢᠭ᠎ᠠ ᠸᠠᠩ ᠼᠦᠢ ᠯᠢ ᠴᠠᠢᠷᠠᠬᠤ ᠴᠠᠰᠤᠨ ᠳ᠋ᠦ ᠨᠤᠭᠤᠭᠠᠷᠠᠨ ᠬᠦᠭᠡᠷᠡᠬᠦ ᠤᠯᠠᠭᠠᠨ ᠨᠠᠷᠠᠰᠤᠨ ᠰᠢᠭᠤᠢ ᠵᠢ ᠰᠢᠷᠳᠡᠵᠤ᠂ ᠣᠮᠣᠭ᠍ᠰᠢᠨ ᠪᠠᠬᠠᠳᠤᠵᠤ᠂ ᠬᠢᠮᠠᠭᠠᠳᠠᠨ ᠬᠠᠢᠷᠠᠯᠠᠬᠤ ᠁ ᠬᠠᠮᠤᠭ ᠰᠡᠳᠬᠢᠯ ᠤ᠋ᠨ ᠳᠤᠬᠳᠤᠯᠤᠯ ᠵᠢᠠᠨ ᠳᠠᠷᠤᠵᠤ ᠶᠠᠳᠠᠨ᠎ᠠ᠂ ᠡᠨᠡ ᠪᠤᠯ ᠤᠢ ᠱᠢᠭᠤᠢ ᠵᠢᠨ ᠠᠵᠢᠯᠳᠠᠨ ᠤ᠋ ᠬᠠᠮᠤᠭ ᠤ᠋ᠨ ᠪᠣᠷᠣᠭ᠍ᠵᠢᠭᠤᠨ ᠬᠠᠢᠷ᠎ᠠ ᠪᠣᠯᠣᠨ᠎ᠠ᠃

ᠤᠷᠤᠰ ᠨᠤᠳᠤᠭ ᠲᠠᠢ ᠱᠢᠪᠧᠷᠢᠶ᠎ᠠ ᠵᠢᠨ ᠤᠯᠠᠭᠠᠨ ᠨᠠᠷᠠᠰᠤ ᠥᠪᠥᠷ ᠮᠣᠩᠭᠤᠯ ᠤ᠋ᠨ ᠶᠡᠭᠡ ᠬᠢᠩᠭᠠᠨ ᠳᠠᠪᠠᠭ᠎ᠠ ᠵᠢᠨ ᠱᠢᠭᠤᠢᠲᠤ ᠣᠷᠣᠨ ᠳ᠋ᠦ᠍ ᠦᠨᠳᠦᠰᠦ ᠬᠠᠳᠭᠤᠨ ᠤᠷᠭᠤᠵᠤ ᠪᠠᠢᠬᠤ ᠪᠣᠯ ᠭᠠᠢᠬᠠᠮᠱᠢᠭ᠍ᠲᠤ ᠶᠠᠪᠤᠳᠠᠯ ᠪᠤᠯᠬᠤ ᠶᠤᠮ᠃ ᠡᠨᠡ ᠬᠦ᠌ ᠭᠠᠢᠬᠠᠮᠱᠢᠭ ᠲᠦ᠍ ᠸᠠᠩ ᠼᠦᠢ ᠯᠢ ᠵᠢᠨ ᠬᠠᠯᠠᠭᠤᠨ ᠵᠤᠷᠢᠭ ᠪᠠ ᠬᠠᠳᠠᠭᠤ ᠪᠠᠷᠢᠮᠲᠠᠯᠠᠯ ᠵᠢᠴᠢ ᠲᠡᠭᠦᠨ ᠤ᠋ ᠵᠤᠷᠢᠭᠤᠯᠤᠬᠰᠠᠨ ᠬᠠᠮᠤᠭ ᠤ᠋ᠨ ᠰᠠᠢᠨ ᠰᠠᠢᠬᠠᠨ ᠵᠠᠯᠠᠭᠤ ᠨᠠᠰᠤ ᠨᠢ ᠠᠭᠤᠯᠤᠬᠳᠠᠵᠤ ᠪᠠᠢᠳᠠᠭ ᠰᠠᠨ᠃

ᠸᠠᠩ ᠼᠦᠢ ᠯᠢ ᠪᠣᠯ ᠥᠪᠥᠷ ᠮᠣᠩᠭᠤᠯ ᠤ᠋ᠨ ᠤᠢ ᠱᠢᠭᠤᠢ ᠵᠢᠨ ᠠᠵᠤ ᠦᠢᠯᠡᠳᠪᠦᠷᠢ ᠵᠢᠨ ᠪᠦᠯᠦᠭ᠌ᠯᠡᠯ ᠤ᠋ᠨ ᠠᠷᠤ ᠭᠤᠣᠯ ᠤ᠋ᠨ ᠤᠢ ᠱᠢᠭᠤᠢ ᠵᠢᠨ ᠠᠵᠤ ᠦᠢᠯᠡᠳᠪᠦᠷᠢ ᠵᠢᠨ ᠺᠣᠮᠫᠠᠨᠢ ᠵᠢᠨ ᠤᠢ ᠮᠣᠳᠣᠨ ᠤ᠋ ᠦᠷ᠎ᠡ ᠪᠠ ᠴᠢᠬᠢ ᠮᠣᠳᠣᠨ ᠤ᠋ ᠲᠥᠪ ᠤ᠋ᠨ ᠳᠡᠳ᠋ ᠡᠷᠬᠢᠯᠡᠭ᠌ᠴᠢ ᠪᠥᠭᠡᠳ ᠱᠢᠪᠧᠷᠢᠶ᠎ᠠ ᠵᠢᠨ ᠤᠯᠠᠭᠠᠨ ᠨᠠᠷᠠᠰᠤᠨ ᠤ᠋ ᠤᠯᠤᠰ ᠤ᠋ᠨ ᠤᠢ ᠮᠣᠳᠣᠨ ᠤ᠋ ᠦᠷ᠎ᠡ ᠡᠳ᠋ ᠤ᠋ᠨ ᠡᠬᠢ ᠪᠠᠶᠠᠯᠢᠭ ᠤ᠋ᠨ ᠬᠥᠮᠥᠷᠭᠡ ᠵᠢᠨ ᠳᠡᠳ᠋ ᠡᠷᠬᠢᠯᠡᠭ᠌ᠴᠢ᠂ ᠨᠡᠩ ᠴᠤ᠌ ᠤᠢ ᠱᠢᠭᠤᠢ ᠵᠢᠨ ᠡᠵᠡᠩᠨᠡᠯᠲᠡ ᠵᠢᠨ ᠢᠨᠵᠧᠨᠧᠷᠢᠩ ᠤ᠋ᠨ ᠳᠡᠭᠡᠳᠦ ᠵᠡᠷᠭᠡ ᠵᠢᠨ ᠢᠨᠵᠧᠨᠧᠷ ᠪᠣᠯᠣᠨ᠎ᠠ᠃ ᠦᠷ᠎ᠡ ᠪᠠ ᠴᠢᠬᠢ ᠮᠣᠳᠣᠨ ᠤ᠋ ᠠᠵᠢᠯ᠎ᠢ 30 ᠭᠠᠷᠤᠢ ᠵᠢᠯ ᠬᠢᠵᠦ᠍᠂ ᠪᠦᠬᠦ᠌ ᠤᠯᠤᠰ ᠤ᠋ᠨ ᠤᠢ ᠱᠢᠭᠤᠢ ᠵᠢᠨ ᠱᠢᠰᠲ᠋ᠧᠮ ᠤ᠋ᠨ ᠬᠥᠳᠡᠯᠮᠦᠷᠢ ᠵᠢᠨ ᠵᠢᠱ᠌ᠢᠶᠡᠴᠢ᠂ ᠪᠦᠬᠦ᠌ ᠤᠯᠤᠰ ᠤ᠋ᠨ ᠤᠢ ᠱᠢᠭᠤᠢ ᠵᠢᠨ ᠵᠠᠯᠠᠭᠤᠴᠤᠳ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠠᠩᠨᠠᠯ ᠵᠡᠷᠭᠡ ᠤᠯᠠᠨ ᠢᠷᠠᠭᠤ ᠠᠯᠳᠠᠷ ᠢ᠋ ᠬᠦᠷᠳᠡᠵᠤ ᠦᠩᠭᠡᠷᠡᠵᠠᠢ᠃

2005 ᠣᠨ᠎ᠳᠤ ᠸᠠᠩ ᠼᠦᠢ ᠯᠢ ᠱᠢᠪᠧᠷᠢᠶ᠎ᠠ ᠵᠢᠨ ᠤᠯᠠᠭᠠᠨ ᠨᠠᠷᠠᠰᠤᠨ ᠤ᠋ ᠮᠡᠷᠭᠡᠵᠢᠯᠲᠡᠨ ᠤ᠋ ᠲᠤᠱᠢᠶᠠᠯ ᠢ᠋ ᠵᠠᠯᠭᠠᠨ ᠬᠠᠷᠢᠭᠤᠴᠠᠪᠠ᠃ ᠲᠤᠬᠠᠢ ᠵᠢᠨ ᠦᠶ᠎ᠡ ᠳ᠋ᠦ᠍ ᠪᠦᠬᠦ ᠰᠡᠳᠬᠢᠯ ᠪᠦᠬᠦ ᠵᠤᠷᠢᠭ᠎ᠵᠢᠡᠷ ᠠᠵᠢᠯᠯᠠᠨ᠂ ᠠᠯᠢᠪᠠ ᠴᠠᠭ ᠪᠠ ᠤᠶᠤᠨ ᠤᠬᠠᠭᠠᠨ ᠬᠦᠴᠤᠨ ᠴᠢᠳᠠᠯ᠎ᠢᠶᠠᠨ ᠱᠢᠪᠬᠠᠨ ᠰᠤᠳᠤᠯᠭᠠᠨ ᠬᠢᠨ᠎ᠠ ᠭᠡᠮᠡᠨ ᠲᠠᠷᠠ ᠡᠷᠴᠢ ᠵᠤᠷᠢᠭ᠎ᠵᠢᠡᠨ ᠬᠦᠪᠴᠢᠯᠡᠪᠠ᠃

ᠴᠢᠷᠮᠠᠢᠯᠭ᠎ᠠ ᠬᠥᠮᠥᠨ᠎ᠢ ᠭᠤᠮᠣᠳᠠᠭᠠᠬᠤ ᠦᠭᠡᠢ ᠭᠡᠳᠡᠭ ᠵᠢᠡᠷ ᠶᠠᠭ ᠢᠩᠭᠢᠵᠦ᠍ ᠳᠡᠮᠡᠴᠡᠭᠰᠡᠨ ᠤ᠋ ᠠᠴᠢ᠎ᠪᠠᠷ ᠱᠢᠪᠧᠷᠢᠶ᠎ᠠ ᠵᠢᠨ ᠤᠯᠠᠭᠠᠨ ᠨᠠᠷᠠᠰᠤ ᠵᠢ ᠵᠠᠯᠭᠠᠵᠤ ᠤᠷᠭᠤᠭᠤᠯᠤᠭᠰᠠᠨ ᠨᠤᠷᠮ᠎ᠠ 99% ᠡᠴᠡ ᠳᠡᠭᠡᠭ᠌ᠰᠢ ᠪᠣᠯᠵᠤ᠂ ᠤᠷᠭᠤᠯᠲᠠ ᠵᠢᠨ ᠬᠡᠮᠵᠢᠶ᠎ᠡ᠎ᠨᠢ 2 ᠲᠠᠬᠢᠨ ᠳᠡᠭᠡᠭ᠌ᠰᠢᠯᠡᠵᠦ᠍᠂ ᠲᠠᠷᠠᠭ᠎ᠠ ᠵᠢᠯ ᠤ᠋ᠨ ᠬᠢᠨᠢ ᠡᠳᠡᠭᠡᠷᠡᠯᠳᠡ ᠵᠢᠨ ᠨᠤᠷᠮ᠎ᠠ᠎ᠨᠢ 94%  ᠳ᠋ᠦ᠍ ᠬᠦᠷᠦᠭ᠌ᠰᠡᠨ ᠪᠠᠢᠨ᠎ᠠ᠃

ᠸᠠᠩ ᠼᠦᠢ ᠯᠢ ᠪᠣᠯᠣᠨ ᠤᠢ ᠱᠢᠭᠤᠢ ᠵᠢᠨ ᠠᠵᠢᠯᠳᠠᠨ ᠤ᠋ ᠤᠯᠠᠨ ᠵᠢᠯ ᠤ᠋ᠨ ᠴᠢᠷᠮᠠᠢᠯᠭ᠎ᠠ᠎ᠪᠠᠷ᠂ ᠣᠳᠣᠬᠠᠨ ᠪᠣᠯᠲᠠᠯ᠎ᠠ ᠱᠢᠪᠧᠷᠢᠶ᠎ᠠ ᠵᠢᠨ ᠤᠯᠠᠭᠠᠨ ᠨᠠᠷᠠᠰᠤᠨ ᠤ᠋ ᠬᠠᠮᠢᠶ᠎ᠠ ᠪᠦᠬᠦᠢ ᠮᠡᠷᠭᠡᠵᠢᠯ᠎ᠢ ᠥᠪᠥᠷ ᠮᠣᠩᠭᠤᠯ ᠤ᠋ᠨ ᠶᠡᠭᠡ ᠬᠢᠩᠭᠠᠨ ᠳᠠᠪᠠᠭ᠎ᠠ ᠵᠢᠨ ᠱᠢᠭᠤᠢᠲᠤ ᠣᠷᠣᠨ ᠳ᠋ᠦ᠍ ᠳᠡᠯᠭᠡᠷᠡᠭᠦᠯᠵᠦ᠍᠂ ᠱᠢᠪᠧᠷᠢᠶ᠎ᠠ ᠵᠢᠨ 1560 ᠭᠠᠷᠤᠢ ᠲᠦᠮᠡᠨ ᠰᠠᠭᠤᠷᠢ ᠤᠯᠠᠭᠠᠨ ᠨᠠᠷᠠᠰᠤᠨ ᠤ᠋ ᠴᠢᠬᠢ ᠵᠢ ᠪᠣᠢᠵᠢᠭᠤᠯᠵᠤ᠂ 13.5 ᠲᠦᠮᠡᠨ ᠰᠠᠭᠤᠷᠢ ᠴᠢᠬᠢ ᠮᠣᠳᠣ ᠵᠢ ᠵᠠᠯᠭᠠᠨ ᠪᠣᠢᠵᠢᠭᠤᠯᠵᠤ᠂ 20 ᠲᠦᠮᠡ ᠭᠠᠷᠤᠢ ᠮᠦ᠍ ᠤᠢ ᠮᠣᠳᠣ ᠵᠢ ᠣᠢᠵᠢᠭᠤᠯᠪᠠ᠃ ᠡᠭᠦᠨ ᠤ᠋ ᠬᠠᠮᠲᠤ᠌᠂ ᠸᠠᠩ ᠼᠦᠢ ᠯᠢ ᠨᠠᠩ ᠴᠤ᠌ ᠱᠢᠪᠧᠷᠢᠶ᠎ᠠ ᠵᠢᠨ ᠤᠯᠠᠭᠠᠨ ᠨᠠᠷᠠᠰᠤ ᠵᠢ ᠠᠮᠵᠢᠯᠲᠠ᠎ᠲᠠᠢ᠎ᠪᠠᠷ ᠣᠷᠣᠭᠤᠯᠤᠨ ᠠᠪᠴᠢᠷᠠᠬᠤ᠂ ᠤᠯᠤᠰ ᠤ᠋ᠨ ᠲᠠᠰ ᠤ᠋ᠨ ᠦᠷ᠎ᠡ ᠡᠳ᠋ ᠤ᠋ᠨ ᠡᠬᠢ ᠪᠠᠶᠠᠯᠢᠭ ᠤ᠋ᠨ ᠬᠥᠮᠥᠷᠭᠡ ᠵᠢ ᠪᠠᠢᠭᠤᠯᠬᠤ ᠳ᠋ᠦ᠍ ᠴᠢᠬᠤᠯᠠ ᠬᠤᠪᠢ ᠨᠡᠮᠡᠷᠢ ᠦᠵᠡᠭᠦᠯᠦᠭᠰᠠᠨ ᠪᠠᠢᠨ᠎ᠠ᠃

《ᠱᠢᠪᠧᠷᠢᠶ᠎ᠠ ᠵᠢᠨ ᠤᠯᠠᠭᠠᠨ ᠨᠠᠷᠠᠰᠤᠨ ᠤ᠋ ᠪᠦᠬᠦ ᠪᠡᠶ᠎ᠡ ᠨᠢ ᠪᠦᠷ ᠡᠷᠳᠡᠨᠢ ᠶᠤᠮ᠂ ᠣᠶ ᠮᠣᠳᠣᠨ ᠤ᠋ ᠪᠦᠲᠦᠴᠡ ᠵᠢ ᠰᠠᠢᠵᠢᠷᠠᠭᠤᠯᠵᠤ᠂ ᠮᠣᠳᠣᠨ ᠤ᠋ ᠲᠥᠷᠥᠯ ᠤ᠋ᠨ ᠪᠦᠷᠢᠯᠳᠦᠭᠦᠨ ᠢ᠋ ᠪᠠᠶᠠᠯᠢᠭ᠍ᠵᠢᠭᠤᠯᠵᠤ ᠴᠢᠳᠠᠳᠠᠭ᠂ ᠠᠵᠤ ᠠᠬᠤᠢ ᠵᠢᠨ ᠦᠷ᠎ᠡ ᠠᠱᠢᠭ᠂ ᠠᠮᠢ ᠠᠬᠤᠢ ᠵᠢᠨ ᠦᠷ᠎ᠡ ᠠᠱᠢᠭ ᠪᠠ ᠨᠡᠢᠭᠡᠮ ᠤ᠋ᠨ ᠦᠷ᠎ᠡ ᠠᠱᠢᠭ᠎ᠨᠢ ᠴᠥᠮ ᠮᠠᠰᠢ ᠰᠠᠢᠨ ᠪᠠᠢᠳᠠᠭ᠂ ᠲᠤᠭ᠎ᠠ ᠬᠡᠮᠵᠢᠶ᠎ᠡ ᠨᠢ ᠠᠷᠪᠢᠨ ᠪᠣᠯᠪᠠᠯ ᠠᠯᠲᠠ ᠮᠥᠩᠭᠦᠨ ᠠᠭᠤᠯᠠ ᠵᠢ ᠭᠠᠷᠭᠠᠵᠤ ᠠᠪᠬᠤ ᠪᠣᠯᠣᠨ᠎ᠠ!》 ᠭᠡᠵᠤ ᠱᠢᠪᠧᠷᠢᠶ᠎ᠠ ᠵᠢᠨ ᠤᠯᠠᠭᠠᠨ ᠨᠠᠷᠠᠰᠤᠨ ᠤ᠋ ᠠᠪᠴᠢᠷᠠᠬᠤ ᠰᠠᠢᠨ ᠰᠠᠢᠬᠠᠨ ᠢᠷᠡᠭᠡᠳᠦᠢ ᠵᠢ ᠪᠠᠷᠠᠯᠠᠬᠤ ᠪᠡᠷ ᠸᠠᠩ ᠼᠦᠢ ᠯᠢ ᠢᠲᠡᠭᠡᠯ ᠳᠡᠭᠦᠯᠳᠡᠷ᠂ ᠬᠦᠰᠡᠯ ᠳᠦᠭᠦᠷᠡᠩ ᠪᠢᠯᠡ᠃   (ᠭᠦᠸᠧ ᠸᠧᠢ ᠸᠧᠢ)


ᠸᠠᠩ ᠰᠢᠨ᠄ ᠬᠦᠳᠡᠭᠡ ᠲᠤᠰᠬᠤᠨ ᠤ᠋ ᠲᠦᠷᠭᠡᠨ ᠬᠦᠷᠭᠡᠯᠳᠡ ᠵᠢᠨ ᠬᠦᠴᠢᠷᠳᠠᠯ ᠢ᠋ ᠰᠢᠢᠳᠪᠦᠷᠢᠯᠡᠨ ᠬᠠᠷᠢᠭᠤᠴᠠᠯᠭ᠎ᠠ ᠡᠬᠦᠷᠭᠡᠯᠡᠨ ᠬᠠᠳᠠᠭᠤᠵᠢᠯᠳᠠᠢ ᠠᠵᠢᠯᠯᠠᠨ᠎ᠠ

                            

QQ截图20240122093735.png

                                                         ᠸᠠᠩ ᠰᠢᠨ


ᠠᠯᠠᠱᠠ ᠠᠢᠮᠠᠭ ᠤ᠋ᠨ ᠡᠵᠡᠨ᠎ᠡ ᠬᠤᠱᠢᠭᠤᠨ ᠤ᠋ ᠡᠪᠦᠯ ᠤ᠋ᠨ ᠥᠷᠯᠥᠭᠡ ᠳᠠᠰᠬᠢᠮ᠎ᠠ ᠭᠦᠢᠳᠡᠨ ᠪᠠᠢᠬᠤ ᠳ᠋ᠦ᠂ ᠥᠪᠥᠷ ᠮᠣᠩᠭᠤᠯ ᠤ᠋ᠨ ᠱᠦᠨ ᠹᠸᠩ ᠲᠦᠷᠭᠡᠨ ᠵᠦᠭᠡᠭᠡᠪᠤᠷᠢ ᠵᠢᠨ ᠬᠢᠵᠠᠭᠠᠷᠲᠤ ᠺᠣᠮᠫᠠᠨᠢ ᠵᠢᠨ ᠠᠯᠠᠱᠠ ᠵᠢᠨ ᠭᠤᠷᠪᠠᠳᠤᠭᠠᠷ ᠡᠵᠡᠩᠨᠡᠯᠲᠡ ᠵᠢᠨ ᠭᠠᠵᠠᠷ ᠤ᠋ᠨ ᠬᠥᠮᠥᠷᠭᠡ᠎ᠳᠤ ᠬᠠᠷᠢᠨ ᠬᠦᠢᠳᠡᠨ ᠤ᠋ ᠡᠷᠴᠢ ᠵᠢ ᠬᠠᠢᠬᠤᠷᠤᠯ ᠦᠭᠡᠢ ᠲᠦᠷᠭᠡᠨ ᠬᠦᠷᠭᠡᠯᠳᠡ ᠵᠢᠨ ᠠᠵᠢᠯᠳᠠᠳ ᠪᠠᠷᠠᠭ᠎ᠠ ᠪᠠᠭᠤᠯᠭᠠᠬᠤ᠂ ᠢᠯᠭᠠᠬᠤ᠂ ᠪᠠᠷᠠᠭ᠎ᠠ ᠬᠦᠷᠭᠡᠬᠦ᠌ ᠵᠡᠷᠭᠡ ᠠᠵᠢᠯ ᠨᠢ ᠡᠮᠬᠢ ᠵᠢᠷᠤᠮ ᠲᠠᠢ ᠶᠠᠪᠤᠭᠳᠠᠨ᠎ᠠ᠃

ᠡᠳᠦᠷ ᠪᠦᠷᠢ ᠎ᠵᠢᠨ ᠥᠷᠯᠥᠭᠡ ᠵᠢᠨ 7 ᠴᠠᠭ ᠡᠴᠡ ᠡᠮᠦᠨ᠎ᠡ᠂ 27 ᠨᠠᠰᠤᠲᠠᠢ ᠸᠠᠩ ᠱᠢᠨ ᠡᠵᠡᠩᠨᠡᠯᠲᠡ ᠵᠢᠨ ᠭᠠᠵᠠᠷ᠎ᠲᠤ ᠢᠷᠡᠵᠦ᠍᠂ ᠪᠠᠷᠠᠭ᠎ᠠ ᠢᠯᠭᠠᠨ ᠲᠡᠷᠭᠡᠨ ᠳ᠋ᠦ᠍ ᠲᠡᠭᠡᠭᠡᠵᠦ᠍᠂ ᠨᠢᠭᠡ ᠡᠳᠦᠷ ᠤ᠋ᠨ ᠠᠵᠢᠯ᠎ᠢᠶᠠᠨ ᠡᠬᠢᠯᠡᠭᠦᠯᠳᠡᠭ᠃ ᠡᠳᠦᠷ ᠬᠡᠳᠦᠢ ᠬᠦᠢᠳᠡᠨ ᠪᠠᠢᠬᠰᠠᠨ ᠴᠦ᠍ ᠸᠠᠩ ᠰᠢᠨ ᠤ᠋ ᠦᠵᠡᠬᠦ ᠪᠡᠷ᠂ ᠡᠪᠦᠯ ᠤ᠋ᠨ ᠴᠠᠭ ᠪᠣᠯ ᠦᠨᠡᠨ᠎ᠳᠡᠭᠡᠨ ᠮᠠᠰᠢ ᠲᠠᠭᠠᠲᠠᠢ ᠪᠠᠢᠳᠠᠭ᠂ ᠬᠠᠮᠤᠭ ᠤ᠋ᠨ ᠵᠦᠳᠡᠷᠡᠯᠲᠡᠢ᠎ᠨᠢ ᠬᠠᠪᠤᠷ ᠨᠠᠮᠤᠷ ᠤ᠋ᠨ ᠤᠯᠠᠷᠢᠯ᠂ ᠵᠠᠷᠢᠮ᠎ᠳᠠᠭᠠᠨ ᠡᠯᠡᠰᠦᠨ ᠱᠢᠭᠤᠷᠭ᠎ᠠ᠎ᠲᠠᠢ ᠠᠭᠤᠷ ᠠᠮᠢᠰᠭᠤᠯ ᠳ᠋ᠦ ᠠᠳᠡᠬᠢ ᠵᠢᠨ ᠦᠵᠡᠭᠳᠡᠴᠡ ᠲᠤᠢᠯ ᠤ᠋ᠨ ᠳᠣᠣᠷ᠎ᠠ ᠪᠣᠯᠳᠠᠭ᠂ ᠲᠡᠷᠭᠡᠨ ᠣᠷᠣᠢ ᠳᠡᠭᠡᠷ᠎ᠡ ᠤᠶᠠᠭ᠍ᠰᠠᠨ ᠲᠣᠮᠣ ᠵᠦᠢᠯ ᠤ᠋ᠨ ᠬᠦᠷᠭᠡᠯᠲᠡ ᠵᠢᠨ ᠪᠤᠳᠠᠰ ᠨᠢ ᠰᠠᠯᠬᠢᠨ ᠳ᠋ᠦ᠍ ᠰᠠᠵᠢᠯᠠᠨ ᠨᠠᠢᠭᠤᠨ᠎ᠠ᠂ ᠬᠦᠵᠦᠭᠦᠨ ᠤ᠋ ᠣᠷᠢᠶᠠᠯᠲᠠ ᠪᠡᠷ ᠤᠷᠢᠶᠠᠵᠤ ᠪᠠᠢᠬᠰᠠᠨ ᠴᠦ᠍ ᠡᠳᠦᠷᠵᠢᠨ ᠲᠤᠭᠤᠰᠤ ᠰᠢᠷᠤᠢ ᠠᠮᠳᠠᠯᠠᠬᠳᠠᠵᠤ ᠪᠠᠢᠳᠠᠭ᠃ ᠠᠭᠠᠬᠢᠮ᠎ᠠ ᠬᠠᠯᠠᠭᠤᠨ ᠠᠭᠠᠳᠠᠷ ᠪᠤᠷᠤᠭᠠᠨ ᠡᠰᠡᠬᠦᠯ᠎ᠠ ᠲᠠᠰᠬᠢᠮ᠎ᠠ ᠬᠦᠢᠳᠡᠨ ᠬᠦᠷ ᠴᠠᠰᠤᠨ᠎ᠳᠤ ᠸᠠᠡᠭ ᠰᠢᠨ ᠶᠠᠮᠠᠷ ᠶᠠᠩᠵᠤ ᠵᠢᠨ ᠠᠵᠢᠯ ᠤ᠋ᠨ ᠣᠷᠴᠢᠨ ᠲᠣᠭᠤᠷᠢᠨ ᠳ᠋ᠦ᠍ ᠪᠠᠢᠭ᠍ᠰᠠᠨ ᠴᠤ᠌  ᠱᠢᠷᠭᠠᠭᠤ ᠬᠢᠴᠢᠶᠡᠩᠭᠦᠢ᠂ ᠳᠡᠰᠪᠦᠷᠢ ᠳᠡᠪᠴᠢᠶᠡᠷᠢ ᠲᠠᠢ ᠠᠵᠢᠯᠯᠠᠵᠤ᠂ ᠲᠦᠷᠭᠡᠨ ᠬᠦᠷᠭᠡᠯᠳᠠ᠎ᠵᠢᠨ ᠪᠤᠭᠤᠳᠠᠯ᠎ᠢ ᠴᠠᠭ ᠲᠤᠬᠠᠢ᠎ᠳᠤᠨᠢ ᠬᠦᠷᠭᠡᠬᠦ᠎ᠵᠢ ᠪᠠᠳᠤᠯᠠᠭᠰᠠᠭᠠᠷ ᠢᠷᠡᠵᠠᠢ᠃ ᠣᠳᠣᠬᠠᠨ᠎ᠳᠤ ᠲᠡᠭᠦᠨ ᠤ᠋ ᠡᠳᠦᠷ ᠪᠦᠷᠢ ᠵᠢᠨ ᠬᠦᠷᠭᠡᠵᠦ᠍ ᠪᠠᠢᠭ᠎ᠠ ᠵᠦᠢᠯ᠎ᠨᠢ100 ᠭᠠᠷᠤᠢ ᠪᠠᠢᠵᠤ᠂ ᠰᠠᠷ᠎ᠠ ᠵᠢᠨ ᠬᠦᠷᠭᠡᠵᠦ᠍ ᠪᠠᠢᠭ᠎ᠠ ᠬᠡᠮᠵᠢᠶ᠎ᠡ᠎ᠨᠢ ᠳᠤᠮᠳᠠᠴᠢ᠎ᠪᠠᠷ 3000 ᠭᠠᠷᠤᠢ ᠬᠦᠷᠴᠤ ᠪᠠᠢᠨ᠎ᠠ᠃

2023 ᠣᠨ ᠤ᠋ ᠤᠯᠤᠰ ᠤ᠋ᠨ ᠪᠠᠶᠠᠷ ᠤ᠋ᠨ ᠠᠮᠠᠷᠠᠯᠲᠠ᠎ᠳᠤ᠂ ᠡᠵᠡᠨ᠎ᠡ ᠬᠤᠱᠢᠭᠤᠨ ᠤ᠋ ᠡᠨᠡ ᠬᠦ᠌ ᠵᠢᠵᠢᠭ ᠬᠤᠲᠠ᠎ᠨᠢ ᠦᠵᠡᠰᠭᠦᠯᠡᠩᠲᠦ ᠰᠠᠢᠬᠠᠨ ᠲᠣᠣᠷᠠᠢ ᠵᠢᠨ ᠣᠶ᠎ᠠᠴᠠ ᠪᠣᠯᠵᠤ ᠪᠥᠬᠦ᠌ ᠤᠯᠤᠰ ᠤ᠋ᠨ ᠠᠩᠬᠠᠷᠤᠯ ᠳ᠋ᠦ ᠬᠦᠷᠦᠭᠰᠡᠨ ᠶᠤᠮ᠃ ᠡᠨᠡ᠎ᠨᠢ ᠮᠥᠨ ᠴᠦ᠍ ᠲᠤᠬᠠᠢ ᠵᠢᠨ ᠭᠠᠵᠠᠷ ᠤ᠋ᠨ ᠲᠠᠷᠢᠶᠠᠯᠠᠬᠤ ᠡᠷᠦᠬᠡ ᠵᠢᠨ ᠬᠠᠮᠤᠭ ᠤ᠋ᠨ ᠶᠠᠭᠠᠷᠠᠯᠲᠠᠢ᠂ ᠬᠠᠮᠤᠭ ᠤ᠋ᠨ ᠣᠯᠠᠨ ᠪᠠᠷᠠᠭ᠎ᠠ ᠶᠠᠪᠤᠭᠤᠯᠬᠤ ᠴᠠᠭ ᠦᠶ᠎ᠡ ᠪᠣᠯᠣᠨ᠎ᠠ᠃ ᠲᠠᠷᠢᠶᠠᠯᠠᠬᠤ ᠡᠷᠦᠬᠡ ᠵᠢ ᠬᠠᠪᠰᠤᠷᠤᠨ ᠪᠠᠷᠠᠭ᠎ᠠ ᠵᠢ ᠴᠠᠭ ᠲᠤᠬᠠᠢ᠎ᠳᠤᠨᠢ ᠢᠯᠡᠭᠡᠬᠦ ᠵᠢᠨ ᠲᠥᠯᠥᠭᠡ᠂ ᠸᠠᠩ ᠱᠢᠨ ᠬᠠᠪᠰᠤᠷᠤᠨ ᠪᠣᠭᠤᠳᠠᠯᠯᠠᠵᠤ᠂ ᠬᠤᠷᠢᠶᠠᠨ ᠠᠪᠴᠤ᠌᠂ ᠪᠠᠷᠠᠭ᠎ᠠ ᠲᠡᠭᠡᠭᠡᠪᠦᠷᠢᠯᠡᠬᠦ᠌ ᠳ᠋ᠦ᠍ ᠬᠠᠪᠰᠤᠷᠳᠠᠭ᠃ ᠲᠡᠷᠡ᠄ 《ᠴᠠᠭᠠᠨ ᠭᠤᠶᠣᠣ ᠪᠣᠯᠣᠨ ᠤᠯᠠᠭᠠᠨ ᠭᠤᠶᠤᠤ ᠵᠡᠷᠭᠡ ᠬᠢᠲᠠᠳ ᠡᠮ ᠤ᠋ᠨ ᠮᠠᠲ᠋ᠧᠷᠢᠶᠠᠯ᠎ᠢ ᠲᠡᠭᠡᠭᠡᠪᠦᠷᠢᠯᠡᠨ ᠬᠦᠷᠭᠡᠬᠦ᠌᠎ᠳᠡᠭᠡᠨ ᠮᠠᠰᠢ ᠬᠢᠴᠢᠶᠡᠬᠦ᠌ ᠬᠡᠷᠡᠭ᠌ᠲᠡᠢ᠂ ᠪᠦᠷᠢᠨ ᠪᠦᠲᠦᠨ ᠪᠠ ᠬᠤᠭᠤᠷᠠᠭ᠍ᠰᠠᠨ ᠤ᠋ ᠦᠨ᠎ᠡ ᠵᠢᠨ ᠵᠥᠷᠢᠶ᠎ᠡ ᠮᠠᠰᠢ ᠶᠡᠭᠡ ᠶᠤᠮ᠂ ᠪᠢᠳᠡ ᠴᠢᠳᠠᠬᠤ ᠵᠢᠨ ᠬᠢᠷᠢ᠎ᠪᠠᠷ ᠲᠡᠳᠡᠨ᠎ᠢ ᠬᠠᠪᠰᠤᠷᠤᠨ ᠬᠤᠷᠣᠭ᠍ᠳᠠᠯ᠎ᠢ᠎ᠨᠢ ᠪᠠᠭᠠᠰᠭᠠᠬᠤ ᠵᠢᠨ ᠬᠠᠮᠲᠤ ᠪᠠᠷᠠᠭ᠎ᠠ᠎ᠶ᠋ᠢ᠎ᠨᠢ ᠲᠦᠷᠭᠡᠨ ᠢᠯᠡᠭᠡᠬᠦ ᠬᠡᠷᠡᠭ᠌ᠲᠡᠢ》 ᠭᠡᠨ᠎ᠠ᠃ ᠸᠠᠩ ᠱᠢᠨ᠎ᠤ ᠤᠢᠯᠠ ᠠᠵᠢᠯᠯᠠᠭ᠎ᠠ ᠨᠢ ᠲᠠᠳᠠᠭᠡᠷ ᠲᠠᠷᠢᠶᠠᠯᠠᠬᠤ ᠡᠷᠤᠭᠡ᠎ᠵᠢᠨ ᠰᠡᠳᠬᠢᠯ᠎ᠢ ᠲᠤᠭᠳᠤᠯᠤᠭᠤᠯᠤᠨ᠂ ᠡᠷᠡᠭᠡᠢ ᠬᠤᠷᠤᠭᠤ ᠭᠤᠵᠤᠢᠯᠭᠠᠨ ᠮᠠᠭᠳᠠᠵᠠᠭᠠᠨ᠎ᠠ ᠃

ᠸᠠᠩ ᠱᠢᠨ ᠺᠣᠮᠫᠠᠨᠢ ᠵᠢᠨ ᠲᠤᠬᠠᠢᠯᠠᠭ᠍ᠰᠠᠨ ᠠᠵᠢᠯ ᠤ᠋ᠨ ᠳᠠᠪᠠᠭᠤᠯᠢᠭ᠎ᠢᠶᠠᠨ ᠪᠠᠳᠠᠷᠠᠭᠤᠯᠵᠤ᠂ ᠲᠠᠷᠢᠶᠠᠯᠠᠬᠤ ᠡᠷᠦᠬᠡ ᠵᠢᠨ ᠲᠥᠯᠥᠭᠡ ᠦᠨᠡᠨ ᠬᠦ᠌ ᠪᠣᠳᠣᠯᠬᠢᠯᠠᠵᠤ᠂ ᠺᠣᠮᠫᠠᠨᠢ ᠪᠡᠨ ᠲᠤᠬᠠᠢ ᠵᠢᠨ ᠭᠠᠵᠠᠷ ᠤ᠋ᠨ ᠲᠠᠷᠢᠶᠠᠯᠠᠬᠤ ᠡᠷᠦᠬᠡ ᠵᠢᠨ ᠲᠦᠷᠭᠡᠨ ᠬᠦᠷᠭᠡᠬᠦ᠌ ᠵᠦᠢᠯ᠎ᠢ ᠬᠤᠷᠢᠶᠠᠨ ᠳᠠᠮᠵᠢᠭᠤᠯᠬᠤ ᠲᠡᠷᠢᠭᠦᠨ ᠰᠣᠩᠭᠤᠯᠲᠠ ᠪᠣᠯᠭᠠᠭ᠍ᠰᠠᠨ ᠪᠠᠢᠨ᠎ᠠ᠃ 《ᠪᠢ ᠥᠪᠡᠷ ᠤ᠋ᠨ ᠬᠢᠪᠡᠰᠦ ᠵᠣᠬᠢᠬᠤ ᠠᠵᠢᠯ᠎ᠢᠶᠠᠨ ᠯᠠ ᠬᠢᠵᠡᠢ᠂ ᠬᠤᠢᠱᠢᠳᠠ ᠪᠢ ᠦᠷᠭᠦᠯᠵᠢᠯᠡᠨ ᠴᠢᠷᠮᠠᠢᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠪᠤᠰᠤᠳ᠎ᠢ ᠬᠠᠪᠰᠤᠷᠴᠤ᠌᠂ ᠡᠵᠡᠨ᠎ᠡ ᠬᠤᠱᠢᠭᠤᠨ ᠤ᠋ ᠬᠥᠭ᠌ᠵᠢᠯᠲᠡ ᠳ᠋ᠦ᠍ ᠬᠦᠴᠦ᠍᠎ᠪᠠᠨ ᠡᠷᠭᠦᠨ᠎ᠡ》 ᠭᠡᠰᠡᠨ ᠸᠠᠩ ᠱᠢᠨ ᠤ᠋ ᠪᠣᠷᠣᠭ᠍ᠵᠢᠭᠤᠨ ᠦᠭᠡ ᠶᠠᠷᠢᠶ᠎ᠠ᠎ᠨᠢ ᠱᠢᠨ᠎ᠡ ᠴᠠᠭ ᠦᠶ᠎ᠡ ᠳ᠋ᠦ᠍ ᠬᠢᠯᠢ ᠬᠢᠵᠠᠭᠠᠷ ᠤ᠋ᠨ ᠭᠠᠵᠠᠷ ᠣᠷᠣᠨ ᠳ᠋ᠦ ᠪᠠᠳᠤ ᠦᠨᠳᠦᠰᠦᠯᠡᠬᠦ 《ᠲᠦᠷᠭᠡᠨ ᠬᠦᠷᠭᠡᠯᠲᠡ ᠵᠢᠨ ᠬᠠᠢᠷᠠᠯᠠᠯᠲᠠᠢ ᠠᠬ᠎ᠠ》  ᠵᠢᠨ ᠬᠦᠰᠡᠯ᠎ᠢ ᠢᠯᠡᠳᠭᠡᠵᠡᠢ᠃

ᠲᠦᠷᠭᠡᠨ ᠬᠦᠷᠭᠡᠯᠳᠠ᠎ᠵᠢᠨ ᠴᠠᠭᠴᠢ ᠴᠢᠨᠠᠷ ᠪᠠ ᠦᠷ᠎ᠠ ᠪᠦᠳᠤᠮᠵᠢᠳᠤ ᠴᠢᠨᠠᠷ᠎ᠤᠨ ᠲᠠᠰᠤᠷᠠᠯᠳᠠ ᠦᠭᠡᠢ ᠲᠡᠭᠡᠭᠰᠢᠯᠡᠬᠦ᠎ᠵᠢ ᠲᠠᠭᠠᠯᠳᠤᠨ᠂ ᠡᠵᠡᠨ᠎ᠠ ᠬᠤᠰᠢᠭᠤ᠎ᠵᠢᠨ ᠬᠢᠨ ᠨᠤᠳᠤᠭ᠎ᠤᠨ ᠤᠨᠴᠠ ᠭᠠᠷᠤᠯᠳᠠ ᠎ᠳᠠᠭᠠᠨ ᠲᠦᠰᠢᠭᠯᠡᠵᠤ᠂ ᠡᠯ᠎ᠠ ᠭᠠᠵᠠᠷ᠎ᠤᠨ ᠭᠡᠷᠡᠭᠯᠡᠭᠴᠢᠳ᠎ᠤᠨ ᠬᠦᠷᠢᠶᠠᠯᠠᠯ᠎ᠢ ᠬᠦᠷᠳᠡᠵᠤ᠂ ᠲᠠᠷᠠᠴᠢᠯᠠᠨ ᠭᠠᠳᠠᠨ᠎ᠠ ᠤᠷᠤᠨ᠎ᠤ ᠬᠠᠷᠢᠯᠴᠠᠭ᠎ᠠ ᠤᠯᠠᠮ ᠡᠴᠡ ᠤᠯᠠᠮ ᠨᠢᠬᠳᠠᠷᠠᠵᠠᠢ᠃ ᠸᠠᠩ ᠱᠢᠨ ᠴᠥ᠍ ᠲᠦᠷᠭᠡᠨ ᠬᠦᠷᠭᠡᠭ᠌ᠴᠢ ᠵᠢᠨ ᠠᠵᠢᠯ ᠤ᠋ᠨ ᠪᠠᠢᠷᠢ ᠳᠡᠭᠡᠷ᠎ᠡ ᠯᠠᠪᠳᠠᠭᠤᠨ ᠪᠠᠲᠤᠲᠠᠢ ᠠᠵᠢᠯᠯᠠᠵᠤ᠂ ᠬᠦᠨᠳᠦ ᠡᠭᠦᠷᠭᠡ ᠵᠢ ᠵᠣᠷᠢᠭ᠍ᠲᠠᠢ᠎ᠪᠠᠷ ᠡᠭᠦᠷᠭᠡᠯᠡᠵᠦ᠍᠂ ᠲᠦᠷᠭᠡᠨ ᠬᠦᠷᠭᠡᠯᠳᠠ ᠪᠠᠷ᠎ᠵᠢᠡᠨ ᠲᠦᠮᠡᠨ ᠤᠯᠠᠨ᠎ᠳᠠᠭᠠᠨ  ᠨᠡᠩ ᠥᠨᠳᠥᠷ ᠪᠦᠲᠦᠮᠵᠢᠲᠡᠢ᠂ ᠳᠥᠭᠦᠮ ᠳᠥᠲᠡ᠂ ᠴᠢᠨᠠᠷ ᠰᠠᠢᠲᠠᠢ᠂ ᠠᠮᠤᠷ ᠲᠦᠪᠱᠢᠨ ᠦᠢᠯᠡᠴᠢᠯᠡᠭᠡ ᠬᠠᠩᠭᠠᠨ᠎ᠠ᠃                (ᠳ᠋ᠢᠩ ᠨᠢᠩ)

(ᠲᠡᠮᠵᠢᠭᠰᠡᠨ ᠨᠢᠭᠡᠴᠢ᠄ ᠦᠪᠦᠷ ᠮᠤᠨᠭᠭᠤᠯ ᠎ᠤᠨ ᠢᠯᠢ ᠪᠤᠳᠠᠳᠤ ᠦᠢᠯᠡᠰ ᠎ᠤᠨ ᠪᠦᠯᠦᠭᠯᠡᠯ᠎ᠤᠨ ᠬᠤᠪᠢ ᠤᠷᠤᠭᠤᠯᠤᠭᠰᠠᠨ ᠬᠢᠵᠠᠭᠠᠷᠳᠤ  ᠺᠤᠮᠫᠠᠨᠢ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号