ᠦᠬᠠᠢ ᠬᠤᠳᠠ ᠵᠢᠨ ᠬᠠᠢᠨᠠᠨ ᠲᠣᠭᠣᠷᠢᠭ ᠤ᠋ᠨ ᠪᠠᠶᠠᠨᠲᠤᠬᠤᠢ ᠪᠠᠯᠭᠠᠰᠤ ᠵᠢᠨ ᠳ᠋ᠦᠩ ᠱᠢᠩ ᠲᠣᠰᠭᠣᠨᠤ 85 ᠨᠠᠰᠤᠲᠠᠢ ᠵᠤᠤ ᠮᠧᠢ ᠷᠸᠨ ᠨᠠᠰᠤᠲᠠᠨ ᠤᠷᠤᠠᠴᠠᠪᠠᠨ ᠪᠠᠭᠤᠬᠤᠳᠠᠭᠠᠨ ᠬᠢᠴᠢᠶᠡᠮᠵᠢ ᠦᠭᠡᠢ ᠡᠴᠡ ᠪᠤᠯᠵᠤ ᠤᠢᠴᠢᠵᠦ ᠨᠢᠷᠤᠭᠤ ᠪᠡᠨ ᠬᠡᠮᠳᠦᠬᠡᠬᠡᠳ ᠰᠦᠷᠡᠬᠡᠢ ᠵᠤᠪᠠᠵᠠᠢ᠃ ᠭᠡᠷ ᠨᠢ ᠬᠠᠢᠨᠠᠨ ᠲᠣᠭᠣᠷᠢᠭ ᠪᠠ ᠬᠣᠲᠠ ᠵᠢᠨ ᠡᠮᠨᠡᠯᠭᠡᠵᠢᠨ ᠬᠤᠷᠢᠶᠠ ᠡᠴᠡ ᠨᠡᠯᠢᠶᠡᠳ ᠬᠣᠯᠠ ᠪᠠᠢᠬᠤᠯᠠᠷ ᠭᠡᠷᠦᠨ ᠬᠥᠮᠦᠰᠲᠡᠭᠡᠨ ᠶᠠᠷᠱᠢᠭ ᠲᠠᠲᠠᠬᠤ ᠦᠭᠡᠢ ᠭᠡᠵᠤ ᠨᠠᠰᠤᠳᠠᠨ ᠡᠪᠡᠳᠬᠦ ᠪᠡᠨ ᠲᠡᠰᠪᠦᠷᠢᠯᠡᠭᠡᠳ ᠭᠡᠷ ᠲᠡᠭᠡᠨ ᠰᠠᠭᠤᠵᠤ ᠰᠤᠪᠢᠯᠠᠪᠠ᠃ ᠬᠦᠦ ᠨᠢ ᠡᠵᠢᠵᠢᠡᠵᠢᠡᠨ ᠪᠠᠢᠳᠠᠯᠢ ᠬᠠᠷᠠᠭᠠᠳ ᠪᠠᠯᠭᠠᠰᠤᠨ ᠤ᠋ ᠡᠷᠡᠭᠦᠯ ᠬᠠᠮᠠᠭᠠᠯᠠᠯ ᠤ᠋ᠨ ᠬᠣᠷᠢᠶᠠᠨ ᠳ᠋ᠦ ᠪᠠᠢᠴᠠᠭᠠᠯᠲᠠ ᠬᠢᠵᠦ᠍ ᠡᠮᠨᠡᠭᠦᠯᠵᠦ᠍ ᠪᠣᠯᠤᠨᠠ ᠰᠢᠤ ᠭᠡᠵᠦ᠍ ᠰᠠᠨᠠᠭᠤᠯᠤᠭᠰᠠᠨ ᠳ᠋ᠦ ᠵᠤᠤ ᠮᠧᠢ ᠷᠧᠨ ᠨᠠᠰᠤᠳᠠᠨ ᠰᠠᠶᠢ ᠬᠦᠦ᠍ ᠲᠠᠢ ᠪᠡᠨ ᠬᠠᠮᠳᠦ ᠪᠠᠶᠠᠨᠲᠣᠬᠣᠢ ᠪᠠᠯᠭᠠᠰᠤᠨ ᠤ᠋ ᠡᠷᠡᠭᠦᠯ ᠬᠠᠮᠠᠭᠠᠯᠠᠯ ᠤ᠋ᠨ ᠬᠣᠷᠢᠶᠠᠨ ᠳ᠋ᠦ ᠬᠦᠷᠴᠦ ᠡᠮᠨᠡᠬᠦᠯᠪᠡ᠃
ᠡᠷᠡᠭᠦᠯ ᠬᠠᠮᠠᠭᠠᠯᠠᠯ ᠤ᠋ᠨ ᠬᠣᠷᠢᠶᠠᠨ ᠤ᠋ ᠡᠮᠴᠢ ᠨᠠᠷ ᠬᠦᠯᠢᠶᠡᠨ ᠠᠪᠴᠦ ᠡᠮᠴᠢᠯᠡᠭᠰᠡᠨ ᠤ᠋ ᠳᠠᠷᠠᠭᠠ ᠵᠣᠣ ᠮᠧᠶ ᠷᠧᠨ ᠳ᠋ᠦ ᠤᠬᠤᠷ ᠰᠡᠭᠦᠯ ᠪᠠ ᠠᠭᠠᠷᠴᠠᠭ ᠤ᠋ᠨ CT ᠪᠠᠢᠴᠠᠭᠠᠯᠳᠠ ᠬᠢᠵᠦ ᠥᠭ᠌ᠭᠦᠭ᠌ᠰᠡᠨ ᠪᠥᠭᠡᠳ PACS ᠱᠢᠰᠲ᠋ᠧᠮ ᠵᠢᠡᠷ ᠳᠦᠷᠰᠦ ᠱᠢᠩᠭᠡᠭᠡᠯᠲᠡ ᠵᠢᠨ ᠮᠠᠲ᠋ᠧᠷᠢᠶᠠᠯ ᠢ᠋ ᠬᠠᠢᠨᠠᠨ ᠲᠣᠭᠣᠷᠢᠭ ᠤ᠋ᠨ ᠠᠷᠠᠳ ᠤ᠋ᠨ ᠡᠮᠨᠡᠯᠭᠡ ᠵᠢᠨ ᠬᠣᠷᠢᠶᠠ ᠳ᠋ᠦ ᠳᠠᠮᠵᠢᠭᠤᠯᠵᠠᠶ᠃ 5 ᠮᠢᠨᠦ᠋ᠲᠦᠨ ᠳᠠᠷᠠᠭᠠ ᠬᠠᠢᠨᠠᠨ ᠲᠣᠭᠣᠷᠢᠭ ᠤ᠋ᠨ ᠠᠷᠠᠳ ᠤ᠋ᠨ ᠡᠮᠨᠡᠯᠭᠡ ᠵᠢᠨ ᠬᠣᠷᠢᠶᠠᠨ ᠤ᠋ ᠰᠠᠴᠤᠷᠠᠭ ᠳᠦᠷᠰᠦ ᠱᠢᠩᠭᠡᠭᠡᠯᠲᠡ ᠵᠢᠨ ᠰᠠᠯᠠᠭᠠᠨ ᠤ᠋ ᠡᠮᠴᠢ ᠪᠠᠢᠴᠠᠭᠠᠯᠳᠠᠵᠢᠨ ᠮᠡᠳᠡᠭᠦᠯᠦᠯᠲᠡ ᠵᠢ ᠱᠢᠰᠲ᠋ᠧᠮ ᠵᠢᠡᠷ ᠳᠠᠮᠵᠢᠭᠤᠯᠤᠨ ᠪᠤᠴᠠᠭᠠᠪᠠ᠃ ᠮᠡᠳᠡᠭᠦᠯᠦᠯᠲᠡ ᠳ᠋ᠦ ᠵᠤᠤ ᠮᠧᠢ ᠷᠧᠨ ᠨᠠᠰᠤᠳᠠᠨ ᠤ᠋ ᠤᠬᠤᠷ ᠰᠡᠬᠦᠯᠦᠨ ᠶᠠᠰᠤ ᠨᠢ ᠪᠡᠷᠲᠡᠵᠠᠢ᠂ ᠡᠮᠴᠢ ᠲᠡᠭᠦᠨ ᠢ᠋ ᠰᠠᠢᠬᠠᠨ ᠬᠡᠪᠲᠡᠵᠦ᠍ ᠠᠮᠠᠷᠠᠬᠤ ᠵᠢᠨ ᠵᠡᠷᠭᠡ ᠪᠡᠷ ᠹᠢᠽᠢᠺ ᠵᠠᠰᠠᠯ ᠬᠢᠯᠭᠡᠬᠦ ᠬᠡᠷᠡᠭᠳᠠᠢ᠂ ᠬᠡᠷᠪᠡ ᠶᠠᠪᠤᠵᠦ ᠰᠠᠭᠤᠬᠤᠳᠦ ᠳᠥᠭᠥᠮ ᠦᠭᠡᠢ ᠪᠣᠯ ᠭᠡᠷ ᠪᠦᠯᠢ ᠵᠢᠨ ᠡᠮᠴᠢ ᠲᠣᠭ᠍ᠲᠠᠭ᠍ᠰᠠᠨ ᠬᠤᠭᠤᠴᠠᠭᠠᠲᠠᠶ ᠪᠡᠷ ᠭᠡᠷᠲᠦᠨᠢ ᠬᠦᠷᠴᠦ᠍ ᠮᠥᠷᠳᠡᠨ ᠪᠠᠢᠴᠠᠭᠠᠬᠤ ᠦᠢᠯᠡᠴᠢᠯᠡᠭᠡ ᠬᠠᠩᠭᠠᠨᠠ ᠭᠡᠪᠡ᠃
《ᠡᠷᠡᠭᠦᠯ ᠬᠠᠮᠠᠭᠠᠯᠠᠯ ᠤ᠋ᠨ ᠬᠣᠷᠢᠶᠠ ᠲᠣᠨᠣᠭ ᠲᠥᠬᠥᠭᠡᠷᠦᠮᠵᠢᠪᠡᠨ ᠪᠦᠷᠢᠨ ᠲᠣᠬᠢᠷᠠᠭᠤᠯᠤᠭ᠍ᠰᠠᠨ ᠪᠥᠭᠡᠳ ᠦᠷᠭᠦᠯᠵᠢ ᠠᠯᠪᠠᠨ ᠵᠢᠷᠤᠮ ᠤ᠋ᠨ ᠡᠮᠴᠢᠯᠡᠭᠡᠨ ᠤ᠋ ᠠᠵᠢᠯᠯᠠᠭᠠ ᠦᠷᠨᠢᠬᠦᠯᠳᠡᠭ᠃ ᠣᠯᠠᠩᠬᠢ ᠳ᠋ᠠᠭᠠᠨ ᠲᠤᠰᠭᠠᠶ ᠮᠡᠷᠭᠡᠵᠢᠯᠲᠡᠨ ᠢᠷᠡᠵᠦ ᠠᠯᠪᠠᠨ ᠵᠢᠷᠤᠮ ᠤ᠋ᠨ ᠡᠮᠴᠢᠯᠡᠭᠡ ᠬᠢᠵᠦ᠂ ᠶᠡᠷᠤ ᠨᠢ ᠪᠠᠶᠠ ᠮᠠᠭᠤᠵᠢᠷᠠᠬᠤ ᠪᠠᠢᠳᠠᠯ ᠢᠯᠡᠷᠡᠪᠠᠯ ᠠᠯᠪᠠᠨ ᠵᠢᠷᠤᠮ ᠤ᠋ᠨ ᠡᠮᠴᠢᠯᠡᠭᠡ ᠬᠢᠬᠦ᠌ ᠴᠠᠭᠢ ᠨᠢ ᠲᠤᠬᠢᠶᠠᠯᠳᠤᠭᠤᠯᠵᠤ ᠲᠤᠬᠠᠢᠵᠢᠨ ᠲᠠᠯᠠᠪᠠᠢᠳᠤ ᠬᠦᠷᠴᠤ ᠠᠰᠠᠭᠤᠵᠤ ᠯᠠᠪᠯᠠᠪᠠᠯ ᠪᠤᠯᠴᠢᠬᠠᠨᠠ᠂ ᠪᠢᠳᠡᠨ ᠳ᠋ᠦ ᠠᠪᠴᠦ ᠬᠡᠯᠡᠪᠡᠯ ᠴᠤᠬᠤᠮ ᠰᠠᠢᠨ ᠶᠠᠪᠤᠳᠠᠯ ᠰᠢᠤ》 ᠭᠡᠵᠦ ᠵᠣᠣ ᠮᠧᠶ ᠷᠧᠨᠦ ᠭᠡᠷ ᠤ᠋ᠨ ᠬᠦᠮᠦᠰ ᠨᠢ ᠪᠠᠶᠠᠷᠳᠠᠢᠬᠠᠨ ᠬᠡᠯᠡᠨᠠ᠃
ᠬᠦᠨᠳᠦ ᠡᠪᠡᠳᠴᠢᠨᠳ᠋ᠤ ᠨᠠᠷᠪᠡᠭᠳᠡᠪᠠᠯ ᠬᠤᠳᠠᠵᠢᠨ ᠡᠮᠨᠡᠯᠭᠡᠵᠢᠨ ᠬᠤᠷᠢᠶᠠᠳᠦ ᠬᠦᠷᠴᠦ ᠡᠮᠨᠡᠬᠦᠯᠵᠦ᠂ ᠬᠦᠩᠭᠡᠨ ᠡᠪᠡᠳᠴᠢᠨ ᠳ᠋ᠤ ᠨᠡᠷᠪᠡᠭᠳᠡᠪᠠᠯ ᠲᠣᠭᠣᠷᠢᠭᠤᠨ ᠡᠮᠨᠡᠯᠭᠡᠵᠢᠨ ᠬᠤᠷᠢᠶᠠᠳᠤ ᠡᠮᠨᠡᠬᠦᠯᠤᠨ᠂ ᠡᠩ ᠤ᠋ᠨ ᠬᠢᠮᠤᠷᠠᠭᠠ ᠲᠠᠭᠰᠢᠭᠤᠷ ᠲᠦ᠍ ᠨᠠᠷᠪᠡᠭᠳᠡᠪᠠᠯ ᠱᠢᠶᠠᠩ ᠪᠠᠯᠭᠠᠰᠤᠨ ᠤ᠋ ᠡᠷᠡᠭᠦᠯ ᠬᠠᠮᠠᠭᠠᠯᠠᠯ ᠤ᠋ᠨ ᠬᠣᠷᠢᠢᠠ ᠪᠣᠯᠤᠨ ᠨᠡᠢᠭᠡᠮ ᠲᠣᠭᠣᠷᠢᠭ ᠤ᠋ᠨ ᠡᠷᠡᠭᠦᠯ ᠬᠠᠮᠠᠭᠠᠯᠠᠯ ᠤ᠋ᠨ ᠦᠢᠯᠡᠴᠢᠯᠡᠭᠡᠨᠦ ᠲᠥᠪᠲᠦ᠍ ᠡᠮᠨᠡᠬᠦᠯᠴᠢᠭᠡᠨᠠ᠃ ᠣᠢᠷᠠ ᠵᠢᠨ ᠵᠢᠯ ᠡᠴᠡ ᠨᠠᠭᠠᠰᠢ ᠦᠬᠠᠶ ᠬᠣᠲᠠᠵᠢ ᠬᠢᠨ ᠡᠮ ᠡᠮᠨᠡᠯᠭᠡ ᠡᠷᠡᠭᠦᠯ ᠬᠠᠮᠠᠭᠠᠯᠠᠯ ᠤ᠋ᠨ ᠪᠠᠢᠭᠤᠯᠤᠮᠵᠢᠵᠢᠨ ᠥᠭᠡᠷᠡᠴᠢᠯᠡᠯᠲᠡ ᠵᠢ ᠭᠦᠨᠵᠡᠭᠡᠢᠷᠡᠭᠦᠯᠬᠦ᠌ ᠵᠢ ᠪᠠᠷᠢᠮᠲᠠᠯᠠᠵᠤ᠂ ᠱᠢᠰᠲ᠋ᠧᠮᠦᠨ ᠪᠠᠢᠭᠤᠯᠤᠯᠲᠠ ᠵᠢ ᠲᠠᠰᠤᠷᠠᠯᠲᠠ ᠥᠬᠡᠶ ᠲᠡᠭᠦᠯᠳᠡᠷᠵᠢᠭᠦᠯᠤᠨ᠂ ᠡᠬᠢ ᠪᠠᠶᠠᠯᠢᠭ ᠤ᠋ᠨ ᠲᠡᠩᠴᠡᠭᠦᠷᠢᠲᠦ ᠪᠠᠢᠷᠢᠱᠢᠭᠤᠯᠤᠯᠲᠠ ᠵᠢ ᠠᠬᠢᠭᠤᠯᠵᠤ᠂ ᠭᠤᠤᠯᠳᠠᠯᠭᠠᠲᠠᠶ ᠱᠢᠨᠵᠢᠯᠡᠭᠡᠨᠦ ᠰᠠᠯᠠᠭᠠ ᠵᠢᠴᠢ ᠲᠤᠰᠭᠠᠶ ᠰᠠᠯᠠᠭᠠᠨ ᠤ᠋ ᠲᠤᠰᠭᠠᠶ ᠡᠪᠡᠳᠴᠢᠨᠦ ᠣᠨᠣᠱᠢᠯᠠᠨ ᠡᠮᠨᠡᠬᠦ᠌ ᠲᠥᠪᠦᠨ ᠪᠥᠲᠥᠭᠡᠨ ᠪᠠᠢᠭᠤᠯᠤᠯᠲᠠ ᠪᠡᠷ ᠤᠳᠤᠷᠢᠳᠤᠮᠵᠢ ᠪᠣᠯᠭᠠᠨ ᠬᠦᠴᠢᠷ ᠲᠦᠪᠡᠭ᠌ᠲᠡᠶ ᠬᠦᠨᠳᠦ ᠡᠪᠡᠳᠴᠢᠨ ᠢ᠋ ᠠᠪᠤᠷᠠᠨ ᠡᠮᠨᠡᠬᠦ᠌ ᠴᠢᠳᠠᠪᠤᠷᠢ ᠵᠢ ᠪᠠᠨ ᠳᠡᠭᠡᠭ᠌ᠰᠢᠯᠡᠭᠦᠯᠤᠨ᠂ ᠠᠯᠤᠰ ᠡᠵᠡᠮᠱᠢᠯ ᠵᠢᠡᠷ ᠬᠠᠮᠲᠤᠷᠠᠨ ᠣᠨᠣᠱᠢᠯᠠᠬᠤ᠂ ᠲᠤᠰᠭᠠᠶ ᠮᠡᠷᠭᠡᠵᠢᠯᠲᠡᠨ ᠣᠨᠣᠱᠢᠯᠠᠬᠤ ᠪᠡᠷ ᠭᠤᠤᠯᠳᠠᠯᠭᠠ ᠪᠣᠯᠭᠠᠨ ᠬᠦᠨᠳᠦ ᠡᠪᠡᠳᠴᠢᠨ ᠢ᠋ ᠣᠨᠣᠱᠢᠯᠠᠨ ᠡᠮᠨᠡᠬᠦ᠌ ᠴᠢᠳᠠᠪᠤᠷᠢ ᠵᠢ ᠳᠡᠭᠡᠭ᠌ᠰᠢᠯᠡᠭᠦᠯᠵᠦ᠍᠂ ᠨᠢᠭ᠍ᠲᠠ ᠬᠡᠯᠪᠡᠷᠢ ᠵᠢᠨ ᠡᠮᠴᠢᠯᠡᠭᠡᠨᠦ ᠪᠦᠯᠦᠭ᠌ᠯᠡᠯ ᠵᠢᠡᠷ ᠠᠴᠢᠶᠠᠯᠠᠪᠤᠷᠢ ᠪᠣᠯᠭᠠᠨ ᠦᠨᠳᠦᠰᠦᠨ ᠱᠠᠲᠤᠨ ᠤ᠋ ᠦᠶ᠋ᠯᠡᠴᠢᠯᠡᠭᠡᠨᠦ ᠴᠢᠳᠠᠪᠤᠷᠢ ᠪᠠᠨ ᠳᠡᠭᠡᠭ᠌ᠰᠢᠯᠡᠭᠦᠯᠤᠨ᠂ ᠪᠥᠬᠥ᠌ ᠬᠣᠲᠠ ᠵᠢᠨ ᠡᠷᠡᠭᠦᠯ ᠬᠠᠮᠠᠭᠠᠯᠠᠯ ᠡᠷᠡᠭᠦᠯ ᠮᠡᠨᠳᠦ᠍ ᠵᠢᠨ ᠦᠶ᠋ᠯᠡᠰᠦᠨ ᠴᠢᠨᠠᠷ ᠰᠠᠢᠲᠠᠶ ᠬᠥᠭ᠌ᠵᠢᠯᠲᠡ ᠵᠢ ᠪᠥᠬᠥ᠌ ᠬᠦᠴᠦᠨ ᠵᠢᠡᠷ ᠵᠢᠡᠨ ᠠᠬᠢᠭᠤᠯᠪᠠ᠃
ᠦᠨᠳᠦᠰᠦᠨ ᠱᠠᠲᠤᠨ ᠤ᠋ ᠣᠨᠣᠱᠢᠯᠠᠨ ᠡᠮᠨᠡᠬᠦ᠌ ᠴᠢᠳᠠᠪᠤᠷᠢ ᠵᠢ ᠳᠡᠭᠡᠭ᠌ᠰᠢᠯᠡᠭᠦᠯᠬᠦ᠌ ᠵᠢᠨ ᠲᠥᠯᠥᠭᠡ ᠦᠬᠠᠶ ᠬᠣᠲᠠ ᠨᠢᠭ᠍ᠲᠠ ᠬᠡᠯᠪᠡᠷᠢ ᠵᠢᠨ ᠬᠣᠲᠠ ᠵᠢᠨ ᠡᠮᠴᠢᠯᠡᠭᠡᠨᠦ ᠪᠦᠯᠦᠭ᠌ᠯᠡᠯᠦᠨ ᠪᠠᠢᠭᠤᠯᠤᠯᠲᠠ ᠵᠢ ᠡᠮ ᠡᠮᠨᠡᠯᠭᠡ ᠵᠢᠨ ᠪᠠᠢᠭᠤᠯᠤᠮᠵᠢᠵᠢᠨ ᠥᠭᠡᠷᠡᠴᠢᠯᠡᠯᠲᠡ ᠵᠢ ᠭᠦᠨᠵᠡᠭᠡᠢᠷᠡᠭᠦᠯᠬᠦ᠌᠂ ᠱᠠᠲᠤ ᠬᠤᠪᠢᠶᠠᠨ ᠣᠨᠣᠱᠢᠯᠠᠨ ᠡᠮᠨᠡᠬᠦ᠌ᠵᠢ ᠳᠡᠬᠦᠯᠳᠡᠷᠵᠢᠬᠦᠯᠬᠦ ᠴᠢᠬᠤᠯᠠ ᠡᠭᠦᠷᠭᠡ ᠪᠠ ᠭᠠᠷᠳᠠᠴᠠ ᠪᠤᠯᠭᠠᠵᠦ᠂ 《ᠬᠣᠲᠠ ᠵᠢᠨ ᠲᠤᠤᠷᠴᠢᠯᠠᠯ᠂ ᠣᠷᠣᠨ ᠪᠦᠰᠡ ᠵᠢᠨ ᠨᠢᠭ᠍ᠲᠠ ᠬᠡᠯᠪᠡᠷᠢ》 ᠪᠡᠷ ᠠᠵᠢᠯ ᠤ᠋ᠨ ᠴᠢᠭ᠌ᠯᠡᠯ ᠪᠣᠯᠭᠠᠨ 《 ᠨᠢᠭ᠍ᠲᠠ ᠬᠡᠯᠪᠡᠷᠢ ᠵᠢᠨ ᠬᠣᠲᠠ ᠵᠢᠨ ᠡᠮᠴᠢᠯᠡᠭᠡᠨᠦ ᠪᠦᠯᠦᠭ᠌ᠯᠡᠯᠦᠨ ᠠᠵᠢᠯ ᠢ᠋ ᠠᠬᠢᠭᠤᠯᠬᠤ ᠲᠥᠰᠦᠯ 》 ᠢ᠋ ᠲᠣᠭ᠍ᠲᠠᠭᠠᠨ ᠨᠡᠢᠲᠡᠯᠡᠵᠥ᠂ ᠨᠢᠭ᠍ᠲᠠ ᠬᠡᠯᠪᠡᠷᠢ ᠵᠢᠨ ᠬᠣᠲᠠ ᠵᠢᠨ ᠡᠮᠴᠢᠯᠡᠭᠡᠨᠦ ᠪᠦᠯᠦᠭ᠌ᠯᠡᠯᠦᠨ ᠱᠢᠯᠭᠠᠨ ᠬᠢᠨᠠᠵᠤ ᠦᠨᠡᠯᠡᠬᠦ᠌ ᠲᠣᠭ᠍ᠲᠠᠴᠠ ᠵᠢ ᠪᠠᠢᠭᠤᠯᠪᠠ᠂ ᠦᠬᠠᠶ ᠬᠣᠲᠠ ᠵᠢᠨ ᠠᠷᠠᠳ ᠤ᠋ᠨ ᠡᠮᠨᠡᠯᠭᠡ ᠵᠢᠨ ᠬᠣᠷᠢᠶᠠ᠂ ᠬᠠᠢ᠌ᠷᠤᠪ ᠤ᠋ᠨ ᠲᠣᠬᠣᠶ ᠲᠣᠭᠣᠷᠢᠭ ᠤ᠋ᠨ ᠬᠢᠲᠠᠳ ᠡᠮᠨᠡᠯᠭᠡ ᠵᠢᠨ ᠬᠣᠷᠢᠶᠠ ᠪᠡᠷ ᠳᠠᠭᠠᠭᠤᠯᠤᠭᠴᠢ ᠡᠮᠨᠡᠯᠭᠡ ᠵᠢᠨ ᠬᠣᠷᠢᠶᠠ ᠪᠤᠯᠭᠠᠵᠦ᠂ 3 ᠬᠣᠶᠠᠳᠤᠭᠠᠷ ᠳᠡᠰ ᠤ᠋ᠨ ᠶᠡᠷᠦᠩᠬᠡᠢᠯᠡᠭ᠌ᠰᠡᠨ ᠡᠮᠨᠡᠯᠭᠡ ᠵᠢᠨ ᠬᠣᠷᠢᠶᠠ᠂ ᠦᠨᠳᠦᠰᠦᠨ ᠱᠠᠲᠤᠨ ᠤ᠋ 15 ᠡᠮᠴᠢᠯᠡᠭᠡᠨᠦ ᠪᠠᠢᠭᠤᠯᠤᠮᠵᠢ ᠪᠡᠷ ᠡᠮᠴᠢᠯᠡᠭᠡᠨᠦ ᠪᠦᠯᠦᠭ᠌ᠯᠡᠯᠦᠨ ᠪᠦᠷᠢᠯᠳᠦᠬᠦᠨ ᠨᠢᠭᠡᠴᠢ ᠪᠤᠯᠭᠠᠭᠰᠠᠨ 2 ᠦᠶ᠋ᠯᠡᠴᠢᠯᠡᠭᠡᠨᠦ ᠲᠤᠤᠷᠴᠢᠯᠠᠯ ᠢ᠋ ᠪᠠᠢᠭᠤᠯᠵᠦ᠂ ᠲᠤᠤᠷᠴᠢᠯᠠᠯ ᠤ᠋ᠨ ᠳᠣᠲᠣᠷᠠᠬᠢ ᠰᠠᠭᠤᠭᠠᠯᠢ ᠠᠷᠠᠳᠲᠤ ᠨᠢᠭᠡ ᠴᠣᠭ᠍ᠴᠠᠵᠢᠭᠤᠯᠤᠭ᠍ᠰᠠᠨ ᠦᠷᠭᠦᠯᠵᠢᠯᠡᠭ᠌ᠰᠡᠨ ᠴᠢᠨᠠᠷᠲᠠᠶ ᠡᠮᠴᠢᠯᠡᠭᠡ ᠡᠷᠡᠭᠦᠯ ᠬᠠᠮᠠᠭᠠᠯᠠᠯ ᠤ᠋ᠨ ᠦᠶ᠋ᠯᠡᠴᠢᠯᠡᠭᠡᠨ ᠬᠠᠩᠭᠠᠪᠠ᠃
2023 ᠣᠨ ᠳ᠋ᠦ ᠦᠬᠠᠶ ᠬᠣᠲᠠ ᠵᠢᠨ ᠦᠨᠳᠦᠰᠦᠨ ᠱᠠᠲᠤᠨ ᠤ᠋ ᠡᠮ ᠡᠮᠨᠡᠯᠭᠡ ᠡᠷᠡᠭᠦᠯ ᠬᠠᠮᠠᠭᠠᠯᠠᠯ ᠤ᠋ᠨ ᠪᠠᠢᠭᠤᠯᠤᠮᠵᠢ ᠵᠢᠨ ᠶᠡᠷᠦᠩᠬᠡᠶ ᠣᠨᠣᠱᠢᠯᠠᠨ ᠡᠮᠨᠡᠭ᠌ᠰᠡᠨ ᠲᠣᠭᠠ 117.19 ᠲᠦᠮᠡᠨ ᠬᠥᠮᠦᠨ ᠤᠳᠠᠭᠠ ᠳ᠋ᠦ ᠬᠦᠷᠴᠦ᠍ ᠂ ᠨᠢᠳᠤᠨᠤᠨ ᠤ᠋ ᠠᠳᠠᠯᠢ ᠬᠤᠭᠤᠴᠠᠭᠠᠨ ᠤ᠋ᠬᠢ ᠡᠴᠡ 44.34 % ᠪᠡᠷ ᠨᠡᠮᠡᠭ᠌ᠳᠡᠪᠡ;ᠣᠷᠣᠨ ᠪᠦᠰᠡ ᠵᠢᠨ ᠡᠮᠴᠢᠯᠡᠭᠡᠨᠦ ᠪᠦᠯᠦᠭ᠌ᠯᠡᠯᠳᠤᠳᠤᠷᠠ ᠪᠡᠨ ᠳᠡᠭᠡᠭ᠌ᠰᠢ 10973 ᠬᠥᠮᠦᠨ ᠤᠳᠠᠭᠠ ᠱᠢᠯᠵᠢᠭᠦᠯᠵᠦ᠍ ᠂ ᠳᠣᠷᠣᠭ᠍ᠰᠢ 8623 ᠬᠥᠮᠦᠨ ᠤᠳᠠᠭᠠ ᠱᠢᠯᠵᠢᠭᠦᠯᠵᠦ᠍᠂ 《ᠬᠥᠩᠭᠡᠨ ᠡᠪᠡᠳᠴᠢᠨ ᠢ᠋ ᠦᠨᠳᠦᠰᠦᠨ ᠱᠠᠲᠤᠨ ᠳ᠋ᠦ ᠡᠮᠨᠡᠭᠦᠯᠬᠦ᠌᠂ ᠬᠦᠨᠳᠦ ᠡᠪᠡᠳᠴᠢᠨ ᠢ᠋ ᠳᠠᠭᠠᠭᠤᠯᠤᠭᠴᠢ ᠡᠮᠨᠡᠯᠭᠡ ᠵᠢᠨ ᠬᠣᠷᠢᠶᠠ ᠳ᠋ᠦ ᠡᠮᠨᠡᠭᠦᠯᠬᠦ᠌᠂ ᠡᠷᠡᠭᠦᠯᠵᠢᠬᠦᠯᠬᠦᠵᠢ ᠦᠨᠳᠦᠰᠦᠨ ᠱᠠᠲᠤᠨ ᠳ᠋ᠦ ᠪᠠᠶᠠᠯᠠᠬᠦᠯᠬᠦ》 ᠡᠮᠨᠡᠬᠦᠯᠬᠦ ᠱᠢᠨᠡ ᠪᠠᠢᠷᠢᠱᠢᠯ ᠢ᠋ ᠠᠯᠬᠤᠮ ᠠᠯᠬᠤᠮ ᠵᠢᠡᠷ ᠪᠦᠷᠢᠯᠳᠦᠭᠦᠯᠪᠡ᠃
ᠤᠯᠠᠨ ᠲᠦᠮᠡᠨᠦ ᠪᠤᠳᠤᠵᠤ ᠰᠠᠨᠠᠵᠤ ᠪᠠᠢᠭᠠ ᠵᠦᠢᠯ ᠳ᠋ᠦ ᠠᠩᠬᠠᠷᠤᠯ ᠵᠢᠡᠨ ᠲᠥᠪᠯᠡᠷᠡᠭᠦᠯᠵᠦ᠍᠂ ᠦᠬᠠᠢ ᠬᠤᠳᠠ ᠵᠢᠨ ᠡᠯᠡ ᠱᠠᠲᠤᠨ ᠤ᠋ ᠡᠮᠴᠢᠯᠡᠭᠡᠨᠦ ᠪᠠᠢᠭᠤᠯᠤᠮᠵᠢ ᠤᠷᠢᠳ ᠬᠣᠵᠢᠳ ᠪᠡᠭᠡᠵᠢᠩ᠂ ᠱᠠᠩᠬᠠᠢ ᠵᠡᠷᠭᠡ ᠭᠠᠵᠠᠷ ᠤ᠋ᠨ 25 ᠡᠮᠨᠡᠯᠭᠡ ᠵᠢᠨ ᠬᠣᠷᠢᠢᠠᠲᠠᠶ ᠮᠡᠷᠭᠡᠵᠢᠯᠦᠨ ᠰᠣᠯᠢᠯᠴᠠᠭᠠ ᠬᠠᠮᠲᠤᠷᠠᠯᠴᠠᠭᠠ ᠵᠢᠨ ᠵᠥᠪᠯᠡᠯᠴᠡᠭᠡᠷ ᠲᠤᠬᠢᠷᠠᠯᠴᠠᠪᠠ᠃ ᠣᠳᠣᠬᠠᠨ ᠪᠣᠯᠲᠠᠯᠠ ᠭᠠᠳᠠᠨᠠ ᠣᠷᠣᠨ ᠤ᠋ ᠲᠤᠰᠭᠠᠶ ᠮᠡᠷᠭᠡᠵᠢᠯᠲᠡᠨ ᠢ᠋ 1200 ᠭᠠᠷᠤᠶ ᠬᠥᠮᠦᠨ ᠤᠳᠠᠭᠠ ᠤᠷᠢᠵᠤ᠂ 1.4 ᠲᠦᠮᠡ ᠭᠠᠷᠤᠶ ᠡᠪᠡᠳᠴᠢᠲᠡᠨ ᠢ᠋ ᠭᠥᠯᠢᠶᠡᠨ ᠠᠪᠴᠤ᠌ ᠡᠮᠨᠡᠵᠦ᠍᠂ 1600 ᠭᠠᠷᠤᠶ ᠮᠡᠰᠡ ᠵᠠᠰᠠᠯ ᠬᠢᠵᠦ᠍᠂ ᠲᠤᠰᠭᠠᠶ ᠮᠡᠷᠭᠡᠵᠢᠯᠲᠡᠨ ᠡᠪᠡᠳᠴᠢᠨ ᠦᠵᠡᠬᠦ᠌᠂ ᠠᠯᠤᠰ ᠡᠵᠡᠮᠰᠢᠯᠵᠢᠡᠷ ᠬᠠᠮᠲᠤᠷᠠᠨ ᠣᠨᠣᠱᠢᠯᠠᠬᠤᠨᠢ ᠨᠢᠭᠡᠨᠲᠡ ᠬᠡᠪᠦᠨ ᠪᠠᠢᠳᠠᠯ ᠪᠣᠯᠵᠣ᠂ ᠦᠬᠠᠶ ᠬᠣᠲᠠ ᠵᠢᠨ ᠥᠷᠭᠡᠨ ᠣᠯᠠᠨ ᠬᠣᠲᠠ ᠵᠢᠨ ᠠᠷᠠᠳᠲᠤ ᠴᠢᠨᠠᠷ ᠰᠠᠢᠲᠠᠶ ᠡᠮᠴᠢᠯᠡᠭᠡᠨᠦ ᠡᠬᠢ ᠪᠠᠶᠠᠯᠢᠭ ᠢ᠋ ᠡᠳ᠋ᠯᠡᠭᠦᠯᠵᠦ᠍ ᠪᠠᠢᠨᠠ᠃
ᠰᠥᠨᠢ ᠵᠢᠨ ᠡᠭᠦᠳᠡᠨ ᠡᠮᠨᠡᠯᠭᠡ ᠨᠡᠭᠡᠭᠡᠵᠦ᠍᠂ ᠠᠵᠢᠯᠠᠴᠠ ᠪᠠᠭᠤᠭ᠍ᠰᠠᠨ ᠤ᠋ ᠳᠠᠷᠠᠭᠠ ᠪᠠᠰᠠ ᠬᠡᠪ ᠵᠢᠡᠷ ᠡᠮᠨᠡᠭᠦᠯᠵᠦ᠍ ᠪᠣᠯᠤᠨᠠ; ᠨᠢᠭᠡ ᠤᠳᠠᠭᠠ ᠳ᠋ᠤᠭᠠᠷᠯᠠᠪᠠᠯ 3 ᠡᠳᠦᠷ ᠬᠦᠴᠦᠨ ᠲᠠᠢ᠂ ᠳᠠᠬᠢᠨ ᠨᠢᠭᠡ ᠤᠳᠠᠭᠠ ᠳ᠋ᠤᠭᠠᠷᠯᠠᠬᠤ ᠵᠠᠷᠤᠳᠠᠯ ᠢ᠋ ᠠᠷᠪᠢᠯᠠᠨᠠ ᠁ ᠡᠨᠡ ᠵᠢᠯ ᠡᠴᠡ ᠨᠠᠭᠠᠰᠢ ᠦᠬᠠᠶ ᠬᠣᠲᠠ ᠣᠯᠠᠨ ᠲᠦᠮᠡᠨᠦ ᠡᠮᠨᠡᠬᠦᠯᠦᠭᠰᠡᠨ ᠲᠥᠷᠥᠭ᠌ᠳᠡᠯ ᠢ᠋ ᠰᠠᠢᠵᠢᠷᠠᠭᠤᠯᠬᠤ ᠪᠡᠷ ᠬᠠᠷᠠᠯᠲᠠ ᠪᠣᠯᠭᠠᠵᠤ᠂ ᠱᠢᠨᠡ ᠠᠷᠭᠠ ᠪᠠᠷᠢᠯ᠂ ᠱᠢᠨᠡ ᠮᠡᠷᠭᠡᠵᠢᠯ᠂ ᠱᠢᠨᠡ ᠵᠠᠭ᠍ᠪᠤᠷ ᠢ᠋ ᠭᠦᠶ᠋ᠴᠡᠳ ᠬᠡᠷᠡᠭ᠌ᠯᠡᠵᠦ᠍᠂ ᠣᠯᠠᠨ ᠲᠦᠮᠡᠨᠦ ᠡᠪᠡᠳᠴᠢᠨᠵᠢᠡᠨ ᠡᠮᠨᠡᠬᠦᠯᠬᠦ ᠳ᠋ᠦ ᠬᠦᠴᠢᠷ ᠠᠰᠠᠭᠤᠳᠠᠯ ᠢ᠋ ᠱᠢᠶ᠋ᠳᠪᠦᠷᠢᠯᠡᠪᠡ ᠃
ᠣᠳᠣᠬᠠᠨ ᠪᠣᠯᠲᠠᠯᠠ ᠪᠥᠬᠥ᠌ ᠬᠣᠲᠠ ᠵᠢᠨ ᠭᠤᠷᠪᠠᠳᠤᠭᠠᠷ ᠳᠡᠰᠠᠴᠠ ᠳᠡᠭᠡᠭ᠌ᠰᠢᠬᠢ ᠡᠮᠴᠢᠯᠡᠭᠡᠨᠦ ᠪᠠᠢᠭᠤᠯᠤᠮᠵᠢ ᠴᠥᠮ ᠢᠨᠲ᠋ᠧᠷ ᠰᠦᠯᠵᠢᠶᠡᠨᠦ ᠡᠮᠨᠡᠯᠭᠡ ᠵᠢᠨ ᠬᠣᠷᠢᠶᠠᠨ ᠤ᠋ ᠡᠮᠴᠢᠯᠡᠭᠡᠨᠦ ᠦᠶ᠋ᠯᠡᠴᠢᠯᠡᠭᠡ ᠥᠷᠨᠢᠭᠦᠯᠵᠦ᠍᠂ ᠬᠣᠶᠠᠳᠤᠭᠠᠷ ᠳᠡᠰᠠᠴᠠ ᠳᠡᠭᠡᠭ᠌ᠰᠢᠬᠢ ᠡᠮᠴᠢᠯᠡᠭᠡᠨᠦ ᠪᠠᠢᠭᠤᠯᠤᠮᠵᠢ ᠴᠥᠮ 《ᠨᠢᠭᠡ ᠥᠷᠲᠡᠭᠡ ᠮᠠᠶᠢᠭ ᠤ᠋ᠨ ᠡᠮᠨᠡᠯᠭᠡ ᠡᠴᠡ ᠤᠷᠤᠵᠦ ᠭᠠᠷᠬᠤ ᠦᠶ᠋ᠯᠡᠴᠢᠯᠡᠭᠡᠨᠦ ᠲᠥᠪ 》 ᠢ᠋ ᠪᠠᠢᠭᠤᠯᠵᠤ᠂ ᠬᠣᠶᠠᠳᠤᠭᠠᠷ ᠳᠡᠰ ᠤ᠋ᠨ ᠡᠮᠴᠢᠯᠡᠭᠡᠨᠦ ᠪᠠᠢᠭᠤᠯᠤᠮᠵᠢ ᠨᠢ ᠡᠭᠦᠳᠡᠨ ᠡᠮᠨᠡᠯᠭᠡ ᠵᠢᠨ ᠴᠠᠭ ᠬᠤᠪᠢᠶᠠᠨ ᠪᠣᠯᠵᠣᠬᠤ᠂ ᠡᠮᠨᠡᠯᠭᠡ ᠳ᠋ᠦ ᠰᠠᠭᠤᠬᠤ ᠵᠢ ᠪᠣᠯᠵᠣᠬᠤ ᠪᠠ ᠬᠤᠭᠤᠴᠠᠭᠠ ᠰᠣᠩᠭᠣᠨ ᠮᠡᠰᠡ ᠵᠠᠰᠠᠯ ᠬᠢᠬᠦ᠌ ᠵᠢ ᠪᠤᠯᠵᠤᠬᠤ ᠦᠢᠯᠡᠴᠢᠯᠡᠭᠡ ᠬᠠᠩᠭᠠᠵᠦ ᠪᠠᠢᠨᠠ᠃ ᠪᠥᠬᠥ᠌ ᠬᠣᠲᠠ ᠵᠢᠨ ᠡᠯᠡ ᠱᠠᠲᠤᠨ ᠤ᠋ ᠡᠯᠡ ᠲᠥᠷᠥᠯᠦᠨ ᠡᠮᠴᠢᠯᠡᠭᠡᠨᠦ ᠪᠠᠢᠭᠤᠯᠤᠮᠵᠢ 50 ᠭᠠᠷᠤᠶ ᠵᠦᠶ᠋ᠯᠦᠨ ᠪᠠᠢᠴᠠᠭᠠᠨ ᠱᠢᠯᠭᠠᠭ᠍ᠰᠠᠨ ᠦᠷᠡ ᠳ᠋ᠦᠩ ᠢ᠋ ᠬᠠᠷᠢᠯᠴᠠᠨ ᠮᠡᠳᠡᠷᠡᠬᠦ᠌ ᠵᠢ ᠪᠡᠶᠡᠯᠡᠭᠦᠯᠪᠡ᠃