《ᠲᠣᠬᠲᠠᠭᠣᠨ》 ᠪᠣᠯ ᠴᠢᠨᠠᠷ ᠰᠠᠢᠲᠠᠢ ᠬᠦᠭᠵᠢᠯᠲᠡ᠎ᠶᠢᠨ ᠴᠢᠬᠣᠯᠠ ᠰᠠᠭᠣᠷᠢ ᠪᠣᠯᠬᠣ ᠪᠦᠭᠡᠳ ᠡᠯ᠎ᠡ ᠲᠦᠷᠦᠯ᠎ᠤᠨ ᠠᠵᠢᠯ᠎ᠢ ᠰᠠᠢᠲᠣᠷ ᠬᠢᠬᠦ᠎ᠶᠢᠨ ᠴᠢᠬᠣᠯᠠ ᠣᠷᠢᠲᠠᠯ ᠪᠣᠯᠣᠨ᠎ᠠ᠃
ᠡᠨᠡ ᠵᠢᠯ᠎ᠤᠨ ᠵᠠᠰᠠᠬ᠎ᠤᠨ ᠣᠷᠲᠣᠨ᠎ᠤ ᠠᠵᠢᠯ᠎ᠤᠨ ᠢᠯᠡᠳᠭᠡᠯ ᠳ᠋ᠦ ᠪᠦᠬᠦ ᠣᠷᠣᠨ᠎ᠤ ᠠᠵᠦ ᠠᠬᠣᠢ ᠨᠡᠢᠭᠡᠮ᠎ᠤᠨ ᠬᠦᠭᠵᠢᠯᠲᠡ᠎ᠶᠢᠨ ᠭᠣᠣᠯ ᠪᠣᠯᠬᠣ ᠵᠢᠱᠶ᠋ᠭᠰᠡᠨ ᠬᠠᠷᠠᠯᠲᠠ᠎ᠶᠢ ᠲᠣᠲᠣᠷᠬᠠᠢ ᠲᠣᠷᠠᠲᠣᠬᠰᠠᠨ ᠪᠠᠢᠨ᠎ᠠ᠃ ᠡᠳᠡᠭᠡᠷ ᠬᠠᠷᠠᠯᠲᠠ ᠨᠢ ᠨᠠᠮ᠎ᠤᠨ ᠲᠦᠪ ᠬᠣᠷᠢᠶ᠎ᠠ᠎ᠶᠢᠨ ᠲᠣᠬᠲᠠᠭᠣᠨ ᠤ ᠲᠤᠮᠳᠠ ᠤᠷᠤᠭᠰᠢᠯᠠᠨ ᠲᠠᠪᠰᠢᠵᠤ᠂ ᠤᠷᠤᠭᠰᠢᠯᠠᠨ ᠲᠠᠪᠰᠢᠬᠤ ᠪᠠᠷ ᠲᠤᠭᠳᠠᠭᠤᠨ ᠢ ᠠᠬᠢᠭᠤᠯᠬᠤ ᠴᠢᠬᠣᠯᠠ ᠱᠠᠭᠠᠷᠲᠠᠯᠭ᠎ᠠ᠎ᠶᠢ ᠲᠣᠭᠣᠰᠢᠯᠠᠭᠣᠯᠣᠬᠰᠠᠨ ᠪᠠᠢᠨ᠎ᠠ᠃
ᠲᠦᠮᠡᠨ ᠲᠠᠪᠬᠣᠷ ᠠᠰᠠᠷ ᠴᠦ᠍ ᠲᠡᠭᠰᠢ ᠭᠠᠵᠠᠷ ᠡᠴᠡ ᠰᠦᠨᠲᠡᠷᠯᠡᠨ ᠪᠣᠰᠲᠠᠬ᠃ ᠰᠠᠭᠣᠷᠢ ᠨᠢ ᠪᠠᠲᠣ ᠪᠡᠬᠢ ᠪᠣᠯᠬᠣ ᠲᠣᠲᠣᠮ ᠬᠦᠭᠵᠢᠯᠲᠡ᠎ᠶᠢᠨ ᠣᠷᠣᠨ ᠵᠠᠢ ᠴᠦ᠍ ᠶᠡᠬᠡ ᠪᠣᠯᠲᠠᠬ᠃ ᠡᠨᠡ ᠵᠢᠯ᠎ᠤᠨ ᠠᠵᠢᠯ᠎ᠢ ᠰᠠᠢᠲᠣᠷ ᠬᠢᠬᠦ ᠳ᠋ᠦ ᠪᠢᠲᠡ ᠡᠷᠬᠡᠪᠰᠢ 《ᠲᠣᠬᠲᠠᠭᠣᠨ》 ᠤ᠋ ᠰᠠᠭᠣᠷᠢ ᠪᠠᠨ ᠣᠯᠠᠮ ᠪᠠᠲᠣᠳᠬᠠᠬᠣ ᠬᠡᠷᠡᠭᠲᠡᠢ᠃ ᠮᠠᠨ᠎ᠤ ᠣᠷᠣᠨ ᠳ᠋ᠦ ᠠᠪᠴᠣ ᠬᠡᠯᠡᠪᠡᠯ᠂ 《ᠲᠣᠬᠲᠠᠭᠣᠨ》 ᠤ᠋ ᠭᠣᠣᠯᠲᠠᠯᠭ᠎ᠠ ᠪᠣᠯ ᠲᠠᠷᠢᠶᠠᠯᠠᠩ ᠮᠠᠯ ᠠᠵᠦ ᠠᠬᠣᠢ ᠬᠢᠭᠡᠳ ᠣᠯᠠᠮᠵᠢᠯᠠᠯᠲᠣ ᠡᠨ᠋ᠸᠷᠬᠢ᠎ᠶᠢᠨ ᠠᠵᠦ ᠦᠢᠯᠡᠰ᠎ᠢ ᠲᠣᠬᠲᠠᠪᠣᠷᠢᠵᠢᠭᠣᠯᠬᠣ ᠶᠠᠪᠣᠲᠠᠯ ᠪᠣᠯᠣᠨ᠎ᠠ᠃ ᠡᠨᠡ ᠪᠣᠯ ᠪᠢᠳᠡᠨ᠎ᠤ ᠭᠣᠣᠯᠯᠠᠬᠣ ᠠᠵᠦ ᠦᠢᠯᠡᠰ ᠪᠠᠢᠵᠦ᠂ ᠡᠨᠡ ᠬᠦ᠌ ᠰᠠᠭᠣᠷᠢ ᠪᠡᠬᠢᠵᠢᠪᠡᠯ ᠠᠵᠦ ᠠᠬᠣᠢ᠎ᠶᠢᠨ ᠶᠡᠬᠡ ᠲᠠᠯ᠎ᠠ᠎ᠶᠢ ᠲᠣᠬᠲᠠᠭᠣᠨ ᠪᠠᠢᠯᠭᠠᠵᠦ᠂ ᠨᠡᠢᠭᠡᠮ᠎ᠤᠨ ᠵᠢᠱᠶ᠋ᠯᠲᠡᠶᠢ ᠲᠣᠬᠲᠠᠭᠣᠨ ᠪᠠᠢᠯᠭᠠᠵᠦ᠂ ᠠᠷᠠᠳ ᠣᠯᠠᠨ᠎ᠤ ᠣᠷᠣᠯᠭ᠎ᠠ᠎ᠶᠢ ᠨᠡᠮᠡᠭᠲᠡᠬᠦᠯᠬᠦ ᠳ᠋ᠦ᠍ ᠠᠰᠢᠬᠲᠠᠢ ᠪᠢᠯᠡ᠃ ᠦᠩᠭᠡᠷᠡᠭᠰᠡᠨ ᠨᠢᠭᠡ ᠵᠢᠯ ᠳ᠋ᠦ ᠮᠠᠨ᠎ᠤ ᠣᠷᠣᠨ᠎ᠤ ᠨᠡᠬᠦᠷᠡᠰᠦᠨ᠎ᠤ ᠭᠠᠷᠣᠯᠲᠠ12.2 ᠳ᠋ᠦᠩᠰᠢᠭᠣᠷ ᠲᠣᠨ ᠬᠦᠷᠴᠦ᠂ ᠨᠡᠭᠦᠷᠡᠰᠦᠨ᠎ᠤ ᠬᠠᠩᠭᠠᠯᠭ᠎ᠠ᠎ᠶᠢ ᠪᠠᠲᠣᠯᠠᠬᠣ ᠡᠬᠦᠷᠭᠡ ᠪᠠᠨ 9.45 ᠳ᠋ᠦᠩᠰᠢᠭᠣᠷ ᠲᠣᠨ ᠪᠡᠶᠡᠯᠡᠬᠦᠯᠵᠦ᠂ ᠴᠠᠬᠢᠯᠭᠠᠨ ᠬᠦᠴᠦᠨ᠎ᠤ ᠶᠡᠷᠦᠩᠬᠡᠢ ᠮᠠᠰᠢᠨ ᠴᠣᠬᠴᠠᠯᠠᠪᠣᠷᠢ 2 ᠳ᠋ᠦᠩᠰᠢᠭᠣᠷ ᠺᠢᠯᠦᠸᠠᠲ᠎ᠢ ᠲᠠᠪᠠᠵᠦ᠂ ᠠᠮᠣ ᠪᠣᠲᠠᠭ᠎ᠠ ᠲᠠᠷᠢᠬᠰᠠᠨ ᠲᠠᠯᠠᠪᠠᠢ᠂ ᠨᠢᠭᠡᠴᠢ᠎ᠶᠢᠨ ᠣᠨᠠᠯᠲᠠ᠂ ᠶᠡᠷᠦᠩᠬᠡᠢ ᠣᠨᠠᠯᠲᠠ《ᠭᠣᠷᠪᠠ᠎ᠶᠢ ᠨᠡᠮᠡᠭᠲᠡᠬᠦᠯᠪᠡ》 ᠁ ᠡᠳᠡᠭᠡᠷ ᠨᠢᠭᠡ ᠪᠦᠯᠦᠭ ᠲᠣᠭ᠎ᠠ ᠪᠠᠷᠢᠮᠲᠠ ᠪᠠ ᠬᠢᠯᠠᠯᠵᠠᠬᠰᠠᠨ ᠠᠮᠵᠢᠯᠲᠠ ᠪᠣᠯ ᠪᠦᠬᠦ ᠣᠷᠣᠨ ᠲᠠᠶᠠᠭᠠᠷ ᠨᠢᠭᠡᠲᠦᠯᠲᠡᠢ ᠲᠦᠯᠦᠪᠵᠢᠬᠦᠯᠦᠨ ᠨᠡᠢᠲᠡ ᠪᠡᠷ ᠬᠦᠲᠡᠯᠦᠯᠴᠡᠵᠦ᠂ ᠯᠠᠪᠲᠠᠭᠣᠨ ᠲᠣᠬᠲᠠᠭᠣᠨ ᠠᠵᠢᠯᠯᠠᠬᠰᠠᠨ ᠪᠣᠲᠠᠲᠣ ᠦᠷ᠎ᠡ ᠪᠦᠲᠦᠮᠵᠢ ᠪᠠᠢᠵᠦ᠂ ᠣᠯᠣᠰ᠎ᠤᠨ ᠶᠡᠬᠡ ᠪᠠᠢᠲᠠᠯ᠎ᠢ ᠪᠠᠲᠣᠯᠠᠬᠣ ᠦᠪᠦᠷ ᠮᠣᠩᠭᠣᠯ᠎ᠤᠨ ᠬᠠᠷᠢᠭᠣᠴᠠᠯᠭ᠎ᠠ ᠡᠬᠦᠷᠭᠡᠯᠡᠯ᠎ᠢ ᠬᠦᠢᠴᠡᠳ ᠢᠯᠡᠷᠡᠬᠦᠯᠦᠭᠰᠡᠨ ᠪᠠᠢᠨ᠎ᠠ᠃
ᠲᠣᠬᠲᠠᠭᠣᠨ ᠶ᠋ᠢᠡᠷ ᠠᠶᠠᠯᠠᠪᠠᠯ ᠠᠯᠣᠰ ᠲᠦ᠍ ᠬᠦᠷᠦᠮᠦᠢ᠃ ᠰᠢᠨ᠎ᠡ ᠬᠠᠷᠠᠯᠲᠠ ᠲᠡᠢᠰᠢ ᠪᠠᠨ ᠣᠮᠣᠬᠯᠠᠩ ᠢᠲᠡᠷᠡᠬᠦᠨ ᠣᠷᠣᠬᠰᠢᠯᠠᠬᠣ ᠳ᠋ᠦ 《ᠲᠣᠬᠲᠠᠭᠣᠨ》 ᠢ᠋ ᠡᠷᠬᠢᠮᠯᠡᠬᠦ᠎ᠶᠢ ᠪᠠᠷᠢᠮᠲᠠᠯᠠᠬᠣ ᠬᠡᠷᠡᠭᠲᠡᠢ᠃《ᠬᠣᠶᠠᠷ ᠰᠠᠭᠣᠷᠢᠨ》 ᠤ᠋ ᠪᠦᠲᠦᠭᠡᠨ ᠪᠠᠢᠭᠣᠯᠣᠯᠲᠠ᠎ᠶᠢᠨ ᠲᠣᠭᠣᠷᠢᠨ ᠳ᠋ᠦ᠂ ᠣᠯᠠᠮᠵᠢᠯᠠᠯᠲᠣ ᠠᠵᠦ ᠦᠢᠯᠡᠰ᠎ᠤᠨ ᠰᠠᠭᠣᠷᠢ ᠪᠠᠨ ᠪᠡᠬᠢᠵᠢᠬᠦᠯᠵᠦ᠂ ᠨᠡᠩ ᠪᠦᠬᠦ ᠲᠠᠯ᠎ᠠ᠎ᠶᠢᠨ《ᠲᠣᠬᠲᠠᠭᠣᠨ》 ᠶ᠋ᠢᠡᠷ ᠴᠢᠨᠠᠷ ᠰᠠᠢᠲᠠᠢ ᠬᠦᠭᠵᠢᠯᠲᠡ ᠳ᠋ᠦ᠍ ᠬᠦᠴᠦ ᠬᠣᠷᠠᠮᠲᠣᠭᠣᠯᠣᠨ ᠡᠨ᠋ᠸᠷᠬᠢ ᠨᠦᠭᠡᠴᠡᠯᠡᠬᠦ ᠬᠡᠷᠡᠭᠲᠡᠢ᠃ ᠲᠠᠷᠢᠶᠠᠯᠠᠩ ᠮᠠᠯ ᠠᠵᠦ ᠠᠬᠣᠢ ᠨᠢ ᠣᠲᠣᠬᠢᠴᠢᠯᠠᠬᠰᠠᠨ ᠲᠣᠮᠣ ᠠᠵᠦ ᠦᠢᠯᠡᠰ᠎ᠢ ᠡᠬᠦᠳᠬᠦ ᠪᠡᠷ ᠬᠠᠷᠠᠯᠲᠠ ᠪᠣᠯᠭᠠᠵᠦ᠂ ᠠᠵᠦ ᠦᠢᠯᠡᠰ᠎ᠤᠨ ᠬᠦᠴᠦᠷᠭᠡᠭ ᠣᠷᠣᠨ᠎ᠢ ᠪᠦᠲᠦᠭᠡᠨ ᠪᠠᠢᠭᠣᠯᠬᠣ ᠪᠡᠷ ᠬᠦᠴᠦᠯᠡᠵᠦ᠂ ᠲᠠᠷᠢᠶᠠᠯᠠᠩ ᠮᠠᠯ ᠠᠵᠦ ᠠᠬᠣᠢ᠎ᠶᠢᠨ ᠲᠠᠷᠠᠬᠠᠢ ᠪᠣᠲᠠᠷᠬᠠᠢ ᠬᠡᠯᠪᠡᠷᠢ ᠡᠴᠡ ᠡᠷᠴᠢᠮᠵᠢᠬᠦᠯᠬᠦ ᠲᠡᠢᠰᠢ ᠬᠣᠪᠢᠷᠠᠭᠣᠯᠬᠣ᠎ᠶᠢ ᠠᠬᠢᠭᠣᠯᠵᠦ᠂ ᠭᠣᠣᠯᠲᠠᠯᠭ᠎ᠠ ᠲᠠᠢ ᠠᠵᠦ ᠦᠢᠯᠡᠰ᠎ᠤᠨ ᠬᠡᠯᠬᠢᠶ᠎ᠡ᠎ᠶᠢ ᠪᠣᠵᠠᠭᠠᠢᠷᠠᠭᠣᠯᠣᠨ ᠲᠡᠭᠡᠭᠰᠢᠯᠡᠬᠦᠯᠵᠦ᠂ ᠪᠣᠬᠢᠷᠲᠣᠯ ᠦᠭᠡᠢ ᠠᠮᠢ ᠠᠬᠣᠢ᠎ᠶᠢᠨ 《ᠦᠪᠦᠷ ᠮᠣᠩᠭᠣᠯ》 ᠨᠡᠷᠡᠮᠵᠢᠲᠦ ᠲᠦᠷᠦᠯ ᠲᠡᠮᠲᠡᠭ᠎ᠢ ᠰᠢᠯᠢᠲᠡᠭᠵᠢᠬᠦᠯᠦᠨ᠎ᠡ᠃ ᠣᠯᠠᠮᠵᠢᠯᠠᠯᠲᠣ ᠡᠨ᠋ᠸᠷᠬᠢ ᠨᠢ ᠬᠠᠩᠭᠠᠯᠭ᠎ᠠ᠎ᠶᠢ ᠪᠠᠲᠣᠯᠠᠬᠣ ᠪᠡᠷ ᠪᠠᠷᠠᠬᠣ ᠦᠭᠡᠢ ᠲᠡᠰ ᠲᠡᠪᠰᠢᠬᠦᠯᠦᠨ ᠬᠡᠯᠪᠡᠷᠢ ᠬᠣᠪᠢᠷᠠᠭᠣᠯᠵᠦ᠂ ᠣᠲᠣ ᠦᠶ᠎ᠡ᠎ᠶᠢᠨ ᠨᠡᠬᠦᠷᠡᠰᠦ ᠬᠢᠮᠢ᠎ᠶᠢᠨ ᠠᠵᠦ ᠦᠢᠯᠡᠳᠪᠦᠷᠢ᠎ᠶᠢᠨ ᠬᠠᠲᠠᠭᠠᠯᠠᠬᠲᠠᠴᠠᠶᠢᠨ ᠬᠡᠮᠵᠢᠶ᠎ᠡ᠎ᠶᠢᠨ ᠲᠦᠷᠦᠯ ᠵᠦᠢᠯ᠎ᠤᠨ ᠪᠠᠢᠭᠣᠯᠣᠯᠲᠠ᠎ᠶᠢ ᠲᠦᠷᠭᠡᠳᠭᠡᠨ ᠠᠬᠢᠭᠣᠯᠵᠦ᠂ ᠵᠠᠩᠬᠢᠯᠠᠭ᠎ᠠ᠎ᠶᠢᠨ ᠮᠡᠷᠭᠡᠵᠢᠯ ᠳ᠋ᠦ ᠰᠢᠪᠲᠣᠯᠣᠯᠲᠠ ᠣᠯᠬᠣ᠎ᠶᠢ ᠶᠡᠬᠡ ᠪᠡᠷ ᠠᠬᠢᠭᠣᠯᠵᠦ᠂ ᠣᠯᠠᠨ ᠣᠯᠣᠰ᠎ᠤᠨ ᠦᠷᠢᠰᠦᠯᠲᠦᠬᠦ ᠬᠦᠴᠦᠨ ᠪᠦᠬᠦᠢ ᠣᠲᠣ ᠦᠶ᠎ᠡ᠎ᠶᠢᠨ ᠨᠡᠬᠦᠷᠡᠰᠦ ᠬᠢᠮᠢ᠎ᠶᠢᠨ ᠠᠵᠦ ᠦᠢᠯᠡᠳᠪᠦᠷᠢ᠎ᠶᠢᠨ ᠠᠵᠦ ᠦᠢᠯᠡᠰ᠎ᠤᠨ ᠦᠨᠳᠦᠷᠯᠢᠭ ᠢ᠋ ᠬᠦᠴᠤᠯᠠᠨ ᠴᠤᠭᠴᠠᠯᠠᠨ᠎ᠠ᠃
ᠯᠠᠪᠲᠠᠭᠣᠨ ᠲᠣᠬᠲᠠᠭᠣᠨ ᠶ᠋ᠢᠡᠷ ᠣᠷᠣᠬᠰᠢᠯᠠᠬᠣ ᠠᠵᠢᠯ᠎ᠤᠨ ᠣᠪᠣᠷ᠂ ᠣᠲᠠᠭᠠᠨ ᠲᠠᠭᠠᠭᠠᠮᠠᠭᠠᠢ ᠴᠢᠷᠮᠠᠢᠨ ᠠᠵᠢᠯᠯᠠᠵᠦ᠂ ᠲᠠᠷᠢᠶᠠᠯᠠᠩ ᠮᠠᠯ ᠠᠵᠦ ᠠᠬᠣᠢ ᠪᠣᠯᠣᠨ ᠣᠯᠠᠮᠵᠢᠯᠠᠯᠲᠣ ᠡᠨ᠋ᠸᠷᠬᠢ᠎ᠶᠢᠨ ᠠᠵᠦ ᠦᠢᠯᠡᠰ᠎ᠤᠨ 《ᠰᠠᠭᠣᠷᠢ》᠎ᠶ᠋ᠢ ᠲᠠᠰᠣᠷᠠᠯᠲᠠ ᠦᠭᠡᠢ ᠪᠠᠲᠣᠳᠬᠠᠵᠦ᠂ ᠨᠠᠮ ᠪᠣᠯᠣᠨ ᠣᠯᠣᠰ᠎ᠤᠨ ᠠᠵᠢᠯ᠎ᠤᠨ ᠶᠡᠬᠡ ᠲᠠᠯ᠎ᠠ ᠳ᠋ᠦ᠍ ᠦᠢᠯᠡᠴᠢᠯᠡᠵᠦ ᠪᠠᠲᠣᠯᠠᠬᠣ ᠳ᠋ᠦ᠍ ᠬᠦᠴᠦ ᠨᠡᠮᠡᠷᠢᠯᠡᠪᠡᠯ᠂ ᠦᠪᠦᠷ ᠮᠣᠩᠭᠣᠯ᠎ᠤᠨ ᠴᠢᠨᠠᠷ ᠰᠠᠢᠲᠠᠢ ᠬᠦᠭᠵᠢᠯᠲᠡ᠎ᠶᠢᠨ ᠵᠠᠮ ᠶᠠᠪᠣᠬᠣ ᠲᠣᠲᠣᠮ ᠲᠣᠬᠲᠠᠭᠣᠨ ᠪᠣᠯᠵᠦ ᠰᠠᠷᠠᠭᠣᠯᠵᠢᠬᠣ ᠶᠣᠮ᠃