ᠬᠠᠳᠤᠨ ᠡᠮᠦᠰᠭᠦ ᠪᠠᠷ
2024-01-26 11:14:37
ᠵᠣᠬᠢᠶᠠᠭ᠍ᠴᠢ᠄
ᠬᠤᠨᠢᠴᠢᠨ ᠪᠠᠶᠠᠰᠭᠤᠯᠠᠩ
ᠣᠩᠱᠢᠭ᠍ᠰᠠᠨ ᠣᠳᠠᠭ᠎ᠠ᠄
★★★☆☆

《ᠲᠡᠷᠡ ᠵᠢᠯ᠎ᠤᠨ ᠡᠪᠦᠯ᠎ᠢᠶᠠᠷ ᠪᠠᠭ᠎ᠠ ᠬᠦᠢᠳᠡᠨ ᠣᠢᠷᠠᠳᠴᠤ ᠁ ᠴᠠᠭᠠᠰᠢ ᠭᠠᠷᠬᠤ᠎ᠳᠤ ᠭᠤᠣᠯ᠎ᠤᠨ ᠬᠤᠶᠠᠷ ᠬᠦᠪᠡᠭᠡ ᠵᠠᠢᠷ ᠭᠦᠶᠦᠵᠦ᠍ ᠪᠠᠢᠭ᠍ᠰᠠᠨ ᠶᠣᠮ᠃ ᠬᠡᠨ ᠮᠡᠳᠡᠯ᠎ᠡ᠂ ᠰᠦᠨᠢ ᠬᠠᠷᠢᠬᠤ᠎ᠳᠤ ᠪᠠᠢᠳᠠᠯ ᠤᠨᠳᠤᠤ ᠪᠤᠯᠤᠯ᠎ᠠ᠃ ᠭᠡᠷ᠎ᠤᠨ ᠪᠠᠭᠤᠷᠢ ᠬᠢᠷᠢ᠎ᠶ᠋ᠢᠨ ᠵᠠᠢᠷ ᠬᠦᠨᠳᠡᠯᠢᠳᠦᠭᠡᠳ ᠣᠩᠭᠤᠴᠠ ᠮᠦᠷᠭᠦᠴᠢᠬᠡᠬᠦ᠌ ᠱᠢᠬᠠᠵᠣ᠂ ᠲᠡᠷᠡ ᠳᠤᠮᠳᠠᠭᠤᠷ ᠪᠣᠯᠳᠠᠨ ᠵᠠᠢᠯᠠᠵᠣ》 ᠭᠡᠵᠦ᠍  ᠠᠪᠤ ᠮᠢᠨᠢ ᠬᠠᠭᠤᠴᠢᠯᠠᠬᠤ᠎ᠳᠤ ᠭᠠᠵᠠᠷ ᠵᠦᠢ᠎ᠶ᠋ᠢᠨ ᠬᠢᠴᠢᠶᠡᠯ᠎ᠳᠤ 《ᠤᠮᠠᠷᠠᠳᠤ ᠣᠷᠤᠨ᠎ᠤ ᠠᠷᠪᠠᠨ ᠬᠤᠶᠠᠳᠤᠭᠠᠷ ᠰᠡᠷ᠎ᠡ ᠬᠠᠮᠤᠭ᠎ᠤᠨ ᠬᠦᠢᠳᠡᠨ ᠪᠠᠢᠳᠠᠭ》 ᠭᠡᠵᠦ᠍ ᠰᠣᠷᠤᠭ᠍ᠰᠠᠨ᠎ᠢᠶᠠᠨ ᠪᠣᠳᠤᠵᠤ ᠣᠯᠳᠠᠭ᠃ ᠬᠠᠳᠣᠨ ᠭᠤᠣᠯ ᠶᠠᠭ ᠡᠨᠡ ᠦᠶ᠎ᠡ᠎ᠳᠤ ᠡᠮᠦᠰᠦᠨ᠎ᠡ᠃ ᠬᠦᠪᠡᠭᠡ᠎ᠨᠢ ᠵᠠᠢᠷᠮᠠᠭ᠍ᠳᠡᠨ᠂ ᠡᠬᠢᠯᠡᠭᠡᠳ ᠱᠢᠩᠭᠡᠨ᠂ ᠴᠦᠭᠡᠨ᠂ ᠵᠢᠵᠢᠭ ᠵᠠᠢᠷ ᠬᠦᠶᠦᠨ᠎ᠡ᠃ ᠠᠯᠭᠤᠷ᠎ᠢᠶᠠᠷ ᠦᠳᠭᠡᠷᠡᠨ ᠵᠠᠢᠷ ᠶᠡᠭᠡᠰᠴᠤ᠌ ᠪᠦᠯᠦᠭ ᠴᠦᠯᠦᠭ ᠪᠣᠯᠵᠤ᠂ ᠡᠳᠡᠭᠡᠷ ᠪᠦᠯᠦᠭ ᠴᠦᠯᠦᠭ ᠵᠠᠢᠷ ᠨᠡᠢᠯᠡᠬᠦ᠌᠎ᠳᠤ ᠬᠠᠳᠣᠨ ᠡᠮᠦᠰᠴᠢᠬᠡᠳᠡᠭ᠎ᠨᠢ ᠭᠠᠢᠬᠠᠯᠲᠠᠢ᠃ ᠠᠪᠤ ᠮᠢᠨᠢ ᠶᠠᠭ ᠡᠨᠡ ᠦᠶ᠎ᠡ᠎ᠳᠤ ᠬᠠᠷᠢᠬᠤ ᠭᠡᠵᠦ᠍᠂ ᠪᠢᠳᠡᠨ᠎ᠢ ᠦᠵᠡᠭᠦ᠌ ᠭᠡᠵᠦ᠍ ᠁ ᠠᠮᠢᠳᠤᠷᠠᠯ ᠮᠦᠨ ᠡᠢᠮᠦ᠍᠃

ᠪᠢ ᠪ᠊·ᠳᠠᠷᠢᠮ᠎ᠠ᠎ᠶ᠋ᠢᠨ 《ᠠᠭᠤᠯᠠ ᠣᠰᠤᠨ᠎ᠤ ᠠᠨᠢᠷ》᠎ᠢ᠋ ᠣᠩᠱᠢᠬᠤ ᠪᠦᠷᠢ ᠠᠪᠤ᠎ᠮᠢᠨᠢ᠂ ᠠᠪᠤ᠎ᠶ᠋ᠢᠨ ᠲᠡᠷᠡ ᠭᠤᠶ᠎ᠠ ᠣᠩᠭᠤᠴᠠ ᠰᠡᠳᠭᠢᠯ᠎ᠳᠤ ᠮᠢᠨᠢ ᠪᠠᠭᠤᠨ᠎ᠠ᠄

《ᠬᠦᠶᠢ ᠁ ᠪᠣᠷᠤᠭ᠎ᠠ ᠁  ᠳᠣᠷᠵᠢ ᠁ ᠡ! ᠣᠩᠭᠤᠴᠠ᠎ᠪᠠᠨ ᠭᠠᠷᠭᠠᠭᠠᠷᠠᠢ !》 ᠭᠡᠵᠦ᠍ ᠬᠤᠭᠤᠯᠠᠢ ᠮᠡᠳᠡᠨ ᠬᠠᠰᠭᠢᠷᠬᠤ᠎ᠳᠤ 《ᠭᠤᠷᠪᠠᠨ ᠭᠠᠰᠤᠨ᠎ᠠ》 ᠬᠠᠪᠢ᠎ᠶ᠋ᠢᠨ ᠠᠭᠤᠯᠠᠰ ᠴᠣᠣᠷᠢᠶ᠎ᠠ ᠬᠠᠳᠠᠭᠠᠨ ᠲᠦᠷᠢᠵᠦ᠍᠂ ᠰᠣᠮᠣ᠎ᠶ᠋ᠢᠨ ᠬᠢᠨ᠎ᠳᠤ ᠲᠣᠳᠤᠬᠠᠨ ᠰᠣᠨᠣᠰᠤᠭ᠍ᠳᠠᠨ᠎ᠠ᠃ ᠤᠳᠠᠯ ᠦᠭᠡᠢ ᠰᠣᠮᠣ᠎ᠶ᠋ᠢᠨ ᠲᠦᠪ᠎ᠤᠨ ᠨᠢᠭᠤᠷ᠎ᠤᠨ ᠭᠤᠳᠤᠮᠵᠢ᠎ᠠᠴᠠ ᠴᠣᠣ ᠶᠠᠩᠪᠣᠣ ᠴᠠᠮᠴᠠ᠂ ᠣᠯᠠᠭᠠᠨ ᠬᠦᠷᠡᠩ ᠳᠠᠯᠢᠩᠪᠤᠨ ᠦᠮᠦᠳᠦ᠍᠎ᠲᠠᠢ ᠦᠨᠳᠦᠷ ᠬᠦᠭᠡ ᠡᠪᠦᠭᠡᠨ ᠨᠢᠴᠦᠬᠦᠨ ᠬᠦᠯ᠎ᠤᠨ᠎ᠢᠶᠠᠨ ᠱᠢᠯᠪᠢ᠎ᠶ᠋ᠢ ᠭᠢᠯᠠᠯᠵᠠᠭᠤᠯᠣᠨ ᠰᠠᠯ ᠰᠠᠯ ᠱᠣᠭ᠍ᠰᠢᠵᠣ ᠣᠳᠤᠨ᠎ᠠ᠃ ᠡᠨᠡ ᠵᠣᠬᠢᠶᠠᠯ᠎ᠳᠤ ᠭᠠᠷᠳᠠᠭ 《ᠪᠣᠷᠤᠭ᠎ᠠ ᠲᠣᠷᠵᠢ》 ᠱᠢᠭ᠋ ᠠᠪᠤ ᠮᠢᠨᠢ ᠡᠢᠮᠦ᠍ ᠪᠠᠢᠭ᠎ᠠ ᠦᠭᠡᠢ ᠴᠤ᠌ ᠁

ᠪᠠᠷᠠᠭᠤᠨ ᠲᠡᠭ᠌ᠷᠢ᠎ᠠᠴᠠ ᠪᠠᠭᠤᠬᠤ ᠱᠢᠭ᠋ ᠪᠣᠯᠳᠠᠭ ᠬᠠᠳᠣᠨ ᠭᠤᠣᠯ᠎ᠳᠤ ᠠᠪᠤ ᠮᠢᠨᠢ ᠣᠩᠭᠤᠴᠠᠴᠢᠨ ᠪᠠᠢᠭ᠍ᠰᠠᠨ ᠶᠣᠮ᠃ ᠵᠢᠯ᠎ᠤᠨ ᠳᠤᠷᠰᠢ ᠭᠤᠣᠯ ᠭᠠᠳᠣᠯᠬᠤ ᠬᠦᠮᠦᠰ᠎ᠢ ᠨᠠᠭᠠᠰᠢ ᠴᠠᠭᠠᠰᠢ ᠵᠦᠭᠡᠭᠡᠨ᠎ᠡ᠃ ᠪᠢ ᠠᠪᠤ᠎ᠶ᠋ᠢᠨ ᠰᠡᠯᠢᠭᠰᠡᠨ ᠤᠩᠭᠤᠴᠠᠨ᠎ᠳᠤ ᠨᠢᠭᠡ ᠤᠳᠠᠭ᠎ᠠ ᠰᠠᠭᠤᠭ᠍ᠰᠠᠨ᠎ᠢᠶᠠᠨ ᠲᠣᠳᠤ ᠰᠠᠨᠠᠵᠣ ᠪᠠᠢᠨ᠎ᠠ᠃ ᠣᠯᠠᠭᠠᠨ ᠬᠤᠭᠤᠷᠮᠠᠭ ᠪᠣᠯᠤᠭ᠍ᠰᠠᠨ ᠲᠣᠭ᠍ᠰᠢᠨ ᠣᠷᠤᠰᠭᠠᠯ᠎ᠢ ᠬᠦᠨᠳᠡᠯᠡᠨ ᠵᠦᠰᠦᠵᠣ ᠭᠤᠶ᠎ᠠ ᠣᠩᠭᠤᠴᠠ ᠬᠡᠯᠪᠡᠯᠵᠡᠨ ᠠᠶᠠᠯᠠᠬᠤ᠎ᠳᠤ ᠰᠠᠭᠤᠭ᠍ᠰᠠᠨ ᠬᠦᠮᠦᠰ᠎ᠤᠨ ᠲᠣᠯᠤᠭᠠᠢ ᠡᠷᠬᠢᠵᠦ᠍ ᠣᠭ᠍ᠰᠢᠨ᠂ ᠬᠠᠵᠠᠭᠤᠳᠠᠬᠢ᠎ᠪᠠᠨ ᠪᠠᠷᠢᠨ ᠨᠢᠳᠦ᠍᠎ᠪᠠᠨ ᠠᠨᠢᠬᠤ ᠳ᠋ᠤ᠌ ᠠᠪᠤ ᠡᠨᠡ ᠪᠦᠬᠦᠳᠡ᠎ᠶ᠋ᠢ ᠦᠯᠦ᠍ ᠲᠣᠭᠤᠨ᠎ᠠ᠃ ᠬᠤᠶᠠᠷ ᠵᠠᠯᠠᠭᠤᠷ᠎ᠢᠶᠠᠨ ᠪᠠᠷᠢᠵᠣ᠂ ᠳᠣᠭ᠍ᠳᠠᠭᠤᠬᠠᠨ ᠰᠡᠯᠢᠬᠦᠷᠳᠡᠨ᠎ᠡ᠂ ᠬᠦᠴᠦᠯᠡᠨ᠎ᠡ᠂ ᠵᠠᠯᠠᠨ᠎ᠠ᠃ ᠡᠢᠮᠦ᠍ ᠶᠡᠭᠡ ᠮᠣᠳᠤᠨ ᠣᠩᠭᠤᠴᠠ᠎ᠶ᠋ᠢ ᠭᠠᠭ᠍ᠴᠠᠬᠠᠨ ᠠᠪᠤ ᠮᠢᠨᠢ ᠯᠠ 《ᠵᠢᠯᠣᠭᠤᠳᠴᠣ ᠪᠠᠢᠨ᠎ᠠ》 ᠭᠡᠬᠦ᠌᠎ᠠᠴᠠ ᠲᠣᠯᠤᠭᠠᠢ᠎ᠪᠠᠨ ᠲᠡᠪᠡᠷᠢᠨ ᠰᠠᠭᠤᠭ᠍ᠰᠠᠨ ᠲᠡᠳᠡᠭᠡᠷ ᠬᠦᠮᠦᠰ ᠲᠤᠩ ᠦᠴᠦᠭᠡᠨ᠂ ᠬᠦᠭᠡᠷᠦᠬᠦᠢ ᠬᠠᠷᠠᠭ᠍ᠳᠠᠬᠤ ᠶᠣᠮ ᠳ᠋ᠠ᠃

ᠡᠵᠢ ᠬᠡᠳᠦᠨ ᠬᠡᠣᠬᠡᠳ᠎ᠲᠠᠢ᠎ᠪᠠᠨ ᠠᠪᠤ᠎ᠶ᠋ᠢᠨ ᠬᠠᠷᠢᠵᠦ᠍ ᠢᠷᠡᠬᠦ᠌ ᠴᠢᠮᠡᠭᠡ᠎ᠪᠠᠷ ᠰᠡᠳᠭᠢᠯ ᠲᠠᠢᠪᠣᠱᠢᠷᠠᠳᠠᠭ ᠭᠡᠰᠡᠨ᠃

ᠬᠠᠳᠣᠨ ᠬᠦᠯᠳᠡᠵᠦ᠍᠂ ᠬᠠᠭᠠᠷᠠᠭ᠍ᠰᠠᠨ ᠮᠦᠰᠦᠨ᠎ᠳᠤ ᠴᠢᠬᠢ ᠲᠠᠯᠪᠢᠨ ᠴᠢᠩᠨᠠᠬᠤ᠎ᠳᠤ ᠣᠷᠤᠰᠭᠤ ᠴᠢᠮᠡᠭᠡ᠎ᠨᠢ ᠪᠦᠣᠷ ᠲᠦᠣᠷ᠃ ᠭᠤᠣᠯ᠎ᠤᠨ ᠣᠷᠤᠰᠭᠠᠯ ᠪᠣᠯ ᠲᠡᠭᠦᠨ᠎ᠤ ᠠᠮᠢᠰᠭᠤᠭ᠎ᠠ᠎ᠨᠢ ᠶᠣᠮ᠃ ᠭᠤᠣᠯ᠎ᠨᠢ ᠳᠠᠰᠤᠷᠠᠳᠠᠭ ᠦᠭᠡᠢ ᠠᠵᠢ᠃ ᠡᠢᠮᠦ᠍ ᠡᠳᠦᠷ ᠬᠤᠨᠤᠭ ᠮᠦᠩᠭᠡ ᠪᠠᠢᠭᠠᠰᠠᠢ ᠬᠡᠳᠡᠭ᠎ᠨᠢ ᠮᠢᠨᠦ᠍ ᠣᠨᠠᠭᠠᠨ ᠪᠠᠭ᠎ᠠ᠎ᠶ᠋ᠢᠨ ᠮᠦᠷᠦᠭᠡᠳᠦᠯ᠃ ᠰᠠᠯᠬᠢᠯᠠᠬᠤ᠎ᠠᠴᠠ ᠠᠶᠣᠨ᠎ᠠ᠂ ᠴᠠᠰᠣ ᠣᠷᠤᠬᠤ᠎ᠶ᠋ᠢ ᠯᠡ ᠬᠦᠰᠡᠨ᠎ᠡ᠃ ᠲᠡᠭᠡᠪᠡᠯ ᠠᠪᠤ ᠪᠢᠳᠠᠨ᠎ᠢ ᠰᠡᠷᠡᠬᠦ᠌᠎ᠠᠴᠠ ᠣᠷᠢᠳᠠᠢ ᠶᠠᠪᠣᠬᠤ ᠦᠭᠡᠢ᠂ ᠣᠨᠳᠠᠭ᠍ᠰᠠᠨ ᠬᠤᠢᠨ᠎ᠠ ᠢᠷᠡᠬᠦ᠌ ᠦᠭᠡᠢ᠃ ᠬᠡᠣᠭᠡᠳ ᠠᠪᠤ ᠡᠵᠢ ᠲᠠᠢ᠎ᠪᠠᠨ ᠲᠡᠩᠳᠡ ᠴᠤᠭ ᠪᠠᠢᠬᠤ᠎ᠶ᠋ᠢ ᠬᠦᠰᠡᠳᠡᠭ᠃ ᠴᠤᠭ᠎ᠲᠠᠭᠠᠨ ᠪᠠᠢᠬᠤ ᠪᠣᠯ ᠬᠡᠣᠬᠡᠳ ᠪᠣᠯᠤᠭ᠍ᠰᠠᠳ᠎ᠤᠨ ᠭᠡᠷ ᠪᠦᠯᠢ᠎ᠳᠤ ᠦᠭ᠌ᠬᠦ ᠬᠠᠮᠤᠭ᠎ᠤᠨ ᠦᠨᠳᠦᠰᠦᠨ᠂ ᠬᠠᠮᠤᠭ᠎ᠤᠨ ᠡᠷᠬᠢᠮ ᠱᠠᠭᠠᠷᠳᠠᠯᠭ᠎ᠠ᠃ ᠭᠡᠪᠡᠴᠦ᠍ ᠨᠡᠢᠭᠡᠮ ᠡᠢᠮᠦ᠍ ᠪᠠᠢᠬᠤ᠎ᠶ᠋ᠢ ᠦᠷᠦᠱᠢᠶᠡᠳᠡᠭ ᠦᠭᠡᠢ᠄ ᠨᠡᠢᠯᠡᠭᠦᠯᠦᠨ᠎ᠡ᠂ ᠰᠠᠯᠭᠠᠨ᠎ᠠ᠂ ᠪᠠᠰᠠ ᠨᠡᠢᠯᠡᠭᠦᠯᠦᠨ᠎ᠡ᠂ ᠪᠠᠰᠠ ᠰᠠᠯᠭᠠᠨ᠎ᠠ ᠁  ᠲᠣᠮᠤᠭ᠎ᠠ ᠦᠭᠡᠢ ᠪᠠᠭ᠎ᠠ ᠨᠠᠰᠣ ᠮᠢᠨᠢ ᠠᠪᠤ᠎ᠶ᠋ᠢᠨ ᠣᠩᠭᠤᠴᠠᠴᠢᠨ ᠪᠠᠢᠭ᠍ᠰᠠᠨ ᠲᠡᠣᠬᠡ᠎ᠲᠠᠢ ᠬᠠᠮᠳᠤ ᠬᠡᠢᠰᠦᠨ ᠣᠳᠴᠠᠢ᠃

2023 ᠤᠨ᠎ᠤ 12 ᠰᠠᠷ᠎ᠠ᠎ᠶ᠋ᠢᠨ 19᠎ᠳ᠋ᠦ ᠪᠢ 《ᠨᠠᠢᠷᠵᠢᠨ ᠬᠦᠭ᠌ᠵᠢᠮ᠎ᠤᠨ ᠨᠡᠭᠡᠭᠡᠯᠳᠡ᠎ᠶ᠋ᠢᠨ ᠰᠣᠨᠢᠨ ᠮᠡᠳᠡᠭᠡ ᠨᠡᠢᠲᠡᠯᠡᠬᠦ᠌ ᠬᠤᠷᠠᠯ》 ᠳ᠋ᠦ ᠣᠷᠤᠯᠴᠠᠬᠤ᠎ᠪᠠᠷ ᠬᠦᠭᠡᠬᠤᠳᠠ᠎ᠶ᠋ᠢ ᠵᠣᠷᠢᠯ᠎ᠠ᠃ ᠬᠠᠳᠣᠨ ᠭᠤᠣᠯ᠎ᠤᠨ ᠬᠦᠭᠦᠷᠭᠡ ᠬᠠᠷᠠᠭ᠍ᠳᠠᠪᠠ᠃ ᠪᠢ ᠵᠢᠯᠣᠭᠤᠴᠢ᠎ᠳᠤ ᠬᠠᠨᠳᠣᠨ᠄

《ᠵᠠᠮ᠎ᠤᠨ ᠬᠦᠪᠡᠭᠡ᠎ᠪᠠᠷ᠎ᠨᠢ ᠣᠳᠠᠭᠠᠨ ᠱᠢᠭ᠋ ᠶᠠᠪᠣᠵᠣ ᠪᠣᠯᠤᠨ᠎ᠠ ᠦᠦ?》 ᠭᠡᠵᠦ᠍ ᠬᠦᠰᠡᠪᠡ᠃

ᠠᠪᠤ᠎ᠶ᠋ᠢᠨ ᠮᠢᠨᠢ ᠣᠩᠭᠤᠴᠠ ᠰᠡᠯᠢᠵᠦ ᠡᠨᠡ ᠬᠦᠪᠡᠭᠡ᠎ᠠᠴᠠ ᠲᠡᠷᠡ ᠬᠦᠪᠡᠭᠡ ᠣᠷᠤᠭᠤ᠂ ᠲᠡᠷᠡ ᠬᠦᠪᠡᠭᠡ᠎ᠠᠴᠠ ᠡᠨᠡ ᠬᠦᠪᠡᠭᠡ ᠣᠷᠤᠭᠤ ᠢᠷᠡᠵᠦ᠍ ᠣᠴᠢᠬᠤ ᠬᠦᠮᠦᠰ᠎ᠢ ᠵᠦᠭᠡᠭᠡᠳᠡᠭ᠂ ᠰᠣᠭ᠍ᠳᠤᠭᠤ ᠱᠢᠯᠦᠭ᠌ᠴᠢ ᠯᠢ ᠪᠠᠢ᠎ᠠᠴᠠ 《ᠬᠠᠳᠣᠨ ᠭᠤᠣᠯ ᠲᠡᠭ᠌ᠷᠢ᠎ᠠᠴᠠ ᠪᠠᠭᠤᠮᠤᠢ》 ᠭᠡᠵᠦ᠍ ᠳᠠᠭᠤ ᠠᠯᠳᠠᠨ ᠱᠢᠯᠦᠭ᠌ᠯᠡᠳᠡᠭ ᠣᠯᠠᠭᠠᠨ ᠬᠠᠳᠣᠨ ᠮᠢᠨᠦ᠍ ᠡᠮᠦᠨ᠎ᠡ ᠳᠤᠳᠤᠷᠠᠯ᠎ᠠ᠃ ᠲᠡᠷᠭᠡᠨ᠎ᠤ ᠴᠣᠩᠬᠤ ᠪᠠᠷ ᠠᠪᠴᠣ ᠶᠠᠪᠣᠭ᠍ᠰᠠᠨ ᠰᠦ᠎ᠪᠠᠨ ᠡᠷᠭᠦᠯ᠎ᠡ᠃ ᠬᠤᠶᠠᠷ ᠢᠷᠮᠡᠭ᠎ᠨᠢ ᠵᠠᠢᠷᠳᠤᠵᠤ᠂ ᠭᠤᠣᠯ᠎ᠢᠶᠠᠷ ᠵᠠᠢᠷ ᠬᠦᠶᠦᠵᠡᠢ᠃ ᠣᠷᠤᠰᠭᠠᠯ᠎ᠨᠢ ᠣᠯᠠᠭᠠᠨ ᠬᠤᠭᠤᠷᠮᠠᠭ᠃ ᠬᠤᠶᠠᠷ ᠵᠣᠷᠪᠣᠰ ᠴᠠᠭᠠᠨ ᠵᠢᠷᠣᠭᠠᠰᠣ᠎ᠶ᠋ᠢ ᠮᠣᠷᠤᠢ ᠳᠠᠲᠠᠭᠠᠳ ᠲᠣᠮᠳᠠᠭᠤᠷ᠎ᠨᠢ ᠣᠯᠠᠭᠠᠨ ᠱᠢᠷᠣᠢ ᠠᠰᠭᠠᠵᠣ ᠲᠡᠭᠡᠬᠦᠷ᠎ᠨᠢ ᠪᠣᠭᠤᠳᠠᠢ᠎ᠶ᠋ᠢᠨ ᠬᠠᠯᠢᠰᠣ ᠰᠠᠴᠣᠴᠢᠬᠠᠭ᠍ᠰᠠᠨ ᠱᠢᠬ᠃ ᠦᠨᠳᠦᠷ᠎ᠠᠴᠠ ᠲᠣᠭᠤᠭ᠍ᠰᠢ ᠬᠠᠷᠠᠬᠤ᠎ᠳᠤ᠂ ᠲᠡᠷᠳᠡᠭᠡ ᠵᠦᠭ᠎ᠲᠤ ᠲᠡᠮᠡᠦᠯᠣᠨ᠂ ᠬᠦᠯᠳᠡᠬᠦ᠌᠎ᠠᠴᠠ ᠣᠷᠢᠳᠠᠢ ᠭᠠᠵᠠᠷ ᠳᠦᠬᠦᠶ᠎ᠡ ᠭᠡᠮᠡᠷ ᠬᠠᠯᠬᠢᠯᠠᠨ ᠣᠷᠤᠰᠭᠤ ᠣᠷᠤᠰᠭᠠᠯ ᠮᠢᠨᠦ᠍ ᠲᠦᠭᠡ᠎ᠳᠤ ᠪᠠᠭ᠍ᠳᠠᠵᠣ᠂ ᠵᠡᠭᠦᠨ ᠡᠷᠬᠢ᠎ᠠᠴᠠ ᠪᠠᠷᠠᠭᠤᠨ ᠡᠷᠭᠢ ᠣᠷᠤᠭᠤ ᠦᠰᠦᠷᠦᠭᠡᠳ ᠭᠠᠷᠴᠢᠬᠠᠮᠠᠷ ᠰᠠᠨᠠᠭ᠍ᠳᠠᠬᠤ ᠴᠤ᠌ ᠲᠡᠢᠮᠦ᠍ ᠪᠢᠰᠢ᠃

ᠡᠢᠮᠦ᠍ ᠭᠤᠣᠯ᠎ᠳᠤ ᠠᠪᠤ ᠮᠢᠨᠢ ᠁ ᠭᠡᠵᠦ᠍ ᠪᠣᠳᠤᠭ᠍ᠳᠠᠬᠤ᠎ᠪᠠᠷ ᠪᠢ ᠰᠠᠨᠠᠭ᠎ᠠ ᠠᠯᠳᠠᠨ᠂ ᠲᠡᠷᠭᠡᠨ᠎ᠤ 《ᠴᠢᠬᠢ》 ᠎ᠶ᠋ᠢ ᠨᠢᠳᠦ ᠢᠷᠮᠡᠯ ᠦᠭᠡᠢ ᠬᠠᠷᠠᠭ᠍ᠰᠠᠭᠠᠷ ᠪᠠᠢᠵᠦ᠍ ᠬᠤᠯᠠᠳᠠᠯ᠎ᠠ᠃ ᠲᠡᠷᠡ ᠦᠶ᠎ᠡ᠎ᠳᠤ ᠶᠢᠰᠦ ᠵᠢᠨ ᠬᠦᠢᠳᠡᠨ᠎ᠳᠤ ᠣᠩᠭᠤᠴᠠ ᠲᠠᠯᠪᠢᠳᠠᠭ ᠦᠭᠡᠢ᠂ ᠬᠦᠮᠦᠨ ᠠᠮᠢᠳᠠᠨ᠎ᠤ ᠬᠦᠯ ᠪᠣᠭᠤᠭ᠍ᠳᠠᠨ᠎ᠠ᠃ ᠵᠣᠷᠴᠢᠬᠤ ᠬᠦᠮᠦᠰ ᠣᠯᠠᠭᠠᠨ᠎ᠢᠶᠠᠷ ᠣᠷᠪᠠᠭ᠍ᠣ ᠭᠤᠣᠯ ᠣᠷᠤᠭᠤ ᠱᠢᠷᠳᠡᠨ᠄

《ᠡᠨᠡ ᠶᠡᠭᠡ ᠣᠰᠤ ᠬᠡᠵᠢᠶ᠎ᠡ ᠬᠦᠯᠳᠡᠳᠡᠭ ᠪᠣᠯ?》 ᠭᠡᠵᠦ᠍ ᠬᠦᠯᠢᠶᠡᠨ᠄

《ᠬᠠᠳᠣᠨ ᠡᠮᠦᠰᠪᠡ ᠦᠦ?》 ᠭᠡᠵᠦ᠍ ᠨᠢᠭᠡ ᠨᠢᠭᠡ᠎ᠠᠴᠠ᠎ᠪᠠᠨ ᠰᠣᠷᠠᠭ᠍ᠯᠠᠨ᠎ᠠ᠂ ᠭᠤᠣᠯ᠎ᠤᠨ ᠲᠠᠩ᠎ᠳᠤ 《ᠠᠮᠠᠷᠠᠨ ᠭᠡᠪᠳᠡᠬᠦ᠌》 ᠮᠣᠳᠤᠨ ᠣᠩᠭᠤᠴᠠ᠎ᠶ᠋ᠢ ᠬᠠᠷᠠᠨ ᠬᠠᠷᠠᠨ᠂ ᠰᠡᠳᠭᠢᠯ ᠮᠣᠬᠤᠨ᠎ᠠ᠃

ᠣᠯᠠᠷᠢᠯ᠎ᠤᠨ ᠡᠷᠬᠡ᠎ᠪᠠᠷ ᠬᠦᠢᠳᠡᠨ᠎ᠤ ᠡᠷᠴᠢ ᠴᠢᠩᠭᠠᠷᠠᠵᠣ᠂ ᠬᠠᠳᠣᠨ ᠡᠮᠦᠰᠭᠦ᠎ᠪᠠᠷ ᠵᠣᠷᠴᠢᠬᠤ ᠬᠦᠮᠦᠰ ᠮᠦᠰᠦᠨ ᠳᠡᠭᠡᠭᠦᠷ ᠭᠤᠣᠯ ᠭᠠᠳᠣᠯᠤᠨ᠎ᠠ᠃ ᠠᠪᠤ᠎ᠶ᠋ᠢᠨ ᠬᠦᠯᠭᠡ ᠲᠠᠩ (ᠭᠤᠣᠯ᠎ᠤᠨ ᠬᠦᠪᠡᠭᠡᠨ᠎ᠳᠠᠬᠢ ᠰᠠᠢᠷ᠎ᠲᠠᠢ ᠡᠯᠡᠰᠦ) ᠳᠡᠭᠡᠷ᠎ᠡ ᠤᠶᠠᠭ᠎ᠠ᠎ᠲᠠᠢ ᠪᠠᠢᠳᠠᠭ᠃

ᠭᠠᠵᠠᠷ ᠳᠡᠭ᠌ᠰᠢᠷᠡᠳᠡᠯ᠎ᠡ ᠪᠠᠭᠤᠭ᠍ᠰᠠᠨ ᠴᠠᠰᠣ ᠱᠢᠭᠤᠷᠴᠤ᠌᠂ ᠭᠤᠣᠯ᠎ᠤᠨ ᠬᠠᠷᠠᠵᠠ ᠬᠦᠪᠡᠭᠡ ᠢᠷᠮᠡᠭ᠎ᠢᠶᠠᠷ᠎ᠢᠶᠠᠨ ᠴᠢᠮᠡᠭ᠌ᠳᠡᠨ ᠪᠠᠪᠠᠭᠠᠷ ᠰᠠᠬᠠᠯ᠎ᠲᠠᠢ ᠭᠡᠱᠢᠭ᠌ᠳᠡᠯᠡᠢ ᠭᠤᠸᠠᠢ᠎ᠶ᠋ᠢᠨ ᠠᠮᠠ ᠱᠢᠭ᠋ ᠴᠠᠩᠳᠤᠨ᠎ᠠ᠃ ᠡᠨᠡ ᠴᠠᠩᠳᠤᠭ᠍ᠰᠠᠨ ᠠᠮᠠ᠎ᠪᠠᠷ ᠠᠭᠤᠷ ᠰᠠᠪᠰᠠᠨ᠂ ᠢᠷᠡᠵᠦ᠍ ᠣᠴᠢᠬᠤ ᠬᠦᠮᠦᠰ᠎ᠲᠤ ᠪᠠᠢᠭᠠᠯᠢ ᠲᠣᠬᠢᠶ᠎ᠠ ᠬᠠᠢᠷᠠᠯᠠᠨ᠎ᠠ᠃ ᠲᠡᠭ᠌ᠷᠢ᠎ᠠᠴᠠ ᠪᠠᠭᠤᠭ᠍ᠰᠠᠨ ᠮᠦᠰᠦᠨ ᠭᠤᠣᠯ ᠴᠠᠢᠪᠠᠭᠠᠷ ᠨᠠᠷᠠᠨ᠎ᠳᠤ ᠬᠡᠨ ᠨᠢᠭᠡ᠎ᠨᠢ ᠲᠠᠯ᠎ᠠ᠎ᠳᠤ ᠱᠢᠷᠠᠯᠠᠭ᠍ᠰᠠᠨ ᠮᠠᠭᠤ (ᠦᠩᠭᠡ ᠮᠠᠭᠤᠳᠠᠢ) ᠴᠠᠭᠠᠨ ᠬᠠᠳᠠᠭ ᠳᠡᠯᠬᠡᠵᠦ᠍ ᠲᠠᠯᠪᠢᠭᠠᠳ᠂ ᠮᠠᠷᠲᠠᠵᠣ ᠣᠷᠬᠢᠭᠠᠳ ᠶᠠᠪᠣᠴᠢᠬᠠᠭ᠍ᠰᠠᠨ ᠮᠡᠳᠦ᠃

ᠮᠢᠨᠦ᠍ ᠦᠵᠡᠬᠦ᠌ ᠳᠣᠰᠤᠮ ᠪᠣᠳᠤᠭ᠍ᠳᠠᠵᠣ᠂ ᠪᠣᠳᠤᠭ᠍ᠳᠠᠬᠤ ᠳᠣᠰᠤᠮ ᠦᠵᠡᠶ᠎ᠡ ᠭᠡᠵᠦ᠍ ᠰᠠᠨᠠᠭ᠍ᠳᠠᠭᠠᠳ ᠪᠠᠢᠳᠠᠭ ᠶᠠᠭᠤᠮ᠎ᠠ᠎ᠶ᠋ᠢᠨ ᠨᠢᠭᠡ ᠪᠣᠯ ᠪᠣᠷᠤᠳᠣᠬᠤᠢ᠎ᠶ᠋ᠢᠨ ᠲᠠᠯ᠎ᠠ᠎ᠪᠠᠷ ᠠᠭ᠍ᠰᠣᠮᠨᠠᠨ ᠦᠩᠭᠡᠷᠡᠳᠡᠭ ᠬᠠᠳᠣᠨ ᠭᠤᠣᠯ᠃ ᠬᠠᠳᠣᠨ ᠭᠤᠣᠯ ᠠᠪᠤ᠎ᠶ᠋ᠢᠨ ᠮᠢᠨᠢ ᠵᠠᠯᠠᠭᠤ ᠬᠠᠯᠠᠭᠤᠨ ᠨᠠᠰᠣ᠎ᠲᠠᠢ ᠣᠶᠠᠭᠠᠲᠠᠢ ᠪᠠᠢᠳᠠᠭ᠎ᠤᠨ᠎ᠬᠢ᠃ ᠲᠡᠨᠳᠡ ᠠᠪᠤ᠎ᠪᠠᠨ ᠵᠣᠪᠠᠭᠠᠭ᠍ᠰᠠᠨ ᠪᠠᠯᠴᠢᠷ ᠪᠠᠭ᠎ᠠ ᠨᠠᠰᠣᠨ᠎ᠤ ᠮᠢᠨᠢ ᠣᠩᠭᠤᠨ ᠳᠤᠷᠠᠳᠭᠠᠯ ᠪᠣᠢ᠃ ᠡᠨᠡ ᠣᠩᠭᠤᠨ ᠲᠣᠷᠠᠳᠭᠠᠯ᠎ᠢ ᠡᠶᠡᠷᠡᠭᠦᠯᠳᠡᠭ ᠨᠢ ᠣᠮᠠᠷᠠᠳᠤ᠎ᠶ᠋ᠢᠨ ᠵᠢᠭᠡᠬᠦᠨ ᠪᠣᠶᠣ ᠠᠶᠠᠷ ᠠᠶᠠᠷ ᠣᠨᠠᠬᠤ ᠴᠠᠰᠣ᠃ ᠴᠠᠰᠣ ᠣᠨᠠᠳᠠᠭ ᠡᠪᠦᠯ ᠰᠠᠭᠠᠳᠠᠬᠤ᠎ᠪᠠᠷ ᠬᠦᠯᠬᠡ ᠪᠠᠷᠢᠳᠠᠭ ᠠᠪᠤ ᠭᠡᠷ᠎ᠲᠤ ᠣᠶᠠᠭ᠍ᠳᠠᠨ᠎ᠠ᠃ ᠠᠩᠭ᠎ᠠ ᠬᠡᠣᠬᠡᠳ᠎ᠤᠨ ᠬᠠᠮᠤᠭ ᠰᠠᠢᠬᠠᠨ ᠴᠠᠭ ᠦᠶ᠎ᠡ ᠪᠣᠯ ᠠᠪᠤ ᠡᠵᠢ᠎ᠲᠠᠢ᠎ᠪᠠᠨ ᠴᠤᠭ ᠨᠠᠭᠠᠳᠭᠤ᠃ ᠡᠢᠮᠦ᠍ ᠴᠠᠭ᠎ᠲᠤ ᠯᠠ ᠪᠢᠳᠠ ᠴᠤᠭ ᠨᠠᠭᠠᠳᠤᠨ᠎ᠠ᠃ ᠲᠡᠭᠡᠬᠦ᠌᠎ᠳᠡᠭᠡᠨ ᠬᠠᠳᠤᠨ ᠲᠠᠢᠯᠬᠤ᠎ᠶ᠋ᠢ ᠠᠪᠤ ᠬᠠᠷᠠᠭᠤᠯᠳᠠᠨ᠎ᠠ᠃

ᠡᠬᠡ ᠭᠠᠵᠠᠷ᠎ᠢ ᠪᠦᠷᠬᠦᠵᠦ᠍᠂ ᠨᠠᠪᠰᠠᠢᠳᠠᠯ᠎ᠠ ᠣᠨᠠᠭ᠍ᠰᠠᠨ ᠶᠡᠭᠡ ᠴᠠᠰᠣ ᠯᠠ ᠬᠦᠮᠦᠰ᠎ᠤᠨ ᠭᠦᠯ᠎ᠢ ᠬᠤᠷᠢᠨ᠎ᠠ᠃ ᠠᠪᠤ᠎ᠶ᠋ᠢᠨ ᠮᠢᠨᠢ ᠬᠦᠯ᠎ᠢ ᠴᠤ᠌ ᠬᠤᠷᠢᠨ᠎ᠠ᠂ ᠮᠢᠨᠦ᠍ ᠲᠡᠷᠭᠡᠳᠡ᠂ ᠪᠢᠳᠠᠨ᠎ᠤ ᠳᠡᠷᠭᠡᠳᠡ ᠯᠡ ᠬᠤᠷᠢᠨ᠎ᠠ᠃

ᠨᠢᠭᠡ ᠡᠳᠦᠷ ᠴᠡᠴᠡᠷᠯᠢᠭ᠎ᠲᠤ ᠶᠠᠪᠣᠳᠠᠭ ᠬᠡᠣᠬᠡᠨ ᠮᠢᠨᠢ ᠨᠠᠳᠠ᠎ᠠᠴᠠ᠄

《ᠠᠪᠤ ᠶᠠᠮᠠᠷ ᠣᠯᠠᠷᠢᠯ᠎ᠳᠤ ᠬᠠᠮᠤᠭ᠎ᠤᠨ ᠬᠠᠢᠷᠠᠲᠠᠢ ᠶᠣᠮ?》 ᠭᠡᠵᠦ ᠠᠰᠠᠭᠤᠪᠠ᠃ ᠪᠢ᠄

《ᠡᠪᠦᠯ!》 ᠭᠡᠵᠦ᠍ ᠱᠢᠭᠤᠳ ᠬᠠᠷᠢᠭᠤᠯᠪᠠ᠃ ᠦᠬᠢᠨ ᠮᠢᠨᠢ ᠭᠠᠢᠬᠠᠵᠣ᠄

《ᠶᠠᠭᠠᠬᠢᠭᠠᠳ?》 ᠭᠡᠯ᠎ᠡ᠃ ᠬᠦᠮᠦᠰ ᠱᠢᠭ ᠬᠠᠪᠣᠷ᠂ ᠵᠣᠨ ᠭᠡᠵᠦ᠍ ᠬᠠᠷᠢᠭᠤᠯᠬᠤ ᠪᠠᠢᠬ᠎ᠠ ᠭᠡᠵᠦ᠍ ᠪᠣᠳᠤᠭ᠍ᠰᠠᠨ ᠪᠠᠢᠵᠦ᠍ ᠮᠡᠳᠡᠨ᠎ᠡ᠃

ᠪᠢ ᠬᠦᠨ ᠠᠮᠢᠰᠭᠤᠭ᠎ᠠ ᠠᠪᠣᠭᠠᠳ᠄ 《ᠪᠢᠳᠡ ᠡᠨᠡ ᠦᠶ᠎ᠡ᠎ᠳᠤ ᠠᠪᠤ᠎ᠲᠠᠢ᠎ᠪᠠᠨ ᠴᠤᠭ ᠪᠠᠢᠳᠠᠭ》 ᠭᠡᠳ ᠡᠪᠦᠭᠡ ᠶ᠋ᠢᠨ ᠬᠢᠨᠢ ᠲᠣᠬᠠᠢ ᠬᠠᠭᠤᠴᠢᠯᠠᠵᠣ ᠪᠢᠯᠡ᠃ ᠠᠯᠢ ᠴᠠᠭ᠎ᠲᠤ ᠲᠡᠷᠡ ᠴᠠᠭ᠎ᠤᠨ ᠬᠢᠨᠢ ᠲᠠᠯ᠎ᠠ᠎ᠪᠠᠷ ᠡᠭᠦᠰᠦᠭ᠌ᠰᠡᠨ ᠦᠯᠢᠭᠡᠷ᠎ᠢ ᠶᠠᠷᠢᠬᠤ᠎ᠳᠤ ᠬᠡᠣᠬᠡᠳ ᠬᠦᠯᠢᠶᠡᠨ ᠠᠪᠬᠤ᠎ᠳᠤ ᠢᠯᠡᠬᠦᠣ ᠳᠣᠬᠢᠷᠠᠮᠵᠢᠳᠠᠢ᠂ ᠢᠯᠡᠬᠦᠣ ᠣᠢᠯᠠᠭᠠᠮᠵᠢᠳᠠᠢ ᠪᠠᠢᠳᠠᠭ᠎ᠨᠢ ᠦᠨᠡᠨ᠃ ᠵᠣᠨ᠎ᠤ ᠠᠭᠠᠬᠢᠮ᠎ᠠ ᠦᠶ᠎ᠡ᠎ᠳᠤ ᠳᠠᠭᠠᠷᠠᠭ᠍ᠰᠠᠨ ᠣᠴᠢᠷ᠎ᠢᠶᠠᠨ ᠶᠠᠷᠢᠬᠤ᠎ᠳᠤ ᠰᠣᠨᠣᠰᠤᠭ᠍ᠰᠠᠨ ᠵᠠᠷᠢᠮ᠎ᠨᠢ ᠶᠠᠭᠠᠬᠢᠭ᠍ᠰᠠᠨ ᠰᠠᠢᠬᠠᠨ ᠶᠣᠮ ᠳ᠋ᠠ᠂ ᠲᠡᠷᠡ ᠰᠠᠢᠬᠠᠨ᠎ᠢᠶᠠᠨ ᠡᠳ᠋ᠯᠡᠬᠦ᠌ ᠪᠣᠶᠠᠨ ᠦᠭᠡᠢ ᠭᠡᠵᠦ᠍ ᠰᠦᠷᠬᠡᠣ ᠰᠡᠳᠭᠢᠬᠦᠢ᠎ᠲᠠᠢ ᠪᠣᠯᠳᠠᠭ ᠨᠢᠭᠡᠨ ᠴᠣ᠌ ᠪᠣᠢ ᠱᠢᠣ ᠳ᠋ᠠ᠃

ᠬᠦᠭᠡᠬᠤᠳᠠ᠎ᠠᠴᠠ ᠪᠣᠴᠠᠵᠣ ᠢᠷᠡᠭᠡᠳ᠂ ᠬᠤᠶᠠᠷᠬᠠᠨ ᠡᠳᠦᠷ᠎ᠲᠤ ᠬᠠᠳᠣᠨ ᠭᠤᠣᠯ᠎ᠢ ᠬᠤᠶᠠᠷ ᠤᠳᠠᠭ᠎ᠠ ᠲᠣᠭᠤᠯᠤᠭ᠍ᠰᠠᠨ ᠪᠢ ᠨᠠᠢᠵᠠ᠎ᠳᠠᠭᠠᠨ ᠣᠲᠠᠰᠣ ᠠᠪᠴᠣ᠄

《ᠨᠠᠮ᠎ᠠ᠎ᠳᠤ ᠬᠠᠳᠣᠨ ᠭᠤᠣᠯ ᠶᠠᠭᠠᠬᠢᠵᠦ᠍ ᠡᠮᠦᠰᠳᠡᠭ ᠲᠣᠬᠠᠢ ᠬᠡᠯᠡᠭᠡᠳ ᠦᠭ᠌ᠭᠦᠨ᠎ᠡ ᠦᠦ?》 ᠭᠡᠵᠦ᠍ ᠬᠦᠰᠡᠯ᠎ᠡ᠃ ᠣᠯᠠᠭᠠᠨ ᠬᠠᠳᠣᠨ᠎ᠤ ᠬᠦᠪᠡᠭᠡᠨ᠎ᠳᠤ ᠣᠢᠮᠦᠰᠦ ᠡᠯᠡᠭᠡᠭ᠌ᠰᠡᠨ ᠲᠡᠷᠡ᠎ᠪᠠᠷ ᠦᠵᠡᠵᠦ᠍ ᠬᠠᠷᠠᠭ᠍ᠰᠠᠨ ᠶᠠᠭᠤᠮ᠎ᠠ᠎ᠨᠢ ᠮᠢᠨᠦ᠍ ᠪᠠᠭ᠎ᠠ ᠨᠠᠰᠣᠨ᠎ᠳᠤ ᠣᠯᠤᠭ᠍ᠰᠠᠨ ᠣᠯᠵᠠ᠎ᠠᠴᠠ ᠬᠠᠪᠢ ᠦᠭᠡᠢ ᠲᠡᠭᠡᠷ᠎ᠡ ᠭᠡᠵᠦ᠍ ᠪᠣᠳᠤᠭ᠍ᠰᠠᠨ ᠶᠣᠮ᠄

《ᠪᠠᠭ᠎ᠠ ᠬᠦᠢᠳᠡᠨ ᠢᠷᠡᠬᠦ᠌᠎ᠶ᠋ᠢᠨ ᠵᠢᠭᠠᠬᠠᠨ ᠣᠷᠢᠳᠡᠢ ᠬᠠᠳᠣᠨ ᠡᠬᠢᠯᠡᠵᠦ᠍ ᠡᠮᠦᠰᠦᠨ᠎ᠡ᠃ ᠬᠠᠳᠣᠨ ᠡᠮᠦᠰᠭᠦ᠎ᠠᠴᠠ ᠣᠷᠢᠳᠠᠢ ᠵᠠᠢᠷᠯᠠᠨ᠎ᠠ᠃ ᠵᠠᠢᠷ᠎ᠨᠢ ᠬᠦᠶᠦᠭ᠌ᠰᠡᠭᠡᠷ᠂ ᠬᠦᠶᠦᠭ᠌ᠰᠡᠭᠡᠷ ᠁ ᠵᠠᠢᠷ᠎ᠨᠢ ᠡᠬᠢᠯᠡᠭ᠌ᠰᠡᠭᠡᠷ ᠵᠢᠭᠠᠬᠠᠨ ᠱᠢᠩᠭᠡᠨ ᠱᠢᠭ᠃ ᠲᠠᠰ ᠬᠡᠳᠡᠯ᠎ᠡ ᠬᠦᠢᠳᠡᠷᠡᠭ᠌ᠰᠡᠬᠡᠷ᠂ ᠮᠦᠨ ᠲᠡᠷᠡ᠂ ᠶᠠᠭᠤ᠎ᠨᠢ᠂ ᠵᠠᠢᠷ᠎ᠨᠢ ᠰᠦᠷᠡᠭᠡᠢ ᠣᠳᠠᠭᠠᠨ ᠶᠠᠪᠣᠭᠠᠳ ᠡᠬᠢᠯᠡᠴᠢᠬᠡᠨ᠎ᠡ᠃ ᠣᠷᠣᠰᠭᠠᠯ᠎ᠨᠢ ᠣᠳᠠᠭᠠᠱᠢᠷᠠᠵᠣ᠂ ᠲᠡᠭᠡᠭᠡᠳ ᠬᠦᠯᠳᠡᠴᠢᠬᠡᠨ᠎ᠡ》 ᠭᠡᠪᠡ᠃

ᠪᠠᠭ᠎ᠠ ᠬᠦᠢᠳᠡᠨ ᠪᠣᠯᠬᠤ᠎ᠳᠤ ᠣᠯᠠᠭᠠᠨ ᠬᠠᠳᠣᠨ ᠪᠠᠷᠠᠭᠤᠨ᠎ᠠᠴᠠ ᠵᠡᠬᠦᠨᠰᠢ᠎ᠪᠠᠨ ᠲᠡᠭ᠌ᠰᠢ ᠰᠠᠢᠬᠠᠨ ᠡᠮᠦᠰᠴᠢᠬᠡᠳᠡᠭ ᠠᠵᠢ᠃ ᠪᠣᠷᠤ ᠲᠠᠯ᠎ᠠ᠎ᠶ᠋ᠢᠨ ᠳᠤᠮᠳᠠᠭᠤᠷ ᠡᠯᠡᠭ᠌ᠳᠡᠵᠦ᠍᠂ ᠱᠢᠷᠠᠯᠠᠵᠣ ᠴᠠᠢᠭ᠍ᠰᠠᠨ ᠰᠠᠮᠪᠠᠢ ᠬᠠᠳᠠᠭ ᠳᠡᠯᠭᠡᠴᠢᠬᠡᠭ᠌ᠰᠡᠨ ᠱᠢᠭ ᠪᠣᠯᠳᠠᠭ ᠪᠠᠢᠪᠠ᠃ ᠬᠦᠢᠳᠡᠷᠡᠬᠦ᠌ ᠳᠣᠰᠤᠮ᠎ᠢᠶᠠᠨ ᠣᠷᠤᠭ᠍ᠰᠠᠨ ᠪᠣᠣᠷ᠎ᠠ ᠳᠣᠭ᠍ᠰᠢᠷᠠᠬᠤ᠎ᠳᠤ ᠬᠠᠳᠤᠨ ᠨᠣᠮᠤᠬᠠᠷᠠᠵᠣ ᠬᠦᠯᠳᠡᠭᠡᠳ᠂  ᠠᠪᠣᠷᠭᠤ ᠬᠦᠮᠦᠨ ᠪᠦᠭᠡ ᠨᠣᠢᠷᠰᠣᠬᠤ ᠠᠳᠠᠯᠢ ᠣᠯᠠᠭᠠᠨ ᠬᠦᠯᠳᠡᠨ ᠳᠡᠭᠡᠭᠦᠷ᠎ᠨᠢ ᠶᠠᠪᠣᠬᠤ᠎ᠳᠤ 《ᠰᠡᠷᠡᠳᠡᠭ》 ᠦᠭᠡᠢ᠃ ᠮᠠᠨ᠎ᠤ ᠨᠣᠳᠤᠭ᠎ᠤᠨ ᠬᠦᠮᠦᠰ ᠬᠠᠳᠣᠨ ᠭᠤᠣᠯ ᠬᠦᠯᠳᠡᠬᠦ᠌᠎ᠶ᠋ᠢ ᠡᠮᠦᠰᠦᠯ᠎ᠡ ᠭᠡᠬᠦ᠌᠎ᠳᠤ ᠭᠡᠰᠭᠦ᠎ᠶ᠋ᠢ ᠲᠠᠢᠯᠦᠯ᠎ᠠ ᠭᠡᠳᠡᠭ᠃ ᠲᠠᠢᠯᠬᠤ᠎ᠳᠤ ᠵᠡᠭᠦᠨ᠎ᠠᠴᠠ ᠪᠠᠷᠠᠭᠤᠨᠰᠢ᠎ᠪᠠᠨ ᠬᠡᠰᠴᠤ᠌᠂ ᠦᠳᠭᠡᠨ ᠵᠠᠢᠷ ᠬᠦᠶᠦᠨ᠎ᠡ᠃ ᠦᠳᠭᠡᠨ ᠵᠠᠢᠷ᠎ᠨᠢ ᠱᠢᠩᠭᠡᠷᠡᠨ  ᠰᠡᠢᠷᠡᠭ᠌ᠵᠢᠬᠦ᠌᠎ᠳᠤ ᠣᠷᠤᠰᠭᠠᠯ ᠱᠢᠷᠦᠬᠦᠰᠦᠨ  ᠲᠠᠷᠠᠭ᠎ᠠ᠎ᠨᠢ ᠵᠠᠢᠷ ᠦᠭᠡᠢ ᠪᠣᠯᠬᠤ᠎ᠳᠤ᠂ ᠪᠢᠳᠠᠨ᠎ᠤ ᠰᠡᠳᠭᠢᠯ᠎ᠳᠤ ᠬᠠᠷ᠎ᠠ ᠪᠠᠭᠤᠨ᠎ᠠ᠄

《ᠬᠦᠶᠢ ᠁ ᠪᠣᠷᠤᠭ᠎ᠠ ᠁ ᠳᠣᠷᠵᠢ ᠁ ᠡ! ᠣᠩᠭᠤᠴᠠ᠎ᠪᠠᠨ ᠭᠠᠷᠭᠠᠭᠠᠷᠠᠢ!》᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号