ᠵᠢᠱ᠌ᠢᠶᠡᠴᠢ ᠪᠣᠯ ᠥᠪᠥᠷ ᠮᠣᠩᠭᠣᠯ᠎ᠤᠨ ᠢᠷᠠᠭᠤ ᠠᠯᠳᠠᠷᠲᠤ ᠤᠯᠠᠮᠵᠢᠯᠠᠯ ᠮᠥᠨ᠃ 《ᠬᠠᠮᠤᠭ᠎ᠤᠨ ᠦᠡᠭ ᠰᠢᠮᠡᠯᠢᠭ ᠨᠤᠲᠤᠭᠪᠡᠯᠴᠢᠭᠡᠷ ᠵᠢᠡᠨ ᠰᠠᠨᠰᠠᠷ᠎ᠤᠨ ᠠᠶᠠᠯᠠᠯ ᠳ᠋ᠤ ᠵᠤᠷᠢᠭᠤᠯᠤᠭᠰᠠᠨ》᠂ 《ᠭᠤᠷᠪᠠᠨ ᠮᠢᠩᠭᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠬᠡᠭᠰᠠᠨ》᠂ 《ᠰᠡᠳᠭᠢᠯ ᠨᠢᠭᠡᠳᠦᠨ ᠬᠦᠴᠦ᠍ ᠪᠡᠨ ᠬᠠᠮᠲᠤᠳᠭᠠᠵᠤ ᠪᠤᠭᠤᠲᠤ᠎ᠶ᠋ᠢᠨ ᠪᠤᠯᠤᠳ ᠲᠡᠮᠤᠷ᠎ᠦᠨ ᠦᠢᠯᠡᠳᠪᠦᠷᠢ ᠵᠢ ᠪᠦᠳᠦᠭᠡᠨ ᠪᠠᠢᠭᠤᠯᠤᠭ᠍ᠰᠠᠨ》 ᠰᠡᠳᠬᠢᠯ ᠬᠦᠳᠡᠯᠭᠡᠮ᠎ᠡ ᠦᠯᠢᠭᠡᠷ ᠡᠲᠤᠬᠡ ᠪᠣᠯᠲᠠᠯ᠎ᠠ ᠠᠮᠠ ᠲᠠᠮᠵᠢᠨ ᠤᠯᠠᠮᠵᠢᠯᠠᠭᠲᠠᠭᠰᠠᠭᠠᠷ ᠁
ᠵᠢᠱ᠌ᠢᠶᠡᠴᠢ ᠪᠣᠯ ᠥᠪᠥᠷ ᠮᠣᠩᠭᠣᠯ᠎ᠤᠨ ᠢᠮᠠᠭ᠍ᠲᠠ᠎ᠶ᠋ᠢᠨ ᠬᠦᠰᠡᠯ ᠬᠥᠭᠡᠭᠡᠴᠡᠯᠳᠦᠯ ᠮᠥᠨ᠃ ᠡᠳᠦᠭᠡ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ ᠪᠠᠷ ᠪᠥᠲᠥᠭᠡᠨ ᠪᠠᠢᠭᠤᠯᠬᠤ ᠨᠢ ᠥᠪᠥᠷ ᠮᠣᠩᠭᠣᠯ᠎ᠤᠨ ᠬᠣᠶᠠᠷ ᠶᠡᠬᠡ ᠶᠠᠪᠤᠳᠠᠯ᠎ᠤᠨ ᠨᠢᠭᠡ ᠪᠣᠯᠵᠣ᠂ ᠦᠨᠳᠦᠰᠦᠲᠡᠨ᠎ᠨᠦᠭᠦᠳ᠎ᠦᠨ ᠺᠠᠳ᠋ᠷ ᠣᠯᠠᠨ ᠲᠦᠮᠡᠨ ᠱᠢᠨ᠎ᠡ ᠡᠭᠦᠷᠭᠡ ᠬᠠᠷᠢᠭᠤᠴᠠᠯᠭ᠎ᠠ᠎ᠶ᠋ᠢ ᠡᠭᠦᠷᠭᠡᠯᠡᠨ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠠᠮᠢᠳᠤᠯᠢᠭ ᠦᠶ᠋ᠯᠡᠳᠦᠯᠭᠡ᠎ᠳᠦ ᠢᠳᠡᠪᠬᠢᠲᠡᠶ ᠣᠷᠣᠯᠴᠠᠨ᠎ᠠ᠃
1 ᠰᠠᠷ᠎ᠠ᠎ᠶ᠋ᠢᠨ 29 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠭᠤᠷᠪᠠᠳᠤᠭᠠᠷ ᠬᠤᠭᠤᠴᠠᠭᠠᠨ᠎ᠤ ᠬᠣᠷᠢᠶ᠎ᠠ ᠵᠢᠨ ᠬᠣᠶᠠᠳᠤᠭᠠᠷ ᠬᠤᠷᠠᠯ ᠡᠬᠢᠯᠡᠪᠠ; 1 ᠰᠠᠷ᠎ᠠ᠎ᠶ᠋ᠢᠨ 30 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠬᠣᠶᠠᠳᠤᠭᠠᠷ ᠬᠤᠷᠠᠯ ᠡᠬᠢᠯᠡᠪᠡ᠃ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠪᠠᠷ ᠭᠤᠤᠯ ᠱᠢᠵᠢᠮ ᠪᠣᠯᠭᠠᠵᠤ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ᠎ᠶ᠋ᠢ ᠴᠢᠨᠠᠷ ᠰᠠᠢᠲᠠᠶ ᠪᠡᠶᠡᠯᠡᠭᠦᠯᠬᠦ ᠨᠢ ᠲᠥᠯᠥᠭᠡᠯᠡᠭ᠌ᠴᠢ ᠭᠡᠱᠢᠭᠦᠨ᠂ ᠲᠤᠰᠭᠠᠶ ᠮᠡᠷᠭᠡᠵᠢᠯᠲᠡᠨ ᠡᠷᠳᠡᠮᠲᠡᠳ᠎ᠦᠨ ᠬᠥᠭ᠌ᠵᠢᠶᠡᠨᠲᠡᠶ ᠶᠠᠷᠢᠯᠴᠠᠬᠤ ᠰᠡᠳᠦᠪ ᠪᠣᠯᠪᠠ᠃
ᠴᠠᠭ ᠦᠶ᠎ᠡ ᠵᠢᠨ ᠬᠦᠴᠦᠷᠭᠡᠭ ᠲᠠᠭᠤᠨ᠎ᠢ ᠴᠢᠪᠠᠬᠳᠠᠨᠠ
2023 ᠣᠨ᠎ᠤ 6 ᠰᠠᠷ᠎ᠠ᠎ᠳᠤ᠂ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ᠎ᠳᠤ ᠱᠢᠨᠵᠢᠯᠡᠨ ᠪᠠᠢᠴᠠᠭᠠᠬᠤ᠎ᠳᠠᠭᠠᠨ᠂ ᠠᠩᠬ᠎ᠠ ᠤᠳᠠᠭ᠎ᠠ 《ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠪᠣᠯ ᠱᠢᠨ᠎ᠡ ᠴᠠᠭ ᠦᠶ᠎ᠡ᠎ᠶ᠋ᠢᠨ ᠨᠠᠮ᠎ᠤᠨ ᠦᠨᠳᠦᠰᠦᠲᠡᠨ᠎ᠦ ᠠᠵᠢᠯ᠎ᠤᠨ ᠭᠣᠣᠯ ᠱᠢᠵᠢᠮ ᠮᠥᠨ᠂ ᠪᠠᠰᠠ ᠴᠤ᠌ ᠦᠨᠳᠦᠰᠦᠲᠡᠨ᠎ᠦ ᠭᠠᠵᠠᠷ ᠣᠷᠣᠨ᠎ᠤ ᠡᠯ᠎ᠡ ᠵᠦᠢᠯ᠎ᠦᠨ ᠠᠵᠢᠯ᠎ᠤᠨ ᠭᠣᠣᠯ ᠱᠢᠵᠢᠮ ᠮᠥᠨ》 ᠭᠡᠵᠦ᠍ ᠳᠤᠷᠠᠳᠴᠠᠢ᠃
7 ᠰᠠᠷ᠎ᠠ᠎ᠶ᠋ᠢᠨ 5 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶ᠋ᠢᠨ ᠠᠷᠪᠠᠨ ᠨᠢᠭᠡᠳᠦᠭᠡᠷ ᠬᠤᠭᠤᠴᠠᠭᠠᠨ᠎ᠤ ᠵᠢᠷᠭᠤᠳᠤᠭᠠᠷ ᠪᠥᠬᠥᠳᠡ ᠬᠤᠷᠠᠯ᠎ᠠᠴᠠ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶ᠋ᠢᠨ ᠲᠣᠭ᠍ᠲᠠᠭᠠᠯ》 ᠢ᠋ ᠬᠢᠨᠠᠨ ᠵᠥᠪᠯᠡᠵᠦ᠍ ᠪᠠᠲᠤᠯᠠᠪᠠ᠃ 《ᠲᠤᠯᠤᠭᠠᠨ ᠲᠠᠯ᠎ᠠ ᠪᠡᠷ ᠵᠢᠱ᠌ᠢᠶᠡᠴᠢ ᠪᠤᠯᠬᠤ》 ᠨᠢ ᠪᠥᠬᠥ᠌ ᠣᠷᠣᠨ᠎ᠤ ᠡᠯ᠎ᠡ ᠦᠨᠳᠦᠰᠦᠲᠡᠨ ᠡᠯ᠎ᠡ ᠡᠲᠡᠭᠡᠳ ᠤ᠋ᠨ ᠬᠢᠨᠳ᠋ᠤ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠳᠠᠢᠴᠢᠯᠠᠯᠲᠠ᠎ᠶ᠋ᠢᠨ ᠵᠠᠷᠯᠢᠭ ᠪᠠᠭᠤᠯᠭᠠᠪᠠ᠃
7 ᠰᠠᠷ᠎ᠠ᠎ᠶ᠋ᠢᠨ 31 ᠤ᠋ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶ᠋ᠢᠨ ᠬᠣᠷᠢᠶ᠎ᠠ ᠵᠢᠨ ᠲᠠᠪᠤᠳᠤᠭᠠᠷ ᠬᠤᠷᠠᠯ᠎ᠠᠴᠠ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ᠎ᠶ᠋ᠢ ᠠᠬᠢᠭᠤᠯᠬᠤ ᠲᠦᠷᠢᠮ》 ᠢ᠋ ᠪᠠᠲᠤᠯᠠᠵᠤ᠂ ᠠᠵᠤ ᠠᠬᠤᠶ᠎ᠶ᠋ᠢᠨ ᠪᠥᠲᠥᠭᠡᠨ ᠪᠠᠢᠭᠤᠯᠤᠯᠲᠠ᠂ ᠤᠯᠤᠰ ᠲᠥᠷᠥ᠎ᠶ᠋ᠢᠨ ᠪᠠᠢᠭᠤᠯᠤᠯᠲᠠ᠂ ᠰᠣᠶᠣᠯ᠎ᠤᠨ ᠪᠠᠢᠭᠤᠯᠤᠯᠲᠠ᠂ ᠨᠡᠢᠭᠡᠮ᠎ᠦᠨ ᠪᠠᠢᠭᠤᠯᠤᠯᠲᠠ᠂ ᠠᠮᠢ ᠠᠬᠤᠶ᠎ᠶ᠋ᠢᠨ ᠪᠣᠯᠪᠠᠰᠤᠨ᠎ᠤ ᠪᠠᠢᠭᠤᠯᠤᠯᠲᠠ ᠪᠣᠯᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ ᠵᠡᠷᠭᠡ ᠲᠠᠯ᠎ᠠ᠎ᠪᠠᠷ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ᠎ᠳᠤ ᠪᠥᠬᠥ᠌ ᠲᠠᠯ᠎ᠠ᠎ᠶ᠋ᠢᠨ ᠪᠠᠲᠤᠯᠠᠭ᠎ᠠ ᠬᠠᠩᠭᠠᠵᠠᠢ᠃
᠁
《ᠲᠣᠭ᠍ᠲᠠᠭᠠᠯ᠂ ᠲᠦᠷᠢᠮ᠂ ᠠᠷᠭ᠎ᠠ ᠬᠡᠮᠵᠢᠶ᠎ᠡ᠎ᠶ᠋ᠢ ᠵᠠᠯᠭᠠᠭ᠎ᠠ᠎ᠪᠠᠷ ᠨᠡᠢᠲᠡᠯᠡᠵᠦ᠍᠂ ᠣᠷᠣᠨ ᠳᠠᠶᠠᠭᠠᠷ᠎ᠢᠶᠡᠨ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠪᠠᠷ ᠭᠤᠤᠯ ᠱᠢᠵᠢᠮ ᠪᠣᠯᠭᠠᠵᠤ᠂ 〈ᠲᠤᠯᠤᠭᠠᠨ ᠲᠠᠯ᠎ᠠ ᠪᠡᠷ ᠵᠢᠱ᠌ᠢᠶᠡᠴᠢ ᠪᠣᠯᠬᠤ〉 ᠳᠡᠭᠡᠷ᠎ᠡ ᠠᠩᠬᠠᠷᠤᠯ᠎ᠢᠶᠠᠨ ᠲᠥᠪᠯᠡᠷᠡᠭᠦᠯᠦᠨ᠂ ᠵᠢᠱ᠌ᠢᠶᠡᠴᠢ᠎ᠶ᠋ᠢ ᠡᠯ᠎ᠡ ᠬᠦᠷᠢᠶ᠎ᠡ ᠴᠠᠷᠠᠭ᠎ᠠ᠂ ᠡᠯ᠎ᠡ ᠲᠠᠯ᠎ᠠ᠎ᠳᠤ ᠢᠯᠡᠷᠡᠭᠦᠯᠵᠦ᠍᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠦᠲᠥᠭᠡᠨ ᠪᠠᠢᠭᠤᠯᠬᠤ ᠬᠠᠮᠤᠭ᠎ᠤᠨ ᠬᠦᠴᠦᠷᠬᠡᠭ ᠲᠠᠭᠤᠨ᠎ᠢ ᠴᠢᠪᠬᠠᠳᠠᠨ᠎ᠠ》 ᠬᠡᠵᠤ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠨ᠂ ᠬᠥᠯᠥᠨ ᠪᠣᠢᠷ ᠬᠣᠲᠠ᠎ᠶ᠋ᠢᠨ ᠡᠷᠭᠦᠨ᠎ᠡ ᠬᠣᠲᠠ᠎ᠶ᠋ᠢᠨ ᠳᠡᠳ᠋ ᠳᠠᠷᠤᠭ᠎ᠠ ᠬᠡᠭᠡᠨ ᠬᠡᠯᠡᠪᠡ᠃
《ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠪᠣᠯ ᠥᠪᠥᠷ ᠮᠣᠩᠭᠣᠯ᠎ᠤᠨ ᠴᠢᠬᠤᠯᠠ ᠶᠡᠬᠡ ᠬᠠᠷᠢᠭᠤᠴᠠᠯᠭ᠎ᠠ ᠪᠠ ᠢᠷᠠᠭᠤ ᠠᠯᠳᠠᠷᠲᠤ ᠡᠭᠦᠷᠭᠡ ᠮᠥᠨ᠂ ᠪᠥᠬᠥ᠌ ᠣᠷᠣᠨ᠎ᠤ 2400 ᠭᠠᠷᠤᠶ ᠲᠦᠮᠡᠨ ᠦᠨᠳᠦᠰᠦᠲᠡᠨ᠎ᠨᠦᠭᠦᠳ᠎ᠦᠨ ᠺᠠᠳ᠋ᠷ ᠣᠯᠠᠨ ᠲᠦᠮᠡᠨ᠎ᠦ ᠬᠠᠮᠲᠤ᠎ᠶ᠋ᠢᠨ ᠦᠶ᠋ᠯᠡᠰ ᠮᠥᠨ᠂ ᠪᠢᠳᠡ ᠵᠠᠪᠠᠯ ᠤᠯᠤᠰ ᠲᠥᠷᠥ᠎ᠶ᠋ᠢ ᠡᠷᠬᠢᠮᠯᠡᠬᠦ᠌᠂ ᠶᠡᠬᠡ ᠲᠠᠯ᠎ᠠ᠎ᠶ᠋ᠢ ᠬᠠᠷᠠᠭᠠᠯᠵᠠᠬᠤ᠂ ᠡᠭᠦᠷᠭᠡ ᠬᠠᠷᠢᠭᠤᠴᠠᠯᠭ᠎ᠠ ᠵᠢ ᠡᠭᠦᠷᠭᠡᠯᠡᠬᠦ᠌ ᠲᠡᠯ᠎ᠠ ᠪᠡᠷ ᠦᠯᠢᠭᠡᠷ ᠵᠢᠱ᠌ᠢᠶᠡᠴᠢ ᠪᠤᠯᠬᠤ᠌ ᠬᠡᠷᠡᠭ᠌ᠲᠡᠶ》 ᠭᠡᠵᠦ᠍ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠂ ᠣᠩᠨᠢᠭᠤᠳ ᠬᠣᠱᠢᠭᠤᠨ᠎ᠤ ᠨᠠᠮ᠎ᠤᠨ ᠬᠣᠷᠢᠶ᠎ᠠ ᠵᠢᠨ ᠳᠡᠳ᠋ ᠱᠦᠵᠢ᠂ ᠬᠣᠱᠢᠭᠤᠨ ᠳᠠᠷᠤᠭ᠎ᠠ ᠮᠥᠩᠬᠡ ᠬᠡᠯᠡᠪᠡ᠃
ᠡᠷᠡᠮᠡᠭᠡᠢᠯᠡᠨ ᠤᠷᠤᠭᠰᠢᠯᠠᠬᠤ ᠢᠲᠡᠭᠡᠯ ᠵᠤᠷᠢᠭ ᠵᠢᠡᠨ ᠬᠦᠪᠴᠢᠯᠡᠨ᠎ᠡ
《ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠲᠣᠭ᠍ᠲᠠᠭᠠᠯ》 ᠳ᠋ᠤ᠂ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠶᠡᠬᠡ ᠶᠣᠰᠣ᠎ᠶ᠋ᠢ ᠲᠠᠨᠢᠬᠤ᠂ ᠶᠡᠬᠡ ᠲᠠᠯ᠎ᠠ᠎ᠶ᠋ᠢ ᠬᠠᠷᠠᠭᠠᠯᠵᠠᠬᠤ᠂ ᠬᠡᠪ ᠰᠤᠷᠲᠠᠯ᠎ᠢ ᠡᠷᠬᠢᠮᠯᠡᠬᠦ᠌᠂ ᠬᠤᠪᠢ ᠨᠡᠮᠡᠷᠢ ᠦᠵᠡᠭᠦᠯᠬᠦ᠌᠎ᠪᠡᠷ ᠴᠢᠷᠮᠠᠢᠬᠤ᠂ ᠬᠠᠷᠢᠭᠤᠴᠠᠯᠭ᠎ᠠ ᠡᠭᠦᠷᠭᠡᠯᠡᠬᠦ᠌ ᠡᠷᠬᠢᠮ ᠨᠠᠨᠳᠢᠨ ᠵᠠᠩ ᠴᠢᠨᠠᠷ᠎ᠢ ᠰᠠᠢᠲᠤᠷ ᠤᠯᠠᠮᠵᠢᠯᠠᠵᠤ᠂ ᠨᠠᠮ᠎ᠤᠨ ᠲᠥᠪ ᠬᠣᠷᠢᠶ᠎ᠠ᠎ᠠᠴᠠ ᠪᠠᠢᠷᠢᠯᠠᠭᠤᠯᠤᠭ᠍ᠰᠠᠨ ᠶᠤᠮ ᠪᠤᠯ᠂ ᠤᠯᠤᠰᠭᠡᠷ ᠲᠦ᠍ ᠬᠡᠷᠡᠭᠴᠡᠭᠡ ᠲᠠᠢ ᠯᠡ ᠶᠤᠮ ᠪᠤᠯ ᠡᠷᠡᠰ ᠰᠢᠭᠤᠷᠬᠠᠢ ᠪᠡᠷ ᠬᠢᠵᠦ᠍᠂ ᠳᠠᠷᠤᠢᠬᠠᠨ ᠬᠢᠵᠦ᠍᠂ ᠪᠣᠳᠠᠲᠠᠶ ᠠᠳᠭᠤᠵᠤ᠂ ᠠᠯᠢᠪᠠ ᠪᠦᠬᠦᠨ᠎ᠳᠦ ᠶᠡᠬᠡ ᠲᠠᠯ᠎ᠠ᠎ᠶ᠋ᠢ ᠳᠠᠭᠠᠵᠤ᠂ ᠶᠡᠬᠡ ᠲᠠᠯ᠎ᠠ᠎ᠳᠤ ᠦᠶ᠋ᠯᠡᠴᠢᠯᠡᠵᠦ᠍᠂ ᠶᠡᠬᠡ ᠲᠠᠯ᠎ᠠ᠎ᠶ᠋ᠢ ᠬᠠᠮᠠᠭᠠᠯᠠᠬᠤ ᠬᠡᠷᠡᠭ᠌ᠲᠡᠶ ᠭᠡᠵᠦ᠍ ᠵᠢᠭᠠᠵᠤ ᠭᠠᠷᠭᠠᠪᠠ᠃
《〈ᠲᠤᠯᠤᠭᠠᠨ ᠲᠠᠯ᠎ᠠ ᠪᠡᠷ ᠵᠢᠱ᠌ᠢᠶᠡᠴᠢ ᠪᠤᠯᠬᠤ〉 ᠪᠣᠯ ᠴᠥᠮ ᠥᠪᠥᠷ ᠮᠣᠩᠭᠣᠯ᠎ᠤᠨ ᠨᠥᠬᠥᠴᠡᠯ᠎ᠲᠡᠶ᠂ ᠴᠢᠳᠠᠪᠤᠷᠢ᠎ᠲᠠᠶ᠂ ᠬᠠᠷᠢᠭᠤᠴᠠᠯᠭ᠎ᠠ᠎ᠲᠠᠶ ᠬᠦᠷᠢᠶ᠎ᠡ ᠴᠠᠷᠠᠭ᠎ᠠ ᠪᠣᠯᠤᠨ᠎ᠠ᠂ ᠡᠨᠡ ᠪᠦᠬᠦᠨ ᠨᠢ ᠴᠥᠮ ᠥᠪᠥᠷ ᠮᠣᠩᠭᠣᠯ᠎ᠤᠨ ᠠᠯᠤᠰ ᠬᠡᠳᠤ᠎ᠶ᠋ᠢᠨ ᠬᠥᠭ᠌ᠵᠢᠯᠲᠡ᠎ᠲᠡᠶ ᠬᠣᠯᠪᠣᠭ᠍ᠳᠠᠨ᠎ᠠ᠃ ᠪᠢᠳᠡ ᠪᠦᠬᠦ᠌ ᠲᠠᠯ᠎ᠠ ᠪᠡᠷ ᠵᠢᠱ᠌ᠢᠶᠡᠴᠢ ᠪᠤᠯᠬᠤ ᠲᠠᠢ ᠵᠤᠬᠢᠴᠠᠬᠤ ᠤᠪᠤᠷ ᠰᠤᠷᠲᠠᠯ ᠪᠠ ᠡᠷᠴᠢ ᠵᠣᠷᠢᠭ᠎ᠢᠶᠠᠷ ᠨᠠᠢᠳᠠᠪᠤᠷᠢᠵᠢᠭᠤᠯᠤᠯᠲᠠ᠎ᠶ᠋ᠢ ᠠᠳᠭᠤᠵᠤ᠂ ᠴᠤᠭ ᠪᠠᠳᠠᠷᠠᠩᠭᠤᠢ ᠡᠷᠡᠮᠡᠭᠡᠢᠯᠡᠨ ᠤᠷᠤᠭ᠍ᠰᠢᠯᠠᠬᠤ ᠳᠦᠷᠰᠦ ᠪᠠᠢᠳᠠᠯ᠎ᠢᠶᠠᠷ ᠡᠯ᠎ᠡ ᠵᠦᠢᠯ᠎ᠦᠨ ᠠᠵᠢᠯ ᠦᠢᠯᠡᠰ᠎ᠦᠨ ᠬᠥᠭ᠌ᠵᠢᠯᠲᠡ᠎ᠶ᠋ᠢ ᠠᠬᠢᠭᠤᠯᠬᠤ ᠬᠡᠷᠡᠭ᠌ᠲᠡᠢ》 ᠭᠡᠵᠦ᠍ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠂ ᠵᠠᠯᠠᠢᠳ ᠬᠣᠱᠢᠭᠤᠨ᠎ᠤ ᠨᠠᠮ᠎ᠤᠨ ᠬᠣᠷᠢᠶ᠎ᠠ ᠵᠢᠨ ᠳᠡᠳ᠋ ᠱᠦᠵᠢ᠂ ᠬᠣᠱᠢᠭᠤᠨ ᠳᠠᠷᠤᠭ᠎ᠠ ᠴᠢ ᠯᠢᠨ ᠬᠡᠯᠡᠪᠡ᠃
ᠥᠪᠥᠷ ᠮᠣᠩᠭᠣᠯ᠎ᠤᠨ ᠨᠠᠮ᠎ᠤᠨ ᠰᠤᠷᠭᠠᠭᠤᠯᠢ᠎ᠶ᠋ᠢᠨ ᠦᠨᠳᠦᠰᠦᠲᠡᠨ᠎ᠦ ᠣᠨᠣᠯ ᠬᠢᠭᠡᠳ ᠲᠥᠷᠥ᠎ᠶ᠋ᠢᠨ ᠪᠣᠳᠣᠯᠭ᠎ᠠ᠎ᠶ᠋ᠢᠨ ᠵᠢᠭᠠᠨ ᠰᠤᠳᠤᠯᠬᠤ ᠬᠡᠯᠲᠡᠰ᠎ᠦᠨ ᠫᠷᠤᠹᠧᠰᠰᠤᠷ ᠬᠤ᠌ ᠴᠢᠩ ᠬᠣᠶ᠎ᠶ᠋ᠢᠨ ᠦᠵᠡᠬᠦ᠌᠎ᠪᠡᠷ᠂ 《ᠲᠤᠯᠤᠭᠠᠨ ᠲᠠᠯ᠎ᠠ ᠪᠡᠷ ᠵᠢᠱ᠌ᠢᠶᠡᠴᠢ ᠪᠤᠯᠬᠤ》 ᠪᠣᠯ ᠨᠢᠭ᠍ᠲᠠ ᠬᠣᠯᠪᠣᠭ᠎ᠠ᠎ᠲᠠᠶ᠂ ᠳᠣᠲᠣᠭᠠᠳᠤ ᠨᠢᠭᠡᠳᠦᠮᠡᠯ ᠪᠦᠬᠦᠯᠢ ᠴᠣᠭ᠍ᠴᠠ ᠮᠥᠨ᠃ ᠪᠦᠬᠦᠯᠢ ᠴᠣᠭ᠍ᠴᠠ᠎ᠪᠠᠷ ᠨᠢ ᠡᠵᠡᠮᠳᠡᠵᠦ᠍᠂ ᠪᠦᠬᠦ᠌ ᠲᠠᠯ᠎ᠠ᠎ᠪᠠᠷ ᠠᠬᠢᠭᠤᠯᠬᠤ ᠬᠡᠷᠡᠭ᠌ᠲᠡᠢ》 ᠬᠡᠪᠡ᠃
《ᠬᠢᠬᠦ》 ᠵᠢ ᠲᠡᠷᠢᠭᠦᠨ᠎ᠳᠦ ᠲᠠᠯᠪᠢᠨ᠎ᠠ
《ᠬᠢᠵᠦ᠍ ᠪᠠᠢᠮᠠᠨᠵᠢᠨ ᠰᠠᠶᠢ ᠵᠢᠱ᠌ᠢᠶᠡᠴᠢ ᠪᠤᠯᠳᠠᠭ᠃》 ᠥᠩᠭᠡᠷᠡᠭ᠌ᠰᠡᠨ ᠨᠢᠭᠡ ᠵᠢᠯ᠎ᠳᠦ᠂ ᠣᠷᠣᠨ ᠳᠠᠶᠠᠭᠠᠷ᠎ᠢᠶᠠᠨ ᠬᠦᠴᠦᠨ᠎ᠢᠶᠡᠨ ᠲᠥᠪᠯᠡᠷᠡᠭᠦᠯᠦᠨ 《ᠬᠣᠶᠠᠷ ᠶᠡᠬᠡ ᠶᠠᠪᠤᠳᠠᠯ》 ᠢ᠋ ᠰᠠᠢᠲᠤᠷ ᠬᠢᠵᠦ᠍᠂ ᠡᠯ᠎ᠡ ᠵᠦᠢᠯ᠎ᠦᠨ ᠠᠵᠢᠯ᠎ᠢ ᠱᠠᠯᠠᠪᠳᠠᠭᠤᠯᠤᠨ ᠲᠦᠷᠭᠡᠳᠭᠡᠵᠦ᠍᠂ ᠢᠳᠡᠪᠬᠢᠲᠡᠢ ᠦᠷ᠎ᠡ ᠪᠦᠲᠦᠮᠵᠢ ᠣᠯᠵᠠᠢ᠃
《ᠬᠥᠭ᠌ᠵᠢᠬᠦᠯᠦᠯᠲᠡᠨᠢ ᠡᠴᠦᠰ ᠲᠡᠭᠡᠨ ᠠᠷᠠᠳ᠎ᠤᠨ ᠠᠮᠢᠳᠤᠷᠠᠯ ᠳ᠋ᠤ ᠲᠤᠰᠳᠠᠭ ᠶᠤᠮ》 ᠭᠡᠵᠦ᠍ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠂ ᠳᠠᠯᠠᠳ ᠬᠣᠱᠢᠭᠤᠨ᠎ᠤ ᠽᠠᠨᠳᠠᠨ ᠵᠤᠤ ᠰᠤᠮᠤ᠎ᠶ᠋ᠢᠨ ᠲᠤᠯᠤᠭᠠᠨ ᠬᠠᠯᠵᠠᠨ ᠲᠣᠰᠭᠣᠨ᠎ᠤ ᠨᠠᠮ᠎ᠤᠨ ᠡᠭᠦᠷ᠎ᠦᠨ ᠱᠦᠵᠢ ᠪᠥᠭᠡᠳ ᠲᠣᠰᠭᠣᠨ᠎ᠤ ᠡᠷᠬᠢᠯᠡᠭ᠌ᠴᠢ ᠯᠢᠦ ᠱ᠌ᠢ ᠷᠦᠩ ᠬᠡᠯᠡᠨ᠎ᠡ᠃ ᠣᠯᠠᠨ ᠵᠢᠯ᠎ᠦᠨ ᠲᠤᠷᠰᠢ᠂ ᠲᠣᠰᠭᠣᠨ᠎ᠤ ᠨᠠᠮ᠎ᠤᠨ ᠡᠭᠦᠷ ᠲᠦᠷᠦᠭᠦᠯᠡᠨ᠂ ᠡᠳ᠋ ᠪᠠᠷᠠᠭᠠᠨ᠎ᠤ ᠭᠦᠶ᠋ᠯᠭᠡᠭᠡ ᠵᠡᠷᠭᠡ ᠤᠨᠴᠠᠯᠢᠬ᠍ᠳᠤ ᠠᠵᠤ ᠦᠶ᠋ᠯᠡᠰ᠎ᠢ ᠬᠥᠭ᠌ᠵᠢᠭᠦᠯᠵᠦ᠍᠂ ᠲᠤᠬᠠᠶ᠎ᠶ᠋ᠢᠨ ᠭᠠᠵᠠᠷ᠎ᠤᠨ 1100 ᠭᠠᠷᠤᠶ ᠲᠠᠷᠢᠶᠠᠴᠢᠨ ᠡᠷᠦᠬᠡ᠎ᠶ᠋ᠢ ᠳᠠᠢᠴᠢᠯᠠᠨ ᠬᠠᠮᠲᠤ ᠪᠠᠷ ᠬᠥᠭ᠌ᠵᠢᠭᠦᠯᠵᠦ᠂ 2023 ᠣᠨ᠎ᠳᠤ ᠡᠷᠦᠬᠡ ᠪᠦᠷᠢ᠎ᠶ᠋ᠢᠨ ᠣᠷᠣᠯᠭ᠎ᠠ᠎ᠶ᠋ᠢ ᠳᠤᠮᠳᠠᠴᠢ᠎ᠪᠠᠷ 1.5 ᠲᠦᠮᠡᠨ ᠲᠥᠭᠥᠷᠢᠭ ᠨᠡᠮᠡᠭ᠌ᠳᠡᠭᠦᠯᠪᠡ᠃
《ᠵᠡᠭᠦᠨ ᠬᠡᠰᠡᠭ᠎ᠦᠨ ᠡᠯᠡᠰᠦ᠎ᠶ᠋ᠢ ᠵᠠᠰᠠᠵᠤ᠂ ᠪᠠᠷᠠᠭᠤᠨ ᠬᠡᠰᠡᠭ᠎ᠦᠨ ᠬᠥᠷᠥᠰᠥ᠍ ᠱᠢᠷᠣᠶ᠎ᠶ᠋ᠢ ᠵᠠᠰᠠᠵᠤ᠂ ᠳᠤᠮᠳᠠ ᠬᠡᠰᠡᠭ᠎ᠦᠨ ᠬᠦᠷᠢᠶᠡᠯᠡᠩ ᠲᠣᠭᠣᠷᠢᠭ᠎ᠢ ᠬᠦᠭᠵᠢᠭᠦᠯᠵᠦ᠂ ᠪᠥᠬᠥ᠌ ᠣᠷᠣᠨ ᠪᠦᠰᠡ᠎ᠪᠡᠷ ᠵᠢᠭᠤᠯᠴᠢᠯᠠᠯ ᠡᠷᠬᠢᠯᠡᠨ᠎ᠡ》 ᠣᠩᠨᠢᠭᠤᠳ ᠬᠣᠱᠢᠭᠤ ᠨᠢᠭᠡᠨᠲᠡ 2024 ᠣᠨ᠎ᠤ ᠬᠥᠭ᠌ᠵᠢᠯᠲᠡ᠎ᠶ᠋ᠢᠨ ᠪᠠᠢᠯᠳᠤᠬᠤ ᠪᠣᠳᠣᠯᠭ᠎ᠠ᠎ᠪᠠᠨ ᠰᠠᠢᠲᠤᠷ ᠲᠥᠯᠥᠪᠵᠢᠭᠦᠯᠦᠭ᠌ᠰᠡᠨ ᠪᠠᠢᠯ᠎ᠠ᠃ 《ᠪᠢᠳᠡ ᠡᠨᠡ ᠵᠢᠯ ᠬᠣᠷᠴᠢᠨ᠎ᠤ ᠡᠯᠡᠰᠦᠷᠬᠡᠭ ᠭᠠᠵᠠᠷ᠎ᠢ 25 ᠲᠦᠮᠡᠨ ᠮᠦ᠍᠎ᠡᠴᠡ ᠳᠡᠭᠡᠭ᠌ᠰᠢ ᠵᠠᠰᠠᠵᠤ᠂ 20 ᠲᠦᠮᠡᠨ ᠮᠥ᠍ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢ ᠱᠢᠨ᠎ᠡ ᠪᠡᠷ ᠪᠠᠢᠭᠤᠯᠬᠤ ᠪᠠ ᠥᠭᠡᠷᠡᠴᠢᠯᠡᠨ ᠰᠠᠢᠵᠢᠷᠠᠭᠤᠯᠵᠤ᠂ ᠠᠵᠤ ᠠᠬᠤᠶ ᠨᠡᠢᠭᠡᠮ᠎ᠦᠨ ᠴᠢᠨᠠᠷ ᠰᠠᠢᠲᠠᠶ ᠬᠥᠭ᠌ᠵᠢᠯᠲᠡ᠎ᠶ᠋ᠢ ᠪᠥᠬᠥ᠌ ᠬᠦᠴᠦᠨ᠎ᠢᠶᠡᠷ ᠠᠬᠢᠭᠤᠯᠤᠨ᠎ᠠ》 ᠭᠡᠵᠦ᠍ ᠮᠥᠩᠬᠡ ᠬᠡᠯᠡᠪᠡ᠃
ᠥᠪᠥᠷ ᠮᠣᠩᠭᠣᠯ ᠪᠤᠯ ᠲᠡᠦᠬᠡᠨ ᠳᠡᠭᠡᠷᠡᠬᠢ 《ᠲᠠᠯ᠎ᠠ ᠨᠤᠲᠤᠭ᠎ᠤᠨ ᠲᠣᠷᠭᠠᠨ ᠵᠠᠮ》᠂ 《ᠲᠦᠮᠡᠨ ᠭᠠᠵᠠᠷ᠎ᠤᠨ ᠴᠠᠢ᠎ᠶ᠋ᠢᠨ ᠵᠠᠮ》᠎ᠤ᠋ᠨ ᠴᠢᠬᠤᠯᠠ ᠬᠦᠢᠰᠦ ᠪᠠᠢᠵᠤ᠂ ᠣᠷᠣᠨ ᠪᠠᠢᠷᠢ᠎ᠶ᠋ᠢᠨ ᠳᠠᠪᠠᠭᠤᠯᠢᠭ ᠪᠠ ᠨᠡᠬᠡᠬᠡᠯᠳᠡ ᠬᠢᠬᠦ᠌ ᠨᠥᠬᠥᠴᠡᠯ ᠲᠠᠢ ᠪᠠᠢᠳᠠᠭ᠃
ᠴᠢ ᠯᠢᠨ᠂ 2024 ᠣᠨ᠎ᠳᠤ ᠵᠠᠯᠠᠢᠳ ᠬᠣᠱᠢᠭᠤ ᠥᠪᠡᠷᠲᠡᠭᠡᠨ ᠵᠠᠰᠠᠬᠤ ᠣᠷᠣᠨ᠎ᠤ ᠴᠢᠯᠥᠭᠡᠲᠦ ᠠᠷᠠᠯᠵᠢᠶᠠᠨ᠎ᠤ ᠣᠷᠣᠨ᠎ᠢ ᠡᠭᠦᠳᠦᠨ ᠪᠠᠢᠭᠤᠯᠬᠤ ᠢᠨᠵᠧᠨᠧᠷᠢᠩ᠎ᠢ ᠦᠨᠡᠨ ᠬᠦ᠌ ᠰᠠᠢᠲᠤᠷ ᠠᠳᠭᠤᠵᠤ᠂ ᠵᠡᠭᠦᠨ ᠬᠣᠢᠲᠤ ᠣᠷᠣᠨ᠎ᠢ ᠬᠥᠭ᠌ᠵᠢᠭᠦᠯᠦᠨ ᠮᠠᠨᠳᠤᠭᠤᠯᠬᠤ ᠲᠦᠷᠦ᠍᠎ᠶ᠋ᠢᠨ ᠪᠤᠳᠤᠯᠭ᠎ᠠ᠎ᠶ᠋ᠢᠨ ᠠᠵᠠ ᠲᠣᠬᠢᠶᠠᠯ᠎ᠢ ᠡᠠᠮᠵᠢᠨ᠂ ᠴᠠᠩᠴᠦ᠋ᠨᠦ ᠬᠤᠳᠠ᠎ᠶ᠋ᠢᠨ ᠲᠣᠭᠣᠷᠢᠭ᠎ᠲᠤ ᠠᠭᠤᠰᠤᠯᠴᠠᠵᠤ᠂ ᠠᠮᠤ ᠪᠤᠳᠠᠭᠠᠨ᠎ᠤ ᠦᠢᠯᠡᠳᠪᠦᠷᠢᠯᠡᠯ ᠪᠣᠯᠤᠨ ᠵᠠᠬ᠎ᠠ ᠳᠡᠯᠭᠡᠭᠦᠷ᠎ᠦᠨ ᠬᠡᠷᠡᠭ᠌ᠴᠡᠭᠡ᠎ᠶ᠋ᠢ ᠣᠨᠣᠪᠴᠢᠲᠠᠢ ᠵᠣᠯᠭᠠᠭᠤᠯᠵᠤ᠂ ᠦᠢᠯᠡᠳᠪᠦᠷᠢᠯᠡᠯ ᠪᠣᠷᠣᠯᠠᠭᠤᠯᠭ᠎ᠠ᠎ᠶ᠋ᠢᠨ ᠬᠠᠮᠲᠤᠷᠠᠯᠴᠠᠭ᠎ᠠ᠎ᠶ᠋ᠢᠨ ᠲᠡᠰ ᠳᠡᠪᠱᠢᠬᠦ᠌᠎ᠶ᠋ᠢ ᠪᠡᠶᠡᠯᠡᠭᠦᠯᠦᠨ᠎ᠡ ᠭᠡᠪᠡ᠃
ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠬᠦ᠌ ᠲᠠᠯ᠎ᠠ᠎ᠪᠠᠷ ᠪᠦᠲᠦᠭᠡᠨ ᠪᠠᠢᠭᠤᠯᠬᠤ᠎ᠳᠤ ᠨᠢᠳᠤᠨ᠎ᠳᠦ ᠦᠵᠡᠭ᠌ᠳᠡᠵᠦ᠍ ᠭᠠᠷ᠎ᠲᠤ ᠪᠠᠷᠢᠭ᠍ᠳᠠᠮ᠎ᠠ ᠠᠵᠢᠯ᠎ᠢ ᠬᠢᠬᠦ᠌ ᠮᠥᠷᠲᠡᠭᠡᠨ ᠪᠠᠰᠠ ᠶᠡᠬᠡ ᠬᠡᠮᠵᠢᠶᠡᠨ᠎ᠦ 《ᠵᠦᠭᠡᠯᠡᠨ ᠬᠤᠷ᠎ᠠ ᠲᠦᠮᠡᠨ ᠪᠤᠳᠠᠰ᠎ᠢ ᠤᠮᠳᠠᠯᠠᠬᠤ》 ᠶᠠᠪᠤᠳᠠᠯ᠎ᠢ ᠬᠢᠵᠦ᠍᠂ ᠤᠳᠤᠬᠢ ᠵᠢ ᠠᠳᠭᠤᠬᠤ ᠮᠥᠷᠲᠡᠭᠡᠨ ᠪᠠᠰᠠ ᠠᠯᠤᠰ ᠬᠡᠳᠦ᠍᠎ᠶ᠋ᠢ ᠠᠳᠭᠤᠬᠤ ᠬᠡᠷᠡᠭ᠌ᠲᠡᠢ᠃ 《ᠤᠮᠠᠷᠠᠲᠤ ᠬᠢᠯᠢ᠎ᠶ᠋ᠢᠨ ᠰᠣᠶᠣᠯ᠎ᠤᠨ ᠲᠥᠷᠥᠯ ᠲᠡᠮᠳᠡᠭ᠎ᠢ ᠡᠭᠦᠳᠬᠦ᠌ ᠪᠣᠯ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ ᠪᠤᠳᠠᠲᠠᠢ ᠠᠵᠢᠯᠯᠠᠭ᠎ᠠ ᠪᠤᠯᠤᠨ᠎ᠠ᠂ ᠤᠮᠠᠷᠠᠲᠤ ᠬᠢᠯᠢ᠎ᠶ᠋ᠢᠨ ᠰᠣᠶᠣᠯ᠎ᠢ ᠲᠥᠪᠯᠡᠷᠡᠭᠦᠯᠦᠨ ᠤᠬᠠᠭᠤᠯᠵᠤ ᠳᠡᠯᠭᠡᠨ ᠦᠵᠡᠭᠦᠯᠬᠦ᠌ ᠲᠡᠳᠦᠢ ᠥᠬᠡᠶ᠂ ᠰᠤᠷᠤᠯᠴᠠᠯᠭ᠎ᠠ᠎ᠵᠢ ᠭᠦᠨᠵᠡᠭᠡᠢᠷᠡᠭᠦᠯᠵᠦ᠍᠂ ᠬᠥᠮᠦᠨ ᠨᠢᠭᠡᠪᠦᠷᠢ᠎ᠶ᠋ᠢᠨ ᠤᠬᠠᠮᠰᠠᠷᠲᠤ ᠠᠵᠢᠯᠯᠠᠭ᠎ᠠ ᠪᠤᠯᠭᠠᠪᠠᠯ ᠵᠤᠬᠢᠨ᠎ᠠ》 ᠭᠡᠵᠦ ᠥᠪᠡᠷᠲᠡᠭᠡᠨ ᠵᠠᠰᠠᠬᠤ ᠣᠷᠣᠨ᠎ᠤ ᠤᠯᠤᠰ ᠲᠦᠷᠦ᠍᠎ᠶ᠋ᠢᠨ ᠵᠥᠪᠯᠡᠯᠭᠡᠨ᠎ᠦ ᠭᠡᠱᠢᠭᠦᠨ᠂ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠤᠷᠠᠨ ᠵᠢᠷᠤᠭ᠎ᠤᠨ ᠳᠡᠭᠡᠳᠦ ᠰᠤᠷᠭᠠᠭᠤᠯᠢ᠎ᠶ᠋ᠢᠨ ᠫᠷᠤᠹᠸᠰᠰᠤᠷ ᠴᠧᠨ ᠬᠠᠨ ᠱᠧᠩ ᠶᠠᠷᠢᠨ᠎ᠠ᠃
ᠴᠧᠨ ᠬᠠᠨ ᠱᠧᠩ᠂ ᠥᠪᠥᠷ ᠮᠣᠩᠭᠣᠯ᠎ᠤᠨ ᠲᠡᠦᠬᠡ ᠰᠣᠶᠣᠯ᠎ᠤᠨ ᠤᠤᠷ ᠲᠤᠨᠳᠠᠰᠤ ᠪᠣᠯᠤᠨ ᠰᠣᠶᠣᠯ ᠢᠷᠭᠡᠨᠱᠢᠯ᠎ᠦᠨ ᠡᠬᠢ ᠪᠠᠶᠠᠯᠢᠭ᠎ᠢ ᠭᠦᠶ᠋ᠴᠡᠳ ᠠᠭᠤᠳᠠᠯᠤᠨ ᠠᠮᠢᠳᠤᠯᠢᠭ᠎ᠢᠶᠠᠷ ᠢᠯᠡᠷᠡᠭᠦᠯᠵᠦ᠍᠂ ᠤᠮᠠᠷᠠᠲᠤ ᠬᠢᠯᠢ᠎ᠶ᠋ᠢᠨ ᠱᠢᠯᠢᠳᠡᠭ ᠰᠣᠶᠣᠯ᠎ᠢ ᠱᠢᠨ᠎ᠡ ᠴᠠᠭ ᠦᠶ᠎ᠡ᠎ᠳᠦ ᠠᠮᠢᠯᠠᠭᠤᠯᠵᠤ᠂ ᠥᠪᠥᠷ ᠮᠣᠩᠭᠣᠯ᠎ᠤᠨ ᠣᠳᠣᠬᠢᠴᠢᠯᠠᠯᠲᠠ᠎ᠶ᠋ᠢᠨ ᠪᠥᠲᠥᠭᠡᠨ ᠪᠠᠢᠭᠤᠯᠤᠯᠲᠠ᠎ᠶ᠋ᠢ ᠠᠬᠢᠭᠤᠯᠬᠤ ᠳ᠋ᠤ ᠬᠦᠴᠦᠷᠬᠡᠭ ᠶᠡᠬᠡ ᠣᠶᠤᠨ ᠰᠠᠨᠠᠭᠠᠨ᠎ᠤ ᠬᠦᠴᠦᠨ ᠨᠡᠮᠡᠷᠢᠯᠡᠪᠡᠯ ᠵᠤᠬᠢᠨ᠎ᠠ ᠭᠡᠰᠡᠨ ᠰᠠᠨᠠᠭᠤᠯᠭ᠎ᠠ ᠳᠤᠷᠠᠳᠪᠠ᠃
ᠡᠳᠦᠭᠡ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ ᠦᠪᠦᠷ ᠮᠤᠩᠭᠤᠯ᠎ᠤᠨ ᠦᠨᠳᠦᠰᠦᠳᠡᠨ ᠨᠤᠬᠦᠳ᠎ᠤᠨ ᠤᠯᠠᠨ ᠲᠦᠮᠡᠨ᠎ᠤ ᠰᠡᠳᠬᠢᠯ ᠳ᠋ᠤ ᠡᠳᠦᠷ ᠢᠷᠡᠬᠦᠶ᠎ᠡ ᠪᠡᠬᠢᠵᠢᠨ ᠬᠠᠳᠠᠩᠰᠢᠪᠠ᠃ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠺᠠᠳ᠋ᠷ ᠤᠯᠠᠨ ᠲᠦᠮᠡᠨ ᠰᠡᠳᠭᠢᠯ ᠨᠢᠭᠡᠳᠦᠨ ᠬᠦᠴᠦ᠍ ᠪᠡᠨ ᠬᠠᠮᠲᠤᠳᠭᠠᠵᠤ᠂ ᠠᠭᠤᠯᠠ ᠲᠠᠭᠠᠷᠠᠪᠠᠯ ᠵᠠᠮ ᠨᠡᠭᠡᠭᠡᠵᠦ᠍᠂ ᠤᠰᠤ ᠲᠠᠭᠠᠷᠠᠪᠠᠯ ᠬᠥᠭᠥᠷᠭᠡ ᠲᠠᠯᠪᠢᠬᠤ ᠵᠤᠷᠢᠭ ᠰᠠᠨᠠᠭ᠎ᠠ ᠪᠡᠷ ᠠᠵᠢᠯ ᠬᠢᠵᠦ ᠦᠢᠯᠡᠰ ᠪᠤᠰᠬᠠᠵᠤ᠂ ᠱᠢᠨ᠎ᠡ ᠴᠠᠭ ᠦᠶ᠎ᠡ᠎ᠳᠦ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》᠎ᠦ ᠠᠯᠳᠠᠨ ᠱᠤᠰᠢᠭ᠎ᠠ ᠵᠢᠨ ᠬᠢᠯᠪᠠᠭ᠎ᠠ ᠵᠢ ᠤᠯᠠᠮ ᠰᠠᠴᠤᠷᠠᠭᠤᠯᠤᠨ᠎ᠠ᠃