ᠨᠢᠭᠡᠯᠭᠡᠨ ᠵᠤᠷᠪᠤᠰ ᠭᠠᠯᠲᠤ ᠲᠡᠷᠭᠡᠨ ᠎ᠦ ᠱᠤᠭᠤᠮ ᠲᠠᠢ ᠪᠠᠢᠬᠰᠠᠨ᠎ᠡᠴᠡ ᠪᠠᠨ ᠲᠦᠷᠪᠡᠨ ᠵᠦᠭ ᠨᠢ᠋ᠮᠠᠨ ᠵᠤᠪᠬᠢᠰ ᠎ᠲᠤ᠌ ᠨᠡᠪᠳᠡᠷᠡᠬᠦ ᠱᠤᠭᠤᠮ ᠲᠠᠢ ᠪᠤᠯᠵᠦ ᠤᠯᠠᠭᠠᠨᠬᠠᠳᠠ᠎ᠶ᠋ᠢᠨ ᠥᠨᠳᠥᠷ ᠲᠦᠪᠱᠢᠨ᠎ᠪᠦᠬᠦᠢ ᠨᠡᠭᠡᠭᠡᠯᠲᠡ ᠨᠢ ᠲᠤᠳᠤᠷ ᠭᠠᠵᠠᠷ᠎ᠢ ᠡᠮᠦᠨ᠎ᠡ ᠹᠷᠣᠨᠲ ᠪᠣᠯᠭᠠᠯ᠎ᠠ
2024-11-13 09:51:52
ᠵᠣᠬᠢᠶᠠᠭ᠍ᠴᠢ᠄
ᠱᠢᠶᠤᠤ ᠯᠦ᠍
ᠣᠩᠱᠢᠭ᠍ᠰᠠᠨ ᠣᠳᠠᠭ᠎ᠠ᠄
★★★☆☆

ᠬᠢᠯᠢ ᠳᠠᠭᠠᠤ ᠤᠷᠤᠨ ᠪᠢᠰᠢ᠂ ᠲᠡᠯᠡᠶ ᠳᠠᠭᠠᠤ ᠭᠠᠵᠠᠷ ᠴᠤ᠌ ᠪᠤᠰᠤ᠂ ᠨᠡᠩ ᠴᠤ᠌ ᠭᠤᠤᠯ ᠮᠥᠷᠡᠨ᠎ᠲᠡᠶ ᠬᠠᠪᠢᠳᠠᠬᠤ ᠥᠬᠡᠶ᠂ ᠬᠡᠪᠡᠴᠤ᠌ ᠲᠡᠯᠡᠶ᠎ᠳᠦ ᠨᠡᠪᠲᠡᠷᠡᠵᠦ᠍ ᠨᠡᠭᠡᠭᠡᠯᠲᠡ ᠬᠢᠬᠦ ᠪᠤᠯᠵᠠᠢ᠃ ᠣᠢᠷ᠎ᠠ᠎ᠶ᠋ᠢᠨ ᠵᠢᠯ᠎ᠳᠦ᠂ ᠤᠯᠠᠭᠠᠨᠬᠠᠳᠠ ᠬᠣᠲᠠ ᠨᠡᠪᠲᠡᠷᠡᠬᠦ᠌ ᠵᠠᠮ᠎ᠤᠨ ᠬᠦᠶ᠋ᠰᠦ᠂ ᠪᠣᠭᠣᠮᠲᠠ᠎ᠶ᠋ᠢᠨ ᠲᠠᠪᠴᠠᠩ᠎ᠢ ᠳᠡᠯᠡᠬᠡᠶ ᠳ᠋ᠠᠬᠢᠨ᠎ᠲᠠᠶ ᠬᠣᠯᠪᠣᠨ ᠨᠡᠪᠲᠡᠷᠡᠭᠦᠯᠵᠦ᠍᠂ ᠲᠤᠳᠤᠷ ᠭᠠᠵᠠᠷ᠎ᠤᠨ ᠨᠡᠭᠡᠭᠡᠯᠲᠡ᠎ᠶ᠋ᠢᠨ ᠥᠨᠳᠥᠷᠯᠢᠭ᠎ᠤᠨ ᠪᠥᠲᠥᠭᠡᠨ ᠪᠠᠢᠭᠤᠯᠤᠯᠲᠠ ᠳᠡᠭᠡᠷ᠎ᠡ ᠲᠡᠦᠬᠡᠳᠦ ᠦᠰᠦᠷᠦᠯᠲᠡ᠎ᠶ᠋ᠢ ᠪᠡᠶᠡᠯᠡᠭᠦᠯᠵᠦ᠍᠂ ᠨᠢᠭᠡᠨᠲᠡ ᠥᠩᠭᠡᠷᠡᠭ᠌ᠰᠡᠨ᠎ᠦ ᠪᠤᠢᠳᠠ ᠪᠦᠭᠯᠡᠬᠦᠦ ᠲᠤᠳᠤᠷ ᠭᠠᠵᠠᠷ ᠡᠴᠡ᠎ᠪᠠᠨ ᠥᠨᠥᠳᠦᠷ᠎ᠦᠨ ᠨᠡᠭᠡᠭᠡᠯᠲᠡ᠎ᠬᠢᠬᠦ ᠡᠮᠦᠨ᠎ᠡ ᠹᠷᠣᠨᠲ ᠪᠣᠯᠵᠣ ᠬᠥᠭ᠌ᠵᠢᠪᠡ᠃

ᠡᠨᠡ ᠵᠢᠯ᠎ᠦᠨ 1 — 9 ᠰᠠᠷ᠎ᠠ᠎ᠳᠤ᠂ ᠤᠯᠠᠭᠠᠨᠬᠠᠳᠠ ᠬᠣᠲᠠ᠎ᠶ᠋ᠢᠨ ᠭᠠᠳᠠᠭᠠᠳᠤ ᠣᠷᠣᠭᠤᠯᠤᠯᠲᠠ ᠭᠠᠷᠭᠠᠯᠲᠠ᠎ᠶ᠋ᠢᠨ ᠶᠡᠷᠦᠩᠬᠡᠶ ᠲᠣᠭ᠎ᠠ 217.6 ᠳ᠋ᠦᠩᠱᠢᠭᠤᠷ ᠲᠥᠭᠥᠷᠢᠭ᠎ᠢ ᠪᠡᠶᠡᠯᠡᠭᠦᠯᠵᠦ᠍᠂ ᠪᠥᠬᠥ᠌ ᠣᠷᠣᠨ᠎ᠳᠤ 3 ᠳ᠋ᠤᠭᠠᠷ᠎ᠲᠤ ᠵᠢᠭ᠍ᠰᠠᠭᠠᠭ᠍ᠳᠠᠵᠤ᠂ ᠨᠡᠮᠡᠭ᠌ᠳᠡᠯ ᠎ᠦᠨ ᠬᠤᠷᠳᠤᠴᠠ᠎ᠨᠢ ᠪᠥᠬᠥ᠌ ᠣᠷᠣᠨ᠎ᠤ ᠳᠤᠮᠳᠠᠴᠢ ᠨᠡᠮᠡᠭ᠌ᠳᠡᠯ᠎ᠦᠨ ᠬᠤᠷᠳᠤᠴᠠ᠎ᠡᠴᠡ ᠵᠠᠭᠤᠨ ᠤ᠋  ᠬᠠᠷᠢᠴᠠᠯ ᠵᠢᠡᠷ 26.7 ᠬᠤᠪᠢ ᠥᠨᠳᠥᠷ ᠪᠣᠯᠪᠠ᠃ ᠡᠭᠦᠨ᠎ᠳᠦ ᠭᠠᠳᠠᠭᠠᠳᠤ᠎ᠳᠤ ᠭᠠᠷᠭᠠᠭ᠍ᠰᠠᠨ ᠭᠡᠮᠵᠢᠶ᠎ᠡ 35.2 ᠳ᠋ᠦᠩᠱᠢᠭᠤᠷ ᠲᠥᠭᠥᠷᠢᠭ᠎ᠢ ᠪᠡᠶᠡᠯᠡᠭᠦᠯᠵᠦ᠍᠂ 16% ᠪᠡᠷ ᠨᠡᠮᠡᠭ᠌ᠳᠡᠪᠡ;ᠭᠠᠳᠠᠭᠠᠳᠤ᠎ᠡᠴᠡ ᠣᠷᠣᠭᠤᠯᠤᠭ᠍ᠰᠠᠨ ᠬᠡᠮᠵᠢᠶ᠎ᠡ 182.4 ᠳ᠋ᠦᠩᠱᠢᠭᠤᠷ ᠲᠥᠭᠥᠷᠢᠭ᠎ᠲᠦ ᠬᠦᠷᠴᠦ᠍᠂ ᠲᠡᠭᠡᠷ᠎ᠡ ᠵᠢᠯ ᠤ᠋ᠨ ᠠᠳᠠᠯᠢ ᠬᠤᠭᠤᠴᠠᠭᠠᠨ᠎ᠤ ᠬᠢ᠎ᠡᠴᠡ 43.8% ᠪᠠᠷ  ᠨᠡᠮᠡᠭ᠌ᠳᠡᠪᠡ᠃

ᠨᠠᠮᠤᠷ᠎ᠤᠨ ᠰᠡᠭᠦᠯᠴᠢ᠎ᠪᠡᠷ᠂ ᠤᠯᠠᠭᠠᠨᠬᠠᠳᠠ᠎ᠶ᠋ᠢᠨ ᠳ᠋ᠦᠩ ᠯᠢ ᠢᠮᠠᠭᠠᠨ ᠨᠣᠤᠯᠤᠭᠤᠷ᠎ᠤᠨ ᠬᠤᠪᠢᠴᠠᠭᠠᠲᠦ ᠬᠢᠵᠠᠭᠠᠷᠲᠦ ᠺᠣᠮᠫᠠᠨᠢ᠎ᠶ᠋ᠢᠨ ᠦᠶ᠋ᠯᠡᠳᠪᠦᠷᠢ ᠵᠢᠨ ᠲᠠᠰᠤᠭ᠎ᠲᠤ᠂ ᠠᠵᠢᠯᠴᠢᠳ ᠬᠥᠮᠦᠨ᠎ᠦ ᠬᠦᠴᠦ᠍᠎ᠪᠡᠷ ᠬᠤᠪᠢᠶᠠᠨ ᠰᠣᠩᠭᠣᠬᠤ ᠪᠠ ᠤᠬᠢᠶᠠᠭ᠍ᠰᠠᠨ ᠢᠮᠠᠭᠠᠨ ᠨᠣᠤᠯᠤᠭᠤᠷ᠎ᠢ ᠬᠤᠪᠢᠶᠠᠨ ᠰᠠᠮᠨᠠᠵᠤ᠂ ᠭᠠᠳᠠᠭ᠍ᠰᠢ ᠪᠣᠷᠣᠯᠠᠭᠤᠯᠬᠤ ᠵᠠᠬᠢᠶᠠᠯᠠᠭ᠎ᠠ ᠵᠢᠨ ᠲᠦᠭᠦᠬᠡᠶ ᠮᠠᠲ᠋ᠧᠷᠢᠶᠠᠯ ᠦᠶ᠋ᠯᠡᠳᠪᠦᠷᠢᠯᠡᠵᠦ᠍ ᠪᠠᠢᠯ᠎ᠠ᠃

《ᠣᠳᠣᠬᠠᠨ᠎ᠳᠤ ᠳᠡᠯᠡᠬᠡᠶ᠎ᠶ᠋ᠢᠨ ᠲᠡᠷᠢᠭᠦᠨ᠎ᠦ ᠲᠦᠪᠱᠢᠨ ᠪᠥᠬᠥᠶ 249 ᠺᠣᠮᠫᠢᠦ᠋ᠲ᠋ᠧᠷ ᠲᠠᠢ ᠨᠡᠬᠡᠮᠡᠯ᠎ᠦᠨ ᠮᠠᠱᠢᠨ ᠡᠮᠬᠢ ᠵᠢᠷᠤᠮ᠎ᠲᠠᠶ᠎ᠠᠵᠢᠯᠯᠠᠵᠤ ᠪᠠᠢᠨ᠎ᠠ》᠃ ᠺᠣᠮᠫᠠᠨᠢ᠎ᠶ᠋ᠢᠨ ᠬᠡᠷᠡᠭ ᠮᠡᠳᠡᠭ᠌ᠴᠢᠳ᠎ᠦᠨ ᠳᠠᠷᠤᠭ᠎ᠠ ᠴᠧᠩ ᠱᠢᠤᠢ ᠳ᠋ᠦᠩ᠂ ᠡᠨᠡ ᠵᠢᠯ᠎ᠦᠨ ᠲᠡᠭᠡᠷ᠎ᠠ ᠬᠠᠭᠠᠰ ᠵᠢᠯ᠎ᠳᠦ ᠳ᠋ᠦᠩ ᠷᠦᠩ ᠪᠦᠯᠦᠭ᠌ᠯᠡᠯ᠎ᠦᠨ ᠭᠠᠳᠠᠭᠠᠳᠤ ᠠᠷᠠᠯᠵᠢᠶᠠᠨ᠎ᠤ ᠭᠠᠳᠠᠭᠠᠳᠤ ᠣᠷᠣᠭᠤᠯᠤᠯᠲᠠ ᠭᠠᠷᠭᠠᠯᠲᠠ᠎ᠶ᠋ᠢᠨ ᠲᠣᠭ᠎ᠠ 1.8 ᠳ᠋ᠦᠩᠱᠢᠭᠤᠷ ᠲᠥᠭᠥᠷᠢᠭ᠎ᠲᠦ ᠬᠦᠷᠴᠦ᠍᠂ ᠲᠡᠭᠡᠷ᠎ᠡ ᠵᠢᠯ ᠤ᠋ᠨ ᠠᠳᠠᠯᠢ ᠬᠤᠭᠤᠴᠠᠭᠠᠨ᠎ᠤ᠎ᠬᠢ᠎ᠡᠴᠡ 2.38% ᠎ᠪᠠᠷ ᠨᠡᠮᠡᠭ᠌ᠳᠡᠵᠦ᠍᠂ ᠵᠢᠯ ᠪᠦᠷᠢ ᠦᠶ᠋ᠯᠡᠳᠪᠦᠷᠢ᠎ᠨᠢ ᠧᠦ᠋ᠷᠣᠫᠠ ᠠᠮᠧᠷᠢᠺᠠ᠎ᠶ᠋ᠢᠨ ᠬᠡᠰᠡᠭ ᠤᠯᠤᠰ ᠎ᠤᠨ ᠵᠠᠬᠢᠶᠠᠯᠠᠭ᠎ᠠ ᠎ᠶ᠋ᠢᠨ ᠬᠠᠭᠤᠳᠠᠰᠤ᠎ᠶ᠋ᠢ ᠦᠶ᠋ᠯᠡᠳᠪᠦᠷᠢᠯᠡᠵᠦ᠍᠂ ᠢᠮᠠᠭᠠᠨ ᠨᠣᠤᠯᠤᠭᠤᠷ᠎ᠤᠨ ᠦᠶ᠋ᠯᠡᠳᠬᠦᠨ ᠶᠠᠭ ᠳᠡᠯᠡᠬᠡᠶ᠎ᠶ᠋ᠢᠨ ᠲᠠᠪᠴᠠᠩ᠎ᠳᠤ ᠭᠠᠷᠴᠤ᠌ ᠪᠠᠢᠨ᠎ᠠ ᠭᠡᠵᠦ ᠶᠠᠷᠢᠵᠦ ᠪᠠᠢᠯ᠎ᠠ᠃

ᠤᠯᠠᠭᠠᠨᠬᠠᠳᠠ ᠬᠣᠲᠠ ᠢᠮᠠᠭᠠᠨ ᠨᠣᠤᠯᠤᠭᠤᠷ᠂ ᠢᠮᠠᠭᠠᠨ ᠨᠣᠤᠯᠤᠭᠤᠷ᠎ᠤᠨ ᠪᠦᠲᠦᠭᠡᠭ᠌ᠳᠡᠬᠦᠨ ᠪᠠ ᠡᠯᠳᠡᠪ ᠠᠮᠤ ᠪᠤᠷᠴᠠᠭ ᠵᠡᠷᠭᠡ ᠤᠯᠤᠰ᠎ᠤᠨ ᠲᠠᠰ᠎ᠤᠨ ᠭᠠᠳᠠᠭᠠᠳᠤ ᠠᠷᠠᠯᠵᠢᠶᠠᠨ᠎ᠤ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠬᠦ᠌ 3 ᠰᠠᠭᠤᠷᠢᠨ᠂ ᠲᠤᠰᠭᠠᠢᠵᠢᠭ᠍ᠰᠠᠨ ᠠᠵᠢᠯᠴᠢᠨ᠂ ᠡᠮ ᠡᠮᠨᠡᠯᠭᠡ ᠵᠡᠷᠭᠡ 2 ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠭᠠᠳᠠᠭᠠᠳᠤ ᠠᠷᠠᠯᠵᠢᠶᠠᠨ᠎ᠤ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠬᠦ᠌ ᠰᠠᠭᠤᠷᠢᠨ ᠤ᠋ ᠱᠢᠨ᠎ᠡ᠎ᠶ᠋ᠢ ᠡᠭᠦᠳᠦᠨ ᠬᠥᠭ᠌ᠵᠢᠬᠦ᠌᠎ᠶ᠋ᠢ ᠢᠳᠡᠪᠬᠢᠲᠡᠶ ᠠᠬᠢᠭᠤᠯᠵᠤ᠂ ᠲᠡᠭᠡᠭᠡᠪᠦᠷᠢ᠎ᠶ᠋ᠢᠨ ᠥᠪᠡᠷ᠎ᠦᠨ ᠥᠷᠲᠡᠭ᠎ᠢ ᠪᠠᠭᠤᠷᠠᠭᠤᠯᠤᠨ᠂ ᠠᠵᠤ ᠠᠬᠤᠢᠯᠠᠯ᠎ᠤᠨ ᠭᠠᠳᠠᠭᠠᠳᠤ᠎ᠡᠴᠡ ᠣᠷᠣᠭᠤᠯᠵᠤ ᠭᠠᠳᠠᠭᠠᠳᠤ᠎ᠳᠤ ᠭᠠᠷᠭᠠᠬᠤ ᠬᠡᠪᠴᠢᠶ᠎ᠡ ᠎ᠶ᠋ᠢ ᠦᠷᠭᠦᠯᠵᠢᠯᠡᠨ ᠥᠷᠭᠡᠳᠭᠡᠵᠦ᠍᠂ ᠭᠠᠳᠠᠭᠠᠳᠤ ᠠᠷᠠᠯᠵᠢᠶᠠᠨ᠎ᠤ ᠰᠠᠭᠤᠷᠢᠨ ᠤ᠋ ᠲᠥᠪᠯᠡᠷᠡᠯ᠎ᠦᠨ ᠦᠢᠯᠡᠳᠦᠯ ᠲᠣᠪᠣᠢᠮ᠎ᠠ ᠪᠤᠯᠵᠤ᠂ ᠲᠠᠰᠤᠷᠠᠯᠲᠠ ᠥᠬᠡᠶ ᠪᠤᠵᠠᠭᠠᠢᠷᠠᠭᠤᠯᠤᠨ ᠬᠦᠴᠦᠷᠬᠡᠭ᠌ᠵᠢᠭᠦᠯᠵᠦ ᠪᠤᠢ᠃

ᠤᠯᠠᠭᠠᠨᠬᠠᠳᠠ᠎ᠶ᠋ᠢᠨ ᠵᠢᠨ ᠲᠦᠩ ᠵᠡᠰ᠎ᠦᠨ ᠦᠢᠯᠡᠰ᠎ᠦᠨ ᠴᠠᠬᠢᠯᠭᠠᠨ ᠵᠠᠳᠠᠯᠤᠯ᠎ᠤᠨ ᠦᠢᠯᠡᠳᠪᠦᠷᠢ᠎ᠶ᠋ᠢᠨ ᠪᠢᠯᠢᠭ ᠲᠤᠢᠯ᠎ᠤᠨ ᠢᠯᠲᠠᠰᠤ᠎ᠶ᠋ᠢᠨ ᠮᠠᠱᠢᠨ ᠴᠣᠭ᠍ᠴᠠᠯᠠᠪᠤᠷᠢ᠎ᠶ᠋ᠢᠨ ᠠᠵᠢᠯᠯᠠᠬᠤ ᠲᠠᠰᠤᠭ᠎ᠲᠤ᠂ ᠭᠧᠷᠮᠠᠨ᠎ᠤ ᠺᠦᠺᠠ ᠺᠣᠮᠫᠠᠨᠢ᠎ᠡᠴᠡ ᠣᠷᠣᠭᠤᠯᠤᠭ᠍ᠰᠠᠨ ᠴᠠᠬᠢᠯᠭᠠᠨ ᠵᠠᠳᠠᠯᠤᠯᠳᠠ ᠵᠢᠨ ᠮᠠᠱᠢᠨ ᠬᠥᠮᠦᠨ ᠪᠢᠯᠢᠭ ᠲᠤᠢᠯ᠎ᠤᠨ ᠵᠡᠰ ᠢᠯᠲᠠᠰᠤ᠎ᠶ᠋ᠢ ᠢᠯᠭᠠᠨ ᠰᠠᠯᠭᠠᠬᠤ ᠪᠦᠭᠡᠳ  ᠴᠠᠭ ᠪᠦᠷᠢ 500 ᠢᠯᠲᠠᠰᠤ᠎ᠶ᠋ᠢ ᠢᠯᠭᠠᠨ ᠰᠠᠯᠭᠠᠵᠤ᠂ ᠲᠡᠭᠰᠢᠯᠡᠵᠦ ᠲᠠᠯᠪᠢᠨ᠎ᠠ᠂ ᠡᠨᠡ ᠨᠢ ᠨᠠᠭᠠᠳᠤ ᠵᠠᠬ᠎ᠠ᠎ᠳᠠᠭᠠᠨ 20 ᠠᠵᠢᠯᠴᠢᠨ᠎ᠤ ᠠᠵᠢᠯ᠎ᠤᠨ ᠦᠷ᠎ᠡ ᠪᠦᠲᠦᠮᠵᠢ᠎ᠲᠡᠶ ᠲᠡᠩᠴᠡᠨ᠎ᠡ᠃

《ᠪᠢᠯᠢᠭ ᠲᠤᠢᠯ᠎ᠤᠨ ᠵᠡᠰ᠎ᠦᠨ ᠭᠠᠷᠤᠯᠲᠠ 25 ᠲᠦᠮᠡᠨ ᠲᠣᠨ᠎ᠳᠤ ᠬᠦᠷᠴᠦ᠍᠂ ᠵᠢᠱ᠌ᠢᠯᠲᠡ᠎ᠪᠡᠷ 2026 ᠣᠨ᠎ᠳᠤ 55 ᠲᠦᠮᠡᠨ ᠲᠣᠨ᠎ᠤ ᠶᠡᠷᠦᠩᠬᠡᠶ ᠦᠶ᠋ᠯᠡᠳᠪᠦᠷᠢᠯᠡᠯ᠎ᠦᠨ ᠴᠢᠳᠠᠪᠤᠷᠢ᠎ᠶ᠋ᠢ ᠪᠥᠲᠥᠭᠡᠨ ᠪᠠᠢᠭᠤᠯᠤᠨ᠎ᠠ᠃ ᠪᠢᠳᠠ ᠶᠠᠭ ᠤᠷᠤᠰ ᠎ᠤᠨ ᠠᠭᠤᠷᠬᠠᠢ᠎ᠶ᠋ᠢᠨ ᠵᠣᠯᠭᠠᠯᠴᠠᠭ᠎ᠠ᠎ᠶ᠋ᠢ ᠠᠬᠢᠭᠤᠯᠵᠤ᠂ ᠭᠠᠳᠠᠭᠠᠳᠤ ᠠᠷᠠᠯᠵᠢᠶᠠᠨ᠎ᠤ ᠵᠠᠬᠢᠶᠠᠯᠠᠭ᠎ᠠ᠎ᠶ᠋ᠢᠨ ᠬᠡᠮᠵᠢᠶ᠎ᠡ᠎ᠶ᠋ᠢ ᠱᠢᠨ᠎ᠡ ᠱᠢᠪᠲᠤᠯᠤᠯᠲᠠ᠎ᠲᠠᠶ ᠪᠣᠯᠭᠠᠨ᠎ᠠ 》 ᠭᠡᠵᠦ᠍ ᠤᠯᠠᠭᠠᠨᠬᠠᠳᠠ᠎ᠶ᠋ᠢᠨ ᠵᠢᠨ ᠲᠦᠩ ᠵᠡᠰ᠎ᠦᠨ ᠦᠶ᠋ᠯᠡᠰ᠎ᠦᠨ ᠬᠢᠵᠠᠭᠠᠷᠲᠤ ᠺᠣᠮᠫᠠᠨᠢ᠎ᠶ᠋ᠢᠨ ᠲᠦᠭᠦᠬᠡᠶ ᠮᠠᠲ᠋ᠧᠷᠢᠶᠠᠯ ᠬᠤᠳᠠᠯᠳᠤᠨ ᠠᠪᠬᠤ ᠭᠤᠤᠯ ᠬᠠᠮᠢᠶᠠᠷᠤᠭ᠍ᠴᠢ ᠸᠠᠩ ᠳ᠋ᠦᠩ ᠯᠸᠢ ᠬᠡᠯᠡᠪᠡ᠃

ᠭᠠᠳᠠᠭᠠᠳᠤ ᠪᠡᠯᠡ ᠭᠠᠳᠠᠭᠠᠳᠤ ᠠᠷᠠᠯᠵᠢᠶᠠᠨ᠎ᠤ ᠶᠡᠷᠦᠩᠬᠡᠢ ᠬᠡᠮᠵᠢᠶ᠎ᠡ ᠦᠷᠭᠦᠯᠵᠢᠯᠡᠨ ᠪᠤᠵᠠᠭᠠᠢᠷᠠᠨ ᠬᠦᠴᠦᠷᠬᠡᠭ᠌ᠵᠢᠪᠡ᠃ ᠤᠯᠠᠭᠠᠨᠬᠠᠳᠠ ᠬᠣᠲᠠ ᠥᠪᠥᠷ ᠮᠣᠩᠭᠣᠯ᠎ᠤᠨ ᠵᠡᠭᠦᠨ ᠪᠡᠶ᠎ᠡ ᠵᠢᠨ ᠵᠠᠯᠭᠠᠨ ᠵᠣᠯᠭᠠᠭᠤᠯᠬᠤ ᠠᠵᠤ ᠦᠶ᠋ᠯᠡᠰ᠎ᠦᠨ ᠱᠢᠯᠵᠢᠯᠲᠡ᠎ᠶ᠋ᠢᠨ ᠵᠢᠱ᠌ᠢᠶ᠎ᠡ ᠦᠵᠡᠭᠦᠯᠬᠦ᠌ ᠲᠣᠭᠣᠷᠢᠭ᠎ᠤᠨ ᠳᠠᠪᠠᠭᠤᠯᠢᠭ᠎ᠲᠤ ᠲᠦᠱᠢᠭ᠌ᠯᠡᠨ᠂ ᠤᠯᠤᠰ ᠪᠠ ᠥᠪᠡᠷᠲᠡᠭᠡᠨ ᠵᠠᠰᠠᠬᠤ ᠣᠷᠣᠨ᠎ᠤ ᠭᠠᠳᠠᠭᠠᠳᠤ ᠠᠷᠠᠯᠵᠢᠶᠠᠨ᠎ᠤ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠭᠦᠯᠬᠦ᠌ ᠰᠠᠭᠤᠷᠢᠨ ᠵᠡᠷᠭᠡ ᠲᠥᠪᠯᠡᠷᠡᠭ᠌ᠰᠡᠨ ᠳᠠᠪᠠᠭᠤᠯᠢᠭ᠎ᠢ ᠭᠦᠶ᠋ᠴᠡᠳ ᠠᠱᠢᠭ᠍ᠯᠠᠵᠤ᠂ ᠤᠯᠠᠭᠠᠨᠬᠠᠳᠠ᠎ᠶ᠋ᠢᠨ ᠶᠦᠨ ᠲᠦᠩ᠂ ᠥᠪᠥᠷ ᠮᠣᠩᠭᠣᠯ᠎ᠤᠨ ᠬᠢᠩᠭᠠᠨ᠎ᠤ ᠮᠥᠩᠭᠥᠨ ᠲᠤᠭᠤᠯᠭ᠎ᠠ᠂ ᠥᠪᠥᠷ ᠮᠣᠩᠭᠣᠯ᠎ᠤᠨ ᠫᠦ ᠯᠢ᠎ᠲᠡᠶ ᠵᠡᠷᠭᠡ ᠠᠵᠤ ᠠᠬᠤᠢᠯᠠᠯ᠎ᠤᠨ ᠡᠳ᠋ᠱᠢᠭᠦᠯᠵᠦ᠍ ᠪᠣᠯᠪᠠᠰᠤᠷᠠᠭᠤᠯᠬᠤ ᠠᠷᠠᠯᠵᠢᠶ᠎ᠠ ᠥᠷᠨᠢᠭᠦᠯᠬᠦ᠌᠎ᠶ᠋ᠢ ᠵᠣᠷᠢᠭ᠍ᠵᠢᠭᠤᠯᠵᠤ᠂ ᠲᠡᠮᠦᠷᠯᠢᠭ ᠪᠣᠯᠪᠠᠰᠤᠷᠠᠭᠤᠯᠬᠤ᠂ ᠲᠤᠰᠭᠠᠢᠵᠢᠭ᠍ᠰᠠᠨ ᠠᠵᠤ ᠦᠶ᠋ᠯᠡᠳᠪᠦᠷᠢ ᠵᠡᠷᠭᠡ ᠡᠳ᠋ᠱᠢᠭᠦᠯᠵᠦ᠍ ᠪᠣᠯᠪᠠᠰᠤᠷᠠᠭᠤᠯᠬᠤ ᠠᠷᠠᠯᠵᠢᠶ᠎ᠠ᠎ᠶ᠋ᠢᠨ ᠠᠵᠤ ᠦᠶ᠋ᠯᠡᠰ᠎ᠦᠨ ᠪᠦᠯᠦᠭᠵᠢᠯ᠎ᠢ ᠬᠦᠴᠦᠯᠡᠨ ᠪᠣᠢᠵᠢᠭᠤᠯᠵᠤ᠂ ᠤᠯᠤᠰ᠎ᠤᠨ ᠡᠳ᠋ᠱᠢᠭᠦᠯᠵᠦ᠍ ᠪᠣᠯᠪᠠᠰᠤᠷᠠᠭᠤᠯᠬᠤ ᠠᠷᠠᠯᠵᠢᠶ᠎ᠠ᠎ᠶ᠋ᠢᠨ ᠱᠠᠲᠤᠯᠢᠭ᠎ᠢᠶᠠᠷ ᠱᠢᠯᠵᠢᠬᠦ᠌ ᠭᠤᠤᠯᠳᠠᠯᠭ᠎ᠠ᠎ᠲᠠᠶ ᠵᠠᠯᠭᠠᠨ ᠵᠣᠯᠭᠠᠭᠤᠯᠬᠤ ᠭᠠᠵᠠᠷ᠎ᠢ ᠢᠳᠡᠪᠬᠢᠲᠡᠶ ᠪᠣᠶ ᠪᠣᠯᠭᠠᠪᠠ᠃ 1 — 9 ᠰᠠᠷ᠎ᠠ᠎ᠳᠤ᠂ ᠪᠥᠬᠥ᠌ ᠬᠣᠲᠠ᠎ᠶ᠋ᠢᠨ ᠡᠳ᠋ᠱᠢᠭᠦᠯᠵᠦ᠍ ᠪᠣᠯᠪᠠᠰᠤᠷᠠᠭᠤᠯᠬᠤ ᠠᠷᠠᠯᠵᠢᠶ᠎ᠠ᠎ᠶ᠋ᠢᠨ ᠭᠠᠳᠠᠭᠠᠳᠤ᠎ᠡᠴᠡ ᠣᠷᠣᠭᠤᠯᠵᠤ ᠭᠠᠳᠠᠭᠠᠳᠤ᠎ᠳᠤ ᠭᠠᠷᠭᠠᠭ᠍ᠰᠠᠨ ᠲᠣᠭ᠎ᠠ 24.08 ᠳ᠋ᠦᠩᠱᠢᠭᠤᠷ ᠲᠥᠭᠥᠷᠢᠭ᠎ᠲᠦ ᠬᠦᠷᠴᠦ᠍᠂ 18% ᠎ᠪᠠᠷ ᠨᠡᠮᠡᠭ᠌ᠳᠡᠪᠡ᠃

《ᠤᠯᠠᠭᠠᠨᠬᠠᠳᠠ ᠬᠣᠲᠠ᠎ᠶ᠋ᠢᠨ ᠬᠤᠳᠠᠯᠳᠤᠭᠠᠨ᠎ᠤ ᠶᠠᠪᠤᠳᠠᠯ᠎ᠤᠨ ᠲᠣᠪᠴᠢᠶ᠎ᠠ ᠲᠥᠷᠥ᠎ᠶ᠋ᠢᠨ ᠪᠣᠳᠣᠯᠭ᠎ᠠ᠎ᠶ᠋ᠢᠨ ᠤᠷᠮᠠᠱᠢᠭᠤᠯᠤᠯ᠂ ᠨᠡᠭᠡᠭᠡᠯᠲᠡ᠎ᠶ᠋ᠢᠨ ᠲᠠᠪᠴᠠᠩ᠂ ᠱᠢᠨ᠎ᠡ ᠡᠵᠡᠩᠨᠡᠯᠲᠡ᠎ᠶ᠋ᠢᠨ ᠬᠡᠯᠪᠡᠷᠢ᠎ᠶ᠋ᠢᠨ ᠬᠥᠭ᠌ᠵᠢᠯᠲᠡ᠂ ᠭᠠᠳᠠᠭᠠᠳᠤ ᠪᠠᠯᠠ᠎ᠶ᠋ᠢ ᠠᠱᠢᠭ᠍ᠯᠠᠬᠤ ᠵᠡᠷᠭᠡ ᠠᠵᠢᠯ᠎ᠢ ᠦᠷᠭᠦᠯᠵᠢᠯᠡᠨ ᠰᠠᠢᠲᠤᠷ ᠠᠳᠭᠤᠵᠤ᠂ ᠭᠠᠳᠠᠭᠠᠳᠤ ᠠᠷᠠᠯᠵᠢᠶᠠᠨ᠎ᠤ ᠦᠷᠭᠦᠯᠵᠢᠯᠡᠨ ᠲᠦᠷᠭᠡᠨ ᠨᠡᠮᠡᠭ᠌ᠳᠡᠬᠦ᠌ ᠪᠠᠢᠳᠠᠯ᠎ᠢ ᠪᠠᠲᠤᠯᠠᠨ᠎ᠠ᠃ ᠡᠨᠡ ᠵᠢᠯ ᠤᠯᠠᠭᠠᠨᠬᠠᠳᠠ ᠬᠣᠲᠠ ᠵᠢᠶ ᠯᠦᠩ ᠱᠢᠵᠢᠷ ᠠᠯᠲᠠ᠂ ᠠᠸ᠋ᠬᠠᠨ ᠬᠣᠱᠢᠭᠤᠨ᠎ᠤ ᠪᠤᠬᠢᠷᠳᠤᠯ ᠦᠭᠡᠢ ᠴᠠᠬᠢᠯᠭᠠᠨ ᠴᠠᠬᠢᠭᠤᠷ᠎ᠤᠨ ᠦᠶ᠋ᠯᠡᠰ᠂ ᠯᠢᠨᠰᠢ᠎ᠶ᠋ᠢᠨ ᠪᠠᠶ ᠬᠣᠶ ᠱᠧᠩ ᠵᠡᠷᠭᠡ ᠭᠠᠳᠠᠭᠠᠳᠤ ᠪᠠᠯᠠ᠎ᠶ᠋ᠢᠨ ᠲᠥᠷᠥᠯ ᠵᠦᠶ᠋ᠯ᠎ᠢ ᠮᠥᠷᠳᠡᠨ ᠪᠠᠲᠤᠯᠠᠬᠤ᠎ᠪᠠᠨ ᠭᠤᠤᠯᠳᠠᠯᠭ᠎ᠠ᠎ᠲᠠᠶ ᠴᠢᠩᠭᠠᠳᠭᠠᠵᠤ᠂ ᠲᠥᠷᠥᠯ ᠵᠦᠶ᠋ᠯ᠎ᠢ ᠨᠠᠢᠳᠠᠪᠤᠷᠢᠵᠢᠭᠤᠯᠬᠤ᠂ ᠪᠠᠯᠠ ᠮᠥᠩᠭᠥ᠎ᠶ᠋ᠢ ᠪᠣᠳᠠᠲᠠᠢᠵᠢᠭᠤᠯᠬᠤ᠎ᠶ᠋ᠢ ᠠᠬᠢᠭᠤᠯᠵᠤ᠂ ᠪᠥᠬᠥ᠌ ᠵᠢᠯ᠎ᠳᠦ ᠭᠠᠳᠠᠭᠠᠳᠤ ᠪᠠᠯᠠ᠎ᠶ᠋ᠢ ᠪᠣᠳᠠᠲᠠᠶ ᠠᠱᠢᠭ᠍ᠯᠠᠵᠤ ᠳᠠᠬᠢᠨ ᠱᠢᠨ᠎ᠡ ᠳᠡᠭ᠌ᠲᠡᠷ᠎ᠲᠦ ᠭᠠᠷᠭᠠᠬᠤ᠎ᠪᠠᠷ ᠴᠢᠷᠮᠠᠢᠨ᠎ᠠ》 ᠭᠡᠵᠦ᠍ ᠤᠯᠠᠭᠠᠨᠬᠠᠳᠠ ᠬᠣᠲᠠ᠎ᠶ᠋ᠢᠨ ᠬᠤᠳᠠᠯᠳᠤᠭᠠᠨ᠎ᠤ ᠶᠠᠪᠤᠳᠠᠯ᠎ᠤᠨ ᠲᠣᠪᠴᠢᠶᠠᠨ ᠎ᠤ ᠳᠠᠷᠤᠭ᠎ᠠ ᠯᠦ᠍ ᠯᠢᠶᠠᠨ ᠭᠦᠸᠧ ᠬᠡᠯᠡᠪᠡ᠃

ᠣᠳᠣᠬᠠᠨ ᠪᠣᠯᠲᠠᠯ᠎ᠠ ᠪᠥᠬᠥ᠌ ᠬᠣᠲᠠ᠎ᠳᠤ ᠣᠲᠣ 48 ᠭᠠᠳᠠᠭᠠᠳᠤ ᠪᠠᠯᠠ᠎ᠶ᠋ᠢᠨ ᠠᠵᠤ ᠠᠬᠤᠢᠯᠠᠯ ᠪᠣᠶ᠃ 2023 ᠣᠨ᠎ᠳᠤ ᠪᠥᠬᠥ᠌ ᠬᠣᠲᠠ᠎ᠶ᠋ᠢᠨ ᠪᠣᠳᠠᠲᠠᠶ ᠠᠱᠢᠭ᠍ᠯᠠᠭ᠍ᠰᠠᠨ ᠭᠠᠳᠠᠭᠠᠳᠤ ᠪᠠᠯᠠ 4.51 ᠳ᠋ᠦᠩᠱᠢᠭᠤᠷ ᠲᠥᠭᠥᠷᠢᠭ᠎ᠲᠦ ᠬᠦᠷᠴᠦ᠍᠂ ᠲᠡᠭᠡᠷ᠎ᠡ ᠵᠢᠯ ᠤ᠋ᠨ ᠠᠳᠠᠯᠢ ᠬᠤᠭᠤᠴᠠᠭᠠᠨ᠎ᠤ᠎ᠬᠢ᠎ᠡᠴᠡ104.8% ᠪᠠᠷ ᠨᠡᠮᠡᠭ᠌ᠳᠡᠵᠦ᠍᠂ ᠶᠡᠷᠦᠩᠬᠡᠶ ᠬᠡᠮᠵᠢᠶ᠎ᠡ᠂ ᠨᠡᠮᠡᠭ᠌ᠳᠡᠯ᠎ᠦᠨ ᠬᠤᠷᠳᠤᠴᠠ᠎ᠨᠢ ᠲᠣᠰ ᠲᠣᠰ ᠪᠥᠬᠥ᠌ ᠣᠷᠣᠨ᠎ᠤ ᠭᠤᠷᠪᠠ ᠪᠠ ᠬᠣᠶᠠᠳᠤᠭᠠᠷ᠎ᠲᠤ ᠣᠷᠣᠪᠠ᠃

2023 ᠣᠨ᠎ᠤ 12 ᠰᠠᠷ᠎ᠠ᠎ᠶ᠋ᠢᠨ 28 ᠎ᠤ᠋ ᠡᠳᠦᠷ᠂ ᠥᠪᠥᠷ ᠮᠣᠩᠭᠣᠯ᠎ᠤᠨ ᠵᠡᠭᠦᠨ ᠪᠡᠶ᠎ᠡ ᠵᠢᠨ ᠭᠠᠵᠠᠷ ᠣᠷᠣᠨ᠎ᠳᠤ ᠠᠩᠬ᠎ᠠ ᠤᠳᠠᠭ᠎ᠠ ᠳᠤᠮᠳᠠᠳᠤ ᠠᠽᠢᠶ᠎ᠠ᠎ᠶ᠋ᠢᠨ ᠲᠠᠪᠤᠨ ᠤᠯᠤᠰ᠎ᠲᠤ ᠨᠡᠪᠲᠡᠷᠡᠬᠦ᠌ ᠣᠯᠠᠨ ᠤᠯᠤᠰ᠎ᠤᠨ ᠪᠠᠷᠠᠭᠠᠨ᠎ᠤ ᠲᠡᠭᠡᠭᠡᠪᠦᠷᠢ᠎ᠶ᠋ᠢᠨ ᠵᠢᠱᠢᠶᠠᠨ᠎ᠤ ᠭᠠᠯᠲᠤ ᠲᠡᠷᠭᠡ᠎ᠶ᠋ᠢ ᠨᠡᠪᠲᠡᠷᠡᠭᠦᠯᠵᠦ᠍᠂ ᠳᠤᠮᠳᠠᠳᠤ ᠠᠽᠢᠶ᠎ᠠ᠎ᠶ᠋ᠢᠨ ᠣᠯᠠᠨ ᠤᠯᠤᠰ᠎ᠤᠨ ᠪᠠᠷᠠᠭᠠᠨ᠎ᠤ ᠭᠦᠶ᠋ᠯᠭᠡᠭᠡ ᠪᠠ ᠪᠠᠷᠠᠭᠠᠨ᠎ᠤ ᠲᠡᠭᠡᠭᠡᠪᠦᠷᠢ ᠶ᠋ᠢ ᠬᠣᠯᠪᠣᠬᠤ ᠱᠢᠨ᠎ᠡ ᠨᠡᠪᠳᠡᠷᠡᠬᠦ ᠵᠠᠮ᠎ᠢ ᠨᠡᠪᠲᠡᠷᠡᠭᠦᠯᠪᠡ᠃

2024 ᠣᠨ᠎ᠤ 4 ᠰᠠᠷ᠎ᠠ᠎ᠶ᠋ᠢᠨ 16 ᠎ᠤ᠋ ᠡᠳᠦᠷ᠂ ᠤᠯᠠᠭᠠᠨᠬᠠᠳᠠ᠎ᠶ᠋ᠢᠨ ᠣᠯᠠᠨ ᠤᠯᠤᠰ᠎ᠤᠨ ᠬᠠᠭᠤᠷᠠᠶ᠎ᠶ᠋ᠢᠨ ᠭᠠᠷᠠᠮ᠎ᠡᠴᠡ ᠲᠢᠶᠠᠨᠵᠢᠨ ᠭᠠᠷᠠᠮ᠎ᠳᠤ ᠬᠥᠷᠬᠥ᠌ ᠠᠩᠬᠠᠳᠠᠭ᠍ᠴᠢ ᠡᠭᠡᠯᠵᠢ᠎ᠶ᠋ᠢᠨ《ᠵᠠᠰᠠᠮᠠᠯ ᠵᠠᠮ ᠤ᠋ᠨ ᠲᠡᠭᠡᠭᠡᠪᠦᠷᠢ᠎ᠡᠴᠡ ᠲᠡᠮᠦᠷ ᠵᠠᠮ ᠤ᠋ᠨ ᠲᠡᠭᠡᠭᠡᠪᠦᠷᠢ ᠲᠤ᠌ ᠰᠢᠯᠵᠢᠭᠦᠯᠬᠦ》 — ᠲᠡᠮᠦᠷ ᠵᠠᠮ ᠲᠡᠯᠡᠶ ᠵᠢᠨ ᠵᠠᠮ᠎ᠪᠡᠷ ᠬᠠᠮᠲᠤᠷᠠᠨ ᠲᠡᠭᠡᠭᠡᠪᠦᠷᠢᠯᠡᠬᠦ᠌ ᠴᠢᠩᠭᠡᠯᠢᠭ᠌ᠳᠤ ᠵᠢᠰᠢᠶᠠᠨ ᠤ᠋ ᠭᠠᠯᠲᠤ ᠲᠡᠷᠭᠡ ᠵᠢᠩᠬᠢᠨᠢ᠎ᠪᠡᠷ ᠬᠥᠳᠡᠯᠵᠦ᠍᠂ ᠲᠡᠯᠡᠶ ᠳᠡᠭᠡᠷᠡᠬᠢ ᠭᠠᠳᠠᠭᠠᠳᠤ᠎ᠡᠴᠡ ᠣᠷᠣᠭᠤᠯᠵᠤ ᠭᠠᠳᠠᠭᠠᠳᠤ᠎ᠳᠤ ᠭᠠᠷᠭᠠᠬᠤ ᠱᠢᠨ᠎ᠡ ᠨᠡᠪᠳᠡᠷᠡᠬᠦ ᠵᠠᠮ᠎ᠢ ᠠᠮᠵᠢᠯᠲᠠᠲᠠᠶ ᠨᠡᠪᠲᠡᠷᠡᠭᠦᠯᠪᠡ᠃

ᠭᠠᠳᠠᠭ᠍ᠰᠢ ᠨᠡᠭᠡᠭᠡᠯᠲᠡ ᠬᠢᠬᠦ᠌ ᠲᠠᠪᠴᠠᠩ ᠪᠠ ᠨᠡᠪᠲᠡᠷᠡᠬᠦ᠌ ᠵᠠᠮ᠎ᠤᠨ ᠪᠦᠲᠦᠭᠡᠨ ᠪᠠᠢᠭᠤᠯᠤᠯᠲᠠ ᠱᠢᠨ᠎ᠡ ᠱᠢᠪᠲᠤᠯᠤᠯᠲᠠ᠎ᠲᠠᠶ ᠪᠣᠯᠪᠠ᠃ ᠣᠳᠣᠬᠠᠨ ᠪᠣᠯᠲᠠᠯ᠎ᠠ ᠤᠯᠠᠭᠠᠨᠬᠠᠳᠠ᠎ᠶ᠋ᠢᠨ ᠳᠤᠮᠳᠠᠳᠤ ᠧᠦ᠋ᠷᠣᠫᠠ᠂ ᠳᠤᠮᠳᠠᠳᠤ ᠠᠽᠢᠶ᠎ᠠ᠎ᠶ᠋ᠢᠨ ᠵᠢᠱᠢᠶᠠᠨ᠎ᠤ ᠭᠠᠯᠲᠤ ᠲᠡᠷᠭᠡ ᠨᠢᠭᠡᠨᠲᠡ 44 ᠵᠢᠱᠢᠶᠠᠨ᠎ᠤ ᠭᠠᠯᠲᠤ ᠲᠡᠷᠭᠡ ᠨᠡᠪᠲᠡᠷᠡᠵᠦ᠍᠂ ᠪᠠᠷᠠᠭᠠᠨ᠎ᠤ ᠦᠷᠲᠡᠭ 7 ᠳ᠋ᠦᠩᠱᠢᠭᠤᠷ ᠲᠥᠭᠥᠷᠢᠭ᠎ᠲᠦ ᠬᠦᠷᠴᠡᠢ᠃ ᠨᠡᠪᠲᠡᠷᠡᠭᠰᠡᠨ ᠲᠡᠮᠦᠷ ᠵᠠᠮ ᠪᠠ ᠳᠠᠯᠠᠢ᠎ᠵᠢᠨ ᠬᠠᠮᠲᠤᠷᠠᠭ᠍ᠰᠠᠨ ᠲᠡᠭᠡᠭᠡᠪᠦᠷᠢ᠎ᠶ᠋ᠢᠨ ᠵᠢᠱᠢᠶᠠᠨ᠎ᠤ ᠭᠠᠯᠲᠤ ᠲᠡᠷᠭᠡ 21 ᠴᠤᠪᠤᠭ᠎ᠠ ᠪᠠᠢᠵᠤ᠂ ᠪᠠᠷᠠᠭ᠎ᠠ᠎ᠶ᠋ᠢᠨ ᠥᠷᠲᠡᠭ 4016 ᠲᠦᠮᠡᠨ ᠲᠥᠭᠥᠷᠢᠭ᠎ᠲᠤ ᠬᠦᠷᠴᠡᠢ᠃

《ᠲᠡᠮᠦᠷ ᠵᠠᠮ ᠪᠠ ᠳᠠᠯᠠᠢ᠎ᠵᠢᠨ ᠬᠠᠮᠲᠤᠷᠠᠭ᠍ᠰᠠᠨ ᠲᠡᠭᠡᠭᠡᠪᠦᠷᠢ᠎ᠶ᠋ᠢᠨ ᠵᠢᠱᠢᠶᠠᠨ᠎ᠤ ᠭᠠᠯᠲᠤ ᠲᠡᠷᠭᠡ᠎ᠶ᠋ᠢ ᠰᠠᠢᠲᠤᠷ ᠨᠡᠪᠲᠡᠷᠡᠬᠦᠯᠵᠦ᠂ ᠳᠤᠮᠳᠠᠳᠤ ᠧᠦ᠋ᠷᠣᠫᠠ ᠳᠤᠮᠳᠠᠳᠤ ᠠᠽᠢᠶ᠎ᠠ᠎ᠶ᠋ᠢᠨ ᠵᠢᠱᠢᠶᠠᠨ᠎ᠤ ᠭᠠᠯᠲᠤ ᠲᠡᠷᠭᠡ᠎ᠶ᠋ᠢ ᠨᠡᠪᠲᠡᠷᠡᠭᠦᠯᠬᠦ᠌ ᠤᠳᠠᠭ᠎ᠠ᠎ᠶ᠋ᠢ ᠨᠢᠭ᠍ᠲᠠᠷᠠᠭᠤᠯᠵᠤ᠂ ᠲᠤᠰ ᠭᠠᠵᠠᠷ ᠣᠷᠣᠨ ᠵᠢᠴᠢ ᠡᠷᠭᠢᠨ ᠲᠣᠭᠣᠷᠢᠨ᠎ᠤ ᠪᠠᠷᠠᠭᠠᠨ᠎ᠤ ᠢᠷᠡᠯᠳᠡ᠎ᠶ᠋ᠢ ᠠᠭᠤᠳᠠᠯᠵᠤ᠂ ᠪᠠᠷᠠᠭ᠎ᠠ ᠴᠤᠭ᠍ᠯᠠᠭᠤᠯᠬᠤ ᠴᠢᠳᠠᠪᠤᠷᠢ᠎ᠶ᠋ᠢ ᠳᠡᠭᠡᠭ᠌ᠰᠢᠯᠡᠭᠦᠯᠵᠦ᠍᠂ ᠪᠠᠷᠠᠭᠠᠨ᠎ᠤ ᠲᠦᠷᠦᠯ ᠵᠦᠢᠯ ᠎ᠢ ᠪᠠᠶᠠᠯᠢᠭ᠍ᠵᠢᠭᠤᠯᠵᠤ᠂ ᠪᠤᠴᠠᠬᠤ ᠵᠠᠮ᠎ᠤᠨ ᠪᠠᠷᠠᠭᠠᠨ᠎ᠤ ᠢᠷᠡᠯᠳᠡ᠎ᠶ᠋ᠢᠨ ᠵᠣᠬᠢᠶᠠᠨ ᠪᠠᠢᠭᠤᠯᠤᠯᠲᠠ᠎ᠶ᠋ᠢ ᠴᠢᠩᠭᠠᠳᠭᠠᠵᠤ᠂ ᠨᠡᠩ ᠶᠡᠬᠡ ᠠᠵᠤ ᠠᠬᠤᠢ᠎ᠶ᠋ᠢᠨ ᠦᠷ᠎ᠡ ᠠᠱᠢᠭ᠎ᠢ ᠴᠢᠷᠮᠠᠢᠨ ᠪᠡᠶᠡᠯᠡᠭᠦᠯᠦᠨ᠎ᠡ》 ᠭᠡᠵᠦ᠍ ᠤᠯᠠᠭᠠᠨᠬᠠᠳᠠ ᠬᠣᠲᠠ᠎ᠶ᠋ᠢᠨ ᠳᠡᠳ᠋ ᠳᠠᠷᠤᠭ᠎ᠠ ᠵᠠᠩ ᠭᠦᠸᠧ ᠬᠤᠸᠠ ᠬᠡᠯᠡᠪᠡ᠃

ᠨᠡᠪᠲᠡᠷᠡᠬᠦ᠌ ᠵᠠᠮ ᠪᠠᠷᠠᠭ᠎ᠠ᠎ᠶ᠋ᠢᠨ ᠭᠦᠶ᠋ᠯᠭᠡᠭᠡ᠎ᠵᠢ ᠳᠠᠢᠴᠢᠯᠠᠵᠤ᠂ ᠪᠠᠷᠠᠭ᠎ᠠ᠎ᠶ᠋ᠢᠨ ᠭᠦᠶ᠋ᠯᠭᠡᠭᠡ᠎ᠠᠷᠠᠯᠵᠢᠶ᠎ᠠ᠎ᠵᠢ ᠳᠠᠢᠴᠢᠯᠠᠵᠤ᠂ ᠠᠷᠠᠯᠵᠢᠶ᠎ᠠ ᠠᠵᠤ ᠦᠶ᠋ᠯᠡᠰ᠎ᠵᠢ ᠳᠠᠢᠴᠢᠯᠠᠨ᠎ᠠ᠃ ᠲᠠᠸᠠᠷ ᠤᠯᠠᠭᠠᠨᠬᠠᠳᠠ᠎ᠳᠤ ᠳᠥᠭᠥᠮ ᠳᠥᠲᠡ ᠪᠠᠷᠠᠭ᠎ᠠ᠎ᠶ᠋ᠢᠨ ᠭᠦᠢᠯᠭᠡᠭᠡᠨ᠎ᠦ ᠵᠠᠮ᠎ᠢᠶᠠᠷ 《ᠪᠦᠬᠦ᠌ ᠪᠥᠮᠪᠥᠷᠴᠡᠭ᠎ᠲᠦ ᠬᠤᠳᠠᠯᠳᠤᠬᠤ》 ᠶ᠋ᠢ ᠪᠡᠶᠡᠯᠡᠭᠦᠯᠵᠦ᠍᠂ ᠤᠯᠠᠭᠠᠨᠬᠠᠳᠠ ᠬᠣᠲᠠ᠎ᠶ᠋ᠢᠨ ᠬᠡᠷᠡᠭ᠌ᠯᠡᠭ᠌ᠴᠢᠳ ᠴᠦ᠍ ᠲᠤᠰ ᠭᠠᠵᠠᠷ᠎ᠲᠠᠭᠠᠨ 《ᠪᠦᠬᠦ᠌ ᠪᠥᠮᠪᠥᠷᠴᠡᠭ᠎ᠤᠨ ᠲᠠᠸᠠᠷ᠎ᠢ ᠬᠤᠳᠠᠯᠳᠤᠨ ᠠᠪᠬᠤ》 ᠶ᠋ᠢ ᠪᠡᠶᠡᠯᠡᠭᠦᠯᠪᠡ᠃

ᠤᠯᠠᠭᠠᠨᠬᠠᠳᠠ᠎ᠶ᠋ᠢᠨ ᠭᠠᠢᠯᠢ ᠪᠠᠲᠤᠯᠠᠬᠤ ᠪᠠᠷᠠᠭ᠎ᠠ᠎ᠶ᠋ᠢᠨ ᠭᠦᠶ᠋ᠯᠭᠡᠭᠡᠨ᠎ᠦ ᠲᠥᠪ᠎ᠦᠨ ᠭᠠᠢᠯᠢ ᠪᠠᠲᠤᠯᠠᠬᠤ ᠬᠥᠮᠥᠷᠭᠡᠯᠡᠯᠲᠡ᠂ ᠪᠠᠷᠠᠭ᠎ᠠ᠎ᠶ᠋ᠢᠨ ᠭᠦᠶ᠋ᠯᠭᠡᠭᠡᠨ᠎ᠦ ᠬᠤᠪᠢᠶᠠᠷᠢᠯᠠᠨ ᠰᠠᠯᠭᠠᠵᠤ ᠲᠤᠬᠢᠷᠠᠭᠤᠯᠤᠨ ᠬᠦᠷᠭᠡᠬᠦ᠌᠂ ᠪᠣᠭᠣᠮᠲᠠ ᠳᠠᠮᠵᠢᠬᠤ ᠠᠷᠠᠯᠵᠢᠶ᠎ᠠ ᠵᠡᠷᠭᠡ ᠳᠠᠪᠠᠭᠤᠯᠢᠭ ᠦᠢᠯᠡᠳᠦᠯ ᠡᠳᠦᠷ ᠢᠷᠡᠬᠦᠶ᠎ᠡ ᠲᠣᠪᠣᠢᠮ᠎ᠠ ᠪᠣᠯᠵᠤ᠂ ᠣᠳᠣᠬᠠᠨ᠎ᠳᠤ ᠲᠥᠪ᠎ᠲᠤ ᠨᠢᠭᠡᠨᠲᠡ ᠣᠷᠣᠵᠤ ᠰᠠᠭᠤᠭᠰᠠᠨ ᠠᠵᠤ ᠠᠬᠤᠢᠯᠠᠯ 28 ᠪᠤᠢ᠃ 1— 9 ᠳ᠋ᠤᠭᠡᠷ ᠰᠠᠷ᠎ᠠ᠎ᠳᠤ ᠭᠠᠳᠠᠭᠠᠳᠤ ᠣᠷᠣᠭᠤᠯᠤᠯᠲᠠ ᠭᠠᠷᠭᠠᠯᠲᠠ᠎ᠵᠢᠨ ᠶᠡᠷᠦᠩᠬᠡᠶ ᠲᠣᠭ᠎ᠠ 4.65 ᠳ᠋ᠦᠩᠱᠢᠭᠤᠷ ᠲᠥᠭᠥᠷᠢᠭ᠎ᠲᠦ ᠬᠦᠷᠴᠦ᠍᠂ ᠥᠪᠡᠷᠲᠡᠭᠡᠨ ᠵᠠᠰᠠᠬᠤ ᠣᠷᠣᠨ᠎ᠤ ᠲᠠᠪᠤᠨ B ᠬᠡᠯᠪᠡᠷᠢ᠎ᠶ᠋ᠢᠨ ᠭᠠᠢᠯᠢ ᠪᠠᠲᠤᠯᠠᠬᠤ ᠲᠥᠪ᠎ᠦᠨ ᠲᠦᠷᠦᠭᠦᠦ᠎ᠳᠦ ᠣᠷᠣᠪᠠ᠃ ᠡᠭᠦᠨ᠎ᠡᠴᠡ ᠭᠠᠳᠠᠨ᠎ᠠ᠂ ᠤᠯᠠᠭᠠᠨᠬᠠᠳᠠ ᠬᠣᠲᠠ᠎ᠶ᠋ᠢᠨ ᠭᠠᠳᠠᠭᠠᠳᠤ᠎ᠠᠴᠠ ᠣᠷᠣᠭᠤᠯᠤᠭ᠍ᠰᠠᠨ ᠲᠦᠷᠭᠡᠨ ᠢᠯᠡᠭᠡᠯᠲᠡ 66 ᠪᠦᠯᠦᠭ ᠤᠳᠠᠭ᠎ᠠ᠂ ᠲᠦᠷᠭᠡᠨ ᠬᠦᠷᠭᠡᠯᠳᠠ᠎ᠶ᠋ᠢᠨ ᠵᠦᠶ᠋ᠯ 19577 ᠬᠤᠪᠢ᠂ ᠪᠠᠷᠠᠭᠠᠨ᠎ᠤ ᠥᠷᠲᠡᠭ 421.7 ᠲᠦᠮᠡᠨ ᠲᠥᠭᠥᠷᠢᠭ᠎ᠲᠦ ᠬᠦᠷᠴᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠡᠴᠡ 311.2%᠎ᠵᠢᠡᠷ ᠨᠡᠮᠡᠭ᠌ᠳᠡᠨ᠂ 《ᠪᠥᠬᠥ᠌ ᠪᠥᠮᠪᠥᠷᠴᠡᠭ᠎ᠤᠨ ᠲᠠᠸᠠᠷ᠎ᠢ ᠬᠤᠳᠠᠯᠳᠤᠨ ᠠᠪᠬᠤ》᠂ 《ᠪᠥᠬᠥ᠌ ᠪᠥᠮᠪᠥᠷᠴᠡᠭ᠎ᠲᠦ ᠬᠤᠳᠠᠯᠳᠤᠬᠤ》 ᠳ᠋ᠤ ᠳᠠᠬᠢᠨᠲᠠ ᠪᠠᠲᠤᠯᠠᠭ᠎ᠠ ᠬᠠᠩᠭᠠᠪᠠ᠃

2023 ᠣᠨ᠎ᠳᠤ᠂ ᠳᠤᠮᠳᠠᠳᠤ ᠤᠯᠤᠰ (ᠤᠯᠠᠭᠠᠨᠬᠠᠳᠠ) ᠤ᠋ᠨ ᠬᠢᠯᠢ ᠠᠯᠤᠰᠯᠠᠭ᠍ᠰᠠᠨ ᠡᠯᠧᠺᠲ᠋ᠷᠣᠨ ᠬᠤᠳᠠᠯᠳᠤᠭᠠᠨ᠎ᠤ ᠶᠠᠪᠤᠳᠠᠯ᠎ᠤᠨ ᠶᠡᠷᠦᠩᠬᠡᠢᠯᠡᠭ᠌ᠰᠡᠨ ᠲᠤᠷᠱᠢᠯᠲᠠ᠎ᠶ᠋ᠢᠨ ᠲᠣᠭᠣᠷᠢᠭ ᠬᠢᠯᠢ ᠠᠯᠤᠰᠯᠠᠭ᠍ᠰᠠᠨ ᠡᠯᠧᠺᠲ᠋ᠷᠣᠨ ᠬᠤᠳᠠᠯᠳᠤᠭᠠᠨ᠎ᠤ ᠲᠤᠬᠠᠢᠯᠠᠭ᠍ᠰᠠᠨ ᠠᠵᠢᠯ᠎ᠤᠨ ᠵᠠᠭ᠍ᠪᠤᠷ᠎ᠢ ᠪᠦᠬᠦᠨ᠎ᠢ ᠪᠦᠷᠬᠦᠭᠦᠯᠬᠦ᠌᠎ᠶ᠋ᠢ ᠤᠷᠢᠳ᠎ᠢᠶᠠᠷ ᠪᠡᠶᠡᠯᠡᠭᠦᠯᠪᠡ᠃ 1 — 9 ᠰᠠᠷ᠎ᠠ᠎ᠳᠤ᠂ ᠪᠥᠬᠥ᠌ ᠬᠣᠲᠠ ᠬᠢᠯᠢ ᠠᠯᠤᠰᠯᠠᠭ᠍ᠰᠠᠨ ᠡᠯᠧᠺᠲ᠋ᠷᠣᠨ ᠬᠤᠳᠠᠯᠳᠤᠭᠠᠨ᠎ᠤ ᠭᠠᠳᠠᠭᠠᠳᠤ᠎ᠠᠴᠠ ᠣᠷᠣᠭᠤᠯᠵᠤ ᠭᠠᠳᠠᠭᠠᠳᠤ᠎ᠳᠤ ᠭᠠᠷᠭᠠᠬᠤ ᠲᠤᠬᠠᠢᠯᠠᠭ᠍ᠰᠠᠨ ᠠᠵᠢᠯ᠎ᠢ 971 ᠬᠠᠭᠤᠳᠠᠰᠤ ᠪᠡᠶᠡᠯᠡᠭᠦᠯᠵᠦ᠍᠂ ᠵᠣᠭᠣᠰ᠎ᠤᠨ ᠲᠣᠭ᠎ᠠ᠎ᠨᠢ 4.2 ᠳ᠋ᠦᠩᠱᠢᠭᠤᠷ ᠲᠥᠭᠥᠷᠢᠭ᠎ᠲᠦ ᠬᠦᠷᠴᠦ᠍᠂ ᠭᠠᠳᠠᠭᠠᠳᠤ᠎ᠠᠴᠠ ᠣᠷᠣᠭᠤᠯᠵᠤ ᠭᠠᠳᠠᠭᠠᠳᠤ᠎ᠳᠤ ᠭᠠᠷᠭᠠᠭᠰᠠᠨ ᠲᠣᠭ᠎ᠠ᠎ᠨᠢ ᠪᠥᠬᠥ᠌ ᠣᠷᠣᠨ᠎ᠳᠤ ᠬᠤᠶᠠᠳ᠋ᠤᠭᠠᠷ᠎ᠲᠤ ᠣᠷᠣᠪᠠ᠃

ᠤᠯᠠᠭᠠᠨᠬᠠᠳᠠ ᠪᠣᠯᠤᠨ ᠣᠷᠣᠰ ᠮᠣᠩᠭᠣᠯ᠎ᠤᠨ ᠬᠠᠮᠲᠤᠷᠠᠯᠴᠠᠭ᠎ᠠ᠎ᠶ᠋ᠢ ᠨᠡᠪᠲᠡᠷᠡᠭᠦᠯᠬᠦ᠌᠎ᠳᠦ 《ᠵᠡᠭᠦᠨ ᠠᠽᠢᠶ᠎ᠠ᠎ᠶ᠋ᠢᠨ ᠴᠣᠩᠬᠣ》 ᠮᠠᠨᠵᠤᠤᠷ᠎ᠤᠨ ᠬᠥᠭᠥᠷᠭᠡ ᠬᠣᠯᠪᠣᠭᠠᠰᠤ᠎ᠪᠤᠯᠬᠤ ᠡᠴᠡ ᠰᠠᠯᠵᠤ ᠴᠢᠳᠠᠬᠤ ᠥᠬᠡᠶ ᠶᠤᠮ᠃

1800 ᠺᠢᠯᠣᠮᠧᠲᠷ᠎ᠤᠨ ᠵᠠᠢ ᠡᠴᠡ ᠦᠭᠡᠳᠡ ᠦᠭᠡᠳᠡ ᠡᠴᠡ ᠪᠠᠨ ᠲᠡᠮᠡᠤᠯᠵᠦ᠂ ᠤᠯᠠᠭᠠᠨᠬᠠᠳᠠ ᠪᠣᠯᠤᠨ ᠮᠠᠨᠵᠤᠤᠷ ᠶᠠᠪᠤᠬᠤ ᠲᠤᠲᠤᠮ ᠣᠢᠷᠠᠲᠤᠨ᠎ᠠ᠃ 2023 ᠣᠨ᠎ᠤ ᠰᠡᠭᠦᠯᠴᠢ᠎ᠪᠡᠷ᠂ ᠤᠯᠠᠭᠠᠨᠬᠠᠳᠠ ᠬᠣᠲᠠ᠎ᠶ᠋ᠢᠨ ᠵᠠᠰᠠᠭ᠎ᠤᠨ ᠣᠷᠳᠣᠨ ᠮᠠᠨᠵᠤᠤᠷ ᠪᠣᠭᠣᠮᠲᠠ᠂ ᠮᠠᠨᠵᠤᠤᠷ ᠬᠣᠲᠠ᠎ᠶ᠋ᠢᠨ ᠵᠠᠰᠠᠭ᠎ᠤᠨ ᠣᠷᠳᠣᠨ᠎ᠲᠠᠶ ᠭᠠᠳᠠᠭᠠᠳᠤ ᠣᠷᠣᠭᠤᠯᠤᠯᠲᠠ ᠭᠠᠷᠭᠠᠯᠲᠠ᠎ᠶ᠋ᠢᠨ ᠠᠷᠠᠯᠵᠢᠶ᠎ᠠ᠂ ᠪᠣᠬᠢᠷᠲᠤᠯ ᠥᠬᠡᠶ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠢ ᠡᠳ᠋ᠱᠢᠭᠦᠯᠬᠦ᠌᠂ ᠤᠯᠠᠭᠠᠨᠬᠠᠳᠠ᠎ᠶ᠋ᠢᠨ ᠶᠡᠷᠦᠩᠬᠡᠢᠯᠡᠭ᠌ᠰᠡᠨ ᠪᠠᠲᠤᠯᠠᠭ᠎ᠠ᠎ᠶ᠋ᠢᠨ ᠣᠷᠣᠨ᠎ᠢ ᠭᠤᠶᠤᠴᠢᠯᠠᠨ ᠪᠠᠢᠭᠤᠯᠬᠤ᠂ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠤ ᠭᠠᠯᠲᠤ ᠲᠡᠷᠭᠡ᠎ᠶ᠋ᠢᠨ ᠪᠣᠭᠣᠮᠲᠠ ᠥᠩᠭᠡᠷᠡᠬᠦ᠌ ᠵᠡᠷᠭᠡ ᠲᠠᠯ᠎ᠠ᠎ᠪᠠᠷ ᠬᠠᠮᠲᠤᠷᠠᠯᠴᠠᠭ᠎ᠠ᠎ᠪᠠᠨ ᠤᠯᠠᠮ ᠭᠦᠨᠵᠡᠭᠡᠢᠷᠡᠭᠦᠯᠵᠦ᠍᠂ ᠣᠷᠣᠨ ᠪᠦᠰᠡ᠎ᠶ᠋ᠢᠨ ᠠᠵᠤ ᠠᠬᠤᠶ ᠠᠷᠠᠯᠵᠢᠶ᠎ᠠ᠂ ᠠᠵᠤ ᠦᠶ᠋ᠯᠡᠰ᠎ᠦᠨ ᠬᠡᠷᠡᠭ᠌ᠴᠡᠭᠡ ᠱᠠᠭᠠᠷᠳᠠᠯᠭ᠎ᠠ᠎ᠶ᠋ᠢ ᠥᠨᠳᠥᠷ ᠪᠦᠲᠦᠮᠵᠢᠲᠡᠶ᠎ᠪᠡᠷ ᠵᠣᠬᠢᠴᠠᠭᠤᠯᠵᠤ᠂ ᠬᠢᠯᠢ ᠬᠢᠵᠠᠭᠠᠷ᠎ᠢ ᠨᠢᠭᠡ ᠴᠣᠭ᠍ᠴᠠᠵᠢᠭᠤᠯᠤᠨ ᠬᠥᠭ᠌ᠵᠢᠭᠦᠯᠬᠦ᠌᠎ᠶ᠋ᠢ ᠠᠬᠢᠭᠤᠯᠵᠤ᠂ ᠬᠠᠷᠢᠯᠴᠠᠨ ᠲᠤᠯᠭᠠᠭᠤᠷᠢᠯᠠᠬᠤ᠂ ᠬᠠᠷᠢᠯᠴᠠᠨ ᠠᠬᠢᠭᠤᠯᠬᠤ᠂ ᠳᠠᠪᠠᠭᠤᠯᠢᠭ᠎ᠢᠶᠠᠨ ᠬᠠᠷᠢᠯᠴᠠᠨ ᠨᠥᠬᠥᠪᠥᠷᠢᠯᠡᠬᠦ᠌᠂ ᠬᠦᠴᠦᠷᠬᠡᠭ ᠨᠢ ᠬᠦᠴᠦᠷᠬᠡᠭ᠎ᠲᠡᠶ᠎ᠪᠡᠨ ᠬᠣᠯᠪᠣᠭᠠᠯᠠᠬᠤ ᠬᠠᠮᠵᠢᠯᠴᠠᠨ ᠬᠥᠭ᠌ᠵᠢᠬᠦ᠌ ᠪᠠᠢᠷᠢᠱᠢᠯ᠎ᠢ ᠪᠥᠬᠥ᠌ ᠲᠠᠯ᠎ᠠ᠎ᠪᠠᠷ ᠪᠦᠷᠢᠯᠳᠦᠭᠦᠯᠪᠡ᠃

ᠬᠢᠯᠢ ᠬᠢᠵᠠᠭᠠᠷ᠎ᠤᠨ ᠬᠠᠷᠢᠯᠴᠠᠨ ᠬᠤᠷᠰᠢᠯᠴᠠᠬᠤ ᠪᠠ ᠭᠠᠳᠠᠭᠠᠳᠤ᠎ᠯᠤᠭ᠎ᠠ᠎ᠶ᠋ᠢᠨ ᠰᠣᠯᠢᠯᠴᠠᠭ᠎ᠠ ᠬᠠᠮᠲᠤᠷᠠᠯᠴᠠᠭ᠎ᠠ ᠦᠷᠭᠦᠯᠵᠢᠯᠡᠨ ᠴᠢᠩᠭᠠᠷᠠᠪᠠ᠃ ᠤᠯᠠᠭᠠᠨᠬᠠᠳᠠ ᠬᠣᠲᠠ ᠣᠷᠣᠰ᠎ᠤᠨ ᠦᠶ᠋ᠯᠡᠳᠪᠦᠷᠢ ᠬᠤᠳᠠᠯᠳᠤᠭᠠᠨ᠎ᠤ ᠨᠡᠢᠭᠡᠮᠯᠢᠭ᠂ ᠠᠷᠠᠯᠵᠢᠶ᠎ᠠ᠎ᠶ᠋ᠢ ᠠᠬᠢᠭᠤᠯᠬᠤ ᠨᠡᠢᠭᠡᠮᠯᠢᠭ᠂ ᠳᠤᠮᠳᠠᠳᠤ ᠤᠯᠤᠰ᠎ᠤᠨ ᠴᠧᠩ ᠲᠦᠩ ᠪᠦᠯᠦᠭ᠌ᠯᠡᠯ ᠺᠣᠮᠫᠠᠨᠢ᠎ᠲᠠᠶ ᠬᠠᠷᠢᠯᠴᠠᠭ᠎ᠠ᠎ᠪᠠᠨ ᠲᠠᠰᠤᠷᠠᠯᠲᠠ ᠥᠬᠡᠶ ᠴᠢᠩᠭᠠᠳᠭᠠᠵᠤ᠂ ᠠᠵᠤ ᠠᠬᠤᠢᠯᠠᠯ᠎ᠢ ᠵᠣᠬᠢᠶᠠᠨ ᠪᠠᠢᠭᠤᠯᠤᠨ ᠳᠤᠮᠳᠠᠳᠤ ᠤᠯᠤᠰ — ᠣᠷᠣᠰ ᠎ᠤᠨ ᠦᠵᠡᠰᠭᠦᠯᠡᠩ ᠪᠠ ᠬᠠᠷᠪᠢᠨ ᠎ᠤ ᠤᠯᠠᠨ ᠤᠯᠤᠰ᠎ᠤᠨ ᠠᠵᠤ ᠠᠬᠤᠢ ᠠᠷᠠᠯᠵᠢᠶ᠎ᠠ᠎ᠵᠢᠨ ᠵᠥᠪᠳᠡᠯᠴᠡᠬᠦ᠌ ᠬᠤᠷᠠᠯ᠎ᠳᠤ ᠣᠷᠣᠯᠴᠠᠭᠤᠯᠵᠤ᠂ ᠣᠷᠣᠰ᠎ᠤᠨ OZON ᠡᠯᠧᠺᠲ᠋ᠷᠣᠨ ᠬᠤᠳᠠᠯᠳᠤᠭᠠᠨ᠎ᠤ ᠲᠠᠪᠴᠠᠩ᠎ᠲᠠᠶ ᠬᠠᠮᠲᠤᠷᠠᠨ ᠳᠤᠮᠳᠠᠳᠤ ᠤᠯᠤᠰ᠎ᠤᠨ ᠭᠠᠳᠠᠭᠠᠳᠤ᠎ᠳᠠᠬᠢ ᠰᠠᠩ ᠬᠥᠮᠥᠷᠭᠡ᠎ᠶ᠋ᠢ ᠪᠠᠢᠭᠤᠯᠵᠤ᠂ ᠬᠤᠳᠠᠯᠳᠤᠭᠠᠨ᠎ᠤ ᠶᠠᠪᠤᠳᠠᠯ᠎ᠤᠨ ᠶᠠᠮᠤᠨ᠎ᠤ ᠭᠠᠷ ᠳᠠᠮᠵᠢᠭ᠍ᠰᠠᠨ ᠮᠠᠱᠢᠨ ᠲᠡᠷᠭᠡ᠎ᠶ᠋ᠢ ᠭᠠᠳᠠᠭᠠᠳᠤ᠎ᠳᠤ ᠭᠠᠷᠭᠠᠬᠤ᠎ᠵᠢ ᠪᠥᠬᠥ᠌ ᠲᠠᠯ᠎ᠠ᠎ᠪᠠᠷ ᠴᠢᠯᠥᠭᠡᠲᠡᠶ ᠲᠠᠯᠪᠢᠬᠤ ᠲᠥᠷᠥ᠎ᠶ᠋ᠢᠨ ᠪᠣᠳᠣᠯᠭ᠎ᠠ᠎ᠶ᠋ᠢᠨ ᠠᠱᠢᠭ᠎ᠢ ᠵᠠᠪᠳᠤᠨ ᠠᠳᠬᠤᠵᠤ᠂ ᠣᠷᠣᠰ ᠮᠣᠩᠭᠣᠯ᠎ᠤᠨ ᠵᠠᠬ᠎ᠠ ᠳᠡᠯᠭᠡᠭᠦᠷ᠎ᠲᠦ ᠠᠩᠬᠠᠷᠤᠯ᠎ᠢᠶᠠᠨ ᠲᠥᠪᠯᠡᠷᠡᠭᠦᠯᠦᠨ᠂ ᠮᠤᠵᠢ᠎ᠶ᠋ᠢᠨ ᠭᠠᠳᠠᠨᠠᠬᠢ ᠬᠤᠳᠠᠯᠳᠤᠨ ᠠᠪᠬᠤ ᠮᠠᠱᠢᠨ ᠲᠡᠷᠭᠡ᠎ᠶ᠋ᠢ ᠴᠤᠭ᠍ᠯᠠᠷᠠᠭᠤᠯᠤᠨ ᠤᠯᠠᠭᠠᠨᠬᠠᠳᠠ᠎ᠳᠤ ᠮᠠᠱᠢᠨ ᠲᠡᠷᠭᠡ᠎ᠶ᠋ᠢ ᠭᠠᠳᠠᠭᠠᠳᠤ᠎ᠳᠤ ᠭᠠᠷᠭᠠᠬᠤ ᠳᠡᠩᠰᠡᠯᠡᠯᠲᠡ᠎ᠶ᠋ᠢᠨ ᠭᠠᠷ ᠭᠦᠶ᠋ᠴᠡᠳᠭᠡᠯ ᠬᠢᠯᠭᠡᠵᠦ᠍᠂ ᠭᠠᠷ ᠳᠠᠮᠵᠢᠭ᠍ᠰᠠᠨ ᠮᠠᠱᠢᠨ ᠲᠡᠷᠭᠡ᠎ᠶ᠋ᠢ ᠳᠤᠮᠳᠠᠳᠤ ᠠᠽᠢᠶ᠎ᠠ᠎ᠶ᠋ᠢᠨ ᠵᠢᠱᠢᠶᠠᠨ᠎ᠤ ᠭᠠᠯᠲᠤ ᠲᠡᠷᠭᠡᠨ᠎ᠳᠦ ᠰᠠᠭᠤᠯᠭᠠᠵᠤ ᠣᠷᠣᠰ᠎ᠲᠤ ᠭᠠᠷᠭᠠᠬᠤ᠎ᠶ᠋ᠢ ᠠᠬᠢᠭᠤᠯᠵᠤ᠂ ᠭᠠᠳᠠᠭᠠᠳᠤ᠎ᠭᠠᠷᠭᠠᠯᠲᠠ᠎ᠵᠢᠨ ᠱᠢᠨ᠎ᠡ ᠨᠡᠮᠡᠭ᠌ᠳᠡᠯ᠎ᠦᠨ ᠴᠡᠭ᠎ᠢ ᠪᠣᠶ ᠪᠣᠯᠭᠠᠪᠠ; ᠳᠤᠮᠳᠠᠳᠤ ᠣᠷᠣᠰ ᠮᠣᠩᠭᠣᠯ ᠭᠤᠷᠪᠠᠨ ᠤᠯᠤᠰ᠎ᠤᠨ ᠬᠢᠯᠢ ᠠᠯᠤᠰᠯᠠᠭ᠍ᠰᠠᠨ ᠵᠢᠭᠤᠯᠴᠢᠯᠠᠯ ᠎ᠤᠨ ᠪᠦᠯᠬᠦᠮ ᠳᠤᠭᠤᠢᠯᠠᠩ᠂ ᠰᠤᠳᠤᠯᠤᠨ ᠰᠤᠷᠤᠯᠴᠠᠬᠤ ᠪᠦᠲᠦᠭᠡᠭ᠌ᠳᠡᠬᠦᠨ᠂ ᠰᠣᠶᠣᠯ ᠵᠢᠭᠤᠯᠴᠢᠯᠠᠯ ᠎ᠤᠨ ᠲᠤᠰᠭᠠᠶ ᠴᠤᠪᠤᠭ᠎ᠠ ᠲᠡᠷᠭᠡ ᠵᠡᠷᠭᠡ ᠲᠤᠬᠠᠢᠯᠠᠭ᠍ᠰᠠᠨ ᠠᠵᠢᠯ᠎ᠢ ᠢᠳᠡᠪᠬᠢᠲᠡᠶ᠎ᠪᠡᠷ ᠥᠷᠭᠡᠳᠭᠡᠵᠦ᠍᠂ ᠪᠤᠰᠤᠳ ᠬᠦᠷᠢᠶᠡᠨ᠎ᠳᠡᠬᠢ ᠣᠯᠠᠨ ᠤᠯᠤᠰ᠎ᠤᠨ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠴᠢᠩᠭᠠᠳᠭᠠᠪᠠ᠃

ᠨᠢᠭᠡᠯᠬᠡᠨ ᠵᠤᠷᠪᠤᠰ ᠵᠢᠱᠢᠶᠠᠨ᠎ᠤ ᠭᠠᠯᠲᠤ ᠲᠡᠷᠭᠡᠨ᠎ᠦ ᠱᠤᠭᠤᠮ ᠲᠠᠢ ᠪᠠᠢᠬᠰᠠᠨ᠎ᠡᠴᠡ ᠲᠦᠷᠪᠡᠨ ᠵᠦᠭ ᠨᠠᠢᠮᠠᠨ ᠵᠤᠪᠬᠢᠰ᠎ᠲᠤ᠌ ᠨᠡᠪᠳᠡᠷᠡᠬᠦ ᠱᠤᠭᠤᠮ ᠲᠠᠢ ᠪᠤᠯᠲᠡᠯ᠎ᠡ᠂ ᠥᠨᠳᠥᠷ ᠲᠦᠪᠱᠢᠨ ᠪᠦᠬᠦᠢ ᠨᠡᠭᠡᠭᠡᠯᠲᠡᠲᠦ ᠮᠠᠶᠢᠭ᠎ᠤᠨ ᠠᠵᠤ ᠠᠬᠤᠢ᠎ᠶ᠋ᠢ ᠴᠣᠭ᠍ᠴᠠᠯᠠᠵᠤ ᠪᠠᠢᠭ᠎ᠠ ᠤᠯᠠᠭᠠᠨᠬᠠᠳᠠ ᠤᠳᠤ ᠶᠠᠭ ᠲᠦᠮᠡᠨ ᠭᠠᠵᠠᠷ ᠬᠣᠯᠪᠣᠭᠠᠯᠠᠨ ᠨᠡᠪᠲᠡᠷᠡᠯᠴᠡᠭᠰᠡᠨ ᠨᠡᠭᠡᠭᠡᠯᠲᠡᠲᠦ ᠬᠥᠭ᠌ᠵᠢᠯᠲᠡ᠎ᠶ᠋ᠢᠨ ᠵᠠᠮ᠎ᠢᠶᠠᠷ ᠤᠷᠤᠭ᠍ᠰᠢᠯᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号